ᠨᠠᠢᠷᠠᠭᠤᠯᠤᠭᠴᠢ ᠶ᠋ᠢᠨ ᠦᠭᠡ᠄
ᠬᠤᠳᠠ ᠪᠠᠯᠭᠠᠰᠤᠵᠢᠯᠳᠠ᠂ ᠮᠠᠯᠵᠢᠯ ᠤ᠋ᠨ ᠠᠷᠭ᠎ᠠ ᠬᠡᠯᠪᠡᠷᠢ ᠵᠢᠨ ᠬᠤᠪᠢᠷᠠᠯᠳᠠ᠂ ᠵᠠᠬ᠎ᠠ ᠲᠠᠯᠬᠡᠬᠦᠷᠴᠢᠯᠡᠯᠳᠡ᠂ ᠮᠠᠯ ᠠᠵᠤ ᠠᠬᠤᠢ ᠲᠠᠷᠢᠶᠠᠯᠠᠩ ᠤ᠋ᠨ ᠤᠳᠤᠬᠢᠴᠢᠯᠠᠯᠳᠠ ᠪᠠ ᠨᠡᠢᠬᠡᠮᠴᠢᠯᠡᠭᠰᠡᠨ ᠦᠢᠯᠡᠴᠢᠯᠡᠬᠡᠨ ᠤ᠋ ᠬᠦᠭᠵᠢᠯᠳᠡ ᠵᠡᠷᠬᠡ ᠵᠢ ᠲᠠᠭᠠᠯᠳᠤᠨ ᠬᠤᠳᠠ ᠤᠷᠤᠬᠤ ᠮᠠᠯᠴᠢᠨ ᠲᠠᠷᠢᠶᠠᠴᠢᠨ ᠤᠯᠠᠮ ᠡᠴᠡ ᠤᠯᠠᠮ ᠤᠯᠠᠰᠢᠷᠠᠵᠤ ᠪᠠᠢᠬᠤ ᠮᠦᠷᠳᠡᠬᠡᠨ ᠶᠠᠪᠤᠬᠤ ᠲᠤᠳᠤᠮ ᠤᠯᠠᠰᠢᠷᠠᠬᠤ ᠬᠠᠨᠳᠤᠰᠢ ᠲᠠᠢ ᠶᠤᠮ᠃
《ᠬᠤᠳᠠ ᠬᠦᠳᠡᠭᠡ ᠶ᠋ᠢᠨ ᠠᠭᠤᠰᠤᠯᠴᠠᠨ ᠬᠦᠭᠵᠢᠬᠦ ᠶ᠋ᠢ ᠠᠬᠢᠭᠤᠯᠬᠤ 》 ᠪᠤᠯ 《ᠠᠷᠪᠠᠨ ᠳᠠᠪᠤᠳᠤᠭᠠᠷ ᠳᠠᠪᠤᠨ ᠵᠢᠯ 》 ᠤ᠋ᠨ ᠬᠤᠭᠤᠴᠠᠭᠠᠨ ᠳ᠋ᠡᠬᠢ ᠮᠠᠨ ᠤ᠋ ᠤᠯᠤᠰ ᠤ᠋ᠨ ᠬᠦᠳᠡᠭᠡ ᠠᠵᠤ ᠠᠬᠤᠢ ᠬᠦᠳᠡᠭᠡ ᠲᠤᠰᠬᠤᠨ ᠤ᠋ ᠠᠵᠢᠯ ᠤ᠋ᠨ ᠨᠢᠬᠡᠨ ᠴᠢᠬᠤᠯᠠ ᠴᠢᠭᠯᠡᠯ ᠪᠤᠯᠤᠨ᠎ᠠ᠃ ᠡᠨᠡ ᠬᠦ᠌ ᠶᠡᠬᠡ ᠴᠢᠭᠯᠡᠯ ᠤ᠋ᠨ ᠡᠮᠦᠨ᠎ᠠ᠂ ᠮᠠᠯᠴᠢᠨ ᠲᠠᠷᠢᠶᠠᠴᠢᠨ ᠬᠡᠷᠬᠢᠨ ᠭᠤᠤᠯ ᠴᠤᠭᠴᠠ ᠶ᠋ᠢᠨ ᠬᠦᠴᠦᠨ ᠶ᠋ᠢᠡᠨ ᠪᠠᠳᠠᠷᠠᠭᠤᠯᠬᠤ ᠪᠤᠢ?
《ᠰᠢᠨ᠎ᠠ ᠬᠦᠳᠡᠭᠡ》 ᠲᠤᠰᠬᠠᠢ ᠬᠡᠪᠯᠡᠯ ᠡᠨᠡ ᠡᠳᠦᠷ ᠡᠴᠡ 《ᠬᠦᠳᠡᠭᠡ ᠶ᠋ᠢᠨ ᠮᠠᠯᠴᠢᠨ ᠬᠦᠬᠡᠬᠤᠳᠠ ᠳ᠋ᠤ 》 ᠬᠡᠬᠦ ᠰᠢᠷᠢᠰ ᠮᠡᠳᠡᠭᠡᠯᠡᠯ ᠢ᠋ ᠡᠬᠢᠯᠡᠭᠦᠯᠵᠦ᠂ ᠬᠦᠬᠡᠬᠤᠳᠠ ᠳ᠋ᠤ ᠢᠷᠡᠭᠰᠡᠨ ᠮᠠᠯᠴᠢᠳ ᠤ᠋ᠨ ᠠᠮᠵᠢᠯᠳᠠ ᠪᠦᠳᠦᠮᠵᠢ᠂ ᠠᠯᠳᠠᠭ ᠤᠨᠤᠭ᠂ ᠪᠠᠶᠠᠷ ᠵᠢᠷᠭᠠᠯ᠂ ᠠᠷᠭ᠎ᠠ ᠲᠤᠷᠰᠢᠯᠭ᠎ᠠ ᠵᠡᠷᠬᠡ ᠵᠢ ᠬᠤᠪᠢᠶᠠᠯᠴᠠᠵᠤ᠂ ᠬᠤᠳᠠ ᠤᠷᠤᠬᠤ ᠮᠠᠯᠴᠢᠨ ᠲᠠᠷᠢᠶᠠᠴᠢᠳ ᠤ᠋ᠨ ᠠᠳᠠᠯ ᠦᠢᠯᠡᠰ ᠤ᠋ᠨ ᠰᠤᠩᠭᠤᠯᠳᠠ ᠳ᠋ᠤ ᠲᠤᠰᠠ ᠲᠡᠮ ᠪᠤᠯᠬᠤ ᠵᠢ ᠵᠤᠷᠢᠪᠠ᠃ ᠠᠩᠬᠠᠷᠤᠨ ᠤᠩᠰᠢᠮᠤ!
