ᠦᠪᠦᠷ ᠮᠤᠩᠭᠤᠯ ᠬᠦᠮᠦᠯᠢᠭ ᠦᠵᠡᠯ ᠤ᠋ᠨ ᠲᠦᠷᠦᠯ ᠵᠦᠢᠯ ᠶ᠋ᠢᠡᠷ 717 ᠡᠪᠡᠳᠴᠢᠳᠡᠨ ᠳ᠋ᠤ ᠦᠨ᠎ᠠ ᠲᠦᠯᠦᠪᠤᠷᠢ ᠦᠭᠡᠢ ᠪᠡᠷ ᠦᠶ᠎ᠠ ᠭᠡᠰᠢᠭᠦᠨ ᠤ᠋ ᠵᠠᠰᠠᠯ ᠬᠢᠵᠦ ᠦᠭᠪᠡ
2026-01-12 16:37:30
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠬᠴᠢ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠡᠴᠡ ᠤᠢᠯᠠᠭᠠᠭᠰᠠᠨ ᠶ᠋ᠢᠡᠷ᠂ 2025 ᠤᠨ ᠤ᠋ 12 ᠰᠠᠷ᠎ᠠ ᠪᠤᠯᠳᠠᠯ᠎ᠠ᠂ ᠮᠠᠨ ᠤ᠋ ᠤᠷᠤᠨ ᠬᠢᠯᠢ ᠬᠢᠵᠠᠭᠠᠷ ᠤᠷᠤᠨ ᠤ᠋ ᠡᠪᠦᠳᠦᠭ ᠪᠠ ᠰᠡᠭᠦᠵᠢᠨ ᠦᠶ᠎ᠠ ᠶ᠋ᠢᠨ ᠡᠪᠡᠳᠴᠢᠳᠠᠨ ᠳ᠋ᠤ ᠲᠤᠰᠠᠯᠠᠬᠤ ᠬᠦᠮᠦᠯᠢᠭ ᠦᠵᠡᠯ ᠤ᠋ᠨ ᠲᠦᠷᠦᠯ ᠵᠦᠢᠯ ᠶ᠋ᠢᠡᠷ 717 ᠡᠪᠡᠳᠴᠢᠳᠡᠨ ᠳ᠋ᠤ ᠦᠨ᠎ᠠ ᠲᠦᠯᠦᠪᠤᠷᠢ ᠦᠭᠡᠢ ᠪᠡᠷ ᠦᠶ᠎ᠠ ᠭᠡᠰᠢᠭᠦᠨ ᠤ᠋ ᠵᠠᠰᠠᠯ ᠬᠢᠵᠦ᠂ ᠤᠯᠠᠨ ᠬᠦᠮᠦᠨ ᠤ᠋ ᠡᠪᠡᠳᠦᠯᠳᠡ ᠶ᠋ᠢ ᠨᠠᠮᠳᠠᠭᠠᠨ ᠠᠮᠢᠳᠤᠷᠠᠯ ᠤ᠋ᠨ ᠴᠢᠨᠠᠷ ᠴᠢᠨᠰᠠᠭ᠎ᠠ ᠶ᠋ᠢ ᠨᠢ ᠰᠠᠢᠵᠢᠷᠠᠭᠤᠯᠪᠡ᠃

2025 ᠤᠨ ᠤ᠋ 12 ᠰᠠᠷ᠎ᠠ ᠳ᠋ᠤ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠤ᠋ᠨ ᠬᠢᠨ ᠳᠦᠷᠪᠡᠳ ᠬᠤᠰᠢᠭᠤᠨ ᠤ᠋ 74 ᠨᠠᠰᠤ ᠲᠠᠢ ᠭᠤᠤ ᠭᠠᠢ ᠭᠦᠧᠧ ᠵᠢᠨ ᠳ᠋ᠤ ᠬᠦᠷᠪᠡᠯ᠂ 《ᠦᠩᠭᠡᠷᠡᠭᠰᠡᠨ ᠳ᠋ᠤ ᠠᠯᠬᠤᠵᠤ ᠶᠠᠪᠤᠨ᠎ᠠ ᠭᠡᠪᠡᠯ ᠬᠦᠪᠤᠩ ᠳᠡᠭᠡᠷ᠎ᠠ ᠬᠢᠰᠬᠢᠵᠦ ᠪᠠᠢᠬᠤ ᠠᠳᠠᠯᠢ ᠪᠠᠢᠭᠰᠠᠨ᠂ ᠤᠳᠤ ᠮᠠᠰᠢ ᠯᠠᠪᠳᠠᠭᠤᠨ ᠶ᠋ᠢᠡᠷ ᠠᠯᠬᠤᠵᠤ ᠳᠡᠢᠯᠬᠦ ᠪᠤᠯᠵᠠᠢ》 ᠭᠡᠵᠦ ᠨᠠᠰᠤᠳᠠᠨ ᠪᠠᠶᠠᠷᠳᠠᠢ ᠪᠡᠷ ᠶᠠᠷᠢᠵᠤ ᠪᠠᠢᠯ᠎ᠠ᠃ ᠳᠦᠷᠪᠡᠳ ᠬᠤᠰᠢᠭᠤᠨ ᠤ᠋ ᠬᠤᠩᠭᠤᠷ ᠰᠤᠮᠤ ᠶ᠋ᠢᠨ ᠠᠷᠤ ᠳᠡᠷᠡᠰᠦ ᠭᠠᠴᠠᠭ᠎ᠠ ᠶ᠋ᠢᠨ 59 ᠨᠠᠰᠤ ᠲᠠᠢ ᠮᠠᠯᠴᠢᠨ ᠠᠭᠤᠯᠠ ᠴᠤ᠌ ᠲᠤᠰ ᠲᠦᠷᠦᠯ ᠵᠦᠢᠯ ᠤ᠋ᠨ ᠠᠰᠢᠭ ᠲᠤᠰᠠ ᠶ᠋ᠢ ᠬᠦᠷᠳᠡᠭᠰᠡᠨ ᠶᠤᠮ᠃ ᠲᠡᠷᠡ ᠪᠡᠷ ᠲᠤᠯᠠᠢ ᠡᠪᠡᠳᠴᠢᠨ᠂ ᠦᠶ᠎ᠠ ᠭᠡᠰᠢᠭᠦᠨ ᠤ᠋ ᠦᠷᠪᠢᠰᠦᠯ ᠶ᠋ᠢᠡᠷ ᠤᠳᠠᠭᠠᠨ ᠵᠢᠯ ᠬᠡᠪᠳᠡᠷᠢ ᠳ᠋ᠤ ᠤᠷᠤᠵᠡᠢ᠃ 2024 ᠤᠨ ᠤ᠋ 3 ᠰᠠᠷ᠎ᠠ ᠳ᠋ᠤ ᠲᠤᠰ ᠲᠦᠷᠦᠯ ᠵᠦᠢᠯ ᠤ᠋ᠨ ᠬᠢᠨ ᠲᠡᠭᠦᠨ ᠤ᠋ ᠪᠠᠢᠳᠠᠯ ᠢ᠋ ᠨᠠᠷᠢᠨ ᠪᠠᠢᠴᠠᠭᠠᠵᠤ ᠦᠵᠡᠭᠡᠳ ᠦᠨ᠎ᠠ ᠲᠦᠯᠦᠪᠤᠷᠢ ᠦᠭᠡᠢ ᠪᠡᠷ ᠡᠪᠤᠳᠦᠭ ᠤ᠋ᠨ ᠦᠶ᠎ᠠ ᠶ᠋ᠢ ᠨᠢ ᠰᠤᠯᠢᠬᠤ ᠵᠠᠰᠠᠯ ᠬᠢᠵᠦ ᠦᠭᠭᠦᠭᠰᠡᠨ ᠶ᠋ᠢᠡᠷ ᠤᠳᠤ ᠲᠡᠷᠡ ᠮᠤᠲ᠋ᠤᠷ ᠶ᠋ᠢᠡᠨ ᠤᠨᠤᠵᠤ ᠮᠠᠯ ᠶ᠋ᠢᠠᠨ ᠬᠠᠷᠢᠭᠤᠯᠵᠤ ᠳᠡᠢᠯᠬᠦ ᠪᠤᠯᠤᠭᠰᠠᠨ ᠪᠦᠭᠡᠳ ᠡᠬᠡᠨᠡᠷ ᠲᠡᠭᠡᠨ ᠬᠠᠪᠰᠤᠷᠴᠤ ᠠᠷᠭᠠᠯ ᠬᠦᠷᠵᠡᠩ ᠵᠦᠭᠡᠭᠡᠪᠤᠷᠢᠯᠡᠵᠦ᠂ ᠬᠤᠨᠢ ᠮᠠᠯ ᠶ᠋ᠢᠡᠨ ᠠᠷᠠᠴᠢᠯᠠᠵᠤ ᠳᠡᠢᠯᠬᠦ ᠪᠤᠯᠪᠠ᠃ 《ᠤᠤᠯ ᠳ᠋ᠠᠭᠠᠨ ᠠᠮᠢᠳᠤ ᠶᠠᠪᠤᠬᠤ ᠨᠢ ᠶᠡᠬᠡ ᠲᠡᠭᠡᠭᠡᠷ᠎ᠠ ᠳᠠᠷᠤᠭᠠᠰᠤ ᠮᠡᠳᠦ ᠰᠠᠨᠠᠭᠳᠠᠵᠤ ᠪᠠᠢᠯ᠎ᠠ᠂ ᠤᠳᠤ ᠪᠤᠯ ᠶᠠᠭᠤ ᠶ᠋ᠢ ᠦᠵᠡᠭᠰᠡᠨ ᠴᠤ᠌ ᠰᠠᠢᠬᠠᠨ ᠰᠠᠨᠠᠭᠳᠠᠵᠤ ᠪᠠᠢᠨ᠎ᠠ》 ᠭᠡᠵᠦ ᠠᠭᠤᠯᠠ ᠬᠡᠯᠡᠨ᠎ᠠ᠃

