ᠦᠬᠠᠶ ᠬᠤᠳᠠ ᠣᠨᠴᠠᠯᠢᠭ᠍ᠲᠤ ᠠᠵᠤ ᠦᠶ᠋ᠯᠡᠰ᠎ᠦᠨ ᠬᠡᠯᠬᠢᠶ᠎ᠡ ᠪᠡᠷ ᠴᠢᠨᠠᠷ ᠰᠠᠢᠲᠠᠶ ᠬᠥᠭ᠌ᠵᠢᠯᠲᠡ ᠶ᠋ᠢᠨ ᠱᠢᠨ᠎ᠡ ᠪᠠᠢᠷᠢᠱᠢᠯ᠎ᠢ ᠪᠥᠷᠢᠯᠳᠤᠬᠥᠯᠪᠡ
2026-01-11 11:25:38
ᠵᠣᠬᠢᠶᠠᠭ᠍ᠴᠢ᠄
ᠬᠤᠤ ᠪᠢᠶᠤᠤ
ᠣᠩᠱᠢᠭ᠍ᠰᠠᠨ ᠣᠳᠠᠭ᠎ᠠ᠄
★★★☆☆

ᠤᠢᠷ᠎ᠠ᠎ᠶᠢᠨ ᠡᠳᠦᠷ᠂ ᠰᠤᠷᠪᠤᠯᠵᠢᠯᠠᠭ᠍ᠴᠢ ᠦᠬᠠᠶ ᠬᠤᠳᠠ ᠶ᠋ᠢᠨ ᠬᠠᠢᠷᠤᠪ᠎ᠤᠨ ᠲᠣᠬᠣᠶ᠎ᠶᠢᠨ ᠳᠡᠭᠡᠳᠦ ᠱᠢᠨ᠎ᠡ ᠮᠡᠷᠭᠡᠵᠢᠯ᠎ᠦᠨ ᠠᠵᠤ ᠦᠶ᠋ᠯᠡᠰ᠎ᠦᠨ ᠨᠡᠭᠡᠭᠡᠯᠲᠡ ᠶ᠋ᠢᠨ ᠲᠣᠭᠣᠷᠢᠭ᠎ᠤᠨ ᠴᠢᠩ ᠲᠤᠤ (ᠦᠬᠠᠶ) ᠡᠨᠧᠷᠭᠢ᠎ᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠳᠤ ᠬᠦᠷᠬᠦ᠌᠎ᠳᠦ᠂ ᠠᠵᠤ ᠠᠬᠤᠢᠯᠠᠯ᠎ᠤᠨ ᠡᠵᠡᠮᠳᠡᠯ᠎ᠦᠨ ᠲᠠᠰᠤᠭ᠎ᠤᠨ ᠲᠣᠮᠣ ᠳᠡᠯᠭᠡᠴᠡᠨ ᠳᠡᠭᠡᠷᠡᠬᠢ ᠲᠥᠬᠥᠭᠡᠷᠦᠮᠵᠢ᠎ᠶ᠋ᠢᠨ ᠠᠵᠢᠯᠯᠠᠭᠠᠨ᠎ᠤ ᠪᠣᠯᠵᠣᠯᠲᠤ ᠲᠣᠭ᠎ᠠ ᠲᠠᠰᠤᠷᠠᠯᠳᠡ ᠦᠬᠡᠢ ᠬᠤᠪᠢᠷᠠᠵᠦ᠍᠂ ᠠᠵᠢᠯᠲᠠᠳ ᠦᠶ᠋ᠯᠡᠳᠪᠦᠷᠢᠯᠡᠯ᠎ᠦᠨ ᠭᠣᠭ᠍ᠴᠣᠭ᠎ᠠ ᠨᠢᠭᠡᠪᠦᠷᠢ ᠶ᠋ᠢ ᠨᠠᠷᠢᠨ ᠣᠨᠣᠪᠴᠢᠲᠠᠶ ᠬᠢᠨᠠᠨ ᠡᠵᠡᠮᠳᠡᠵᠦ᠍ ᠪᠠᠢᠪᠠ᠃

ᠦᠬᠠᠶ ᠬᠣᠲᠠ᠎ᠶ᠋ᠢᠨ ᠬᠠᠲᠠᠭᠤ ᠲᠦᠯᠦᠪᠳᠦ᠎ᠳ᠋ᠢᠶᠠᠨ᠎ᠤ᠋ᠤᠢ᠎ᠵᠢᠨ ᠠᠵᠤ ᠦᠶ᠋ᠯᠡᠰ᠎ᠦᠨ ᠭᠤᠤᠯᠳᠠᠯᠭ᠎ᠠ᠎ᠲᠠᠶ ᠲᠥᠷᠥᠯ ᠵᠦᠶ᠋ᠯ ᠪᠣᠯᠤᠭ᠍ᠰᠠᠨ᠎ᠤ ᠬᠤᠪᠢ᠎ᠳᠤ᠂ ᠴᠢᠩ ᠲᠤᠤ ᠡᠨᠧᠷᠭᠢ ᠶ᠋ᠢᠨ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ ᠲᠥᠷᠥᠯ ᠵᠦᠶ᠋ᠯ᠎ᠦᠨ ᠶᠡᠷᠦᠩᠬᠡᠶ ᠪᠠᠯᠠ ᠣᠷᠣᠭᠤᠯᠤᠯᠲᠠ᠎ᠨᠢ 50 ᠳ᠋ᠦᠩᠱᠢᠭᠤᠷ ᠲᠥᠭᠥᠷᠢᠭ᠎ᠲᠦ ᠬᠦᠷᠴᠦ᠍᠂ ᠵᠢᠯ᠎ᠳᠦ 5 ᠲᠦᠮᠡᠨ ᠲᠣᠨ ᠬᠠᠲᠠᠭᠤ ᠲᠦᠯᠦᠪᠳᠦ ᠎ᠳ᠋ᠢᠶᠠᠨ᠎ᠤ᠋ᠤᠢ ᠦᠶ᠋ᠯᠡᠳᠪᠦᠷᠢᠯᠡᠬᠦ᠌ ᠲᠤᠰᠭᠠᠶ ᠮᠠᠲ᠋ᠧᠷᠢᠶᠠᠯ᠂ 10GWh ᠬᠠᠲᠠᠭᠤ ᠲᠦᠯᠦᠪᠳᠦ ᠎ᠳ᠋ᠢᠶᠠᠨ᠎ᠤ᠋ᠤᠢ ᠵᠢᠴᠢ ᠡᠨᠧᠷᠭᠢ ᠬᠠᠳᠠᠭᠠᠯᠠᠬᠤ ᠱᠢᠰᠲ᠋ᠧᠮ᠎ᠢ ᠲᠥᠯᠥᠪᠵᠢᠭᠦᠯᠦᠨ ᠪᠠᠢᠭᠤᠯᠬᠤ᠎ᠶ᠋ᠢᠨ ᠬᠠᠮᠲᠤ ᠰᠠᠯᠬᠢᠨ ᠬᠦᠴᠦᠨ᠎ᠤ ᠴᠠᠬᠢᠯᠭᠠᠨ ᠬᠡᠷᠡᠯᠴᠢ ᠴᠡᠨᠡᠭ᠎ᠦᠨ ᠱᠢᠨ᠎ᠡ ᠡᠨᠧᠷᠭᠢ ᠪᠣᠯᠤᠨ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡ᠎ᠶ᠋ᠢ ᠢᠵᠢ ᠪᠦᠷᠢᠳᠦᠭᠦᠯᠦᠨ ᠪᠥᠲᠥᠭᠡᠨ ᠪᠠᠢᠭᠤᠯᠵᠦ ᠪᠠᠢᠨ᠎ᠠ᠃

