ᠠᠵᠢᠯ ᠡᠴᠨ ᠪᠤᠯᠤᠭᠰᠠᠠ ᠬᠡᠮᠳᠤᠯ᠎ᠢ ᠬᠡᠷᠬᠢᠨ ᠮᠠᠭᠠᠳᠯᠠᠨ ᠳᠤᠭᠳᠠᠭᠠᠬᠤ ᠪᠤᠢ ?
2026-01-16 11:17:59
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠠᠯᠪᠠᠨ᠎ᠤ ᠲᠠᠯ᠎ᠠ᠎ᠠᠴᠠ ᠭᠡᠷ᠎ᠲᠡᠭᠡᠨ ᠰᠠᠭᠤᠵᠤ ᠠᠵᠢᠯᠯᠠᠬᠤ᠂ ᠠᠵᠢᠯ᠎ᠳᠠᠭᠠᠨ ᠭᠠᠷᠬᠤ ᠪᠠ ᠠᠵᠢᠯ᠎ᠠᠴᠠ ᠪᠡᠨ ᠪᠠᠭᠤᠬᠤ ᠵᠠᠮ᠎ᠳᠠᠭᠠᠨ ᠰᠢᠷᠬᠠᠲᠤᠪᠠᠯ ᠠᠵᠢᠯ᠎ᠠᠴᠠ ᠪᠣᠯᠤᠭᠰᠠᠨ ᠭᠡᠮᠲᠦᠯ ᠵᠢᠨᠷ ᠮᠠᠭᠠᠳᠯᠠᠨ ᠲᠣᠭᠲᠠᠭᠠᠵᠤ ᠪᠣᠯᠤᠨ᠎ᠠ ᠭᠡᠵᠦ᠍ ᠲᠣᠳᠣᠷᠬᠠᠶ᠋ᠢᠯᠠᠪᠠ᠃

ᠤᠢᠷ᠎ᠠ᠎ᠳᠤ᠂ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ᠎ᠶᠢᠨ ᠶᠠᠮᠤᠨ ᠡᠴᠨ 《ᠠᠵᠢᠯ᠎ᠠᠴᠠ ᠪᠣᠯᠤᠭᠰᠠᠨ ᠭᠡᠮᠲᠦᠯ᠎ᠤᠨ ᠳᠠᠭᠠᠳᠬᠠᠯ᠎ᠤᠨ ᠲᠦᠷᠢᠮ》 ᠢ᠋ ᠬᠡᠷᠡᠭᠵᠢᠭᠦᠯᠬᠦ᠌ ᠠᠰᠠᠭᠤᠳᠠᠯ᠎ᠤᠳ᠎ᠤᠨ ᠲᠤᠬᠠᠶ ᠰᠠᠨᠠᠯ (ᠭᠤᠷᠪᠠ) ᠢ᠋ ᠨᠡᠶ᠋ᠢᠲᠡᠯᠡᠵᠦ᠍᠂ ᠠᠵᠢᠯ᠎ᠠᠴᠠ ᠪᠣᠯᠤᠭᠰᠠᠨ ᠭᠡᠮᠲᠦᠯ᠎ᠤᠨ ᠳᠠᠭᠠᠳᠬᠠᠯ᠎ᠤᠨ ᠠᠰᠠᠭᠤᠳᠠᠯ᠎ᠢ ᠴᠢᠨᠠᠭᠰᠢᠳᠠ ᠰᠠᠢᠳᠤᠷ ᠰᠢᠢᠳᠪᠦᠷᠢᠯᠡᠵᠦ᠍᠂ ᠠᠵᠢᠯᠲᠠᠨ ᠠᠵᠢᠯᠴᠢᠨ ᠪᠠ ᠬᠥᠮᠦᠨ ᠬᠡᠷᠡᠭᠯᠡᠬᠦ᠌ ᠨᠢᠭᠡᠴᠢ᠎ᠶᠢᠨ ᠬᠠᠤᠯᠢ ᠶᠣᠰᠣᠨ᠎ᠤ ᠡᠷᠬᠡ ᠠᠰᠢᠭ᠎ᠢ ᠨᠠᠩ ᠰᠠᠶ᠋ᠢᠲᠤᠷ ᠪᠠᠲᠤᠯᠠᠬᠤ ᠬᠡᠷᠡᠭᠳᠡᠢ ᠭᠡᠪᠡ᠃

