ᠤᠷᠢᠳᠴᠢᠯᠠᠨ ᠰᠡᠷᠭᠡᠢᠯᠡᠪᠠᠯ ᠤᠴᠢᠷ ᠶᠠᠪᠤᠳᠠᠯ ᠦᠭᠡᠳᠡ ᠪᠠᠨ
2026-01-12 11:36:40
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠤᠢ ᠰᠢᠭᠤᠢ ᠨᠤᠳᠤᠭ ᠪᠡᠯᠴᠢᠭᠡᠷ᠎ᠤᠨ ᠭᠠᠯ ᠲᠤᠢᠮᠠᠷ᠎ᠢ ᠰᠡᠷᠭᠡᠢᠯᠡᠬᠦ ᠬᠠᠯᠬᠠᠪᠴᠢ᠎ᠵᠢ ᠪᠠᠳᠤ ᠴᠤᠭᠴᠠᠯᠠᠶ᠎ᠠ!


2025 ᠣᠨ ᠳ᠋ᠤ᠌ ᠦᠪᠦᠷ ᠮᠤᠩᠭᠤᠯ ᠪᠦᠳᠤᠮᠵᠢᠳᠠᠢ ᠠᠷᠭ᠎ᠠ ᠠᠪᠴᠤ ᠡᠷᠴᠢᠮᠳᠠᠢ ᠰᠡᠷᠭᠡᠢᠯᠡᠯᠳᠠ ᠬᠠᠮᠠᠭᠠᠯᠠᠯᠳᠠ ᠬᠢᠭᠰᠡᠨ᠎ᠤ ᠬᠤᠪᠢ ᠎ᠳᠤ᠂  ᠤᠢ ᠰᠢᠭᠤᠢ ᠪᠠ ᠨᠤᠳᠤᠭ ᠪᠡᠯᠴᠢᠭᠡᠷ ᠎ᠤᠨ ᠬᠦᠷᠢᠶᠠᠨ᠎ᠠ ᠵᠤᠷᠢᠭᠤᠳᠠ ᠵᠢᠨ ᠴᠢᠨᠠᠷᠳᠠᠢ ᠭᠠᠯ ᠲᠦᠢᠮᠡᠷ ᠤ᠋ᠨ ᠠᠶᠤᠯ ᠡᠬᠦᠰᠦᠭᠰᠡᠨ ᠦᠭᠡᠢ ᠨᠢ ᠦᠨᠡᠨᠳᠠᠢ᠃

ᠤᠢ ᠰᠢᠭᠤᠢ ᠨᠤᠳᠤᠭ ᠪᠡᠯᠴᠢᠭᠡᠷ᠎ᠵᠢᠡᠨ ᠰᠠᠢᠵᠢᠷᠠᠭᠤᠯᠤᠨ᠎ᠠ ᠬᠠᠮᠠᠭᠠᠯᠡᠨ᠎ᠠ ᠰᠡᠷᠭᠡᠢᠯᠡᠨ᠎ᠠ ᠭᠡᠵᠤ ᠦᠪᠤᠷ ᠮᠤᠡᠭᠭᠤᠯ᠎ᠤᠨ ᠬᠢᠨ 《2025 ᠤᠨ᠎ᠤ ᠣᠢ ᠰᠢᠭᠤᠢ ᠪᠠ ᠨᠤᠲᠤᠭ ᠪᠡᠯᠴᠢᠭᠡᠷ ᠤ᠋ᠨ ᠭᠠᠯ ᠲᠦᠢᠮᠡᠷ ᠢ᠋ ᠰᠡᠷᠭᠡᠢᠯᠡᠵᠤ ᠤᠨᠳᠠᠷᠠᠭᠠᠬᠤ ᠲᠤᠬᠠᠢ ᠦᠪᠤᠷ ᠮᠤᠡᠭᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠵᠠᠷᠯᠢᠭ》 ᠢ᠋ ᠨᠡᠢᠲᠡᠯᠡᠬᠦ ᠡᠴᠡ ᠭᠠᠯ ᠲᠦᠢᠮᠡᠷ ᠢ᠋ ᠰᠠᠷᠭᠡᠢᠯᠡᠬᠦ ᠵᠠᠩᠭᠢᠯᠠᠭ᠎ᠠ ᠵᠢᠨ ᠴᠠᠭ ᠬᠤᠭᠤᠴᠠᠭ᠎ᠠ ᠵᠢᠨ ᠲᠤᠰᠬᠠᠢ ᠪᠠᠢᠷᠢᠯᠠᠭᠤᠯᠤᠯᠲᠠ ᠬᠢᠭᠦ ᠬᠦᠷᠳᠡᠯ᠎ᠡ᠂ 《ᠵᠢᠷᠭᠤᠭ᠎ᠠ ᠵᠢ ᠨᠢᠭᠡ ᠴᠣᠭᠴᠠᠵᠢᠭᠤᠯᠤᠭᠰᠠᠨ》 ᠪᠦᠬᠦᠯᠢ ᠡᠳᠦᠷ ᠵᠢᠡᠷ ᠭᠠᠯ ᠲᠦᠢᠮᠡᠷ ᠤ᠋ᠨ ᠪᠠᠢᠳᠠᠯ ᠢ᠋ ᠬᠢᠨᠠᠨ ᠬᠡᠮᠵᠢᠭᠦ ᠡᠴᠡ ᠴᠠᠭ ᠠᠭᠤᠷ᠂ ᠣᠢ ᠰᠢᠭᠤᠢ ᠪᠠ ᠨᠤᠳᠤᠭ ᠪᠡᠯᠴᠢᠭᠡᠷ ᠤ᠋ᠨ ᠰᠠᠯᠠᠭ᠎ᠠ ᠮᠥᠴᠢᠷ ᠬᠣᠯᠪᠣᠭᠠᠯᠠᠨ ᠰᠡᠷᠡᠮᠵᠢᠯᠡᠭᠦᠯᠬᠦ ᠬᠦᠷᠲᠡᠯ᠎ᠡ ᠁ ᠭᠣᠭᠴᠣᠭ᠎ᠠ ᠪᠦᠷᠢ ᠳ᠋ᠤ᠌ ᠭᠠᠯ ᠲᠦᠢᠮᠡᠷ ᠤ᠋ᠨ ᠠᠶᠤᠯ ᠢ᠋ ᠡᠬᠢ ᠡᠭᠦᠰᠦᠯ ᠡᠴᠡ ᠨᠢ ᠬᠠᠮᠢᠶᠠᠷᠤᠨ ᠡᠵᠡᠮᠳᠡᠵᠦ᠂ ᠤᠷᠢᠳᠴᠢᠯᠠᠨ ᠰᠡᠷᠭᠡᠢᠯᠡᠵᠤ᠂ ᠤᠢ ᠰᠢᠭᠤᠢ ᠨᠤᠳᠤᠭ ᠪᠡᠯᠴᠢᠭᠡᠷ᠎ᠤᠨ ᠭᠠᠯ ᠲᠤᠢᠮᠠᠷ ᠎ᠢ ᠰᠡᠷᠭᠡᠢᠯᠡᠬᠦ ᠬᠠᠯᠬᠠᠪᠴᠢ᠎ᠵᠢ ᠪᠠᠳᠤ ᠴᠤᠭᠴᠠᠯᠠᠨ᠂ ᠠᠮᠢ ᠨᠠᠰᠤ᠂ ᠡᠳ᠋ ᠬᠦᠷᠦᠡᠭᠭᠡ᠂  ᠭᠡᠷ ᠤᠷᠤᠨ᠎ᠵᠢᠡᠨ ᠰᠠᠢᠳᠤᠷ ᠬᠠᠮᠠᠭᠠᠯᠠᠪᠠ᠃

ᠭᠠᠯ ᠲᠤᠢᠮᠠᠷ᠎ᠤᠨ ᠠᠶᠤᠯ ᠭᠡᠵᠤ ᠭᠡᠴᠡᠬᠦᠤ᠂ ᠭᠡᠷ ᠤᠷᠤᠨ᠎ᠢ ᠴᠢᠨᠢ ᠬᠠᠷᠠᠯᠠᠭᠤᠯᠵᠤ᠂ ᠭᠡᠭᠡᠨ ᠠᠮᠢᠳᠤᠷᠠᠯ᠎ᠢ ᠴᠢᠨᠢ ᠪᠤᠰᠠᠨᠢᠭᠤᠯᠵᠤ᠂ ᠭᠠᠢᠬᠠᠮᠰᠢᠬᠳᠤ ᠰᠠᠢᠬᠠᠨ ᠠᠭᠤᠯᠠ ᠤᠰᠤ ᠎ᠵᠢ ᠴᠢᠨᠢ ᠦᠨᠡᠰᠤᠨ ᠲᠤᠪᠤᠷᠠᠭ ᠪᠤᠯᠭᠠᠵᠤ ᠮᠡᠳᠡᠨ᠎ᠠ᠃ ᠦᠪᠤᠷ ᠮᠤᠡᠭᠭᠤᠯ ᠭᠠᠯ ᠲᠦᠢᠮᠡᠷ ᠢ᠋ ᠰᠡᠷᠭᠡᠢᠯᠡᠬᠦ ᠠᠵᠢᠯ᠎ᠢ ᠡᠷᠴᠢᠮᠳᠠᠢ ᠦᠷᠨᠢᠬᠦᠯᠵᠤ᠂ ᠰᠦᠯᠵᠢᠶ᠎ᠠ ᠪᠠ ᠠᠬᠤᠢ ᠲᠠᠯᠠᠪᠠᠢ᠂ ᠤᠯᠠᠮᠵᠢᠯᠠᠯᠳᠤ ᠵᠠᠭᠤᠴᠢᠯᠠᠭᠤᠷ ᠪᠠ ᠰᠢᠨ᠎ᠠ ᠵᠠᠭᠤᠴᠢᠯᠠᠭᠤᠷ᠎ᠢ ᠠᠰᠢᠬᠯᠠᠨ᠂ ᠭᠠᠯ ᠲᠤᠢᠮᠠᠷ᠎ᠢ ᠰᠡᠷᠭᠡᠢᠯᠡᠬᠦ ᠮᠡᠳᠡᠯᠭᠡ᠎ᠵᠢ ᠦᠷᠭᠡᠨ ᠲᠡᠯᠭᠡᠷ ᠤᠬᠠᠭᠤᠯᠵᠤ᠂ ᠭᠠᠯ ᠲᠤᠢᠮᠠᠷ᠎ᠤᠨ ᠲᠤᠬᠠᠢ ᠬᠠᠮᠢᠶ᠎ᠠ ᠪᠦᠬᠦᠢ ᠲᠦᠷᠢᠮ ᠲᠤᠭᠳᠠᠭᠠᠯ ᠎ᠢ ᠴᠢᠡᠭᠭ᠎ᠠ ᠭᠡᠷᠡᠭᠵᠢᠬᠦᠯᠤᠨ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠵᠢᠡᠷ ᠭᠠᠯ ᠲᠤᠢᠮᠠᠷ᠎ᠢ ᠰᠡᠷᠭᠡᠢᠯᠡᠬᠦ ᠴᠢᠳᠠᠮᠵᠢ᠎ᠵᠢ ᠲᠠᠰᠤᠷᠠᠯᠳᠠ ᠦᠭᠡᠢ ᠲᠡᠭᠡᠭᠰᠢᠯᠡᠬᠦᠯᠵᠤ᠂ ᠤᠢ ᠰᠢᠭᠤᠢ ᠨᠤᠳᠤᠭ ᠪᠡᠯᠴᠢᠭᠡᠷ᠎ᠤᠨ ᠭᠠᠯ ᠲᠤᠢᠮᠠᠷ᠎ᠢ ᠰᠡᠷᠭᠡᠢᠯᠡᠬᠦ ᠳ᠋ᠦ᠍ ᠬᠥᠮᠦᠨ ᠪᠦᠬᠦᠨ ᠬᠠᠷᠢᠭᠤᠴᠠᠯᠭ᠎ᠠ ᠲᠠᠢ ᠭᠡᠳᠡᠭ ᠤᠬᠠᠮᠰᠠᠷ ᠢ᠋ ᠬᠥᠮᠦᠰ ᠤ᠋ᠨ ᠲᠠᠷᠢᠬᠢᠨ ᠳ᠋ᠦ᠍ ᠭᠦᠨ ᠬᠠᠳᠠᠩᠰᠢᠭᠤᠯᠤᠨ᠂ ᠲᠠᠷᠠᠴᠢᠯᠠᠨ ᠭᠠᠯ ᠲᠤᠢᠮᠠᠷ ᠎ᠢ ᠵᠠᠪᠠᠯ ᠠᠡᠭᠬᠠᠷᠤᠯ᠎ᠳᠠᠭᠠᠨ ᠠᠪᠴᠤ᠂ ᠭᠠᠯ ᠲᠤᠢᠮᠠᠷ᠎ᠢ ᠰᠡᠷᠭᠡᠢᠯᠡᠬᠦ ᠬᠤᠷᠢᠭ᠎ᠠ ᠱᠤᠭᠤᠮ ᠎ᠢ ᠡᠷᠭᠡᠪᠰᠢ ᠪᠠᠳᠤ ᠰᠠᠬᠢᠵᠤ᠂ ᠭᠠᠯ ᠲᠤᠢᠮᠠᠷ᠎ᠤᠨ ᠠᠶᠤᠯ ᠡᠬᠦᠰᠬᠦ᠎ᠵᠢ ᠵᠠᠪᠠᠯ ᠴᠢᠡᠭᠭ᠎ᠠ ᠰᠡᠷᠭᠡᠢᠯᠡᠵᠤ᠂ ᠠᠮᠢ ᠠᠬᠤᠢ ᠪᠠᠨ ᠰᠠᠢᠵᠢᠷᠠᠭᠤᠯᠵᠤ᠂ ᠤᠢ ᠰᠢᠭᠤᠢ ᠰᠠᠬᠤᠯᠢᠭ ᠨᠤᠳᠤᠭ ᠪᠡᠯᠴᠢᠭᠡᠷ ᠰᠢᠮᠡᠯᠢᠭ ᠪᠠᠢᠯᠭᠠᠬᠤ᠎ᠵᠢ ᠢᠮᠠᠬᠳᠠ ᠪᠠᠳᠤᠯᠠᠵᠤ ᠢᠷᠡᠵᠡᠢ᠃

ᠭᠡᠷᠡᠭ ᠶᠠᠪᠤᠳᠠᠯ ᠭᠡᠡᠭᠭᠡᠷᠭᠡ ᠴᠠᠡᠭ ᠲᠠᠢ ᠢᠷᠠᠬᠦ ᠦᠭᠡᠢ᠂ ᠭᠡᠭᠡᠷ᠎ᠠ᠎ᠵᠢᠨ ᠭᠠᠯ ᠲᠤᠢᠮᠠᠷ ᠴᠦ᠍ ᠲᠠᠭᠤ ᠲᠠᠢ ᠱᠤᠤ ᠲᠠᠢ ᠡᠬᠦᠰᠬᠦ ᠦᠭᠡᠢ᠃ ᠪᠤᠯᠭᠤᠮᠵᠢ ᠦᠭᠡᠢ ᠬᠠᠶᠠᠭᠰᠠᠨ ᠲᠠᠮᠠᠬᠢᠨ᠎ᠤ  ᠶᠤᠵᠤᠭᠤᠷ ᠡᠴᠡ ᠭᠠᠷᠴᠤ ᠮᠡᠳᠡᠨ᠎ᠠ᠂ ᠪᠤᠯᠭᠤᠬᠤ ᠬᠤᠭᠤᠯᠠᠨ᠎ᠤ ᠴᠢᠨᠢ ᠰᠢᠷᠭᠡᠭ ᠰᠤᠷ ᠡᠴᠡ ᠡᠬᠦᠰᠴᠤ ᠮᠠᠳᠡᠨ᠎ᠠ᠃ ᠲᠠᠭᠡᠬᠦᠯᠠᠷ ᠪᠢᠳᠠ ᠡᠷᠭᠡᠪᠰᠢ ᠦᠡᠭᠭᠡᠷᠡᠭᠰᠡᠨ᠎ᠤ ᠠᠮᠵᠢᠯᠳᠠ ᠲᠤᠷᠰᠢᠯᠭ᠎ᠠ ᠪᠠᠨ ᠳ᠋ᠦᠡᠭᠨᠡᠵᠤ᠂ ᠠᠯᠳᠠᠭ᠎ᠠ ᠲᠤᠳᠠᠭᠳᠠᠯ᠎ᠵᠢᠡᠨ ᠨᠦᠬᠦᠪᠤᠷᠢᠯᠡᠵᠤ᠂ ᠴᠠᠭ ᠢᠮᠠᠭᠳᠠ ᠰᠡᠷᠡᠮᠵᠢ ᠲᠠᠢ ᠪᠠᠢᠵᠤ᠂ ᠰᠡᠳᠬᠢᠯ ᠨᠢᠭᠡᠳᠤᠨ ᠬᠦᠴᠤᠨ᠎ᠵᠢᠡᠨ ᠬᠠᠮᠳᠤᠳᠬᠠᠵᠤ᠂ ᠤᠢ ᠰᠢᠭᠤᠢ ᠨᠤᠳᠤᠭ ᠪᠡᠯᠴᠢᠭᠡᠷ᠎ᠤᠨ ᠭᠠᠯ ᠲᠤᠢᠮᠠᠷ᠎ᠢ ᠪᠦᠳᠤᠮᠵᠢᠳᠠᠢ ᠰᠡᠷᠭᠡᠢᠯᠡᠵᠤ᠂ ᠦᠵᠡᠰᠬᠦᠯᠠᠡᠭᠳᠤ ᠰᠠᠢᠬᠠᠨ ᠭᠡᠷ ᠤᠷᠤᠨ᠎ᠵᠢᠡᠨ ᠰᠠᠢᠳᠤᠷ ᠰᠠᠬᠢᠨ ᠬᠠᠮᠠᠭᠠᠯᠠᠶ᠎ᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号