《ᠣᠳᠣᠬᠠᠨ᠎ᠳᠤ᠂ ᠲᠥᠷᠥᠯ ᠵᠦᠶ᠋ᠯ᠎ᠤᠨ ᠨᠢᠭᠡᠳᠦᠭᠡᠷ ᠬᠤᠭᠤᠴᠠᠭᠠᠨ᠎ᠤ ᠪᠠᠷᠢᠯᠭ᠎ᠠ ᠵᠢ ᠳᠠᠭᠤᠰᠭᠠᠵᠠᠶ᠂ ᠲᠦᠷᠦᠭᠦᠦ ᠪᠦᠯᠦᠭ ᠲᠤᠷᠱᠢᠨ ᠦᠶ᠋ᠯᠡᠳᠪᠦᠷᠢᠯᠡᠭ᠌ᠰᠡᠨ ᠦᠶ᠋ᠯᠡᠳᠬᠦᠨ᠎ᠢ ᠨᠢᠭᠡᠨᠲᠡ ᠬᠡᠷᠡᠭ᠌ᠯᠡᠭ᠌ᠴᠢ᠎ᠳᠦ ᠦᠭᠴᠦ᠂ ᠴᠢᠳᠠᠮᠵᠢ᠎ᠶ᠋ᠢ ᠱᠢᠯᠭᠠᠨ ᠪᠠᠲᠤᠯᠠᠵᠦ ᠪᠠᠢᠨ᠎ᠠ᠂ ᠪᠥᠬᠥ᠌ ᠲᠠᠯ᠎ᠠ᠎ᠪᠠᠷ ᠠᠱᠢᠭ᠍ᠯᠠᠯᠲᠠ᠎ᠳᠤ ᠣᠷᠣᠭᠤᠯᠤᠭ᠍ᠰᠠᠨ᠎ᠤ ᠳᠠᠷᠠᠭ᠎ᠠ ᠣᠷᠣᠨ ᠪᠦᠰᠡ᠎ᠶ᠋ᠢᠨ ᠱᠢᠨ᠎ᠡ ᠡᠨᠧᠷᠭᠢ᠎ᠶ᠋ᠢᠨ ᠠᠵᠤ ᠦᠶ᠋ᠯᠡᠰ᠎ᠦᠨ ᠬᠥᠭ᠌ᠵᠢᠯᠲᠡ᠎ᠳᠦ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠨ᠎ᠠ》 ᠭᠡᠵᠦ᠍ ᠠᠵᠤ ᠠᠬᠤᠢᠯᠠᠯ᠎ᠤᠨ ᠦᠢᠯᠡᠳᠪᠦᠷᠢᠯᠡᠯ᠎ᠦᠨ ᠶᠡᠷᠦᠩᠬᠡᠢ ᠪᠠᠢᠴᠠᠭᠠᠭ᠍ᠴᠢ ᠵᠤᠤ ᠴᠢᠶᠠᠡᠭ ᠵᠢᠶᠦ᠋ᠨ ᠬᠡᠯᠡᠪᠡ᠃

ᠤᠳᠤᠬᠠᠨ᠎ᠳᠤ᠂ ᠬᠡᠯᠬᠢᠶ᠎ᠠ ᠵᠢ ᠤᠷᠲᠤᠳᠬᠠᠬᠤ᠂ ᠬᠡᠯᠬᠢᠶ᠎ᠡ ᠵᠢ ᠨᠦᠬᠦᠪᠦᠷᠢᠯᠡᠬᠦ᠂ ᠬᠡᠯᠬᠢᠶ᠎ᠠ ᠵᠢ ᠴᠢᠩᠭᠠᠷᠠᠭᠤᠯᠬᠤ᠎ᠪᠡᠷ ᠳᠠᠮᠵᠢᠭᠤᠯᠤᠨ᠂ ᠨᠡᠭᠦᠷᠡᠰᠦᠨ᠎ᠦ ᠬᠡᠦᠳᠡᠰᠦ ᠶ᠋ᠢ ᠨᠠᠷᠢᠯᠢᠭ ᠡᠳ᠋ᠱᠢᠭᠦᠯᠬᠦ᠌ ᠵᠢᠴᠢ  ᠲᠤᠤᠷᠠᠳᠤ ᠲᠦᠪᠰᠢᠨ᠎ᠤ ᠪᠢᠯᠢᠭ ᠲᠤᠢᠯ᠎ᠤᠨ ᠮᠠᠲ᠋ᠧᠷᠢᠶᠠᠯ᠂ ᠮᠠᠩᠭᠠᠨ᠎ᠤ ᠱᠢᠰᠲ᠋ᠧᠮ᠎ᠦᠨ ᠠᠷᠭ᠎ᠠ ᠲᠤᠢᠯ᠎ᠤᠨ ᠮᠠᠲ᠋ᠧᠷᠢᠶᠠᠯ᠎ᠤᠨ ᠪᠦᠲᠦᠭᠡᠭ᠌ᠳᠡᠬᠦᠨ᠎ᠦ ᠳᠠᠪᠠᠭᠤᠯᠢᠭ᠎ᠲᠤ ᠲᠦᠱᠢᠭ᠌ᠯᠡᠨ᠂ ᠦᠬᠠᠶ ᠬᠣᠲᠠ ᠨᠢᠭᠡᠨᠲᠡ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ  ᠪᠥᠬᠥ᠌ ᠠᠵᠤ ᠦᠶ᠋ᠯᠡᠰ᠎ᠦᠨ ᠬᠡᠯᠬᠢᠶ᠎ᠡ᠎ᠶ᠋ᠢᠨ ᠬᠥᠭ᠌ᠵᠢᠯᠲᠡ ᠶ᠋ᠢᠨ ᠠᠮᠢ ᠠᠬᠤᠶ ᠶ᠋ᠢ ᠠᠩᠬ᠎ᠠ ᠠᠯᠬᠤᠮ ᠪᠦᠷᠢᠯᠳᠦᠭᠦᠯᠵᠠᠢ᠃