ᠤᠢᠯᠠᠭᠠᠭᠰᠠᠨ ᠶ᠋ᠢᠡᠷ᠂ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠤ᠋ᠨ ᠬᠢᠨ ᠦᠪᠦᠷ ᠮᠤᠩᠭᠤᠯ ᠤ᠋ᠨ ᠦᠩᠭᠡ ᠭᠡᠷᠡᠯᠳᠦ ᠦᠢᠯᠡᠰ ᠢ᠋ ᠠᠬᠢᠭᠤᠯᠬᠤ ᠨᠡᠢᠭᠡᠮᠯᠢᠭ᠂ ᠫᠢᠩ ᠠᠨ ᠨᠠᠰᠤᠵᠢᠯ ᠤ᠋ᠨ ᠳᠠᠭᠠᠳᠬᠠᠯ᠂ ᠦᠪᠦᠷ ᠮᠤᠩᠭᠤᠯ ᠤ᠋ᠨ ᠤᠯᠠᠭᠠᠨ ᠵᠠᠭᠠᠯᠮᠠᠢᠳᠠᠨ ᠤ᠋ ᠰᠠᠭᠤᠷᠢ ᠮᠦᠩᠬᠦᠨ ᠤ᠋ ᠨᠡᠢᠭᠡᠮᠯᠢᠭ ᠲᠠᠢ ᠬᠠᠮᠳᠤᠷᠠᠵᠤ᠂ 2023 ᠤᠨ ᠡᠴᠡ ᠦᠪᠦᠷ ᠮᠤᠩᠭᠤᠯ ᠤ᠋ᠨ ᠬᠢᠯᠢ ᠬᠢᠵᠠᠭᠠᠷ ᠤᠷᠤᠨ ᠤ᠋ ᠡᠪᠦᠳᠦᠭ ᠪᠠ ᠰᠡᠭᠦᠵᠢᠨ ᠦᠶ᠎ᠠ ᠶ᠋ᠢᠨ ᠡᠪᠡᠳᠴᠢᠳᠠᠨ ᠳ᠋ᠤ ᠲᠤᠰᠠᠯᠠᠬᠤ ᠬᠦᠮᠦᠯᠢᠭ ᠦᠵᠡᠯ ᠤ᠋ᠨ ᠲᠦᠷᠦᠯ ᠵᠦᠢᠯ ᠢ᠋ ᠡᠬᠢᠯᠡᠭᠦᠯᠵᠦ᠂ ᠤᠳᠤᠬᠠᠨ ᠪᠤᠯᠳᠠᠯ᠎ᠠ 20 ᠬᠢᠯᠢ ᠬᠢᠵᠠᠭᠠᠷ ᠤ᠋ᠨ ᠬᠤᠰᠢᠭᠤ ᠬᠤᠳᠠ ᠪᠤᠯᠤᠨ 15 ᠭᠤᠤᠯᠳᠠᠯᠭ᠎ᠠ ᠲᠠᠢ ᠬᠤᠰᠢᠭᠤ ᠰᠢᠶᠠᠨ ᠢ᠋ ᠬᠠᠮᠤᠷᠴᠤ᠂ ᠪᠦᠬᠦᠯᠢ 55 ᠨᠠᠰᠤ ᠡᠴᠡ ᠳᠡᠭᠡᠭᠰᠢᠬᠢ ᠤᠷᠤᠯᠭ᠎ᠠ ᠪᠠᠭᠠᠳᠠᠢ ᠭᠡᠷ ᠪᠦᠯᠢ ᠶ᠋ᠢᠨ ᠡᠪᠡᠳᠴᠢᠳᠠᠨ ᠳ᠋ᠤ ᠦᠨ᠎ᠠ ᠲᠦᠯᠦᠪᠤᠷᠢ ᠦᠭᠡᠢ ᠪᠡᠷ ᠡᠪᠦᠳᠦᠭ ᠪᠠ ᠰᠡᠭᠦᠵᠢᠨ ᠦᠶ᠎ᠠ ᠶ᠋ᠢ ᠨᠢ ᠰᠤᠯᠢᠬᠤ ᠵᠠᠰᠠᠯ ᠬᠢᠵᠦ ᠦᠭᠭᠦᠭᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号