ᠰᠠᠨᠠᠯ (ᠭᠤᠷᠪᠠ) ᠳ᠋ᠥ᠍ ᠠᠵᠢᠯᠲᠠᠨ ᠠᠵᠢᠯᠴᠢᠨ᠎ᠤ ᠠᠵᠢᠯ᠎ᠠᠴᠠ ᠪᠣᠯᠤᠭᠰᠠᠨ ᠭᠡᠮᠲᠦᠯ᠎ᠢ ᠡᠮᠨᠡᠨ ᠵᠠᠰᠠᠬᠤ ᠳᠤᠮᠳᠠ ᠡᠮᠴᠢᠯᠡᠭᠡᠨ᠎ᠤ ᠡᠷᠬᠡ᠎ᠳᠤ ᠬᠠᠯᠳᠠᠭᠰᠠᠨ᠂ ᠭᠡᠷ᠎ᠲᠡᠭᠡᠨ ᠰᠠᠭᠤᠵᠤ ᠠᠵᠢᠯᠯᠠᠭᠰᠠᠨ᠂ ᠠᠵᠢᠯ᠎ᠳᠤ ᠭᠠᠷᠬᠤ ᠪᠠ ᠠᠵᠢᠯ᠎ᠠᠴᠠ ᠪᠡᠨ ᠪᠠᠭᠤᠬᠤ ᠵᠠᠮ ᠳ᠋ᠥ᠍ ᠡᠭᠦᠰᠦᠭᠰᠡᠨ ᠲᠤᠰ ᠬᠥᠮᠦᠨ᠎ᠤ ᠭᠣᠣᠯ ᠬᠠᠷᠢᠭᠤᠴᠠᠯᠭ᠎ᠠ᠎ᠶᠢᠨ ᠪᠤᠰᠤ ᠵᠠᠮ ᠬᠠᠷᠢᠯᠴᠠᠭᠠᠨ᠎ᠤ ᠡᠨᠳᠡᠯ ᠵᠡᠷᠭᠡ 5 ᠲᠥᠷᠥᠯ᠎ᠤᠨ ᠪᠠᠶ᠋ᠢᠳᠠᠯ ᠪᠦᠬᠦᠢ ᠠᠵᠢᠯ᠎ᠠᠴᠠ ᠪᠣᠯᠤᠭᠰᠠᠨ ᠭᠡᠮᠲᠦᠯ᠎ᠢ ᠮᠠᠭᠠᠳᠯᠠᠨ ᠲᠣᠭᠲᠠᠭᠠᠬᠤ ᠵᠢᠴᠢ ᠮᠠᠭᠠᠳᠯᠠᠨ ᠲᠣᠭᠲᠠᠭᠠᠬᠤ ᠦᠨᠳᠦᠰᠦᠯᠡᠯ᠎ᠢ ᠲᠣᠳᠣᠷᠬᠠᠶ᠋ᠢᠯᠠᠪᠠ᠃