ᠲᠦᠷᠦᠭᠦᠬᠡᠨ᠂ 2025 ᠣᠨ᠎ᠤ ᠦᠬᠠᠶ᠎ᠶ᠋ᠢᠨ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ  ᠠᠵᠤ ᠦᠶ᠋ᠯᠡᠰ᠎ᠦᠨ ᠬᠥᠭ᠌ᠵᠢᠯᠲᠡ᠎ᠶ᠋ᠢᠨ ᠶᠡᠬᠡ ᠬᠤᠷᠠᠯ ᠶᠠᠪᠤᠭ᠍ᠳᠠᠵᠤ᠂ ᠦᠬᠠᠶ ᠬᠣᠲᠠ᠎ᠶ᠋ᠢᠨ ᠥᠪᠡᠷᠮᠢᠴᠡ ᠳᠠᠪᠠᠭᠤᠯᠢᠭ᠎ᠢ  ᠲᠡᠯᠭᠡᠨ ᠦᠵᠡᠬᠦᠯᠵᠠᠢ᠃  ᠡᠬᠢᠨ ᠎ᠤ ᠠᠵᠦ ᠦᠢᠯᠡᠰ ᠎ᠲᠦ ᠦᠬᠠᠶ ᠬᠣᠲᠠ ᠵᠢᠴᠢ ᠡᠷᠬᠢᠨ ᠲᠣᠭᠣᠷᠢᠨ᠎ᠤ ᠭᠠᠵᠠᠷ ᠣᠷᠣᠨ᠎ᠤ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ ᠲᠦᠭᠦᠬᠡᠶ ᠮᠠᠲ᠋ᠧᠷᠢᠶᠠᠯ᠎ᠤᠨ ᠬᠠᠩᠭᠠᠯᠭ᠎ᠠ ᠭᠦᠶ᠋ᠴᠡᠳ ᠪᠠᠢᠵᠤ᠂ ᠨᠡᠭᠦᠷᠡᠰᠦ᠎ᠪᠡᠷ ᠰᠠᠭᠤᠷᠢ ᠪᠣᠯᠭᠠᠭ᠍ᠰᠠᠨ ᠱᠢᠨ᠎ᠡ ᠮᠠᠲ᠋ᠧᠷᠢᠶᠠᠯ᠎ᠪᠤᠯᠤᠨ ᠪᠤᠬᠢᠷᠳᠤᠯ ᠦᠬᠡᠢ ᠴᠠᠬᠢᠯᠭᠠᠨ᠎ᠢᠶᠠᠷ ᠭᠤᠤᠯ ᠪᠣᠯᠭᠠᠭ᠍ᠰᠠᠨ ᠡᠨᠧᠷᠭᠢ ᠶ᠋ᠢᠨ ᠬᠠᠩᠭᠠᠯᠭ᠎ᠠ᠎ᠶ᠋ᠢᠨ ᠱᠢᠰᠲ᠋ᠧᠮ᠎ᠢ ᠪᠠᠢᠭᠤᠯᠵᠤ ᠪᠠᠢᠨ᠎ᠠ; ᠳᠤᠮᠳᠠᠬᠢ ᠠᠵᠦ ᠦᠢᠯᠡᠰ ᠲᠦ᠍ ᠣᠲᠣ ᠪᠠᠢᠭ᠎ᠠ ᠰᠠᠭᠤᠷᠢ ᠬᠥᠭ᠌ᠵᠢᠯᠲᠡ᠎ᠶ᠋ᠢᠨ ᠵᠠᠩᠭᠢᠯᠠᠭ᠎ᠠ᠎ᠶ᠋ᠢᠨ ᠮᠠᠲ᠋ᠧᠷᠢᠶᠠᠯ᠎ᠳᠤ ᠲᠦᠱᠢᠭ᠌ᠯᠡᠨ᠂ ᠴᠠᠬᠢᠯᠭᠠᠨ ᠴᠠᠬᠢᠮ᠎ᠤᠨ ᠦᠶ᠋ᠯᠡᠳᠪᠦᠷᠢᠯᠡᠯ᠎ᠦᠨ ᠱᠤᠭᠤᠮ᠎ᠢ ᠵᠠᠯᠭᠠᠨ ᠠᠪᠴᠤ᠌᠂ ᠲᠤᠬᠠᠶ᠎ᠶ᠋ᠢᠨ ᠭᠠᠵᠠᠷ ᠣᠷᠣᠨ᠎ᠳᠤᠨᠢ ᠢᠵᠢ ᠪᠥᠷᠢᠳᠦᠭᠦᠯᠦᠨ ᠥᠪᠡᠷ᠎ᠦᠨ ᠥᠷᠲᠡᠭ᠎ᠢ ᠪᠠᠭᠤᠷᠠᠭᠤᠯᠬᠤ ᠶ᠋ᠢ ᠪᠡᠶᠡᠯᠡᠭᠦᠯᠵᠦ᠍ ᠪᠣᠯᠤᠨ᠎ᠠ; ᠡᠴᠦᠰ᠎ᠤᠨ ᠠᠵᠦ ᠦᠢᠯᠡᠰ ᠲᠦ᠍  ᠬᠡᠷᠡᠭᠯᠡᠬᠡ ᠵᠢ ᠴᠢᠬᠤᠯᠠᠴᠢᠯᠠᠵᠦ᠂ ᠤᠢ᠍ᠢᠷ᠎ᠠ ᠬᠠᠪᠢ᠎ᠳᠠᠭᠠᠨ 《ᠰᠤᠳᠤᠯᠤᠨ ᠨᠡᠭᠡᠭᠡᠬᠦ᠌ — ᠮᠠᠲ᠋ᠧᠷᠢᠶᠠᠯ — ᠴᠠᠬᠢᠯᠭᠠᠨ ᠭᠣᠣᠯ᠂ ᠡᠨᠧᠷᠭᠢ ᠬᠠᠳᠠᠭᠠᠯᠠᠬᠤ — ᠬᠡᠷᠡᠭ᠌ᠯᠡᠬᠦ᠌》 ᠪᠦᠷᠢᠨ ᠪᠦᠲᠦᠨ ᠠᠵᠤ ᠦᠢᠯᠡᠰ᠎ᠦᠨ ᠬᠡᠯᠬᠢᠶ᠎ᠠ᠎ᠶ᠋ᠢ ᠪᠦᠷᠢᠯᠳᠦᠭᠦᠯᠪᠡ᠃

ᠤᠢ᠍ᠢᠷ᠎ᠠ᠎ᠶ᠋ᠢᠨ ᠵᠢᠯ᠎ᠡᠴᠡ᠂ ᠦᠬᠠᠢ ᠬᠤᠳᠠ ᠳᠠᠪᠠᠭᠤᠯᠢᠭ᠎ᠲᠠᠭᠠᠨ ᠰᠠᠭᠤᠷᠢᠯᠠᠵᠤ᠂ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ ᠮᠠᠲᠧᠷᠢᠶᠠᠯ ᠵᠢᠴᠢ ᠲᠣᠨᠣᠭ᠍ᠯᠠᠯ ᠦᠢᠯᠡᠳᠬᠦ᠌᠂ ᠵᠠᠳᠠᠷᠠᠬᠤ ᠮᠠᠲᠧᠷᠢᠶᠠᠯ ᠵᠡᠷᠭᠡ ᠠᠵᠤ ᠦᠢᠯᠡᠰ᠎ᠦᠨ ᠬᠡᠯᠬᠢᠢ᠎ᠡ ᠶ᠋ᠢ ᠪᠣᠢ ᠪᠤᠯᠭᠠᠨ ᠬᠦᠭᠵᠢᠬᠦᠯᠬᠦ᠎ᠪᠠᠷ ᠬᠡᠯᠪᠡᠷᠢ᠎ᠪᠡᠨ ᠬᠤᠪᠢᠷᠠᠭᠤᠯᠬᠤ ᠱᠢᠪᠲᠤᠯᠤᠯᠲᠠ᠎ᠶ᠋ᠢᠨ ᠴᠡᠭ ᠪᠣᠯᠭᠠᠵᠤ᠂ ᠤᠨᠴᠠᠯᠢᠬ᠍ᠳᠤ ᠠᠵᠤ ᠦᠢᠯᠡᠰ᠎ᠦᠨ ᠪᠦᠯᠦᠭ᠌ᠵᠢᠯ᠎ᠢ ᠬᠦᠴᠦᠯᠡᠨ ᠬᠥᠭ᠌ᠵᠢᠭᠦᠯᠵᠦ᠍᠂ 《ᠪᠠᠭ᠎ᠠ ᠮᠥᠷᠲᠡᠭᠡᠨ ᠱᠢᠯᠢᠳᠡᠭ᠂ ᠪᠠᠭ᠎ᠠ ᠮᠥᠷᠲᠡᠭᠡᠨ ᠬᠦᠴᠦᠷᠬᠡᠭ》 ᠣᠳᠣᠬᠢᠴᠢᠯᠠᠭ᠍ᠰᠠᠨ ᠠᠵᠤ ᠦᠢᠯᠡᠰ᠎ᠦᠨ ᠱᠢᠰᠲᠸᠮ᠎ᠢ ᠲᠦᠷᠭᠡᠳᠭᠡᠨ ᠪᠠᠢᠭᠤᠯᠵᠠᠢ᠃

