ᠬᠥᠬᠡᠬᠣᠲᠠ ᠶ᠋ᠢᠨ ᠬᠠᠢᠮᠢᠶᠠᠨ ᠬᠣᠲᠠ ᠶ᠋ᠢᠨ ᠪᠥᠲᠥᠭᠡᠨ ᠪᠠᠢᠭᠤᠯᠤᠯᠲᠠ ᠶ᠋ᠢᠨ ᠬᠠᠮᠢᠶᠠᠷᠤᠯᠲᠠ ᠶ᠋ᠢᠨ ᠲᠠᠪᠴᠠᠩ ᠪᠦᠬᠦ ᠤᠯᠤᠰ ᠤ᠋ᠨ ᠨᠡᠢᠲᠡᠯᠢᠭ ᠬᠡᠷᠡᠭ ᠤ᠋ᠨ ᠵᠢᠱ᠌ᠢᠶ᠎ᠡ ᠪᠡᠷ ᠰᠤᠨᠭᠭᠤᠬᠳᠠᠵᠠᠢ
2026-01-13 11:14:20
ᠵᠣᠬᠢᠶᠠᠭ᠍ᠴᠢ᠄
​ ᠤᠷᠠᠨ᠎ᠠ
ᠣᠩᠱᠢᠭ᠍ᠰᠠᠨ ᠣᠳᠠᠭ᠎ᠠ᠄
★★★☆☆

ᠲᠦᠷᠦᠭᠦᠬᠡᠨ ᠬᠥᠬᠡᠬᠣᠲᠠ ᠶ᠋ᠢᠨ ᠣᠷᠣᠨ ᠰᠠᠭᠤᠴᠠ ᠪᠠ ᠬᠣᠲᠠ ᠬᠥᠳᠡᠭᠡ ᠶ᠋ᠢᠨ ᠪᠥᠲᠥᠭᠡᠨ ᠪᠠᠢᠭᠤᠯᠤᠯᠲᠠ ᠶ᠋ᠢᠨ ᠲᠣᠪᠴᠢᠶ᠎ᠠ ᠶ᠋ᠢᠨ ᠤᠰᠤ ᠬᠠᠩᠭᠠᠬᠤ ᠤᠰᠤ ᠲᠠᠲᠠᠷᠠᠭᠤᠯᠬᠤ ᠦᠶ᠋ᠯᠡᠴᠢᠯᠡᠭᠡᠨ ᠤ᠋ ᠲᠥᠪ ᠡᠴᠡ ᠳᠠᠭᠠᠭᠠᠴᠢᠯᠠᠨ ᠪᠠᠢᠭᠤᠯᠤᠭ᠍ᠰᠠᠨ 《 ᠬᠥᠬᠡᠬᠣᠲᠠ ᠶ᠋ᠢᠨ ᠬᠠᠢᠮᠢᠶᠠᠨ ᠬᠣᠲᠠ ᠶ᠋ᠢᠨ ᠪᠥᠲᠥᠭᠡᠨ ᠪᠠᠢᠭᠤᠯᠤᠯᠲᠠ ᠶ᠋ᠢᠨ ᠲᠣᠭᠠᠴᠢᠯᠠᠭ᠍ᠰᠠᠨ ᠶᠡᠷᠦᠩᠬᠡᠢᠯᠡᠭ᠌ᠰᠡᠨ ᠮᠡᠳᠡᠭᠡ ᠵᠠᠩᠭᠢ ᠶ᠋ᠢᠨ ᠬᠠᠮᠢᠶᠠᠷᠤᠯᠲᠠ ᠶ᠋ᠢᠨ ᠲᠠᠪᠴᠠᠩ》  ᠤ᠋ᠨ ᠲᠥᠷᠥᠯ ᠵᠦᠶ᠋ᠯ ᠣᠷᠣᠨ ᠰᠠᠭᠤᠴᠠ ᠪᠠ ᠬᠣᠲᠠ ᠬᠥᠳᠡᠭᠡ ᠶ᠋ᠢᠨ ᠪᠥᠲᠥᠭᠡᠨ ᠪᠠᠢᠭᠤᠯᠤᠯᠲᠠ ᠶ᠋ᠢᠨ ᠶᠠᠮᠤᠨ ᠤ᠋ ᠪᠥᠬᠥ᠌ ᠤᠯᠤᠰ ᠤ᠋ᠨ ᠣᠶᠤᠨᠲᠤ ᠤᠰᠤᠨ ᠤ᠋ ᠶᠠᠪᠤᠳᠠᠯ ᠤ᠋ᠨ ᠨᠡᠢᠲᠡᠯᠢᠭ ᠬᠡᠷᠡᠭ ᠤ᠋ᠨ ᠵᠢᠱ᠌ᠢᠶ᠎ᠡ ᠶ᠋ᠢᠨ ᠨᠠᠷᠢᠨ ᠲᠠᠩᠰᠠ (ᠬᠣᠲᠠ ᠪᠠᠯᠭᠠᠰᠤᠨ ᠤ᠋ ᠤᠰᠤᠨ ᠤ᠋ ᠣᠷᠴᠢᠨ ᠲᠣᠭᠣᠷᠢᠨ ᠢ᠋ ᠵᠠᠰᠠᠬᠤ ᠲᠥᠷᠥᠯ) ᠎ᠳ᠋ᠤ ᠰᠣᠩᠭᠣᠭ᠍ᠳᠠᠪᠠ᠃

