ᠣᠢᠷ᠎ᠠ ᠳ᠋ᠤ᠂ ᠥᠪᠡᠷᠲᠡᠭᠡᠨ ᠵᠠᠰᠠᠬᠤ ᠣᠷᠣᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠴᠢᠬᠤᠯᠠ ᠶᠡᠬᠡ ᠲᠤᠰᠭᠠᠶ ᠲᠥᠷᠥᠯ ᠵᠦᠶ᠋ᠯ ᠪᠤᠯᠬᠤ 《ᠠᠮᠢ ᠠᠬᠤᠶ ᠵᠢᠨ ᠬᠤᠤᠰ ᠬᠡᠷᠡᠭ᠌ᠴᠡᠭᠡᠲᠦ ᠬᠡᠯᠪᠡᠷᠢ ᠵᠢᠨ ᠴᠢᠨᠠᠷ ᠰᠠᠢᠲᠠᠶ ᠲᠡᠵᠢᠭᠡᠯ ᠡᠪᠡᠰᠦᠨᠦ ᠱᠢᠨ᠎ᠡ ᠡᠭᠦᠯᠳᠡᠷ ᠢ᠋ ᠰᠣᠩᠭᠣᠨ ᠪᠣᠢᠵᠢᠭᠤᠯᠬᠤ》 ᠲᠥᠷᠥᠯ ᠵᠦᠶ᠋ᠯ ᠢ᠋ ᠱᠢᠯᠭᠠᠨ ᠠᠪᠴᠤ᠌᠂ 《ᠮᠸᠩ ᠨᠦᠩ 1 ᠳ᠋ᠤᠭᠡᠷ ᠨᠣᠮᠧᠷᠲᠤ ᠺᠠᠨᠠᠳᠠ ᠵᠢᠨ ᠰᠢᠷ᠎ᠠ ᠬᠢᠶᠠᠭ》᠂ 《ᠱᠠᠨ ᠰᠢ ᠵᠢᠨ ᠬᠣᠢᠲᠤ ᠪᠡᠶ᠎ᠡ ᠵᠢᠨ ᠵᠤᠷᠠᠮ᠎ᠠ ᠵᠢᠨ ᠰᠡᠭᠦᠯ ᠡᠪᠡᠰᠤ》᠂ 《ᠬᠠᠷᠠᠠᠤᠰᠤ ᠨᠠᠭᠤᠷ ᠤ᠋ᠨ ᠬᠡᠭᠡᠷ᠎ᠡ ᠵᠢᠨ ᠠᠷᠪᠠᠢ》ᠵᠡᠷᠭᠡ ᠴᠢᠨᠠᠷ ᠰᠠᠢᠲᠠᠶ ᠲᠡᠵᠢᠭᠡᠯ ᠡᠪᠡᠰᠦᠨᠦ 3 ᠱᠢᠨ᠎ᠡ ᠡᠭᠦᠯᠳᠡᠷ ᠢ᠋ ᠬᠢᠨᠠᠨ ᠲᠣᠭ᠍ᠲᠠᠭᠠᠵᠤ ᠳᠡᠩᠰᠡᠯᠡᠪᠡ᠂ ᠡᠨᠡ ᠨᠢ ᠮᠠᠨ ᠤ᠋ ᠤᠷᠤᠨ ᠤᠯᠠᠨ ᠵᠦᠢᠯ ᠢ᠋ ᠳᠠᠭᠠᠭᠠᠬᠤ᠌ ᠴᠢᠨᠠᠷ ᠰᠠᠢᠲᠠᠶ ᠲᠡᠵᠢᠭᠡᠯ ᠡᠪᠡᠰᠦᠨᠦ ᠦᠷ᠎ᠡ ᠪᠣᠢᠵᠢᠭᠤᠯᠬᠤ ᠵᠠᠩᠭᠢᠯᠠᠭ᠎ᠠ ᠵᠢᠨ ᠨᠢᠭᠡ ᠠᠯᠬᠤᠮ ᠠᠯᠬᠤᠭ᠍ᠰᠠᠨ ᠢ᠋ ᠬᠠᠷᠠᠭᠤᠯᠵᠤ ᠪᠠᠢᠨ᠎ᠠ᠃
《ᠠᠮᠢ ᠠᠬᠤᠶ ᠵᠢᠨ ᠬᠤᠤᠰ ᠬᠡᠷᠡᠭ᠌ᠴᠡᠭᠡᠲᠦ ᠬᠡᠯᠪᠡᠷᠢ ᠵᠢᠨ ᠴᠢᠨᠠᠷ ᠰᠠᠢᠲᠠᠶ ᠲᠡᠵᠢᠭᠡᠯ ᠡᠪᠡᠰᠦᠨᠦ ᠱᠢᠨ᠎ᠡ ᠡᠭᠦᠯᠳᠡᠷ ᠢ᠋ ᠰᠣᠩᠭᠣᠨ ᠪᠣᠢᠵᠢᠭᠤᠯᠬᠤ》 ᠲᠥᠷᠥᠯ ᠵᠦᠶ᠋ᠯ ᠤ᠋ᠨ ᠶᠡᠷᠦᠩᠬᠡᠶ ᠪᠠᠯᠠ ᠣᠷᠣᠭᠤᠯᠤᠯᠲᠠ 925 ᠲᠦᠮᠡᠨ ᠲᠥᠭᠥᠷᠢᠭ ᠪᠣᠯᠤᠨ᠎ᠠ᠃ ᠲᠥᠷᠥᠯ ᠵᠦᠶ᠋ᠯ ᠢ᠋ 2021 ᠣᠨᠠᠴᠠ ᠡᠬᠢᠯᠡᠵᠤ ᠬᠡᠷᠡᠭ᠌ᠵᠢᠭᠦᠯᠦᠭ᠌ᠰᠡᠨᠡᠴᠡ ᠨᠠᠭᠠᠰᠢ᠂ ᠮᠠᠨ ᠤ᠋ ᠤᠯᠤᠰ ᠤ᠋ᠨ ᠴᠢᠨᠠᠷ ᠰᠠᠢᠲᠠᠶ ᠲᠡᠵᠢᠭᠡᠯ ᠡᠪᠡᠰᠦᠨᠦ ᠲᠥᠷᠥᠯ ᠵᠦᠶ᠋ᠯ ᠳᠤᠲᠠᠭ᠍ᠳᠠᠵᠤ ᠪᠠᠢᠬᠤ᠂ ᠪᠡᠯᠴᠢᠭᠡᠷ ᠤ᠋ᠨ ᠮᠠᠯ ᠠᠵᠤ ᠠᠬᠤᠶ ᠵᠢᠨ ᠬᠥᠭ᠌ᠵᠢᠯᠲᠡ ᠵᠢᠨ ᠳᠤᠮᠳᠠ ᠴᠢᠨᠠᠷ ᠰᠠᠢᠲᠠᠶ ᠲᠡᠵᠢᠭᠡᠯ ᠡᠪᠡᠰᠦᠨᠦ ᠬᠠᠩᠭᠠᠯᠭ᠎ᠠ ᠬᠦᠷᠦᠯᠴᠡᠬᠦ᠌ ᠥᠬᠡᠶ ᠪᠠᠢᠬᠤ ᠵᠡᠷᠭᠡ ᠠᠰᠠᠭᠤᠳᠠᠯ ᠳ᠋ᠤ ᠠᠩᠬᠠᠷᠤᠯ ᠵᠢᠡᠨ ᠲᠥᠪᠯᠡᠷᠡᠭᠦᠯᠵᠦ᠍᠂ ᠵᠣᠬᠢᠴᠠᠬᠤ ᠴᠢᠨᠠᠷ ᠵᠢᠡᠷ ᠴᠢᠩᠭ᠎ᠠ᠂ ᠨᠠᠯᠠᠨ ᠤᠨᠠᠬᠤ ᠶ᠋ᠢ ᠳᠠᠭᠠᠭᠠᠬᠤ ᠴᠢᠨᠠᠷ ᠵᠢᠡᠷ ᠰᠠᠢᠨ᠂ ᠬᠠᠭᠤᠷᠠᠶᠪᠠᠷ ᠳᠠᠷᠢᠵᠤ ᠤᠷᠭᠤᠭᠤᠯᠬᠤ ᠳ᠋ᠤ ᠲᠣᠬᠢᠷᠠᠮᠵᠢᠲᠠᠶ ᠴᠢᠨᠠᠷ ᠰᠠᠢᠲᠠᠶ ᠲᠡᠵᠢᠭᠡᠯ ᠡᠪᠡᠰᠦᠨᠦ ᠱᠢᠨ᠎ᠡ ᠡᠭᠦᠯᠳᠡᠷ ᠢ᠋ ᠰᠣᠩᠭᠣᠨ ᠪᠣᠢᠵᠢᠭᠤᠯᠵᠤ᠂ ᠮᠠᠭᠤᠲᠠᠭᠰᠠᠨ ᠭᠠᠵᠠᠷ ᠱᠢᠷᠣᠶ ᠵᠢᠨ ᠨᠥᠬᠥᠴᠡᠯᠳᠡᠬᠢ ᠲᠡᠵᠢᠭᠡᠯ ᠡᠪᠡᠰᠦᠨᠦ ᠦᠶ᠋ᠯᠡᠳᠪᠦᠷᠢᠯᠡᠯ ᠤ᠋ᠨ ᠪᠣᠭᠣᠮᠢᠶ᠋ᠢ ᠪᠦᠲᠦᠮᠵᠢᠲᠡᠶ ᠨᠠᠮᠳᠠᠭᠤᠯᠬᠤ ᠶ᠋ᠢ ᠵᠤᠷᠢᠪᠠ᠃