ᠬᠠᠲᠠᠭᠤ ᠲᠥᠯᠥᠪᠲᠦ ᠎ᠳ᠋ᠢᠶᠠᠨ᠎ᠤ᠋ᠤᠢ ᠨᠢ ᠨᠠᠩ ᠥᠨᠳᠥᠷ ᠠᠮᠤᠷ ᠲᠦᠪᠱᠢᠨ ᠴᠢᠨᠠᠷ᠂ ᠨᠡᠡᠭ ᠢᠯᠡᠷᠬᠡᠢ ᠡᠨᠧᠷᠭᠢ᠎ᠶ᠋ᠢᠨ ᠨᠢᠭ᠍ᠲᠠᠴᠠ ᠵᠢᠴᠢ ᠨᠠᠩ ᠣᠳᠠᠭᠠᠨ ᠳᠠᠭᠠᠭᠠᠮᠠᠭᠠᠢ ᠴᠢᠨᠠᠷ ᠵᠡᠷᠭᠡ ᠭᠤᠤᠯᠯᠠᠬᠤ ᠳᠠᠪᠠᠭᠤᠯᠢᠭ᠎ᠢᠶᠠᠷ᠎ᠢᠶᠠᠨ ᠰᠢᠨ᠎ᠠ ᠦᠶ᠎ᠡ᠎ᠶ᠋ᠢᠨ ᠴᠠᠬᠢᠯᠭᠠᠨ ᠴᠡᠨᠡᠭ᠎ᠦᠨ ᠱᠢᠰᠲ᠋ᠧᠮ᠎ᠦᠨ ᠴᠢᠬᠤᠯᠠ ᠬᠥᠭ᠌ᠵᠢᠯᠲᠡ᠎ᠶ᠋ᠢᠨ ᠴᠢᠭ᠌ᠯᠡᠯ ᠪᠣᠯᠵᠠᠶ᠃ ᠦᠬᠠᠢ ᠬᠤᠲᠠ 《ᠨᠡᠭᠦᠷᠡᠰᠦ — ᠬᠡᠦᠷᠡᠰᠦ — ᠪᠠᠷᠤᠭ᠍ᠰᠢᠨ — ᠵᠡᠭᠦᠦ ᠬᠡᠯᠪᠡᠷᠢ᠎ᠶ᠋ᠢᠨ ᠬᠡᠦᠷᠡᠰᠦ — ᠪᠠᠯ ᠴᠢᠯᠠᠭᠤᠨ᠎ᠤ ᠪᠢᠯᠢᠭ ᠲᠤᠢᠯ᠎ᠤᠨ ᠮᠠᠲ᠋ᠧᠷᠢᠶᠠᠯ》 ᠤ᠋ᠨ ᠠᠵᠤ ᠦᠢᠯᠡᠰ᠎ᠦᠨ ᠰᠠᠭᠤᠷᠢ᠎ᠳᠤ ᠰᠠᠭᠤᠷᠢᠯᠠᠵᠤ᠂ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ ᠠᠵᠤ ᠦᠢᠯᠡᠰ᠎ᠢ ᠠᠵᠤ ᠦᠢᠯᠡᠰ᠎ᠦᠨ ᠬᠡᠯᠪᠡᠷᠢ᠎ᠪᠡᠨ ᠬᠤᠪᠢᠷᠠᠭᠤᠯᠬᠤ ᠭᠣᠣᠯ ᠱᠢᠪᠲᠤᠯᠤᠯᠲᠠ᠎ᠶ᠋ᠢᠨ ᠴᠢᠭ᠌ᠯᠡᠯ᠎ᠦᠨ ᠨᠢᠭᠡ ᠪᠣᠯᠭᠠᠵᠤ᠂  ᠪᠦᠬᠦ᠌ ᠠᠵᠤ ᠦᠢᠯᠡᠰ᠎ᠦᠨ ᠬᠡᠯᠬᠢᠶ᠎ᠡ᠎ᠶ᠋ᠢ ᠲᠦᠷᠭᠡᠳᠭᠡᠨ ᠪᠠᠢᠷᠢᠱᠢᠭᠤᠯᠵᠠᠢ᠃

ᠣᠳᠣᠬᠠᠨ᠎ᠳᠤ᠂ ᠦᠬᠠᠶ ᠬᠣᠲᠠ ᠨᠢᠭᠡᠨᠲᠡ 1700 ᠭᠠᠷᠤᠶ ᠮᠥ᠍ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ ᠠᠵᠤ ᠦᠶ᠋ᠯᠡᠰ᠎ᠦᠨ ᠬᠦᠷᠢᠶᠡᠯᠡᠩ᠎ᠢ ᠲᠥᠯᠥᠪᠵᠢᠭᠦᠯᠦᠨ ᠪᠥᠲᠥᠭᠡᠨ ᠪᠠᠢᠭᠤᠯᠵᠤ᠂ ᠠᠩᠬᠠᠳᠠᠭ᠍ᠴᠢ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠱᠢᠨ᠎ᠡ ᠡᠨᠧᠷᠭᠢ ᠱᠢᠨ᠎ᠡ ᠮᠠᠲ᠋ᠧᠷᠢᠶᠠᠯ᠎ᠤᠨ ᠠᠺᠠᠳᠧᠮᠢᠴᠢ ᠶ᠋ᠢᠨ ᠠᠵᠢᠯ᠎ᠤᠨ ᠥᠷᠲᠡᠭᠡ ᠪᠠᠢᠭᠤᠯᠵᠤ᠂ ᠴᠢᠩ ᠲᠤᠤ᠂ ᠭᠦᠸᠧ ᠱᠢᠤᠸᠠᠨ ᠵᠡᠷᠭᠡ ᠠᠵᠢᠯ ᠲᠥᠷᠥᠯ᠎ᠦᠨ ᠳᠠᠭᠠᠭᠤᠯᠤᠭ᠍ᠴᠢ ᠠᠵᠤ ᠠᠬᠤᠢᠯᠠᠯ ᠵᠠᠯᠭᠠᠭ᠎ᠠ᠎ᠪᠠᠷ ᠰᠠᠭᠤᠷᠢᠱᠢᠵᠤ᠂ ᠡᠶᠡᠷᠭᠦ᠌ ᠲᠤᠢᠯ᠎ᠤᠨ ᠮᠠᠲ᠋ᠧᠷᠢᠶᠠᠯ᠂ ᠪᠠᠯ ᠴᠢᠯᠠᠭᠤᠨ᠎ᠤ ᠪᠢᠯᠢᠭ ᠲᠤᠢᠯ᠂ ᠲᠤᠰᠠᠭᠠᠷ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡ ᠵᠡᠷᠭᠡ ᠲᠥᠷᠥᠯ ᠵᠦᠶ᠋ᠯ ᠵᠠᠯᠭᠠᠭ᠎ᠠ᠎ᠪᠠᠷ ᠠᠱᠢᠭ᠍ᠯᠠᠯᠲᠠ᠎ᠳᠤ ᠣᠷᠣᠵᠤ᠂ 《ᠨᠢᠭᠡ ᠬᠡᠰᠡᠭ ᠨᠡᠭᠦᠷᠡᠰᠦ᠎ᠡᠴᠡ ᠨᠢᠭᠡ ᠰᠠᠭᠤᠷᠢ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡ ᠬᠥᠷᠬᠥ᠌》 ᠠᠵᠤ ᠦᠶ᠋ᠯᠡᠰ᠎ᠦᠨ ᠱᠢᠰᠲ᠋ᠧᠮ ᠲᠦᠷᠭᠡᠨ ᠪᠦᠷᠢᠯᠳᠦᠵᠠᠢ᠃ ᠵᠢᠱ᠌ᠢᠯᠲᠡ᠎ᠪᠡᠷ 2030 ᠣᠨ ᠪᠣᠯᠬᠤ᠎ᠳᠤ᠂ ᠦᠬᠠᠶ ᠬᠣᠲᠠ᠎ᠶ᠋ᠢᠨ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ ᠠᠵᠤ ᠦᠶ᠋ᠯᠡᠰ᠎ᠦᠨ ᠬᠡᠯᠬᠢᠶ᠎ᠡ᠎ᠶ᠋ᠢᠨ ᠦᠶ᠋ᠯᠡᠳᠬᠦᠨ᠎ᠦ ᠥᠷᠲᠡᠭ 215 ᠳ᠋ᠦᠩᠱᠢᠭᠤᠷ ᠲᠥᠭᠥᠷᠢᠭ᠎ᠢ ᠳᠠᠪᠠᠵᠤ᠂ ᠠᠷᠭ᠎ᠠ ᠪᠢᠯᠢᠭ ᠲᠤᠢᠯ᠎ᠤᠨ ᠮᠠᠲ᠋ᠧᠷᠢᠶᠠᠯ᠎ᠤᠨ ᠦᠢᠯᠡᠳᠪᠦᠷᠢᠯᠡᠯ᠎ᠤᠨ ᠴᠢᠳᠠᠪᠤᠷᠢ 20 ᠲᠦᠮᠡᠨ ᠲᠣᠨ᠎ᠳᠤ ᠬᠦᠷᠴᠦ᠍᠂ ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ ᠦᠶ᠋ᠯᠡᠳᠪᠦᠷᠢᠯᠡᠯ᠎ᠤᠨ ᠴᠢᠳᠠᠪᠤᠷᠢ 30 GWh ᠎ᠳ᠋ᠤ ᠬᠦᠷᠴᠦ᠍᠂ ᠱᠢᠨ᠎ᠡ ᠡᠨᠧᠷᠭᠢ᠎ᠶ᠋ᠢᠨ ᠠᠵᠤ ᠦᠶ᠋ᠯᠡᠰ᠎ᠦᠨ ᠴᠢᠬᠤᠯᠠ ᠨᠡᠮᠡᠭ᠌ᠳᠡᠯ᠎ᠦᠨ ᠲᠤᠢᠯ ᠪᠣᠯᠤᠨ᠎ᠠ᠃