ᠡᠭᠦᠨ᠎ᠳᠤ᠄

◆ ᠠᠵᠢᠯᠲᠠᠨ ᠠᠵᠢᠯᠴᠢᠨ ᠠᠵᠢᠯ᠎ᠤᠨ ᠬᠠᠷᠠᠭ᠎ᠠ᠎ᠪᠠᠷ ᠡᠨᠳᠡᠵᠤ ᠭᠡᠮᠲᠦᠭᠰᠡᠨ ᠪᠤᠶᠤ ᠠᠵᠢᠯ᠎ᠤᠨ ᠨᠥᠯᠥᠭᠡᠯᠡᠯ ᠵᠢᠡᠷ ᠡᠪᠡᠳᠴᠢᠨ ᠣᠯᠤᠭᠠᠳ ᠡᠮᠨᠡᠭᠦᠯᠬᠦ᠌ ᠶᠠᠪᠤᠴᠠ ᠎ᠳᠤ᠂ ᠡᠮᠴᠢᠯᠡᠭᠡᠨ᠎ᠤ ᠪᠠᠶ᠋ᠢᠭᠤᠯᠤᠮᠵᠢ᠎ᠶᠢᠨ ᠡᠮᠴᠢᠯᠡᠭᠡᠨ᠎ᠤ ᠡᠷᠬᠡ᠎ᠳᠤ ᠬᠠᠯᠳᠠᠭᠰᠠᠨ ᠶᠠᠪᠤᠳᠠᠯ ᠪᠠᠢᠪᠠᠯ᠂ ᠲᠠᠷᠠ᠎ᠨᠢ ᠤᠤᠯ᠎ᠤᠨ ᠠᠵᠢᠯ᠎ᠤᠨ ᠬᠠᠷᠠᠭ᠎ᠠ᠎ᠠᠴᠠ ᠪᠣᠯᠤᠭᠰᠠᠨ ᠭᠡᠮᠲᠦᠯ ᠪᠤᠶᠤ ᠠᠵᠢᠯ᠎ᠤᠨ ᠨᠥᠯᠥᠭᠡᠨ᠎ᠤ ᠡᠪᠡᠳᠴᠢᠨ᠎ᠢ ᠮᠠᠭᠠᠳᠯᠠᠨ ᠲᠣᠭᠲᠠᠭᠠᠬᠤ᠎ᠶᠢ ᠨᠥᠯᠥᠭᠡᠯᠡᠬᠦ᠌ ᠦᠭᠡᠢ;

◆ ᠪᠠᠢᠭᠤᠯᠭ᠎ᠠ ᠨᠢᠭᠡᠴᠢ᠎ᠶᠢᠨ ᠵᠢᠨᠨ ᠪᠠᠶ᠋ᠢᠷᠢᠯᠠᠭᠤᠯᠤᠯᠳᠠ ᠶᠣᠰᠣᠭᠠᠷ ᠠᠵᠢᠯᠲᠠᠨ ᠠᠵᠢᠯᠴᠢᠨ ᠭᠡᠷ᠎ᠲᠡᠭᠡᠨ ᠰᠠᠭᠤᠵᠤ ᠠᠵᠢᠯᠯᠠᠬᠤ ᠬᠤᠭᠤᠴᠠᠭᠠᠨ ᠳ᠋ᠠᠭᠠᠨ ᠦᠨᠡᠨ ᠬᠦ᠌ ᠠᠵᠢᠯ᠎ᠤᠨ ᠰᠢᠯᠲᠠᠭᠠᠨ᠎ᠠᠴᠠ ᠪᠣᠯᠵᠤ ᠡᠨᠳᠡᠵᠦ᠍ ᠭᠡᠮᠲᠦᠭᠰᠡᠨ᠎ᠢ ᠭᠡᠷᠡᠴᠢᠯᠡᠬᠦ᠌ ᠭᠦᠢᠴᠡᠳ ᠭᠡᠷᠡᠴᠢ ᠪᠠᠷᠢᠮᠲᠠ᠎ᠲᠠᠢ ᠪᠠᠶ᠋ᠢᠪᠠᠯ᠂ ᠭᠡᠷ᠎ᠲᠡᠭᠡᠨ ᠰᠠᠭᠤᠵᠤ ᠠᠵᠢᠯᠯᠠᠭᠰᠠᠨ ᠭᠡᠳᠡᠭ ᠰᠢᠯᠳᠠᠭ ᠵᠢᠨᠷ ᠲᠡᠭᠦᠨ᠎ᠤ ᠠᠵᠢᠯ᠎ᠠᠴᠠ ᠪᠣᠯᠤᠭᠰᠠᠨ ᠭᠡᠮᠲᠦᠯ᠎ᠢ ᠮᠠᠭᠠᠳᠯᠠᠨ ᠲᠣᠭᠲᠠᠭᠠᠬᠤ᠎ᠶᠢ ᠨᠥᠯᠥᠭᠡᠯᠡᠵᠦ᠍ ᠪᠣᠯᠬᠤ ᠦᠭᠡᠶ;