ᠶᠢᠰᠤ ᠤᠷᠤᠵᠤ ᠬᠦᠢᠳᠡᠨ ᠤ᠋ ᠡᠷᠴᠢ ᠴᠢᠩᠭᠠᠷᠠᠭᠰᠠᠨ ᠬᠦᠬᠡᠬᠤᠳᠠ ᠵᠢᠨ ᠦᠷᠯᠤᠭᠡ ᠤᠨᠴᠠ ᠵᠢᠨ ᠵᠢᠭᠡᠭᠦᠨ ᠪᠠᠢᠬᠰᠠᠨ ᠴᠸ᠋ ᠰᠠᠢᠬᠠᠨ ᠲᠤᠭᠤᠷᠢᠭ ᠤ᠋ᠨ ᠴᠢᠨᠳᠠᠮᠤᠨᠢ ᠵᠠᠮ ᠤ᠋ᠨ ᠰᠢᠨ᠎ᠠ ᠬᠤᠸᠠ ᠯᠢᠶᠠᠨ ᠶᠠ ᠶᠤᠸᠠᠨ ᠰᠠᠭᠤᠭᠠᠯᠢ ᠠᠷᠠᠳ ᠤ᠋ᠨ ᠲᠤᠭᠤᠷᠢᠭ ᠤ᠋ᠨ ᠪᠠᠷᠠᠭᠤᠨ ᠡᠬᠦᠳᠡᠨ ᠳ᠋ᠡᠬᠢ ᠰᠦᠨᠢᠳ ᠬᠤᠨᠢ ᠦᠬᠡᠷ ᠤ᠋ᠨ ᠮᠢᠬ᠎ᠠ ᠪᠤᠷᠤᠯᠠᠭᠤᠯᠬᠤ ᠲᠡᠷᠭᠡᠨ ᠤ᠋ ᠡᠮᠤᠨ᠎ᠠ ᠬᠠᠷᠢᠨ ᠬᠦᠷ ᠬᠥᠭ᠌ᠵᠢᠶᠡᠨ ᠶ᠋ᠢᠡᠷ ᠪᠢᠯᠬᠠᠨ᠎ᠠ᠃
ᠰᠠᠢᠨ᠎ᠠ ᠬᠦᠷᠢᠶᠡᠯᠡᠵᠦ ᠢᠷᠡᠭᠰᠡᠨ ᠬᠤᠳᠠ ᠵᠢᠨ ᠠᠷᠠᠳ ᠲᠸ᠋ ᠰᠢᠨ᠎ᠠ ᠰᠤᠷᠭᠤᠭ ᠰᠦᠨᠢᠳ ᠬᠤᠨᠢ ᠶ᠋ᠢᠨ ᠮᠢᠬ᠎ᠠ ᠪᠡᠨ ᠨᠢᠮᠪᠠᠢ ᠪᠤᠷᠤᠯᠠᠭᠤᠯᠬᠤ ᠵᠢᠨ ᠲᠠᠭᠠᠤ ᠭᠠᠷ ᠤᠲᠠᠰᠤᠨ ᠤ᠋ ᠱᠢᠭᠤᠳ ᠨᠡᠪᠲᠡᠷᠡᠭᠦᠯᠭᠡ ᠶ᠋ᠢᠨ ᠲᠠᠰᠤᠭ ᠲᠠᠭᠠᠨ᠄ 《ᠦᠷᠭᠡᠨ ᠤᠯᠠᠨ ᠰᠦᠯᠵᠢᠶᠡᠨ ᠠᠨᠳᠠ ᠨᠡᠷ ᠰᠠᠢᠨ ᠪᠠᠢᠨᠠᠤ ᠂ ᠪᠢ ᠪᠤᠯ ᠮᠠᠯᠴᠢᠨ ᠰᠠᠢᠨ᠎ᠠ᠃ ᠮᠠᠨ ᠤ᠋ ᠡᠨᠡ ᠬᠤᠨᠢ ᠦᠬᠡᠷ ᠤ᠋ᠨ ᠮᠢᠬ᠎ᠠ ᠵᠢ ᠰᠠᠨᠠᠭ᠎ᠠ ᠠᠮᠤᠷ ᠠᠪᠴᠤ ᠪᠤᠯᠤᠨ᠎ᠠ ᠂ ᠪᠦᠷ ᠮᠠᠨ ᠤ᠋ ᠰᠥᠨᠢᠳ ᠨᠤᠳᠤᠭ ᠤ᠋ᠨ ᠬᠦᠮᠠᠯᠢ ᠲᠠᠭᠠᠨ᠎ᠠ ᠢᠳᠡᠵᠦ᠍᠂ ᠪᠤᠯᠠᠭ ᠤ᠋ᠨ ᠤᠰᠤ ᠤᠤᠭᠤᠭᠰᠠᠨ᠂ ᠤᠭᠤᠷᠠᠭ ᠶᠡᠬᠡᠳᠠᠢ ᠥᠭᠡᠬᠦ᠌ ᠪᠠᠭᠠᠲᠠᠶ᠂ ᠴᠤᠯ ᠪᠠᠢᠭᠠᠯᠢ ᠵᠢᠨ ᠰᠦᠨᠢᠳ ᠬᠤᠨᠢ ᠶ᠋ᠢᠨ ᠮᠢᠬ᠎ᠠ ᠶᠤᠮ ᠁ 》 ᠬᠡᠵᠤ ᠲᠠᠨᠢᠯᠴᠠᠭᠤᠯᠵᠤ ᠶᠠᠭᠠᠷᠠᠨ᠎ᠠ᠃
ᠰᠠᠢᠨ᠎ᠠ ᠪᠣᠯ ᠰᠥᠨᠢᠳ ᠪᠠᠷᠠᠭᠤᠨ ᠬᠣᠱᠢᠭᠤᠨ ᠤ᠋ ᠠᠴᠢᠳᠤ ᠠᠭᠤᠯᠠ ᠰᠤᠮᠤ ᠵᠢᠨ ᠡᠷᠳᠡᠨᠢ ᠪᠤᠯᠠᠭ ᠭᠠᠴᠠᠭᠠᠨ ᠤ᠋ ᠮᠠᠯᠴᠢᠨ ᠵᠠᠯᠠᠭᠤ ᠪᠢᠯᠡ᠃ ᠲᠡᠳᠡᠨ ᠤ᠋ ᠬᠢᠨ 9000 ᠭᠠᠷᠤᠶ ᠮᠥ᠍ ᠪᠡᠯᠴᠢᠭᠡᠷ ᠲᠡᠬᠡᠨ 300 ᠭᠠᠷᠤᠶ ᠰᠦᠨᠢᠳ ᠬᠣᠨᠢ ᠪᠣᠯᠤᠨ 10 ᠭᠠᠷᠤᠢ ᠦᠬᠡᠷ ᠮᠠᠯᠵᠢᠨ ᠠᠵᠤ ᠲᠦᠷᠤᠵᠤ ᠪᠠᠢᠨ᠎ᠠ᠃ ᠭᠡᠪᠡᠴᠦ᠍ ᠡᠮᠦᠨ᠎ᠡ ᠬᠡᠳᠦᠨ ᠵᠢᠯ ᠳ᠋ᠤ ᠵᠠᠬ᠎ᠠ ᠳᠡᠯᠭᠡᠭᠦᠷ ᠦ᠋ᠨ ᠨᠥᠯᠥᠭᠡ ᠪᠡᠷ ᠬᠣᠨᠢᠨ ᠮᠢᠬ᠎ᠠ ᠵᠢᠨ ᠦᠨ᠎ᠡ ᠪᠠᠭᠤᠷᠠᠵᠤ᠂ ᠤᠯᠠᠮᠵᠢᠯᠠᠯᠲᠤ ᠮᠠᠶᠢᠭ ᠵᠢᠡᠷ ᠵᠠᠬ᠎ᠠ ᠵᠢᠨ ᠮᠠᠢᠮᠠᠢᠴᠢᠨ ᠳ᠋ᠤ ᠠᠮᠢᠳᠤ ᠪᠡᠷ ᠨᠢ ᠬᠤᠳᠠᠯᠳᠤᠵᠤ ᠦᠭᠪᠡᠯ ᠮᠠᠯᠴᠢᠳ ᠤ᠋ᠨ ᠠᠰᠢᠭ ᠤᠷᠤᠯᠭ᠎ᠠ ᠤᠤᠯ ᠤ᠋ᠨ ᠬᠢ ᠡᠴᠡ ᠪᠠᠨ ᠮᠡᠳᠡᠭᠳᠡᠮ᠎ᠠ ᠪᠠᠭᠠᠰᠬᠤ ᠪᠠᠢᠳᠠᠯ ᠭᠠᠷᠴᠠᠢ᠃ ᠰᠠᠢᠨ᠎ᠠ ᠵᠢᠨ ᠬᠢᠨ ᠴᠸ᠋ ᠡᠢᠮᠤᠷᠬᠦᠤ ᠪᠠᠢᠳᠠᠯ ᠤᠷᠤᠰᠢᠵᠤ᠂ ᠲᠡᠷᠡ ᠶᠠᠭ ᠭᠠᠷ ᠨᠤᠬᠤᠯᠠᠨ 《ᠶᠠᠭᠠᠬᠢᠵᠤ ᠨᠤᠳᠤᠭ ᠤ᠋ᠨ ᠬᠤᠨᠢ ᠪᠡᠨ ᠦᠨ᠎ᠠ ᠳ᠋ᠤ ᠬᠦᠷᠭᠡᠵᠤ᠂ ᠨᠡᠡᠭ ᠤᠯᠠᠨ ᠬᠡᠷᠡᠭᠯᠡᠭᠴᠢᠳ ᠲᠸ᠋ ᠵᠢᠡᠭᠭᠢᠨᠢ ᠰᠦᠨᠢᠳ ᠬᠤᠨᠢ ᠶ᠋ᠢᠨ ᠮᠢᠬ᠎ᠠ ᠪᠡᠨ ᠠᠮᠳᠠᠯᠠᠭᠤᠯᠳᠠᠭ ᠪᠢᠯᠡ 》 ᠬᠡᠵᠤ ᠠᠷᠭ᠎ᠠ ᠪᠠᠷᠠᠬᠳᠠᠵᠤ ᠪᠠᠢᠬᠤ ᠦᠶᠡᠰ ᠬᠦᠬᠡᠬᠤᠳᠠ ᠳ᠋ᠡᠬᠢ ᠰᠠᠢᠨ ᠨᠠᠢᠵᠠ ᠨᠢ ᠲᠡᠬᠦᠨ ᠳ᠋ᠤ ᠄ 《 ᠬᠤᠳᠠ ᠵᠢᠨ ᠵᠠᠬ᠎ᠠ ᠲᠠᠯᠬᠡᠬᠦᠷ ᠲᠦ᠍ ᠦᠪᠡᠰᠦᠪᠡᠨ ᠦᠪᠡᠷ ᠤ᠋ᠨ ᠬᠤᠨᠢ ᠶ᠋ᠢᠨ ᠮᠢᠬ᠎ᠠ ᠪᠡᠨ ᠪᠤᠷᠤᠯᠠᠭᠤᠯᠪᠡᠯ ᠶᠠᠮᠠᠷ ᠪᠤᠢ⁈》 ᠬᠡᠰᠡᠨ ᠰᠠᠨᠠᠭᠤᠯᠭ᠎ᠠ ᠦᠭᠴᠠᠢ᠃
《ᠮᠠᠯᠴᠢᠨ ᠪᠢᠳᠡ ᠴᠦ᠍ ᠮᠢᠬᠠᠨ ᠤ᠋ ᠲᠤᠳᠤᠷᠠᠬᠢ ᠤᠷᠬᠤᠳᠠᠢ ᠬᠡᠮᠡᠭᠳᠡᠭᠰᠡᠨ ᠰᠦᠨᠢᠳ ᠬᠤᠨᠢ ᠶ᠋ᠢᠨ ᠮᠢᠬ᠎ᠠ ᠪᠡᠨ ᠦᠨ᠎ᠠ ᠳ᠋ᠤ ᠬᠦᠷᠬᠡᠬᠦ ᠪᠡᠷ ᠴᠢᠷᠮᠠᠢᠬᠤ ᠶᠤᠰᠤᠳᠠᠢ ᠶᠤᠮ 》 ᠬᠡᠵᠤ ᠪᠤᠳᠤᠬᠰᠠᠨ ᠰᠠᠢᠨ᠎ᠠ 2024 ᠣᠨ ᠤ᠋ 12 ᠰᠠᠷ᠎ᠠ ᠳ᠋ᠤ ᠨᠤᠲᠤᠭ ᠤ᠋ᠨ ᠶ᠋ᠢᠡᠨ ᠪᠡᠯᠴᠢᠭᠡᠷ ᠦ᠋ᠨ ᠬᠤᠨᠢᠨ ᠮᠢᠬ᠎ᠠ ᠪᠡᠨ ᠭᠠᠨᠵᠤᠭᠠᠯᠠᠨ ᠲᠠᠮᠤᠴᠢ ᠵᠢᠨ ᠲᠠᠯ᠎ᠠ ᠡᠴᠡ ᠬᠦᠬᠡᠬᠤᠳᠠ ᠳ᠋ᠤ ᠢᠷᠡᠵᠤ᠂ ᠰᠢᠮ᠎ᠠ ᠰᠢᠬᠦᠰᠤ ᠰᠠᠢᠳᠠᠢ ᠰᠦᠨᠢᠳ ᠬᠤᠨᠢ ᠶ᠋ᠢᠨ ᠮᠢᠬ᠎ᠠ ᠪᠡᠨ ᠵᠡᠭᠡᠯᠢ ᠳᠡᠭᠡᠷ᠎ᠠ ᠦᠪᠡᠰᠤᠪᠠᠨ ᠪᠤᠷᠤᠯᠠᠭᠤᠯᠬᠤ ᠠᠡᠭᠬᠠᠨ ᠤ᠋ ᠠᠶᠠᠨ ᠵᠢᠡᠨ ᠡᠬᠢᠯᠡᠬᠦᠯᠤᠯ᠎ᠠ᠃
ᠬᠤᠳᠠ ᠳ᠋ᠤ ᠠᠩᠬ᠎ᠠ ᠣᠷᠣᠵᠤ ᠢᠷᠡᠭ᠌ᠰᠡᠨ ᠦᠶᠡᠰ᠂ ᠲᠡᠷᠡ ᠪᠡᠷ ᠲᠠᠨᠢᠯ ᠪᠤᠰᠤ ᠣᠷᠴᠢᠨ ᠲᠣᠭᠣᠷᠢᠨ ᠳ᠋ᠤ ᠤᠬᠠᠭᠠᠨ ᠲᠦᠬᠦᠭᠡ ᠪᠡᠨ ᠤᠯᠵᠤ ᠶᠠᠳᠠᠨ᠂ ᠴᠤᠬᠤᠮ ᠠᠯᠢ ᠬᠡᠰᠡᠭ ᠭᠠᠵᠠᠷ ᠢ᠋ ᠰᠣᠩᠭᠣᠵᠤ ᠮᠢᠬ᠎ᠠ ᠪᠡᠨ ᠬᠤᠳᠠᠯᠳᠤᠬᠤ᠂ ᠬᠦᠮᠦᠰ ᠲᠦ᠍ ᠮᠠᠯ ᠤ᠋ᠨ ᠠᠰᠢᠭ ᠰᠢᠮ᠎ᠠ ᠪᠠᠨ ᠬᠡᠷᠬᠢᠨ ᠲᠠᠨᠢᠯᠴᠠᠭᠤᠯᠬᠤ ᠲᠤᠬᠠᠢ ᠪᠦᠷ ᠰᠠᠢᠬᠠᠨ ᠦᠢᠯᠠᠭᠠᠬᠤ ᠦᠬᠡᠢ ᠪᠠᠢᠵᠠᠢ᠃ 《ᠰᠠᠶᠢ ᠡᠬᠢᠯᠡᠬᠦ ᠬᠡᠳᠦᠨ ᠡᠳᠦᠷ᠂ ᠵᠡᠭᠡᠯᠢ ᠪᠡᠷ ᠨᠠᠭᠠᠰᠢ ᠴᠠᠭᠠᠰᠢ ᠶᠠᠪᠤᠵᠤ ᠪᠠᠢᠭ᠎ᠠ ᠬᠥᠮᠦᠰ ᠢ᠋ ᠦᠵᠡᠭᠡᠳ ᠪᠢ ᠶᠠᠭᠠᠬᠢᠵᠤ ᠠᠮᠠ ᠨᠡᠭᠡᠭᠡᠬᠦ ᠪᠠᠨ ᠤᠯᠬᠤ ᠦᠭᠡᠢ ᠪᠠᠢᠵᠤ᠂ ᠨᠢᠭᠡ ᠡᠳᠦᠷ ᠪᠤᠯᠤᠭᠠᠳ ᠬᠡᠳᠤᠨ ᠬᠡᠰᠡᠭ ᠮᠢᠬ᠎ᠠ ᠴᠤ᠌ ᠬᠤᠳᠠᠯᠳᠤᠵᠤ ᠭᠠᠷᠬᠤ ᠦᠭᠡᠢ ᠪᠠᠢᠬᠰᠠᠨ ᠶᠤᠮ 》 ᠬᠡᠵᠤ ᠰᠠᠢᠨ᠎ᠠ ᠬᠦᠬᠡᠬᠤᠳᠠ ᠳ᠋ᠤ ᠠᠩᠬ᠎ᠠ ᠬᠤᠨᠢᠨ ᠮᠢᠬ᠎ᠠ ᠪᠤᠷᠤᠯᠠᠭᠤᠯᠬᠤ ᠦᠶ᠎ᠡ ᠶ᠋ᠢᠨ ᠪᠠᠢᠳᠠᠯ ᠵᠢᠡᠨ ᠡᠷᠭᠢᠴᠡᠭᠦᠯᠬᠦ ᠳ᠋ᠤ ᠮᠥᠨ ᠯᠡ ᠰᠡᠳᠭᠢᠯ ᠡᠪᠬᠡᠷᠡᠵᠤ ᠪᠠᠢᠯ᠎ᠠ᠃