ᠵᠠᠳᠠᠷᠠᠬᠤ ᠮᠠᠲ᠋ᠧᠷᠢᠶᠠᠯ ᠭᠡᠳᠡᠭ ᠨᠢ ᠪᠠᠢᠭᠠᠯᠢ ᠶ᠋ᠢᠨ ᠣᠷᠴᠢᠨ ᠲᠣᠭᠣᠷᠢᠨ᠎ᠳᠤ ᠮᠢᠺᠷᠣᠪ᠎ᠤᠨ ᠦᠢᠯᠡᠳᠦᠯ᠎ᠢᠶᠡᠷ ᠵᠣᠬᠢᠬᠤ ᠬᠤᠭᠤᠴᠠᠭᠠᠨ ᠳᠣᠲᠣᠷ᠎ᠠ ᠨᠡᠭᠦᠷᠡᠰᠦᠲᠥ᠋ᠷᠥᠭ᠌ᠴᠢ᠎ᠶ᠋ᠢᠨ ᠳᠠᠪᠬᠤᠷ ᠢᠰᠦᠯ᠂ ᠤᠰᠤ ᠵᠡᠷᠭᠡ ᠬᠣᠣᠷ ᠦᠭᠡᠢ ᠪᠣᠳᠠᠰ ᠪᠣᠯᠤᠨ ᠵᠠᠳᠠᠷᠠᠳᠠᠭ ᠱᠢᠨ᠎ᠡ ᠬᠡᠯᠪᠡᠷᠢ᠎ᠶ᠋ᠢᠨ ᠮᠠᠲ᠋ᠧᠷᠢᠶᠠᠯ᠎ᠢ ᠵᠢᠭᠠᠵᠤ ᠪᠠᠢᠨ᠎ᠠ᠃ ᠵᠠᠳᠠᠷᠠᠬᠤ ᠮᠠᠲ᠋ᠧᠷᠢᠶᠠᠯ᠎ᠤᠨ ᠦᠶ᠋ᠯᠡᠳᠪᠦᠷᠢᠯᠡᠯ ᠨᠢ ᠭᠤᠤᠯᠯᠠᠭ᠍ᠴᠢ ᠪᠡᠶ᠎ᠡ᠎ᠶ᠋ᠢᠨ BDO ᠶ᠋ᠢᠨ ᠲᠤᠯᠭᠠᠭᠤᠷᠢᠯᠠᠯ᠎ᠠᠴᠠ ᠰᠠᠯᠵᠤ ᠴᠢᠳᠠᠬᠤ ᠥᠬᠡᠶ; BDO ᠶ᠋ᠢᠨ ᠬᠡᠪᠴᠢᠶᠡᠵᠢᠭᠰᠡᠨ ᠭᠠᠷᠭᠠᠯᠳᠡ᠎ᠨᠢ ᠦᠬᠠᠶ ᠬᠣᠲᠠ᠎ᠶ᠋ᠢᠨ ᠥᠪᠡᠷᠮᠢᠴᠡ ᠡᠬᠢ ᠪᠠᠶᠠᠯᠢᠭ᠎ᠤᠨ ᠳᠠᠪᠠᠭᠤᠯᠢᠭ᠎ᠲᠠᠶ ᠮᠠᠰᠢ ᠨᠡᠢᠴᠡᠵᠦ᠍ ᠪᠠᠢᠨ᠎ᠠ᠃ ᠨᠡᠭᠦᠷᠡᠰᠦᠨ᠎ᠦ ᠡᠬᠢ ᠪᠠᠶᠠᠯᠢᠭ᠎ᠤᠨ ᠳᠠᠪᠠᠭᠤᠯᠢᠭ ᠪᠣᠯᠤᠨ ᠬᠢᠮᠢ ᠶ᠋ᠢᠨ ᠠᠵᠤ ᠦᠶ᠋ᠯᠡᠳᠪᠦᠷᠢ᠎ᠶ᠋ᠢᠨ ᠠᠵᠤ ᠦᠶ᠋ᠯᠡᠰ᠎ᠦᠨ ᠰᠠᠭᠤᠷᠢ᠎ᠳᠤ ᠲᠦᠱᠢᠭ᠌ᠯᠡᠨ᠂ ᠦᠬᠠᠶ ᠬᠣᠲᠠ ᠶᠠᠭ BDO ᠠᠵᠤ ᠦᠶ᠋ᠯᠡᠰ᠎ᠦᠨ ᠬᠡᠯᠬᠢᠶ᠎ᠡ᠎ᠶ᠋ᠢ ᠬᠡᠯᠪᠡᠷᠢ᠎ᠪᠡᠨ ᠬᠤᠪᠢᠷᠠᠭᠤᠯᠤᠨ ᠬᠥᠭ᠌ᠵᠢᠭᠦᠯᠬᠦ᠌ 《ᠬᠠᠲᠠᠭᠤ ᠲᠤᠯᠭᠠᠭᠤᠷᠢᠯᠠᠯ》 ᠪᠣᠯᠭᠠᠨ ᠴᠣᠭ᠍ᠴᠠᠯᠠᠵᠤ ᠪᠣᠶ᠃

ᠦᠬᠠᠶ᠎ᠶ᠋ᠢᠨ ᠤᠳᠠ᠎ᠶᠢᠨ ᠲᠤᠬᠤᠢ᠎ᠶᠢᠨ ᠳᠡᠭᠡᠳᠦ ᠱᠢᠨ᠎ᠡ ᠮᠡᠷᠭᠡᠵᠢᠯ᠎ᠦᠨ ᠠᠵᠤ ᠦᠶ᠋ᠯᠡᠰ᠎ᠦᠨ ᠨᠡᠭᠡᠭᠡᠯᠲᠡ᠎ᠶ᠋ᠢᠨ ᠲᠣᠭᠣᠷᠢᠭ᠎ᠤᠨ ᠥᠪᠥᠷ ᠮᠣᠩᠭᠣᠯ᠎ᠤᠨ ᠳ᠋ᠦᠩ ᠶᠤᠸᠠᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠪᠦᠯᠦᠭ᠌ᠯᠡᠯ᠎ᠦᠨ ᠬᠢᠵᠠᠭᠠᠷᠲᠤ ᠺᠣᠮᠫᠠᠨᠢ ᠬᠡᠦᠷᠡᠰᠦ ᠪᠣᠯᠤᠨ ᠴᠤᠬᠤᠢ᠎ᠶ᠋ᠢᠨ ᠴᠢᠯᠠᠭᠤ ᠶ᠋ᠢ 1800 °C ᠬᠠᠢᠯᠤᠭᠤᠯᠬᠤ ᠵᠤᠤᠬᠠᠨ᠎ᠳᠤ ᠴᠠᠬᠢᠯᠠᠭᠤᠷ ᠴᠢᠯᠠᠭᠤ ᠪᠣᠯᠭᠠᠨ ᠪᠣᠯᠪᠠᠰᠤᠷᠠᠭᠤᠯᠵᠤ᠂ ᠴᠠᠬᠢᠯᠠᠭᠤᠷ ᠴᠢᠯᠠᠭᠤ ᠪᠣᠯᠤᠨ ᠮᠧᠲ᠋ᠢᠯ ᠠᠯᠺᠣᠣᠯ᠎ᠯᠤᠭ᠎ᠠ ᠤᠷᠪᠠᠯᠳᠤᠨ BDO ᠱᠢᠩᠭᠡᠨ ᠪᠡᠶᠡᠲᠦ ᠪᠣᠯᠭᠠᠵᠤ᠂ ᠡᠴᠦᠰ᠎ᠲᠡᠬᠡᠨ ᠰᠢᠪᠳᠤᠷᠳᠤ ᠪᠦᠰ᠂ ᠵᠠᠳᠠᠷᠠᠬᠤ ᠰᠦᠯᠢᠶᠣᠣ ᠪᠦᠷᠬᠦᠪᠴᠢ ᠵᠡᠷᠭᠡ ᠦᠢᠯᠡᠳᠬᠦᠨ ᠪᠣᠯᠭᠠᠨ ᠬᠤᠪᠢᠷᠠᠭᠤᠯᠤᠨ᠎ᠠ — ᠡᠨᠡ ᠬᠦ᠌ ᠪᠦᠷᠢᠨ ᠪᠦᠲᠦᠨ ᠠᠵᠤ ᠦᠢᠯᠡᠰ᠎ᠦᠨ ᠬᠡᠯᠬᠢᠶ᠎ᠡ ᠨᠢ ᠲᠣᠨ ᠪᠦᠷᠢ᠎ᠶ᠋ᠢᠨ ᠨᠡᠭᠦᠷᠡᠰᠦᠨ᠎ᠦ ᠦᠷᠳᠡᠭ᠎ᠢ ᠬᠡᠳᠦᠨ ᠳᠠᠬᠢᠨ᠎ᠢᠶᠠᠷ ᠨᠡᠮᠡᠭ᠌ᠳᠡᠭᠦᠯᠵᠠᠢ᠃

ᠣᠳᠣᠬᠠᠨ᠎ᠳᠤ᠂ ᠳ᠋ᠦᠩ ᠶᠤᠸᠠᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠪᠦᠯᠦᠭᠯᠡᠯ᠎ᠤᠨ ᠬᠢᠵᠠᠭᠠᠷᠳᠤ ᠺᠤᠮᠫᠠᠨᠢ ᠨᠢᠭᠡᠨᠲᠡ 《ᠨᠡᠭᠦᠷᠡᠰᠦ — ᠴᠠᠬᠢᠯᠠᠭᠤᠷ ᠴᠢᠯᠠᠭᠤ — BDO — ᠠᠮᠢᠳᠤ ᠪᠣᠳᠠᠰ᠎ᠤᠨ ᠵᠠᠳᠠᠷᠠᠬᠤ ᠰᠦᠯᠢᠶᠣᠣ》 ᠵᠢᠨ ᠪᠦᠬᠦ᠌ ᠠᠵᠤ ᠦᠢᠯᠡᠰ᠎ᠦᠨ ᠬᠡᠯᠬᠢᠶ᠎ᠡ ᠶ᠋ᠢ ᠪᠠᠢᠭᠤᠯᠵᠤ᠂ ᠵᠢᠯ᠎ᠦᠨ ᠦᠢᠯᠡᠳᠪᠦᠷᠢᠯᠡᠯ᠎ᠦᠨ ᠴᠢᠳᠠᠪᠤᠷᠢ ᠨᠢ 30 ᠲᠦᠮᠡᠨ ᠲᠣᠨ᠎ᠳᠤ ᠬᠦᠷᠴᠦ᠍᠂ ᠦᠢᠯᠡᠳᠬᠦᠨ ᠨᠢ ᠺᠣᠷᠢᠶᠠ᠂ ᠮᠠᠯᠠᠢ᠌ᠱᠢᠶ᠎ᠠ ᠵᠡᠷᠭᠡ ᠤᠯᠤᠰ᠎ᠲᠤ ᠪᠣᠷᠣᠯᠠᠭᠤᠯᠤᠭ᠍ᠳᠠᠵᠤ ᠪᠠᠢᠨ᠎ᠠ᠃

《ᠦᠬᠠᠢ᠎ᠶ᠋ᠢᠨ ᠨᠡᠭᠦᠷᠡᠰᠦ ᠬᠢᠮᠢ᠎ᠶ᠋ᠢᠨ ᠠᠵᠤ ᠦᠢᠯᠡᠳᠪᠦᠷᠢ᠎ᠶ᠋ᠢᠨ ᠠᠵᠤ ᠦᠢᠯᠡᠰ᠎ᠦᠨ ᠪᠦᠯᠦᠭ᠌ᠵᠢᠯ᠎ᠦᠨ ᠳᠠᠪᠠᠭᠤᠯᠢᠭ᠎ᠲᠤ ᠲᠦᠱᠢᠭ᠌ᠯᠡᠨ᠂ ᠪᠢᠳᠡ ᠬᠡᠯᠬᠢᠶ᠎ᠡ᠎ᠪᠡᠨ ᠤᠷᠲᠤᠳᠭᠠᠬᠤ᠂ ᠬᠡᠯᠬᠢᠶ᠎ᠡ᠎ᠪᠡᠨ ᠨᠥᠬᠥᠪᠥᠷᠢᠯᠡᠬᠦ᠌᠂ ᠬᠡᠯᠬᠢᠶ᠎ᠡ᠎ᠪᠡᠨ ᠴᠢᠩᠭᠠᠳᠭᠠᠬᠤ᠎ᠪᠠᠷ ᠳᠠᠮᠵᠢᠭᠤᠯᠤᠨ᠂ 〈ᠨᠡᠭᠦᠷᠡᠰᠦ — ᠴᠠᠬᠢᠯᠭᠠᠨ — ᠴᠤᠬᠤᠢ᠎ᠶ᠋ᠢᠨ ᠴᠢᠯᠠᠭᠤ — ᠴᠠᠬᠢᠯᠠᠭᠤᠷ ᠴᠢᠯᠠᠭᠤ — BDO — ᠠᠮᠢᠳᠤ ᠪᠣᠳᠠᠰ᠎ᠤᠨ ᠵᠠᠳᠠᠷᠠᠬᠤ ᠪᠥᠭᠡᠭᠡᠨᠡᠷᠡᠯ ᠡᠰᠲ᠋ᠧᠷ᠎ᠦᠨ ᠦᠢᠯᠡᠳᠬᠦᠨ〉 ᠤ᠋ ᠣᠷᠴᠢᠯ ᠠᠵᠤ ᠦᠢᠯᠡᠰ᠎ᠦᠨ ᠵᠠᠭ᠍ᠪᠤᠷ᠎ᠢ ᠪᠠᠢᠭᠤᠯᠵᠠᠢ》 ᠭᠡᠵᠦ᠍ ᠳ᠋ᠦᠩ ᠶᠤᠸᠠᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠪᠦᠯᠦᠭᠯᠡᠯ᠎ᠤᠨ ᠬᠢᠵᠠᠭᠠᠷᠳᠤ ᠺᠤᠮᠫᠠᠨᠢ᠎ᠶᠢᠨ ᠶᠡᠷᠦᠩᠬᠡᠢ ᠢᠨᠵᠧᠨᠧᠷ ᠵᠠᠩ ᠬᠣᠩ ᠸᠧᠢ ᠲᠠᠨᠢᠯᠴᠠᠭᠤᠯᠪᠠ᠃

