ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠤᠢᠷ᠎ᠠ ᠳ᠋ᠤ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠡᠮᠴᠢᠯᠡᠭᠡᠨ ᠤ᠋ ᠪᠠᠢᠭᠤᠯᠤᠮᠵᠢ ᠶ᠋ᠢᠨ ᠤᠯᠠᠮᠵᠢᠯᠠᠯᠳᠤ ᠤᠷ᠎ᠠ ᠮᠡᠷᠭᠡᠰᠢᠯ ᠶ᠋ᠢᠡᠷ ᠨᠠᠢᠷᠠᠭᠤᠯᠤᠭᠰᠠᠨ ᠬᠢᠲᠠᠳ ᠡᠮ (ᠮᠤᠩᠭᠤᠯ ᠡᠮ) ᠢ᠋ ᠳᠠᠩᠰᠠᠯᠠᠭᠤᠯᠬᠤ ᠪᠢᠴᠢᠭ ᠮᠠᠲᠧᠷᠢᠶᠠᠯ ᠤ᠋ᠨ ᠱᠠᠭᠠᠷᠳᠠᠯᠭ᠎ᠠ ᠵᠢᠴᠢ ᠲᠤᠭᠤᠷᠪᠢᠨ ᠪᠢᠴᠢᠬᠦ ᠵᠢᠯᠤᠭᠤᠳᠤᠮᠵᠢ ᠶ᠋ᠢᠨ ᠵᠠᠷᠴᠢᠮ》 ᠢ᠋ ᠨᠡᠢᠳᠡᠯᠡᠵᠦ᠂ ᠤᠯᠠᠮᠵᠢᠯᠠᠯᠳᠤ ᠤᠷ᠎ᠠ ᠮᠡᠷᠭᠡᠰᠢᠯ ᠶ᠋ᠢᠡᠷ ᠨᠠᠢᠷᠠᠭᠤᠯᠤᠭᠰᠠᠨ ᠬᠢᠲᠠᠳ ᠡᠮ (ᠮᠤᠩᠭᠤᠯ ᠡᠮ) ᠢ᠋ ᠳᠠᠩᠰᠠᠯᠠᠭᠤᠯᠬᠤ ᠪᠢᠴᠢᠭ ᠮᠠᠲᠧᠷᠢᠶᠠᠯ ᠢ᠋ ᠤᠯᠠᠮ ᠨᠢᠭᠡ ᠠᠯᠬᠤᠮ ᠳᠦᠷᠢᠮᠵᠢᠭᠦᠯᠪᠡ᠃
ᠲᠤᠰ ᠵᠢᠯᠤᠭᠤᠳᠤᠮᠵᠢ ᠶ᠋ᠢᠨ ᠵᠠᠷᠴᠢᠮ ᠨᠢ ᠤᠯᠠᠮᠵᠢᠯᠠᠯᠳᠤ ᠤᠷ᠎ᠠ ᠮᠡᠷᠭᠡᠰᠢᠯ ᠶ᠋ᠢᠡᠷ ᠨᠠᠢᠷᠠᠭᠤᠯᠤᠭᠰᠠᠨ ᠬᠢᠲᠠᠳ ᠡᠮ(ᠮᠤᠩᠭᠤᠯ ᠡᠮ) ᠤ᠋ᠨ ᠠᠮᠦᠷ ᠲᠦᠪᠰᠢᠨ ᠴᠢᠨᠠᠷ᠂ ᠦᠢᠯᠡᠳᠦᠯᠳᠦ ᠴᠢᠨᠠᠷ ᠪᠠ ᠡᠵᠡᠮᠳᠡᠵᠦ ᠪᠤᠯᠬᠤ ᠴᠢᠨᠠᠷ ᠶ᠋ᠢᠡᠷ ᠠᠩᠬᠠᠷᠤᠯ ᠤ᠋ᠨ ᠲᠦᠪ ᠪᠤᠯᠭᠠᠨ᠂ ᠶᠡᠷᠦᠩᠬᠡᠢ ᠬᠦᠦᠷᠨᠢᠯ᠂ ᠳᠤᠬᠢᠷᠠᠬᠤ ᠬᠡᠪᠴᠢᠶ᠎ᠠ᠂ ᠠᠩᠬ᠎ᠠ ᠤᠳᠠᠭ᠎ᠠ ᠳᠠᠩᠰᠠᠯᠠᠭᠤᠯᠬᠤ ᠪᠢᠴᠢᠭ ᠮᠠᠲᠧᠷᠢᠶᠠᠯ ᠤ᠋ᠨ ᠱᠠᠭᠠᠷᠳᠠᠯᠭ᠎ᠠ ᠵᠢᠴᠢ ᠲᠤᠭᠤᠷᠪᠢᠨ ᠪᠢᠴᠢᠬᠦ ᠭᠤᠤᠯᠳᠠᠯᠭ᠎ᠠ᠂ ᠵᠠᠰᠠᠪᠤᠷᠢ ᠤᠷᠤᠭᠤᠯᠤᠨ ᠳᠠᠩᠰᠠᠯᠠᠭᠤᠯᠬᠤ ᠪᠢᠴᠢᠭ ᠮᠠᠲᠧᠷᠢᠶᠠᠯ ᠤ᠋ᠨ ᠱᠠᠭᠠᠷᠳᠠᠯᠭ᠎ᠠ ᠵᠡᠷᠭᠡ 4 ᠪᠦᠯᠦᠭ ᠲᠤ᠌ ᠬᠤᠪᠢᠶᠠᠵᠠᠢ᠃ ᠡᠭᠦᠨ ᠳ᠋ᠤ ᠠᠩᠬ᠎ᠠ ᠤᠳᠠᠭ᠎ᠠ ᠳᠠᠩᠰᠠᠯᠠᠭᠤᠯᠬᠤ ᠪᠢᠴᠢᠭ ᠮᠠᠲᠧᠷᠢᠶᠠᠯ ᠤ᠋ᠨ ᠱᠠᠭᠠᠷᠳᠠᠯᠭ᠎ᠠ ᠵᠢᠴᠢ ᠲᠤᠭᠤᠷᠪᠢᠨ ᠪᠢᠴᠢᠬᠦ ᠭᠤᠤᠯᠳᠠᠯᠭ᠎ᠠ ᠨᠢ ᠭᠤᠤᠯ ᠠᠭᠤᠯᠭ᠎ᠠ ᠪᠠᠢᠵᠤ᠂ ᠡᠮᠴᠢᠯᠡᠭᠡᠨ ᠤ᠋ ᠪᠠᠢᠭᠤᠯᠤᠮᠵᠢ ᠶ᠋ᠢᠨ ᠠᠩᠬ᠎ᠠ ᠤᠳᠠᠭ᠎ᠠ ᠳᠠᠩᠰᠠᠯᠠᠭᠤᠯᠬᠤ ᠬᠢᠲᠠᠳ ᠡᠮ (ᠮᠤᠩᠭᠤᠯ ᠡᠮ) ᠤ᠋ᠨ ᠨᠡᠷᠡᠢᠳᠦᠯ᠂ ᠵᠤᠷ ᠤ᠋ᠨ ᠪᠦᠷᠢᠯᠳᠦᠭᠦᠨ ᠬᠢᠭᠡᠳ ᠦᠨᠳᠦᠰᠦᠯᠡᠯ᠂ ᠤᠷ᠎ᠠ ᠮᠡᠷᠭᠡᠰᠢᠯ ᠤ᠋ᠨ ᠰᠤᠳᠤᠯᠭᠠᠨ ᠤ᠋ ᠪᠢᠴᠢᠭ ᠮᠠᠲᠧᠷᠢᠶᠠᠯ ᠵᠡᠷᠭᠡ 14 ᠵᠦᠢᠯ ᠤ᠋ᠨ ᠠᠭᠤᠯᠭ᠎ᠠ ᠳ᠋ᠤ ᠨᠠᠷᠢᠨ ᠲᠠᠢᠯᠪᠤᠷᠢᠯᠠᠯᠲᠠ ᠬᠢᠵᠠᠢ᠃