ᠤᠢᠯᠠᠭᠠᠬᠰᠠᠨ ᠢ᠋ᠶ᠋ᠡᠷ ᠂ ᠬᠥᠬᠡᠬᠣᠲᠠ ᠶ᠋ᠢᠨ ᠬᠠᠢᠮᠢᠶᠠᠨ ᠬᠣᠲᠠ ᠶ᠋ᠢᠨ ᠪᠥᠲᠥᠭᠡᠨ ᠪᠠᠢᠭᠤᠯᠤᠯᠲᠠ ᠶ᠋ᠢᠨ ᠲᠣᠭᠠᠴᠢᠯᠠᠭ᠍ᠰᠠᠨ ᠶᠡᠷᠦᠩᠬᠡᠢᠯᠡᠭ᠌ᠰᠡᠨ ᠮᠡᠳᠡᠭᠡ ᠵᠠᠩᠭᠢ ᠶ᠋ᠢᠨ ᠬᠠᠮᠢᠶᠠᠷᠤᠯᠲᠠ ᠶ᠋ᠢᠨ ᠲᠠᠪᠴᠠᠩ ᠪᠣᠯ ᠬᠥᠬᠡᠬᠣᠲᠠ ᠶ᠋ᠢᠨ ᠭᠠᠵᠠᠷ ᠣᠷᠣᠨ ᠤ᠋ ᠪᠠᠢᠳᠠᠯ ᠢ᠋ ᠦᠵᠡᠵᠦ᠍ ᠪᠠᠢᠭᠤᠯᠤᠭ᠍ᠰᠠᠨ᠂ ᠵᠠᠷᠢᠮᠳᠤᠭ ᠬᠠᠭᠤᠷᠠᠶ ᠣᠷᠣᠨ ᠪᠦᠰᠡ ᠶ᠋ᠢᠨ ᠬᠠᠢᠮᠢᠶᠠᠨ ᠬᠣᠲᠠ ᠶ᠋ᠢᠨ ᠪᠥᠲᠥᠭᠡᠨ ᠪᠠᠢᠭᠤᠯᠤᠯᠲᠠ ᠬᠢᠭᠡᠳ ᠬᠢᠨᠠᠯᠲᠠ ᠬᠠᠮᠢᠶᠠᠷᠤᠯᠲᠠ ᠶ᠋ᠢᠨ ᠬᠡᠷᠡᠭ᠌ᠴᠡᠭᠡ ᠳ᠋ᠤ ᠬᠠᠨᠳᠤᠭᠤᠯᠤᠭ᠍ᠰᠠᠨ ᠮᠡᠳᠡᠭᠡ ᠵᠠᠩᠭᠢᠵᠢᠯᠳᠠ ᠶ᠋ᠢᠨ ᠱᠢᠰᠲ᠋ᠧᠮ ᠪᠠᠢᠵᠤ᠂ ᠴᠠᠭ ᠠᠭᠤᠷ ᠤ᠋ᠨ ᠪᠣᠷᠣᠭᠠᠨ ᠤ᠋ ᠬᠡᠮᠵᠢᠶ᠎ᠡ ᠂ ᠵᠠᠮ ᠤ᠋ᠨ ᠬᠤᠷᠠᠮᠠᠯ ᠤᠰᠤ᠂ ᠬᠥᠭᠡᠷᠭᠡ ᠶ᠋ᠢᠨ ᠥᠷᠲᠡᠭᠡ ᠶ᠋ᠢᠨ ᠠᠵᠢᠯᠯᠠᠭᠠᠨ᠂ ᠸᠢᠳᠢᠤ᠋ ᠪᠡᠷ ᠬᠢᠨᠠᠨ ᠡᠵᠡᠮᠳᠡᠬᠦ᠌ ᠵᠡᠷᠭᠡ ᠣᠯᠠᠨ ᠵᠦᠶ᠋ᠯ ᠤ᠋ᠨ ᠬᠢᠨᠠᠨ ᠡᠵᠡᠮᠳᠡᠬᠦ ᠠᠷᠭ᠎ᠠ ᠪᠠᠷᠢᠯ ᠢ᠋ ᠨᠡᠢᠳᠭᠡᠬᠦ ᠶ᠋ᠢᠨ ᠬᠠᠮᠲᠤ ᠱᠢᠰᠲ᠋ᠧᠮ ᠤ᠋ᠨ ᠳᠣᠲᠣᠭᠠᠳᠤ ᠳ᠋ᠤ ᠪᠠᠢᠷᠢᠯᠠᠭᠤᠯᠤᠭ᠍ᠰᠠᠨ ᠲᠣᠭᠠᠴᠢᠯᠠᠭ᠍ᠰᠠᠨ ᠵᠠᠭ᠍ᠪᠤᠷ ᠲᠦ᠍ ᠲᠦᠱᠢᠭ᠌ᠯᠡᠨ᠂ ᠪᠣᠷᠣᠭᠠᠨ ᠡᠴᠡ ᠡᠮᠦᠨᠡᠬᠢ ᠭᠠᠮᠱᠢᠭ ᠢ᠋ ᠰᠡᠷᠭᠡᠢᠯᠡᠬᠦ᠌ ᠪᠠ ᠰᠡᠷᠡᠮᠵᠢᠯᠡᠭᠦᠯᠬᠦ᠌᠂ ᠪᠣᠷᠣᠭᠠᠨ ᠤ᠋ ᠳᠤᠮᠳᠠᠬᠢ ᠬᠢᠨᠠᠨ ᠡᠵᠡᠮᠳᠡᠵᠦ᠍ ᠲᠣᠬᠢᠷᠠᠭᠤᠯᠬᠤ ᠬᠢᠭᠡᠳ ᠪᠣᠷᠣᠭᠠᠨ ᠤ᠋ ᠳᠠᠷᠠᠭᠠᠬᠢ ᠳ᠋ᠦᠩᠨᠡᠨ ᠵᠠᠳᠠᠯᠬᠤ ᠪᠥᠬᠥ᠌ ᠶᠠᠪᠤᠴᠠ ᠶ᠋ᠢᠨ ᠪᠢᠲᠡᠭᠦᠮᠵᠢᠯᠡᠭ᠌ᠰᠡᠨ ᠬᠠᠮᠢᠶᠠᠷᠤᠯᠲᠠ ᠵᠢ ᠪᠡᠶᠡᠯᠡᠭᠦᠯᠦᠨ᠎ᠡ᠃ ᠡᠭᠦᠨ ᠤ᠋ ᠬᠠᠮᠲᠤ ᠶᠡᠷᠦᠩᠬᠡᠢᠯᠡᠭ᠌ᠰᠡᠨ ᠲᠣᠭ᠎ᠠ ᠪᠠᠷᠢᠮᠲᠠ ᠶ᠋ᠢᠨ ᠦᠵᠡᠭᠦᠯᠭᠡ᠂ ᠡᠳᠦᠷ ᠲᠤᠲᠤᠮ ᠤ᠋ᠨ ᠲᠦᠬᠦᠭᠡᠷᠦᠮᠵᠢ ᠶ᠋ᠢ ᠠᠵᠢᠯᠯᠠᠭᠤᠯᠵᠤ ᠬᠠᠮᠠᠭᠠᠯᠠᠬᠤ ᠵᠢᠴᠢ ᠬᠠᠢᠮᠢᠶᠠᠨ ᠬᠤᠲᠠ ᠶ᠋ᠢᠨ ᠪᠥᠲᠥᠭᠡᠨ ᠪᠠᠢᠭᠤᠯᠤᠯᠲᠠ ᠶ᠋ᠢᠨ ᠲᠥᠷᠥᠯ ᠵᠦᠶ᠋ᠯ ᠤ᠋ᠨ ᠬᠠᠮᠢᠶᠠᠷᠤᠯᠲᠠ ᠵᠡᠷᠭᠡ ᠲᠤᠰᠭᠠᠶ ᠮᠡᠷᠭᠡᠵᠢᠯ ᠤ᠋ᠨ ᠬᠡᠰᠡᠭ ᠲᠠᠢ ᠤᠶᠠᠯᠳᠤᠭᠤᠯᠤᠨ᠂ ᠬᠥᠬᠡᠬᠣᠲᠠ ᠶ᠋ᠢᠨ ᠬᠠᠢᠮᠢᠶᠠᠨ ᠬᠣᠲᠠ ᠶ᠋ᠢᠨ ᠪᠥᠲᠥᠭᠡᠨ ᠪᠠᠢᠭᠤᠯᠤᠯᠲᠠ ᠵᠢ ᠠᠬᠢᠭᠤᠯᠬᠤ ᠪᠠ ᠬᠡᠷᠡᠭ᠌ᠵᠢᠭᠦᠯᠬᠦ᠌ ᠵᠢ ᠪᠥᠬᠥ᠌ ᠲᠠᠯ᠎ᠠ ᠪᠡᠷ ᠲᠤᠯᠭᠠᠭᠤᠷᠢᠯᠠᠨ᠎ᠠ ᠃

ᠣᠷᠣᠨ ᠰᠠᠭᠤᠴᠠ ᠪᠠ ᠬᠣᠲᠠ ᠬᠥᠳᠡᠭᠡ ᠶ᠋ᠢᠨ ᠪᠥᠲᠥᠭᠡᠨ ᠪᠠᠢᠭᠤᠯᠤᠯᠲᠠ ᠶ᠋ᠢᠨ ᠶᠠᠮᠤᠨ ᠤ᠋ ᠬᠢᠨᠠᠨ ᠪᠠᠢᠴᠠᠭᠠᠵᠤ ᠱᠢᠯᠭᠠᠷᠠᠭᠤᠯᠬᠤ ᠠᠬᠢᠴᠠ᠎ᠳᠤ ᠲᠣᠰ ᠲᠠᠪᠴᠠᠩ ᠨᠢ  ᠪᠡᠶ᠎ᠡ ᠪᠠᠨ ᠳᠠᠭᠠᠭᠠᠵᠤ ᠡᠵᠡᠮᠳᠡᠵᠦ᠍ ᠪᠣᠯᠬᠤ ᠮᠡᠷᠭᠡᠵᠢᠯ ᠤ᠋ᠨ ᠱᠢᠰᠲ᠋ᠧᠮ᠂ ᠠᠮᠤᠷ ᠲᠦᠪᠱᠢᠨ ᠲᠣᠭ᠍ᠲᠠᠭᠤᠨ ᠠᠵᠢᠯᠯᠠᠭᠠᠨ ᠤ᠋ ᠦᠢᠯᠡᠳᠦᠯ ᠴᠢᠳᠠᠪᠤᠷᠢ ᠵᠢᠴᠢ ᠪᠥᠬᠥ᠌ ᠶᠠᠪᠤᠴᠠ ᠶ᠋ᠢᠨ ᠬᠢᠨᠠᠨ ᠬᠠᠮᠢᠶᠠᠷᠴᠤ᠌ ᠠᠵᠢᠯᠯᠠᠭᠤᠯᠵᠤ ᠬᠠᠮᠠᠭᠠᠯᠠᠬᠤ ᠲᠣᠭ᠍ᠲᠠᠴᠠ ᠪᠡᠷ ᠢ᠋ᠶ᠋ᠡᠨ ᠮᠡᠷᠭᠡᠵᠢᠯ ᠤ᠋ᠨ ᠲᠤᠰᠭᠠᠶ ᠮᠡᠷᠭᠡᠵᠢᠯᠲᠡᠨ ᠬᠢᠭᠡᠳ ᠶᠠᠮᠤᠨ ᠵᠥᠪᠯᠡᠯ ᠤ᠋ᠨ ᠤᠳᠤᠷᠢᠳᠤᠯᠭ᠎ᠠ ᠶ᠋ᠢᠨ ᠬᠦᠢᠴᠡᠳ ᠨᠤᠳᠠᠯᠠᠯᠳᠠ ᠵᠢ ᠬᠦᠷᠳᠠᠵᠤ᠂ ᠪᠥᠬᠥ᠌ ᠤᠯᠤᠰ ᠤ᠋ᠨ ᠣᠶᠤᠨᠲᠤ ᠤᠰᠤᠨ ᠤ᠋ ᠶᠠᠪᠤᠳᠠᠯ ᠤ᠋ᠨ ᠪᠦᠲᠦᠭᠡᠨ ᠪᠠᠢᠭᠤᠯᠤᠯᠲᠠ ᠳ᠋ᠤ ᠳᠡᠯᠭᠡᠷᠡᠭᠦᠯᠵᠦ᠍ ᠪᠣᠯᠬᠤᠢᠴᠠ ᠦᠶ᠋ᠯᠡᠳᠦᠯᠭᠡ ᠶ᠋ᠢᠨ ᠲᠤᠷᠱᠢᠯᠭ᠎ᠠ ᠬᠠᠩᠭᠠᠵᠤ᠂ ᠡᠯ᠎ᠡ ᠭᠠᠵᠠᠷ ᠤ᠋ᠨ ᠣᠶᠤᠨᠲᠤ ᠤᠰᠤᠨ ᠤ᠋ ᠶᠠᠪᠤᠳᠠᠯ ᠤ᠋ᠨ ᠬᠥᠭ᠌ᠵᠢᠯᠲᠡ ᠳ᠋ᠤ ᠴᠢᠬᠤᠯᠠ ᠯᠠᠪᠯᠠᠯᠲᠠ ᠬᠠᠩᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号