ᠦᠬᠠᠶ ᠬᠣᠲᠠ᠎ᠶᠢᠨ ᠵᠠᠳᠠᠷᠠᠬᠤ ᠮᠠᠲ᠋ᠧᠷᠢᠶᠠᠯ᠎ᠤᠨ ᠠᠵᠤ ᠦᠶ᠋ᠯᠡᠰ᠎ᠦᠨ ᠲᠥᠷᠥᠯ ᠵᠦᠶ᠋ᠯ᠎ᠦᠨ ᠪᠥᠲᠥᠭᠡᠨ ᠪᠠᠢᠭᠤᠯᠤᠯᠲᠠ ᠬᠥᠭ᠌ᠵᠢᠶᠡᠨᠲᠡᠶ ᠶᠠᠪᠤᠭ᠍ᠳᠠᠵᠤ ᠪᠠᠢᠨ᠎ᠠ᠃ ᠭᠤᠸᠠᠩ ᠵᠢᠨ ᠱᠢᠨ᠎ᠡ ᠮᠠᠲ᠋ᠧᠷᠢᠶᠠᠯ᠎ᠤᠨ BDO —PBAT᠎ᠶ᠋ᠢᠨ ᠨᠢᠭᠡ ᠴᠤᠬ᠍ᠴᠠᠵᠢᠬ᠍ᠰᠠᠨ ᠲᠦᠷᠦᠯ ᠵᠦᠢᠯ᠎ᠦᠨ ᠲᠤᠬᠠᠢ᠎ᠶ᠋ᠢᠨ ᠲᠠᠯᠠᠪᠠᠢ᠎ᠳᠤ᠂ ᠰᠤᠪᠤᠷᠭᠠᠨ ᠬᠡᠯᠪᠡᠷᠢᠳᠤ ᠲᠡᠬᠦᠵᠢ ᠰᠡᠬᠦᠢᠵᠦ᠂ ᠬᠣᠭᠣᠯᠠᠢ ᠬᠤᠩᠬᠢᠯ ᠰᠦᠯᠵᠢᠯᠳᠦᠵᠦ᠍᠂ ᠪᠠᠰᠠ ᠨᠢᠭᠡᠨ 《ᠨᠡᠭᠦᠷᠡᠰᠦ ᠂ ᠴᠤᠬᠤᠢ᠎ᠶ᠋ᠢᠨ ᠴᠢᠯᠠᠭᠤ — ᠴᠠᠬᠢᠯᠠᠭᠤᠷ ᠴᠢᠯᠠᠭᠤ — BDO — ᠠᠮᠢᠳᠤ ᠪᠣᠳᠠᠰ᠎ᠤᠨ ᠵᠠᠳᠠᠷᠠᠬᠤ ᠰᠦᠯᠢᠶᠣᠣ》 ᠶ᠋ᠢᠨ ᠠᠵᠤ ᠦᠢᠯᠡᠰ᠎ᠦᠨ ᠬᠡᠯᠬᠢᠶ᠎ᠡ ᠤᠳᠠᠯ ᠦᠭᠡᠢ ᠨᠡᠪᠲᠡᠷᠡᠬᠦ᠌ ᠶ᠋ᠢ ᠪᠡᠯᠭᠡᠳᠡᠵᠦ᠍ ᠪᠤᠢ᠃ ᠵᠢᠶᠦ᠋ᠨ ᠵᠧᠩ ᠪᠦᠯᠦᠭ᠌ᠯᠡᠯ᠎ᠦᠨ ᠪᠣᠬᠢᠷᠲᠤᠯ ᠥᠬᠡᠶ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠵᠠᠳᠠᠷᠠᠬᠤ ᠰᠦᠯᠢᠶᠣᠣ᠎ᠶ᠋ᠢᠨ ᠡᠷᠬᠢᠯᠳᠡᠳᠤ ᠠᠵᠤ ᠦᠶ᠋ᠯᠡᠰ᠎ᠦᠨ ᠬᠡᠯᠬᠢᠶ᠎ᠡ ᠶ᠋ᠢᠨ ᠲᠥᠷᠥᠯ ᠵᠦᠶ᠋ᠯ᠂ ᠮᠧᠶ ᠪᠠᠩ ᠵᠥᠩ ᠺᠧ ᠱᠢᠨ᠎ᠡ ᠮᠠᠲ᠋ᠧᠷᠢᠶᠠᠯ᠂ ᠵᠢᠶᠧ ᠲᠧ ᠪᠤᠬᠢᠷᠳᠤᠯ ᠦᠬᠡᠢ ᠡᠨᠧᠷᠭᠢ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠵᠡᠷᠭᠡ ᠨᠢᠭᠡ ᠪᠦᠯᠦᠭ ᠭᠤᠤᠯᠳᠠᠯᠭ᠎ᠠ᠎ᠲᠠᠶ ᠲᠥᠷᠥᠯ ᠵᠦᠶ᠋ᠯ᠎ᠠᠱᠢᠭ᠍ᠯᠠᠯᠲᠠ᠎ᠳᠤ ᠣᠷᠣᠬᠤ ᠪᠤᠶᠤ ᠲᠦᠷᠭᠡᠨ ᠪᠠᠢᠭᠤᠯᠤᠬᠳᠠᠵᠦ ᠪᠠᠢᠨ᠎ᠠ ᠁ ᠡᠨᠡ ᠨᠢ ᠦᠬᠠᠶ ᠬᠣᠲᠠ᠎ᠶ᠋ᠢᠨ ᠵᠠᠳᠠᠷᠠᠬᠤ ᠮᠠᠲ᠋ᠧᠷᠢᠶᠠᠯ᠎ᠤᠨ ᠠᠵᠤ ᠦᠶ᠋ᠯᠡᠰ᠎ᠦᠨ ᠬᠦᠭᠵᠢᠨ ᠴᠡᠴᠡᠭᠯᠡᠵᠦ ᠪᠠᠢᠭ᠎ᠠ ᠠᠮᠢᠳᠤᠯᠢᠭ ᠦᠵᠡᠮᠵᠢ ᠶ᠋ᠢ ᠵᠢᠷᠤᠭ᠍ᠯᠠᠨ ᠭᠠᠷᠭᠠᠵᠠᠢ᠃