ᠲᠤᠰ ᠵᠢᠯᠤᠭᠤᠳᠤᠮᠵᠢ ᠶ᠋ᠢᠨ ᠵᠠᠷᠴᠢᠮᠳᠦ᠂ ᠡᠮ ᠤ᠋ᠨ ᠨᠡᠷᠡᠢᠳᠦᠯ ᠤ᠋ᠨ ᠲᠤᠬᠠᠢ᠂ ᠨᠡᠷᠡᠢᠳᠦᠯ ᠳ᠋ᠤᠨᠢ ᠬᠢᠲᠠᠳ ᠨᠡᠷ᠎ᠠ ᠬᠢᠭᠡᠳ ᠬᠢᠲᠠᠳ ᠨᠡᠷ᠎ᠠ ᠶ᠋ᠢᠨ ᠠᠪᠢᠶ᠎ᠠ ᠪᠠᠢᠬᠤ ᠬᠡᠷᠡᠭᠳᠠᠢ; ᠮᠤᠩᠭᠤᠯ ᠡᠮ ᠳ᠋ᠤ ᠮᠤᠩᠭᠤᠯ ᠨᠡᠷ᠎ᠠ ᠨᠡᠮᠡᠵᠦ ᠪᠤᠯᠤᠨ᠎ᠠ᠂ ᠮᠤᠩᠭᠤᠯ ᠨᠡᠷ᠎ᠠ ᠶ᠋ᠢ ᠤᠢᠭᠤᠷᠵᠢᠨ ᠮᠤᠩᠭᠤᠯ ᠪᠢᠴᠢᠭ ᠶ᠋ᠢᠡᠷ ᠪᠢᠴᠢᠬᠦ ᠬᠡᠷᠡᠭᠳᠠᠢ; ᠨᠡᠷᠡᠢᠳᠦᠯ ᠳ᠋ᠤᠨᠢ ᠬᠠᠭᠠᠯᠳᠠ ᠲᠠᠯᠪᠢᠬᠤ ᠬᠡᠯᠪᠡᠷᠢ ᠪᠡᠷ ᠨᠢᠭᠡᠨᠳᠡ ᠵᠠᠬ᠎ᠠ ᠳᠡᠯᠭᠡᠭᠦᠷ ᠲᠤ᠌ ᠭᠠᠷᠤᠭᠰᠠᠨ ᠬᠢᠲᠠᠳ ᠪᠡᠯᠡᠨ ᠡᠮ (ᠮᠤᠩᠭᠤᠯ ᠪᠡᠯᠡᠨ ᠡᠮ) ᠤ᠋ᠨ ᠨᠡᠷᠡᠢᠳᠦᠯ ᠢ᠋ ᠬᠡᠷᠡᠭᠯᠡᠵᠦ ᠪᠤᠯᠬᠤ ᠦᠭᠡᠢ ᠪᠦᠭᠡᠳ ᠨᠢᠭᠡᠨᠳᠡ ᠵᠠᠬ᠎ᠠ ᠳᠡᠯᠭᠡᠭᠦᠷ ᠲᠤ᠌ ᠭᠠᠷᠤᠭᠰᠠᠨ ᠬᠢᠲᠠᠳ ᠪᠡᠯᠡᠨ ᠡᠮ (ᠮᠤᠩᠭᠤᠯ ᠪᠡᠯᠡᠨ ᠡᠮ) ᠤ᠋ᠨ ᠨᠡᠷᠡᠢᠳᠦᠯ ᠢ᠋ ᠦᠭᠡᠷᠡᠴᠢᠯᠡᠨ ᠳᠠᠩᠰᠠᠯᠠᠭᠤᠯᠵᠤ ᠪᠤᠯᠬᠤ ᠦᠭᠡᠢ ᠭᠡᠵᠦ ᠳᠤᠭᠳᠠᠭᠠᠪᠠ᠃ ᠵᠤᠷ ᠤ᠋ᠨ ᠪᠦᠷᠢᠯᠳᠦᠭᠦᠨ᠂ ᠡᠬᠢ ᠢᠷᠡᠯᠳᠡ᠂ ᠤᠨᠤᠯ ᠤ᠋ᠨ ᠦᠨᠳᠦᠰᠦᠯᠡᠯ ᠵᠢᠴᠢ ᠬᠡᠷᠡᠭᠯᠡᠭᠰᠡᠨ ᠪᠠᠢᠳᠠᠯ ᠤ᠋ᠨ ᠲᠤᠬᠠᠢ᠂ ᠡᠷᠬᠡᠪᠰᠢ ᠵᠤᠷ ᠲᠤᠳᠤᠷᠠᠬᠢ ᠪᠦᠬᠦ ᠡᠮ ᠤ᠋ᠨ ᠵᠦᠢᠯ ᠵᠢᠴᠢ ᠠᠭᠤᠯᠤᠭᠳᠠᠬᠤ ᠬᠡᠮᠵᠢᠶ᠎ᠠ ᠶ᠋ᠢ ᠨᠢ ᠳᠤᠳᠤᠷᠬᠠᠢᠯᠠᠵᠤ᠂ ᠲᠡᠷᠡᠴᠢᠯᠡᠨ ᠵᠤᠷ ᠲᠡᠭᠢ ᠡᠯ᠎ᠠ ᠵᠦᠢᠯ ᠤ᠋ᠨ ᠡᠮ ᠤ᠋ᠨ ᠠᠭᠤᠯᠤᠭᠳᠠᠴᠠ ᠪᠠ ᠦᠢᠯᠡᠳᠴᠤ ᠭᠠᠷᠭᠠᠭᠰᠠᠨ ᠪᠡᠯᠡᠨ ᠡᠮ ᠳ᠋ᠡᠬᠢ ᠠᠭᠤᠯᠤᠭᠳᠠᠴᠠ ᠨᠢ ᠠᠳᠠᠯᠢ ᠪᠠᠢᠬᠤ ᠬᠡᠷᠡᠭᠳᠠᠢ;ᠡᠮᠴᠢᠯᠡᠭᠡᠨ ᠤ᠋ ᠪᠠᠢᠭᠤᠯᠤᠮᠵᠢ ᠳ᠋ᠤ 5 ᠵᠢᠯ ᠡᠴᠡ ᠳᠡᠭᠡᠭᠰᠢ ᠬᠡᠷᠡᠭᠯᠡᠭᠰᠡᠨ ᠵᠤᠷ ᠤ᠋ᠨ ᠡᠮ ᠳ᠋ᠤ ᠡᠮᠴᠢ ᠶ᠋ᠢᠨ ᠵᠤᠷ᠂ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠰᠡᠳᠦᠪ᠂ ᠡᠮᠴᠢᠯᠡᠭᠡᠨ ᠳ᠋ᠤ ᠬᠡᠷᠡᠭᠯᠡᠭᠰᠡᠨ ᠲᠡᠮᠳᠡᠭᠯᠡᠯ ᠪᠤᠶᠤ ᠡᠮ ᠨᠠᠢᠷᠠᠭᠤᠯᠤᠭᠰᠠᠨ ᠲᠡᠮᠳᠡᠭᠯᠡᠯ ᠵᠡᠷᠭᠡ ᠶ᠋ᠢ ᠪᠠᠭᠳᠠᠭᠠᠭᠰᠠᠨ᠂ ᠨᠠᠭᠠᠳᠤ ᠵᠠᠬ᠎ᠠ ᠳ᠋ᠠᠭᠠᠨ 100 ᠡᠪᠡᠳᠴᠢᠳᠠᠨ ᠢ᠋ ᠡᠮᠴᠢᠯᠡᠭᠰᠡᠨ ᠤᠭ ᠲᠡᠮᠳᠡᠭᠯᠡᠯ ᠪᠠ ᠦᠢᠯᠡᠳᠦᠯ ᠤ᠋ᠨ ᠳ᠋ᠦᠩᠨᠡᠯᠳᠡ ᠵᠡᠷᠭᠡ ᠬᠤᠯᠪᠤᠭᠳᠠᠯ ᠪᠦᠬᠦᠢ ᠪᠢᠴᠢᠭ ᠪᠠᠷᠢᠮᠳᠠ ᠬᠠᠩᠭᠠᠬᠤ ᠬᠡᠷᠡᠭᠳᠠᠢ ᠭᠡᠵᠦ ᠱᠠᠭᠠᠷᠳᠠᠵᠠᠢ᠃ ᠤᠷ᠎ᠠ ᠮᠡᠷᠭᠡᠰᠢᠯ ᠤ᠋ᠨ ᠰᠤᠳᠤᠯᠭᠠᠨ ᠤ᠋ ᠲᠤᠬᠠᠢ᠂ ᠡᠮ ᠨᠠᠢᠷᠠᠭᠤᠯᠬᠤ ᠳ᠋ᠤ ᠱᠠᠭᠠᠷᠳᠠᠬᠤ ᠨᠦᠬᠦᠴᠡᠯ ᠵᠢᠴᠢ ᠭᠤᠤᠯ ᠪᠤᠯᠬᠤ ᠮᠡᠷᠭᠡᠵᠢᠯ ᠤ᠋ᠨ ᠪᠤᠯᠵᠤᠯᠳᠤ ᠲᠤᠭ᠎ᠠ ᠶ᠋ᠢ ᠲᠤᠳᠤᠷᠬᠠᠢᠯᠠᠬᠤ ᠶ᠋ᠢᠨ ᠵᠡᠷᠭᠡ ᠪᠡᠷ ᠬᠦᠰᠦᠨᠦᠭ ᠤ᠋ᠨ ᠬᠡᠯᠪᠡᠷᠢ ᠪᠡᠷ ᠡᠮ ᠨᠠᠢᠷᠠᠭᠤᠯᠬᠤ ᠠᠷᠭ᠎ᠠ᠂ ᠤᠷ᠎ᠠ ᠮᠡᠷᠭᠡᠵᠢᠯ ᠤ᠋ᠨ ᠪᠤᠯᠵᠤᠯᠳᠤ ᠲᠤᠭ᠎ᠠ᠂ ᠲᠦᠬᠦᠭᠡᠷᠦᠮᠵᠢ ᠶ᠋ᠢᠨ ᠬᠡᠯᠪᠡᠷᠢ ᠮᠠᠶᠢᠭ ᠵᠡᠷᠭᠡ ᠶ᠋ᠢ ᠨᠠᠷᠢᠯᠢᠭ ᠲᠠᠢᠯᠪᠤᠷᠢᠯᠡᠬᠤ ᠬᠡᠷᠡᠭᠳᠠᠢ ᠭᠡᠵᠦ ᠱᠠᠭᠠᠷᠳᠠᠪᠠ᠃
ᠲᠤᠰ ᠵᠢᠯᠤᠭᠤᠳᠤᠮᠵᠢ ᠶ᠋ᠢᠨ ᠵᠠᠷᠴᠢᠮ ᠳ᠋ᠤ ᠪᠠᠰᠠ ᠳᠠᠩᠰᠠᠯᠠᠭᠤᠯᠤᠭᠰᠠᠨ ᠪᠢᠴᠢᠭ ᠮᠠᠲᠧᠷᠢᠶᠠᠯ ᠳ᠋ᠠᠭᠠᠨ ᠵᠠᠰᠠᠪᠤᠷᠢ ᠤᠷᠤᠭᠤᠯᠬᠤ ᠡᠯ᠎ᠠ ᠵᠦᠢᠯ ᠤ᠋ᠨ ᠪᠠᠢᠳᠠᠯ ᠳ᠋ᠤ ᠱᠠᠭᠠᠷᠳᠠᠬᠤ ᠪᠢᠴᠢᠭ ᠮᠠᠲᠧᠷᠢᠶᠠᠯ ᠤ᠋ᠳ ᠢ᠋ ᠬᠦᠰᠦᠨᠦᠭ ᠶ᠋ᠢᠡᠷ ᠨᠠᠷᠢᠨ ᠲᠤᠳᠤᠷᠬᠠᠢᠯᠠᠭᠰᠠᠨ ᠪᠠᠢᠨ᠎ᠠ᠃