ᠣᠳᠣᠬᠠᠨ ᠪᠣᠯᠲᠠᠯ᠎ᠠ᠂ ᠲᠥᠷᠥᠯ ᠵᠦᠶ᠋ᠯᠨᠢ ᠤᠯᠠᠨ ᠵᠦᠢᠯ ᠢ᠋ ᠳᠠᠭᠠᠭᠠᠬᠤ ᠲᠡᠵᠢᠭᠡᠯ ᠡᠪᠡᠰᠤᠨ ᠮᠠᠲ᠋ᠧᠷᠢᠶᠠᠯ ᠢ᠋ ᠨᠡᠢᠲᠡ 64 ᠬᠤᠪᠢ ᠱᠢᠭ᠌ᠰᠢᠨ ᠰᠣᠩᠭᠣᠵᠤ᠂ 10 ᠲᠡᠵᠢᠭᠡᠯ ᠡᠪᠡᠰᠤᠨ ᠤ᠋ ᠱᠢᠨ᠎ᠡ ᠦᠷ᠎ᠡ ᠡᠳ᠋ ᠢ᠋ ᠠᠮᠵᠢᠯᠲᠠᠲᠠᠶ ᠪᠤᠢᠵᠢᠭᠤᠯᠵᠦ᠂ ᠲᠡᠵᠢᠭᠡᠯ ᠡᠪᠡᠰᠤᠨ ᠤ᠋ᠱᠢᠨᠡ ᠡᠭᠦᠯᠳᠡᠷ ᠤ᠋ᠨ ᠱᠢᠰᠲ᠋ᠧᠮ ᠢ᠋ 5ᠶ᠋ᠢ ᠪᠣᠢᠵᠢᠭᠤᠯᠤᠨ᠂ ᠬᠠᠮᠤᠭ ᠤ᠋ᠨ ᠡᠴᠦᠰᠲᠦ 3 ᠰᠢᠨ᠎ᠡ ᠡᠭᠦᠯᠳᠡᠷ ᠤ᠋ᠨ ᠤᠯᠠᠨ ᠵᠦᠢᠯ ᠢ᠋ ᠳᠠᠭᠠᠭᠠᠬᠤ ᠲᠡᠵᠢᠭᠡᠯ ᠡᠪᠡᠰᠤ ᠶ᠋ᠢ ᠬᠢᠨᠠᠨ ᠲᠣᠭ᠍ᠲᠠᠭᠠᠵᠤ ᠳᠡᠩᠰᠡᠯᠡᠨ ᠲᠡᠮᠳᠡᠭ᠌ᠯᠡᠪᠡ᠃ 3 ᠱᠢᠨ᠎ᠡ ᠡᠭᠦᠯᠳᠡᠷ ᠢ᠋ ᠠᠮᠵᠢᠯᠲᠠᠲᠠᠶ ᠬᠢᠨᠠᠨ ᠲᠣᠭ᠍ᠲᠠᠭᠠᠵᠤ ᠳᠡᠩᠰᠡᠯᠡᠨ ᠲᠡᠮᠳᠡᠭᠯᠡᠭᠰᠡᠨ ᠨᠢ ᠲᠠᠷᠢᠶᠠᠨ ᠭᠠᠵᠠᠷ᠂ ᠬᠤᠵᠢᠷᠯᠢᠭ ᠭᠠᠵᠠᠷ᠂ ᠠᠭ᠍ᠯᠠᠭ ᠠᠭᠤᠯᠠ ᠠᠲᠠᠷ ᠪᠠᠯ ᠵᠡᠷᠭᠡ ᠰᠤᠯᠠ ᠪᠠᠢᠭ᠎ᠠ ᠭᠠᠵᠠᠷ ᠱᠢᠷᠣᠶᠶ᠋ᠢ ᠠᠱᠢᠭ᠍ᠯᠠᠬᠤ ᠪᠠ ᠮᠠᠯ ᠪᠡᠯᠴᠢᠭᠡᠷ ᠤ᠋ᠨ ᠠᠵᠤ ᠦᠶ᠋ᠯᠡᠰ ᠤ᠋ᠨ ᠪᠦᠳᠦᠭᠦᠯᠢᠭ ᠪᠣᠷᠳᠣᠭᠠᠨ ᠤ᠋ ᠳᠤᠲᠠᠭᠤᠳᠠᠯ ᠢ᠋ ᠨᠥᠬᠥᠪᠥᠷᠢᠯᠡᠬᠦ᠌ᠳᠦ ᠵᠠᠩᠭᠢᠯᠠᠭ᠎ᠠ ᠵᠢᠨ ᠱᠢᠶ᠋ᠳᠪᠦᠷᠢᠯᠡᠬᠦ᠌ ᠲᠥᠰᠦᠯ ᠬᠠᠩᠭᠠᠵᠤ᠂ ᠠᠮᠢ ᠠᠬᠤᠶ ᠵᠢᠨ ᠦᠷ᠎ᠡ ᠠᠱᠢᠭ ᠬᠢᠭᠡᠳ ᠠᠵᠤ ᠠᠬᠤᠶ ᠵᠢᠨ ᠦᠷ᠎ᠡ ᠠᠱᠢᠭ ᠤ᠋ᠨ ᠬᠤᠤᠰ ᠠᠱᠢᠭ ᠢ᠋ ᠪᠡᠶᠡᠯᠡᠭᠦᠯᠬᠦ᠌ ᠪᠣᠯᠤᠨ᠎ᠠ᠃