◆ ᠠᠵᠢᠯ᠎ᠳᠠᠭᠠᠨ ᠭᠠᠷᠬᠤ ᠪᠠ ᠠᠵᠢᠯ᠎ᠠᠴᠠ ᠪᠡᠨ ᠪᠠᠭᠤᠬᠤ ᠵᠠᠮ᠎ᠳᠠᠭᠠᠨ ᠲᠤᠰ ᠬᠥᠮᠦᠨ᠎ᠤ ᠭᠣᠣᠯ ᠬᠠᠷᠢᠭᠤᠴᠠᠯᠭ᠎ᠠ᠎ᠶᠢᠨ ᠪᠤᠰᠤ ᠵᠠᠮ ᠬᠠᠷᠢᠯᠴᠠᠭᠠᠨ᠎ᠤ ᠡᠨᠳᠡᠯ ᠭᠠᠷᠤᠬᠰᠠᠨ ᠪᠠᠶ᠋ᠢᠪᠠᠯ᠂ 《ᠲᠤᠰ ᠬᠥᠮᠦᠨ᠎ᠤ ᠭᠣᠣᠯ ᠬᠠᠷᠢᠭᠤᠴᠠᠯᠭ᠎ᠠ ᠪᠤᠰᠤ》 ᠡᠰᠡᠬᠦ ᠵᠢ ᠮᠠᠭᠠᠳᠯᠠᠨ ᠲᠣᠭᠲᠠᠭᠠᠬᠤ᠎ᠳᠤ ᠳᠣᠲᠣᠭᠠᠳᠤ᠎ᠶᠢ ᠬᠠᠮᠠᠭᠠᠯᠠᠬᠤ ᠪᠠᠶ᠋ᠢᠭᠤᠯᠭ᠎ᠠ᠎ᠶᠢᠨ ᠵᠠᠮ ᠬᠠᠷᠢᠯᠴᠠᠭᠠᠨ᠎ᠤ ᠬᠠᠮᠢᠶᠠᠷᠤᠯᠲᠠ ᠵᠢᠨ ᠳᠤᠬᠠᠢ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠨ ᠭᠠᠷᠭᠠᠭᠰᠠᠨ ᠬᠠᠤᠯᠢ ᠴᠠᠭᠠᠵᠠ᠎ᠶᠢᠨ ᠪᠢᠴᠢᠭ ᠮᠠᠲᠸᠷᠢᠶᠠᠯ ᠪᠤᠶᠤ ᠠᠷᠠᠳ᠎ᠤᠨ ᠰᠢᠭᠦᠬᠦ᠌ ᠬᠣᠷᠢᠶᠠᠨ᠎ᠤ ᠬᠦᠴᠦᠨ᠎ᠲᠠᠢ ᠪᠣᠯᠤᠭᠰᠠᠨ ᠲᠣᠭᠲᠠᠭᠠᠯᠲᠠ᠎ᠪᠠᠷ ᠦᠨᠳᠦᠰᠦᠯᠡᠯ ᠪᠣᠯᠭᠠᠬᠤ ᠬᠡᠷᠡᠭᠲᠡᠢ ᠵᠡᠷᠭᠡ ᠠᠭᠤᠯᠭ᠎ᠠ ᠪᠠᠭᠳᠠᠵᠤ ᠪᠤᠢ᠃  

(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号