ᠠᠵᠠ ᠪᠠᠷ ᠨᠠᠢᠵᠠ ᠨᠢ ᠲᠤᠰᠠᠯᠠᠮᠵᠢ ᠦᠵᠡᠭᠦᠯᠵᠦ᠍᠂ ᠲᠡᠭᠦᠨ ᠳ᠋ᠤ ᠬᠥᠮᠦᠨ ᠤ᠋ ᠤᠷᠤᠰᠭᠠᠯ ᠶᠡᠬᠡ ᠭᠠᠵᠠᠷ ᠢ᠋ ᠰᠣᠩᠭᠣᠵᠤ ᠥᠭ᠌ᠭᠦᠭ᠌ᠰᠡᠨ ᠶ᠋ᠢᠡᠷ ᠪᠠᠷᠠᠬᠤ ᠦᠭᠡᠢ ᠪᠠᠰᠠ ᠭᠠᠷ ᠤᠳᠠᠰᠤ ᠪᠡᠷ ᠵᠢᠡᠨ ᠱᠢᠭᠤᠳ ᠨᠡᠪᠲᠡᠷᠡᠭᠦᠯᠭᠡ ᠬᠢᠬᠦ ᠮᠡᠷᠭᠡᠵᠢᠯ ᠢ᠋ ᠵᠢᠭᠠᠬᠤ ᠵᠢᠨ ᠲᠠᠭᠠᠤ ᠲᠡᠬᠦᠨ ᠢ᠋ ᠬᠠᠮᠵᠢᠨ ᠰᠢᠭᠤᠤᠨ ᠨᠡᠪᠳᠡᠷᠡᠬᠦᠯᠭᠡ ᠪᠡᠷ ᠮᠠᠯ ᠤ᠋ᠨ ᠠᠰᠢᠭ ᠰᠢᠮ᠎ᠠ ᠵᠢ ᠨᠢ ᠲᠠᠨᠢᠯᠴᠠᠭᠤᠯᠵᠤ ᠦᠭᠴᠠᠢ᠃ ᠡᠢᠨ ᠬᠦ᠌ ᠰᠠᠢᠨ᠎ᠠ ᠰᠠᠢᠨ ᠨᠠᠢᠵᠠ ᠵᠢᠨ ᠵᠢᠡᠨ ᠬᠠᠪᠰᠤᠷᠤᠯᠭ᠎ᠠ ᠲᠡᠮᠵᠢᠯᠭᠡ ᠲᠤᠤᠷ᠎ᠠ ᠪᠣᠷᠣᠯᠠᠭᠤᠯᠭᠠᠶ᠋ᠢᠨ ᠠᠷᠭ᠎ᠠ ᠮᠠᠶᠢᠭ ᠢ᠋ ᠰᠤᠷᠴᠤ᠂ ᠬᠡᠷᠡᠭᠯᠡᠭᠴᠢᠳ ᠤ᠋ᠨ ᠬᠡᠷᠡᠭ᠌ᠴᠡᠭᠡ ᠱᠠᠭᠠᠷᠳᠠᠯᠭ᠎ᠠ ᠵᠢ ᠦᠢᠯᠠᠭᠠᠵᠤ᠂ ᠡᠳᠤᠷ ᠨᠢ ᠰᠦᠨᠢᠳ ᠬᠤᠨᠢ ᠶ᠋ᠢᠨ ᠮᠢᠬ᠎ᠠ ᠪᠡᠨ ᠬᠤᠳᠠᠯᠳᠤᠨ ᠤᠷᠤᠢ ᠨᠢ ᠪᠠᠭᠤᠳᠠᠯ ᠳ᠋ᠠᠭᠠᠨ ᠬᠠᠷᠢᠬᠰᠠᠨ ᠤ᠋ ᠰᠡᠬᠦᠯᠡᠷ ᠱᠢᠭᠤᠳ ᠨᠡᠪᠲᠡᠷᠡᠭᠦᠯᠭᠡ ᠬᠢᠬᠦ ᠮᠡᠷᠭᠡᠵᠢᠯ ᠵᠢᠡᠨ ᠳᠠᠬᠢᠨ ᠳᠠᠪᠲᠠᠨ ᠪᠤᠯᠪᠠᠰᠤᠷᠠᠨ ᠲᠡᠭᠡᠭᠰᠢᠯᠡᠬᠦᠯᠵᠠᠢ᠃
《ᠴᠢᠷᠮᠠᠢᠯᠭ᠎ᠠ ᠬᠥᠮᠦᠨ ᠢ᠋ ᠭᠣᠮᠣᠳᠠᠭᠠᠬᠤ ᠦᠭᠡᠢ 》 ᠬᠡᠳᠡᠭ ᠶ᠋ᠢᠡᠷ᠂ ᠰᠠᠢᠨ᠎ᠠ ᠰᠥᠨᠢᠳ ᠬᠤᠨᠢ ᠶ᠋ᠢᠨ ᠮᠢᠬᠠᠨ ᠤ᠋ ᠶᠠᠰᠤ ᠴᠢᠨᠠᠷ ᠪᠡ ᠦᠪᠡᠷ ᠤ᠋ᠨ ᠦᠨᠡᠨᠴᠢ ᠢᠲᠡᠭᠡᠮᠵᠢᠲᠡᠶ ᠡᠵᠡᠩᠨᠡᠯᠲᠡ ᠳ᠋ᠡᠭᠡᠨ ᠲᠦᠱᠢᠭ᠌ᠯᠡᠨ ᠮᠠᠢᠮᠠᠢ ᠨᠢ ᠠᠭᠠᠵᠢᠮ ᠶ᠋ᠢᠡᠷ ᠰᠠᠢᠵᠢᠷᠠᠵᠤ᠂ ᠬᠡᠷᠡᠭᠯᠡᠭᠴᠢᠳ ᠴᠸ᠋ ᠤᠯᠠᠰᠢᠷᠠᠨ᠂ ᠠᠡᠭᠬᠠᠨ ᠤ᠋ ᠵᠢᠯ ᠳ᠋ᠡᠭᠡᠨ 70 ᠭᠠᠷᠤᠶ ᠬᠣᠨᠢ ᠵᠠᠷᠤᠭᠠᠳ 12 ᠲᠦᠮᠡ ᠭᠠᠷᠤᠶ ᠲᠥᠭᠥᠷᠢᠭ ᠤ᠋ᠨ ᠴᠡᠪᠡᠷ ᠤᠷᠤᠯᠭ᠎ᠠ ᠤᠯᠤᠬᠰᠠᠨ ᠪᠦᠭᠡᠳ ᠪᠠᠰᠠ ᠬᠦᠷᠰᠢ ᠠᠢᠯ ᠵᠢᠡᠨ ᠬᠠᠪᠰᠤᠷᠤᠨ 20 ᠭᠠᠷᠤᠢ ᠬᠤᠨᠢ ᠵᠢ ᠨᠢ ᠤᠷᠤᠯᠠᠨ ᠪᠤᠷᠤᠯᠠᠭᠤᠯᠵᠤ ᠦᠭᠴᠠᠢ᠃ 《ᠲᠡᠮ ᠲᠡᠮ ᠳ᠋ᠡᠭᠡᠨ ᠲᠠᠬᠡᠰᠤ ᠡᠷᠴᠢᠮ ᠳ᠋ᠡᠬᠡᠨ ᠬᠡᠳᠡᠭ᠂ ᠠᠢᠯ ᠰᠠᠭᠠᠬᠠᠯᠳᠠ ᠪᠠᠨ ᠬᠠᠪᠰᠤᠷᠬᠤ ᠨᠢ ᠡᠡᠭ ᠤ᠋ᠨ ᠶᠠᠪᠤᠳᠠᠯ ᠶᠤᠮ 》 ᠬᠡᠵᠤ ᠰᠠᠢᠨ᠎ᠠ ᠬᠡᠯᠡᠨ᠎ᠠ᠃