ᠣᠳᠣᠬᠠᠨ ᠪᠣᠯᠲᠠᠯ᠎ᠠ᠂ ᠦᠬᠠᠶ ᠬᠣᠲᠠ ᠨᠢᠭᠡᠨᠲᠡ BDO ᠦᠶ᠋ᠯᠡᠳᠪᠦᠷᠢᠯᠡᠯ᠎ᠤᠨ ᠴᠢᠳᠠᠪᠤᠷᠢ᠎ᠶ᠋ᠢ ᠵᠢᠯ᠎ᠤᠨ 129.2 ᠲᠦᠮᠡᠨ ᠲᠣᠨ᠂  PTMEG ᠦᠶ᠋ᠯᠡᠳᠪᠦᠷᠢᠯᠡᠯ᠎ᠤᠨ ᠴᠢᠳᠠᠪᠤᠷᠢ᠎ᠶ᠋ᠢ ᠵᠢᠯ᠎ᠤᠨ 30.4 ᠲᠦᠮᠡᠨ ᠲᠣᠨ᠂ GBL ᠦᠶ᠋ᠯᠡᠳᠪᠦᠷᠢᠯᠡᠯ᠎ᠤᠨ ᠴᠢᠳᠠᠪᠤᠷᠢ᠎ᠶ᠋ᠢ ᠵᠢᠯ᠎ᠤᠨ 10 ᠲᠦᠮᠡᠨ ᠲᠣᠨ ᠪᠤᠯᠭᠠᠨ ᠪᠠᠢᠭᠤᠯᠤᠭ᠍ᠰᠠᠨ ᠪᠥᠭᠡᠳ ᠬᠡᠯᠬᠢᠶ᠎ᠠ ᠵᠢ ᠤᠷᠲᠤᠳᠬᠠᠬᠤ ᠬᠡᠯᠬᠢᠶ᠎ᠡ ᠶ᠋ᠢ ᠨᠥᠬᠥᠪᠥᠷᠢᠯᠡᠬᠦ ᠬᠡᠯᠬᠢᠶ᠎ᠡ ᠶ᠋ᠢ ᠴᠢᠩᠭᠠᠷᠠᠭᠤᠯᠬᠤ ᠶ᠋ᠢ ᠦᠷᠭᠦᠯᠵᠢᠯᠡᠨ ᠠᠬᠢᠭᠤᠯᠵᠤ᠂ ᠵᠠᠳᠠᠷᠠᠬᠤ ᠮᠠᠲ᠋ᠧᠷᠢᠶᠠᠯ᠂ ᠳᠡᠭᠡᠳᠦ ᠲᠠᠰ᠎ᠤᠨ ᠱᠢᠷᠬᠡᠭ᠂ ᠯᠢᠲ᠋ᠢ ᠳ᠋ᠢᠶᠠᠨ ᡂᠢ᠎ᠶ᠋ᠢᠨ ᠠᠭᠤᠰᠭᠠᠭ᠍ᠴᠢ ᠵᠡᠷᠭᠡ ᠡᠴᠦᠰ᠎ᠤᠨ ᠨᠠᠷᠢᠯᠢᠭ ᠪᠣᠯᠪᠠᠰᠤᠷᠠᠭᠤᠯᠬᠤ ᠠᠵᠤ ᠦᠶ᠋ᠯᠡᠰ᠎ᠦᠨ ᠬᠡᠯᠬᠢᠶ᠎ᠡ ᠶ᠋ᠢ ᠪᠠᠢᠭᠤᠯᠵᠠᠢ᠃

ᠬᠠᠲᠠᠭᠤ ᠲᠦᠯᠦᠪᠳᠦ ᠎ᠳ᠋ᠢᠶᠠᠨ᠎ᠤ᠋ᠤᠢ᠎ᠵᠢᠨ᠂ ᠵᠠᠳᠠᠷᠠᠬᠤ ᠮᠠᠲ᠋ᠧᠷᠢᠶᠠᠯ᠎ᠤᠨ ᠠᠵᠤ ᠦᠢᠯᠡᠰ ᠥᠷᠨᠢᠭᠦᠨ ᠬᠥᠭ᠌ᠵᠢᠵᠦ᠍ ᠪᠠᠢᠭ᠎ᠠ ᠶ᠋ᠢᠨ ᠠᠷᠤ᠎ᠳᠤ ᠦᠬᠠᠢ ᠬᠤᠳᠠ ᠢᠮᠠᠭ᠍ᠲᠠ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ ᠶ᠋ᠢ ᠡᠭᠦᠳᠬᠦ᠌᠎ᠪᠡᠷ ᠭᠣᠣᠯ ᠬᠦᠳᠡᠯᠭᠡᠭᠦᠷ ᠪᠣᠯᠭᠠᠭ᠍ᠰᠠᠨ ᠶᠠᠪᠤᠳᠠᠯ ᠪᠤᠢ᠃ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ᠎ᠳᠤ᠂ ᠦᠬᠠᠶ ᠬᠣᠲᠠ᠎ᠶ᠋ᠢᠨ ᠪᠥᠬᠥ᠌ ᠨᠡᠢᠭᠡᠮ᠎ᠦᠨ ᠰᠤᠳᠤᠯᠤᠨ ᠨᠡᠭᠡᠭᠡᠬᠦ᠌ ᠶᠡᠷᠦᠩᠬᠡᠶ ᠣᠷᠣᠭᠤᠯᠤᠯᠲᠠ 34 ᠳ᠋ᠦᠩᠱᠢᠭᠤᠷ ᠲᠥᠭᠥᠷᠢᠭ᠎ᠢ ᠳᠠᠪᠠᠵᠤ᠂ ᠰᠤᠳᠤᠯᠤᠨ ᠨᠡᠭᠡᠭᠡᠬᠦ᠌ ᠪᠡᠯᠡ ᠣᠷᠣᠭᠤᠯᠤᠯᠲᠠ᠎ᠶ᠋ᠢᠨ ᠡᠷᠴᠢᠮ᠎ᠨᠢ 1.04% ᠪᠠᠢᠭ᠍ᠰᠠᠨ᠎ᠠᠴᠠ᠎ᠪᠠᠨ 1.46% ᠪᠣᠯᠲᠠᠯ᠎ᠠ ᠳᠡᠭᠡᠭ᠌ᠰᠢᠯᠡᠵᠠᠢ; 18 ᠳ᠋ᠦᠩᠱᠢᠭᠤᠷ ᠲᠥᠭᠥᠷᠢᠭ᠎ᠦᠨ ᠠᠵᠤ ᠦᠢᠯᠡᠰ᠎ᠦᠨ ᠰᠠᠭᠤᠷᠢ ᠮᠥᠩᠭᠥ᠎ᠶ᠋ᠢ ᠪᠠᠢᠭᠤᠯᠵᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠮᠥᠩᠭᠥᠨ ᠭᠦᠢᠯᠭᠡᠭᠡᠨ᠎ᠦ ᠪᠦᠲᠦᠭᠡᠭ᠌ᠳᠡᠬᠦᠨ᠎ᠦ ᠵᠢᠭᠡᠯᠡᠯᠭᠡ᠎ᠶ᠋ᠢᠨ ᠦᠯᠡᠳᠡᠪᠦᠷᠢ ᠲᠣᠭ᠎ᠠ ᠵᠠᠭᠤᠨ ᠳ᠋ᠦᠩᠱᠢᠭᠤᠷ ᠲᠥᠭᠥᠷᠢᠭ᠎ᠢ ᠳᠠᠪᠠᠵᠠᠢ; ᠳᠡᠭᠡᠳᠦ ᠱᠢᠨ᠎ᠡ ᠮᠡᠷᠭᠡᠵᠢᠯ᠎ᠦᠨ ᠠᠵᠤ ᠠᠬᠤᠢᠯᠠᠯ 30 ᠪᠠᠢᠭ᠍ᠰᠠᠨ᠎ᠠᠴᠠ᠎ᠪᠠᠨ ᠨᠡᠮᠡᠭ᠌ᠳᠡᠭᠡᠳ 49 ᠪᠣᠯᠵᠣ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠡᠯᠪᠡᠷᠢ᠎ᠶ᠋ᠢᠨ ᠳᠤᠮᠳᠠ ᠪᠠᠭ᠎ᠠ ᠠᠵᠤ ᠠᠬᠤᠢᠯᠠᠯ 127 ᠪᠣᠯᠵᠣ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢᠯᠠᠯ᠎ᠤᠨ ᠰᠤᠳᠤᠯᠤᠨ ᠨᠡᠭᠡᠭᠡᠬᠦ᠌ ᠲᠥᠪ 48 ᠪᠣᠯᠵᠣ᠂ ᠠᠵᠤ ᠦᠶ᠋ᠯᠡᠰ᠎ᠦᠨ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠬᠦ᠌᠎ᠳᠦ ᠦᠷᠭᠦᠯᠵᠢᠯᠡᠨ ᠪᠠᠲᠤ ᠪᠠᠬᠢ ᠭᠤᠤᠯᠯᠠᠬᠤ ᠬᠥᠳᠡᠯᠭᠡᠭ᠌ᠴᠢ ᠡᠨᠧᠷᠭᠢ ᠨᠡᠮᠡᠷᠢᠯᠡᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号