2025 ᠣᠨ ᠤ᠋ ᠡᠪᠦᠯ ᠂ ᠨᠢᠬᠡᠨᠳᠡ ᠠᠷᠭ᠎ᠠ ᠲᠤᠷᠱᠢᠯᠭ᠎ᠠ ᠲᠠᠢ ᠪᠤᠯᠤᠬᠰᠠᠨ ᠰᠠᠢᠨ᠎ᠠ ᠳᠠᠬᠢᠨᠲᠠ ᠬᠥᠬᠡᠬᠣᠲᠠ ᠵᠢ ᠵᠤᠷᠢᠵᠤ ᠢᠷᠡᠯ᠎ᠠ᠃ ᠭᠡᠪᠡᠴᠤ ᠡᠨᠡ ᠤᠳᠠᠭ᠎ᠠ ᠲᠡᠷᠡ ᠭᠠᠬᠴᠠᠭᠠᠷ ᠵᠢᠡᠨ ᠢᠷᠡᠭᠰᠡᠨ ᠪᠢᠰᠢ᠂ ᠬᠠᠷᠢᠨ ᠨᠤᠳᠤᠭ ᠤ᠋ᠨ ᠳᠡᠭᠦᠦ ᠵᠠᠶᠠᠭ᠎ᠠ ᠲᠠᠢ ᠬᠠᠮᠳᠤ ᠢᠷᠡᠭᠰᠡᠨ ᠠᠵᠢ᠃ ᠰᠠᠢᠨ᠎ᠠ ᠦᠷᠭᠦᠯᠵᠢᠯᠡᠨ ᠰᠥᠨᠢᠳ ᠬᠤᠨᠢ ᠶ᠋ᠢᠨ ᠮᠢᠬ᠎ᠠ ᠪᠡᠨ ᠬᠤᠳᠠᠯᠳᠤᠵᠤ᠂ ᠵᠠᠶᠠᠭ᠎ᠠ ᠰᠦᠨᠢᠳ ᠨᠤᠳᠤᠭ ᠤ᠋ᠨ ᠰᠢᠮ᠎ᠠ ᠰᠢᠬᠦᠰᠤ ᠰᠠᠢᠲᠠᠶ ᠦᠬᠡᠷ ᠦ᠋ᠨ ᠮᠢᠬ᠎ᠠ ᠪᠡᠨ ᠬᠤᠳᠠᠯᠳᠤᠪᠠ᠃ ᠢᠩᠬᠢᠬᠡᠳ ᠲᠡᠳᠡᠨ ᠤ᠋ ᠪᠦᠲᠦᠭᠡᠭ᠌ᠳᠡᠬᠦᠨ ᠨᠠᠩ ᠢᠯᠡᠭᠦᠦ ᠪᠠᠶᠠᠯᠢᠭ ᠪᠤᠯᠵᠤ ᠬᠡᠷᠡᠭᠯᠡᠭᠴᠢᠳ ᠴᠸ᠋ ᠤᠤᠯ ᠤ᠋ᠨ ᠬᠢ ᠡᠴᠡ ᠪᠡᠨ ᠨᠡᠮᠡᠭᠳᠡᠵᠠᠢ᠃ 《ᠮᠠᠨ ᠤ᠋ ᠠᠬ᠎ᠠ ᠵᠢᠨ ᠲᠠᠭᠠᠭᠤᠯᠭ᠎ᠠ ᠲᠤᠤᠷ᠎ᠠ ᠪᠢ ᠴᠢᠨᠢ ᠰᠡᠳᠬᠢᠯ ᠠᠮᠤᠷ ᠦᠭᠡᠷ ᠤ᠋ᠨ ᠮᠢᠬ᠎ᠠ ᠪᠡᠨ ᠬᠠᠵᠠᠭᠤ ᠳ᠋ᠤᠨᠢ ᠬᠤᠳᠠᠯᠳᠤᠵᠤ ᠪᠠᠢᠨ᠎ᠠ᠃ ᠡᠨᠡ ᠠᠷᠪᠠᠭᠠᠳ ᠡᠳᠤᠷ ᠲᠸ᠋ 7 ᠦᠭᠡᠷ ᠤ᠋ᠨ ᠮᠢᠬ᠎ᠠ ᠬᠤᠳᠠᠯᠳᠤᠵᠤ ᠂ 4 ᠲᠦᠮᠡ ᠭᠠᠷᠤᠢ ᠲᠦᠬᠦᠷᠢᠭ ᠤ᠋ᠨ ᠴᠡᠪᠡᠷ ᠤᠷᠤᠯᠭ᠎ᠠ ᠡᠪᠤᠷᠳᠤᠯᠡᠴᠢᠭᠡᠯᠠ᠃ ᠨᠤᠳᠤᠭ ᠲᠠᠭᠠᠨ ᠪᠤᠯ ᠰᠠᠷ᠎ᠠ ᠳ᠋ᠠᠭᠠᠨ ᠪᠤᠯᠤᠭᠠᠳ 10 ᠦᠭᠡᠷ ᠵᠠᠷᠤᠵᠤ ᠲᠡᠢᠯᠬᠦ ᠦᠬᠡᠢ ᠰᠢᠤ!》 ᠭᠡᠵᠤ ᠵᠠᠶᠠᠭ᠎ᠠ ᠶᠡᠭᠡ ᠯᠡ ᠪᠠᠶᠠᠷᠳᠠᠢ ᠶᠠᠷᠢᠨ᠎ᠠ᠃
2024 ᠤᠨ ᠤ᠋ ᠢᠳᠡᠭᠡᠮᠵᠢ ᠰᠠᠢᠳᠠᠢ ᠪᠤᠷᠤᠯᠠᠭᠤᠯᠭ᠎ᠠ ᠡᠴᠡ ᠪᠤᠯᠵᠤ ᠬᠠᠭᠤᠴᠢᠨ ᠬᠡᠷᠡᠭᠯᠡᠭᠴᠢᠳ ᠨᠢ ᠴᠢᠮᠡᠭᠡ ᠰᠤᠨᠤᠰᠤᠮᠠᠬᠴᠠ ᠬᠣᠢᠨ᠎ᠠ ᠬᠣᠢᠨ᠎ᠠ ᠡᠴᠡ ᠪᠠᠨ ᠬᠦᠷᠦᠯᠴᠡᠨ ᠢᠷᠡᠭᠰᠡᠨ ᠪᠦᠭᠡᠳ ᠱᠢᠨ᠎ᠡ ᠬᠡᠷᠡᠭᠯᠡᠭᠴᠢᠳ ᠴᠤ᠌ ᠨᠠᠢᠵᠠ ᠨᠦᠭᠦᠳ ᠤ᠋ᠨ ᠶ᠋ᠢᠡᠨ ᠲᠠᠨᠢᠯᠴᠠᠭᠤᠯᠭ᠎ᠠ ᠪᠤᠶᠤ ᠰᠢᠭᠤᠳ ᠨᠡᠪᠳᠡᠷᠡᠬᠦᠯᠭᠡ ᠪᠡᠷ ᠨᠢ ᠴᠢᠮᠡᠭᠡ ᠤᠯᠵᠤ ᠴᠤᠪᠤᠷᠠᠨ ᠢᠷᠡᠬᠦ ᠪᠤᠯᠵᠠᠢ᠃ 《ᠪᠢᠳᠡ 2024 ᠤᠨ ᠳ᠋ᠤ ᠡᠨᠳᠡ ᠡᠴᠡ ᠬᠣᠨᠢᠨ ᠮᠢᠬ᠎ᠠ ᠠᠪᠤᠬᠰᠠᠨ ᠶᠤᠮ᠂ ᠡᠳᠡᠨ ᠤ᠋ ᠬᠣᠨᠢᠨ ᠮᠢᠬ᠎ᠠ ᠬᠡᠲᠦ ᠳᠡᠯᠭᠡᠭᠦᠷ ᠦ᠋ᠨ ᠬᠢᠡᠴᠡ ᠵᠢᠭᠠᠬᠠᠨ ᠦᠨᠡᠲᠡᠶ ᠪᠣᠯᠪᠠᠴᠤ᠌ ᠮᠢᠬᠠᠨ ᠤ᠋ ᠴᠢᠨᠡᠷ ᠨᠢ ᠰᠠᠢᠨ᠂ ᠠᠮᠲᠠᠲᠠᠶ ᠮᠦᠷᠳᠡᠬᠡᠨ ᠱᠢᠨ᠎ᠡ ᠰᠣᠷᠭᠣᠭ 》 ᠬᠡᠵᠤ ᠬᠣᠲᠠ ᠶ᠋ᠢᠨ ᠠᠷᠠᠳ ᠸᠠᠩ ᠠᠪᠤᠭᠠᠶ ᠬᠣᠨᠢᠨ ᠮᠢᠬ᠎ᠠ ᠰᠣᠩᠭᠣᠬᠤᠶ᠋ᠢᠨ ᠳᠠᠭᠠᠤ ᠰᠤᠷᠪᠤᠯᠵᠢᠯᠠᠭ᠍ᠴᠢ ᠳ᠋ᠤ ᠬᠡᠯᠠᠵᠤ ᠪᠠᠢᠯ᠎ᠠ᠃

ᠤᠳᠤ ᠰᠠᠢᠨ᠎ᠠ ᠵᠢᠨ ᠮᠢᠬ᠎ᠠ ᠪᠤᠷᠤᠯᠠᠭᠤᠯᠬᠤ ᠲᠡᠷᠭᠡᠨ ᠤ᠋ ᠡᠮᠤᠨ᠎ᠠ ᠶᠡᠬᠡ ᠯᠡ ᠬᠦᠷ ᠬᠦᠭᠵᠢᠶᠠᠨ ᠲᠠᠢ ᠪᠤᠯᠵᠤ᠂ ᠬᠠᠮᠤᠭ ᠤ᠋ᠨ ᠠᠷᠪᠢᠨ ᠳ᠋ᠠᠭᠠᠨ ᠡᠳᠦᠷ ᠤ᠋ᠨ ᠲᠦᠮᠡ ᠭᠠᠷᠤᠶ ᠲᠥᠭᠥᠷᠢᠭ ᠦ᠋ᠨ ᠬᠣᠨᠢᠨ ᠮᠢᠬ᠎ᠠ ᠪᠠ ᠳᠣᠯᠣᠭᠠᠨ ᠮᠢᠩᠭ᠎ᠠ ᠭᠠᠷᠤᠶ ᠲᠥᠭᠥᠷᠢᠭ ᠦ᠋ᠨ ᠦᠬᠡᠷ ᠦ᠋ᠨ ᠮᠢᠬ᠎ᠠ ᠬᠤᠳᠠᠯᠳᠤᠵᠤ ᠪᠠᠢᠨ᠎ᠠ᠃ ᠨᠡᠡᠭ ᠪᠠᠶᠠᠷᠯᠠᠭᠤᠰᠢᠳᠠᠢ ᠨᠢ ᠱᠢᠭᠤᠳ ᠨᠡᠪᠲᠡᠷᠡᠭᠦᠯᠭᠡ ᠪᠡᠷ ᠪᠤᠷᠤᠯᠠᠭᠤᠯᠬᠤ ᠪᠤᠯᠤᠬᠰᠠᠨ ᠨᠢ ᠭᠠᠵᠠᠷ ᠣᠷᠣᠨ ᠤ᠋ ᠬᠢᠵᠠᠭᠠᠷᠯᠠᠯ ᠢ᠋ ᠳᠠᠪᠠᠵᠤ᠂ ᠬᠦᠶ᠋ᠲᠡᠨ ᠬᠡᠯᠬᠢᠶᠡᠲᠦ ᠡᠳ᠋ ᠪᠠᠷᠠᠭᠠᠨ ᠤ᠋ ᠭᠦᠶ᠋ᠯᠭᠡᠭᠡ ᠪᠡᠷ ᠳᠡᠮᠵᠢᠨ ᠲᠠᠮᠤᠴᠢ ᠵᠢᠨ ᠲᠠᠯ᠎ᠠ ᠵᠢᠨ ᠦᠨᠦᠷ ᠠᠮᠲᠠ ᠵᠢ ᠬᠠᠡᠭᠬᠤᠯᠤᠭᠤᠯᠤᠬᠰᠠᠨ ᠦᠬᠡᠷ ᠬᠣᠨᠢᠨ ᠮᠢᠬ᠎ᠠ ᠨᠢ ᠪᠡᠭᠡᠵᠢᠩ᠂ ᠲᠢᠶᠠᠨᠵᠢᠨ᠂ ᠾᠸᠪᠸᠢ᠂ ᠱᠧᠨᠵᠧᠨ ᠵᠡᠷᠭᠡ ᠭᠠᠵᠠᠷ ᠬᠦᠷᠳᠡᠯ᠎ᠠ ᠪᠣᠷᠣᠯᠠᠭᠤᠯᠤᠭ᠍ᠳᠠᠵᠤ᠂ ᠡᠮᠦᠨᠡᠲᠦ ᠣᠷᠣᠨ ᠤ᠋ ᠮᠠᠰᠢ ᠣᠯᠠᠨ ᠬᠡᠷᠡᠭ᠌ᠯᠡᠭ᠌ᠴᠢᠳ ᠲᠤ᠌ ᠲᠠᠯ᠎ᠠ ᠨᠤᠲᠤᠭ ᠤ᠋ᠨ ᠴᠤᠯ ᠪᠠᠢᠭᠠᠯᠢ ᠵᠢᠨ ᠰᠦᠨᠢᠳ ᠬᠤᠨᠢ ᠶ᠋ᠢᠨ ᠮᠢᠬ᠎ᠠ ᠵᠢ ᠠᠮᠲᠠᠯᠠᠭᠤᠯᠤᠭ᠍ᠰᠠᠨ ᠪᠠᠢᠨ᠎ᠠ᠃ 《ᠤᠳᠤ ᠴᠢᠨᠢ ᠭᠠᠷ ᠤᠲᠠᠰᠤ ᠪᠠᠢᠪᠠᠯ ᠤᠷᠤᠨ ᠳ᠋ᠠᠭᠠᠨ ᠰᠠᠭᠤᠭᠠᠳ ᠠᠷᠠᠯᠵᠢᠶ᠎ᠠ ᠪᠠᠨ ᠪᠦᠬᠦ᠌ ᠤᠯᠤᠰ ᠲᠤ᠌ ᠬᠢᠵᠦ᠍ ᠳᠡᠢᠯᠬᠦ᠌ ᠪᠣᠯᠵᠠᠢ》 ᠬᠡᠵᠤ ᠰᠠᠢᠨ᠎ᠠ ᠭᠠᠷ ᠤᠲᠠᠰᠤ ᠪᠠᠨ ᠪᠠᠷᠢᠵᠤ᠂ ᠪᠦᠬᠦ᠌ ᠤᠯᠤᠰ ᠤ᠋ᠨ ᠡᠯ᠎ᠡ ᠭᠠᠵᠠᠷ ᠡᠴᠡ ᠢᠷᠡᠭ᠌ᠰᠡᠨ ᠵᠠᠬᠢᠶᠠᠯᠠᠭ᠎ᠠ ᠶ᠋ᠢ ᠲᠤᠰᠤᠭᠠᠳ ᠨᠢᠭᠤᠷ ᠲᠦᠬᠦᠷᠡᠩ ᠪᠠᠶᠠᠷ ᠪᠠᠶᠠᠰᠤᠯ ᠲᠠᠢ ᠪᠡᠷ ᠶᠠᠭᠠᠷᠠᠯᠳᠤᠨ᠎ᠠ᠃

ᠮᠠᠯᠴᠢᠨ ᠰᠠᠢᠨ᠎ᠠ ᠬᠦᠬᠡᠬᠤᠳᠠ ᠳ᠋ᠤ ᠬᠤᠨᠢᠨ ᠮᠢᠬ᠎ᠠ ᠪᠤᠷᠤᠯᠠᠭᠤᠯᠵᠤ ᠪᠠᠢᠭ᠎ᠠ ᠨᠢ᠃
2025 ᠣᠨ ᠤ᠋ 7 ᠰᠠᠷ᠎ᠠ ᠳ᠋ᠤ᠂ ᠰᠠᠢᠨ᠎ᠠ 《ᠮᠠᠯᠴᠢᠨ ᠰᠠᠢᠨ᠎ᠠ 》 ᠬᠡᠬᠦ ᠲᠠᠸᠠᠷ ᠤ᠋ᠨ ᠲᠡᠮᠳᠡᠭ ᠢ᠋ ᠭᠤᠶᠤᠴᠢᠯᠠᠨ ᠳᠠᠩᠰᠠᠯᠠᠭᠤᠯᠵᠤ᠂ ᠮᠠᠯ ᠤ᠋ᠨ ᠠᠰᠢᠭ ᠰᠢᠮ᠎ᠠ ᠳ᠋ᠡᠭᠡᠨ ᠵᠢᠩᠬᠢᠨᠢ 《 ᠪᠡᠶᠡᠶ᠋ᠢᠨ ᠦᠨᠡᠮᠯᠡᠯ 》 ᠤᠯᠭᠤᠪᠠ᠃ ᠲᠠᠸᠠᠷ ᠤ᠋ᠨ ᠲᠡᠮᠳᠡᠭ ᠢ᠋ ᠲᠠᠡᠭᠰᠠᠯᠠᠭᠤᠯᠤᠬᠰᠠᠨ ᠶ᠋ᠢᠡᠷ ᠮᠠᠯ ᠤ᠋ᠨ ᠠᠰᠢᠭ ᠰᠢᠮ᠎ᠠ ᠨᠢ ᠨᠠᠩ ᠥᠷᠢᠰᠦᠯᠳᠦᠬᠦ᠌ ᠬᠦᠴᠦᠨ ᠲᠡᠶ ᠪᠣᠯᠤᠭᠰᠠᠨ ᠪᠦᠭᠡᠳ ᠬᠡᠷᠡᠭ᠌ᠯᠡᠭ᠌ᠴᠢᠳ ᠴᠦ᠍ ᠨᠠᠩ ᠰᠠᠨᠠᠭ᠎ᠠ ᠠᠮᠤᠷ ᠬᠤᠳᠠᠯᠳᠤᠨ ᠠᠪᠬᠤ ᠪᠤᠯᠵᠠᠢ᠃ ᠰᠠᠢᠨ᠎ᠠ ᠡᠨᠡ ᠡᠪᠦᠯ ᠬᠦᠬᠡᠬᠤᠳᠠ ᠳ᠋ᠤ ᠢᠷᠡᠭᠰᠡᠨ 10 ᠡᠳᠦᠷ ᠤ᠋ᠨ ᠲᠤᠳᠤᠷ᠎ᠠ 40 ᠬᠣᠨᠢ ᠵᠠᠷᠤᠵᠤ᠂ 6 ᠲᠦᠮᠡ ᠭᠠᠷᠤᠢ ᠲᠥᠭᠥᠷᠢᠭ ᠦ᠋ᠨ ᠴᠡᠪᠡᠷ ᠤᠷᠤᠯᠭ᠎ᠠ ᠣᠯᠵᠤ ᠪᠢᠯᠡ᠃ ᠡᠨᠡ ᠨᠢ ᠤᠯᠠᠮᠵᠢᠯᠠᠯᠳᠤ ᠮᠠᠶᠢᠭ ᠵᠢᠡᠷ ᠵᠠᠬ᠎ᠠ ᠵᠢᠨ ᠮᠠᠢᠮᠠᠢᠴᠢᠨ ᠳ᠋ᠤ ᠠᠮᠢᠳᠤ ᠪᠡᠷ ᠨᠢ ᠬᠤᠳᠠᠯᠳᠤᠬᠤ ᠵᠢ ᠪᠤᠳᠤᠪᠡᠯ ᠨᠢᠭᠡ ᠬᠤᠨᠢ ᠲᠡᠭᠡᠷ᠎ᠠ ᠡᠴᠡ ᠢᠯᠡᠬᠦᠤ 300 — 400 ᠲᠦᠬᠦᠷᠢᠭ ᠤ᠋ᠨ ᠤᠷᠤᠯᠭ᠎ᠠ ᠤᠯᠵᠤ ᠪᠠᠢᠨ᠎ᠠ᠃ 《ᠲᠠᠸᠠᠷ ᠤ᠋ᠨ ᠲᠡᠮᠳᠡᠭ ᠲᠡᠶ ᠪᠣᠯᠪᠠᠯ ᠦᠪᠡᠷ ᠤ᠋ᠨ ᠵᠢᠡᠨ ᠬᠡᠰᠡᠨ ᠲᠦᠷᠦᠯ ᠲᠡᠮᠳᠡᠭ ᠲᠠᠢ ᠪᠤᠯᠤᠬᠰᠠᠨ ᠶᠠᠪᠤᠳᠠᠯ ᠮᠦᠨ 》 ᠬᠡᠵᠤ ᠰᠠᠢᠨ᠎ᠠ ᠤᠷᠮᠠᠳᠠᠢ ᠬᠡᠯᠡᠨ᠎ᠠ᠃
《 ᠳᠠᠷᠠᠭᠠᠴᠢ ᠪᠡᠷ ᠶᠠᠮᠠᠷ ᠲᠦᠯᠤᠪᠯᠡᠭᠡ ᠲᠠᠢ ᠪᠤᠢ?》 ᠬᠡᠵᠤ ᠠᠰᠠᠭᠤᠬᠤ ᠳ᠋ᠤ᠂ 《ᠬᠥᠬᠡᠬᠣᠲᠠ ᠳ᠋ᠤ ᠨᠢᠭᠡ ᠵᠢᠵᠢᠭ ᠳᠡᠯᠭᠡᠭᠦᠷ ᠨᠡᠭᠡᠭᠡᠬᠦ ᠪᠡᠷ ᠲᠦᠯᠤᠪᠯᠡᠵᠤ ᠪᠤᠢ᠂ ᠭᠤᠤᠯᠳᠠᠭᠤ ᠨᠤᠲᠤᠭ ᠤ᠋ᠨ ᠵᠢᠡᠨ ᠦᠬᠡᠷ ᠬᠣᠨᠢᠨ ᠮᠢᠬ᠎ᠠ᠂ ᠴᠠᠭᠠᠨ ᠢᠳᠡᠭᠡᠨ᠂ ᠪᠤᠤᠪᠤ ᠪᠤᠭᠤᠷᠰᠤᠭ ᠵᠡᠷᠭᠡ ᠵᠢ ᠲᠥᠪᠯᠡᠷᠡᠭᠦᠯᠦᠨ ᠪᠤᠷᠤᠯᠠᠭᠤᠯᠬᠤ ᠰᠠᠨᠠᠭ᠎ᠠ ᠲᠠᠢ᠃ ᠢᠡᠭᠭᠢᠪᠡᠯ ᠬᠠᠭᠤᠴᠢᠨ ᠬᠡᠷᠡᠭᠯᠡᠭᠴᠢᠳ ᠲᠸ᠋ ᠨᠡᠡᠭ ᠲᠦᠬᠦᠮ ᠪᠤᠯᠵᠤ᠂ ᠪᠢᠳᠡᠨ ᠢ᠋ ᠲᠤᠰᠬᠠᠢᠯᠠᠨ ᠬᠦᠯᠢᠶᠡᠬᠦ᠌ ᠬᠡᠷᠡᠭ ᠦᠭᠡᠢ 》 ᠬᠡᠵᠤ ᠰᠠᠢᠨ᠎ᠠ ᠢᠳᠡᠬᠡᠯ ᠲᠡᠬᠦᠯᠳᠡᠷ ᠶᠠᠷᠢᠨ᠎ᠠ᠃ ᠡᠨᠡ ᠵᠢᠯ ᠲᠡᠷᠡ 120 ᠬᠣᠨᠢ ᠵᠠᠷᠤᠬᠤ ᠪᠡᠷ ᠪᠡᠯᠡᠳᠭᠡᠵᠦ᠍ ᠂ ᠰᠢᠨᠡᠯᠡᠬᠦ ᠡᠴᠡ ᠡᠮᠦᠨ᠎ᠡ ᠪᠦᠬᠦᠨ ᠢ᠋ ᠬᠤᠳᠠᠯᠳᠤᠵᠤ ᠳᠠᠭᠤᠰᠭᠠᠬᠤ ᠪᠠᠷ ᠲᠥᠯᠥᠪᠯᠡᠵᠦ᠍ ᠪᠠᠢᠨ᠎ᠠ᠃
ᠲᠠᠮᠤᠴᠢ ᠵᠢᠨ ᠲᠠᠯ᠎ᠠ ᠡᠴᠡ ᠬᠦᠬᠡᠬᠤᠳᠠ ᠵᠢᠨ ᠵᠠᠬ᠎ᠠ ᠵᠢ ᠵᠤᠷᠢᠬᠰᠠᠨ ᠮᠠᠯᠴᠢᠨ ᠰᠠᠢᠨ᠎ᠠ ᠵᠢᠨ ᠦᠯᠢᠭᠡᠷ ᠡᠢᠮᠤ ᠪᠠᠢᠨ᠎ᠠ᠃ ᠬᠥᠬᠡᠬᠣᠲᠠ ᠳ᠋ᠤ ᠰᠠᠢᠨ᠎ᠠ ᠮᠡᠲᠦ᠍ ᠶ᠋ᠢᠨ ᠬᠦᠮᠦᠨ ᠪᠠᠰᠠ ᠮᠠᠰᠢ ᠤᠯᠠᠨ ᠪᠤᠢ᠂ ᠲᠡᠳᠡ ᠬᠦᠳᠡᠬᠡ ᠨᠤᠲᠤᠭ ᠤ᠋ᠨ ᠬᠦᠮᠦᠰ ᠤ᠋ᠨ ᠡᠭᠡᠯ ᠪᠣᠷᠣᠭ᠍ᠵᠢᠭᠤᠨ ᠪᠦᠬᠡᠳ ᠲᠡᠰᠪᠦᠷᠢ ᠬᠠᠲᠠᠭᠤᠵᠢᠯᠲᠠᠢ ᠵᠠᠩ ᠠᠭᠠᠯᠢ ᠳ᠋ᠠᠭᠠᠨ ᠬᠦᠳᠦᠯᠦᠭᠳᠡᠨ᠂ ᠲᠦᠮᠡ ᠲᠦᠴᠢᠬᠢᠨᠡᠵᠦ ᠪᠤᠮᠠ ᠪᠤᠵᠢᠬᠢᠨᠠᠭᠰᠠᠨ ᠬᠤᠳᠠ ᠵᠢᠨ ᠤᠷᠴᠢᠨ ᠳ᠋ᠤ ᠠᠵᠠ ᠲᠣᠬᠢᠶᠠᠯ ᠤ᠋ᠨ ᠤᠷᠤᠨ ᠵᠠᠢ ᠬᠠᠢᠵᠤ᠂ ᠦᠪᠡᠷ ᠤ᠋ᠨ ᠬᠡᠰᠡᠨ ᠦᠢᠯᠡᠰ ᠤ᠋ᠨ ᠵᠠᠮ ᠵᠢᠡᠨ ᠬᠦᠴᠦᠯᠡᠨ ᠴᠤᠭᠴᠠᠯᠠᠬᠤ ᠳ᠋ᠤ ᠬᠦᠬᠡᠬᠤᠳᠠ ᠴᠸ᠋ ᠨᠡᠭᠡᠭᠡᠯᠲᠡᠲᠤ ᠣᠪᠣᠷ ᠶ᠋ᠢᠡᠷ ᠲᠡᠳᠡᠨ ᠢ᠋ ᠬᠦᠯᠢᠶᠠᠨ ᠠᠪᠴᠤ᠌ ᠪᠠᠢᠨ᠎ᠠ᠃ ᠬᠦᠬᠡᠬᠤᠳᠠ 《ᠠᠵᠢᠯ ᠣᠯᠭᠣᠯᠲᠠ ᠶ᠋ᠢ ᠠᠬᠢᠭᠤᠯᠬᠤ ᠲᠦᠷᠢᠮ 》 ᠵᠢᠡᠷ ᠬᠥᠳᠡᠭᠡ ᠲᠣᠰᠭᠣᠨ ᠤ᠋ ᠬᠥᠳᠡᠯᠮᠦᠷᠢ ᠬᠦᠴᠦ ᠵᠢᠨ ᠬᠦᠬᠡᠬᠤᠳᠠ ᠳ᠋ᠤ ᠢᠷᠡᠵᠤ ᠠᠵᠢᠯ ᠤᠯᠬᠤ ᠳ᠋ᠤ ᠲᠦᠷᠦ᠍ ᠶ᠋ᠢᠨ ᠪᠤᠳᠤᠯᠭ᠎ᠠ ᠶ᠋ᠢᠨ ᠳᠡᠮᠵᠢᠯᠭᠡ ᠬᠠᠩᠭᠠᠵᠤ᠂ ᠪᠠᠰᠠ ᠦᠢᠯᠡᠰ ᠪᠤᠰᠬᠠᠬᠤ ᠶ᠋ᠢ ᠲᠡᠳᠬᠦᠨ ᠳᠡᠮᠵᠢᠬᠦ᠌ ᠪᠦᠷᠢᠨ ᠲᠡᠭᠦᠯᠳᠡᠷ ᠱᠢᠰᠲ᠋ᠧᠮ ᠵᠢᠴᠢ ᠠᠵᠢᠯ ᠣᠯᠭᠣᠬᠤ ᠳᠥᠭᠥᠮ ᠳᠥᠲᠡ ᠦᠢᠯᠡᠴᠢᠯᠡᠭᠡ ᠪᠡᠷ ᠲᠠᠮᠵᠢᠨ ᠡᠯ᠎ᠠ ᠭᠠᠵᠠᠷ ᠡᠴᠡ ᠬᠦᠬᠡᠬᠤᠳᠠ ᠳ᠋ᠤ ᠢᠷᠡᠭᠰᠡᠨ ᠮᠠᠯᠴᠢᠨ ᠲᠠᠷᠢᠶᠠᠴᠢᠨ ᠤ᠋ ᠠᠳᠠᠯ ᠪᠤᠰᠬᠠᠵᠤ ᠦᠢᠯᠡᠰ ᠪᠦᠲᠦᠭᠡᠬᠦ ᠵᠠᠮ ᠢ᠋ ᠤᠯᠠᠮ ᠰᠠᠷᠠᠭᠤᠯ ᠳᠠᠷᠳᠠᠩ ᠪᠣᠯᠭᠠᠪᠠ᠃
ᠮᠠᠯᠴᠢᠨ ᠰᠠᠢᠨ᠎ᠠ ᠱᠢᠷᠭᠠᠭᠤ ᠬᠠᠢᠯᠳᠠ ᠪᠡᠷ ᠵᠢᠡᠨ ᠮᠠᠯ ᠤ᠋ᠨ ᠠᠰᠢᠭ ᠰᠢᠮ᠎ᠠ ᠵᠢᠨ ᠪᠤᠷᠤᠯᠠᠭᠤᠯᠭ᠎ᠠ ᠵᠢᠨ ᠠᠷᠭ᠎ᠠ ᠵᠠᠮ ᠢ᠋ ᠦᠷᠬᠡᠳᠬᠡᠵᠤ᠂ ᠦᠨᠡᠨᠴᠢ ᠢᠲᠡᠭᠡᠮᠵᠢ ᠪᠡᠷ ᠵᠢᠡᠨ ᠵᠠᠬ᠎ᠠ ᠳᠡᠯᠭᠡᠭᠦᠷ ᠦ᠋ᠨ ᠬᠦᠷᠢᠶᠡᠯᠡᠯ ᠢ᠋ ᠣᠯᠵᠤ᠂ ᠬᠠᠷᠢᠯᠴᠠᠨ ᠬᠠᠪᠰᠤᠷᠤᠯᠴᠠᠬᠤ ᠪᠠᠷ ᠡᠪ ᠨᠠᠢᠷ ᠤ᠋ᠨ ᠬᠦᠴᠦᠨ ᠢ᠋ ᠳᠠᠮᠵᠢᠭᠤᠯᠵᠤ ᠪᠠᠢᠨ᠎ᠠ᠃ ᠲᠡᠭᠦᠨ ᠤ᠋ ᠳᠡᠯᠭᠡᠭᠦᠷ ᠤᠳᠠᠯ ᠥᠬᠡᠶ ᠡᠭᠦᠳᠡ ᠪᠡᠨ ᠨᠡᠭᠡᠭᠡᠨ ᠡᠷᠦᠬᠡ ᠪᠡᠨ ᠰᠡᠭᠦᠵᠦ ᠂ ᠨᠠᠩ ᠣᠯᠠᠨ ᠨᠤᠳᠤᠭ ᠤ᠋ᠨ ᠭᠠᠷᠤᠯᠳᠠ ᠪᠠᠨ ᠬᠦᠬᠡᠬᠣᠲᠠ ᠶ᠋ᠢᠨ ᠬᠡᠷᠡᠭ᠌ᠯᠡᠭ᠌ᠴᠢᠳ ᠲᠦ᠍ ᠬᠦᠷᠳᠡᠬᠡᠨ᠂ ᠨᠠᠩ ᠣᠯᠠᠨ ᠨᠤᠲᠤᠭ ᠤ᠋ᠨ ᠠᠬ᠎ᠠ ᠳᠡᠭᠦᠦ᠍ ᠨᠡᠷ ᠵᠢᠡᠨ ᠳᠠᠢᠴᠢᠯᠠᠨ ᠬᠠᠮᠲᠤ ᠪᠠᠷ ᠪᠠᠶᠠᠵᠢᠬᠤ ᠵᠠᠮ ᠶ᠋ᠢᠡᠷ ᠵᠠᠮᠨᠠᠵᠤ ᠂ ᠦᠢᠯᠡᠰ ᠤ᠋ᠨ ᠮᠦᠷ ᠵᠢᠡᠨ ᠬᠥᠬᠡᠬᠣᠲᠠ ᠶ᠋ᠢᠨ ᠬᠠᠯᠠᠭᠤᠨ ᠬᠦᠷᠤᠰᠤᠨ ᠳ᠋ᠤ ᠨᠠᠩ ᠬᠦᠨ ᠲᠠᠮᠠᠭᠠᠯᠠᠬᠤ ᠵᠢ ᠬᠦᠰᠡᠨ ᠵᠦᠩᠨᠡᠶ᠎ᠠ!