ᠬᠣᠷᠢᠳᠤᠭᠠᠷ ᠬᠤᠭᠤᠴᠠᠭᠠᠨ᠎ᠤ ᠲᠥᠪ᠎ᠦᠨ ᠰᠠᠬᠢᠯᠭ᠎ᠠ ᠪᠠᠲᠤ ᠪᠠᠢᠴᠠᠭᠠᠬᠤ ᠬᠤᠷᠢᠶ᠎ᠠ ᠵᠢᠨ ᠲᠠᠪᠤᠳᠤᠭᠠᠷ ᠪᠦᠬᠦᠳᠠ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ᠄ 《ᠨᠠᠮ᠎ᠤᠨ ᠥᠪᠡᠷ ᠪᠡᠶ᠎ᠡ᠎ᠵᠢᠨ ᠬᠤᠪᠢᠰᠬᠠᠯ ᠬᠢᠬᠦ᠎ᠶᠢᠨ ᠭᠣᠣᠯᠳᠠᠯᠭ᠎ᠠ ᠨᠢ ᠡᠷᠬᠡ᠎ᠶᠢ ᠵᠠᠰᠠᠬᠤ᠎ᠳᠤ ᠪᠠᠢᠨ᠎ᠠ᠂ ᠡᠷᠬᠡ᠎ᠶᠢ ᠳᠦᠷᠢᠮ᠎ᠦᠨ ᠰᠢᠩᠭᠡᠯᠢᠭ᠎ᠲᠦ ᠬᠣᠷᠢᠬᠤ ᠪᠣᠯ ᠰᠢᠨ᠎ᠡ ᠴᠠᠭ ᠦᠶ᠎ᠡ᠎ᠶᠢᠨ ᠪᠦᠬᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶᠢᠨ ᠴᠢᠬᠤᠯᠠ ᠡᠭᠦᠷᠭᠡ ᠪᠣᠯᠣᠨ᠎ᠠ》 ᠭᠡᠵᠦ ᠵᠢᠭᠠᠵᠤ ᠭᠠᠷᠭᠠᠪᠠ᠃
2025 ᠣᠨ᠎ᠤ 《7·1》 ᠡᠴᠡ ᠡᠮᠦᠨᠡᠬᠡᠨ᠂ ᠲᠥᠪ ᠬᠤᠷᠢᠶ᠎ᠠ ᠵᠢᠨ ᠤᠯᠤᠰ ᠲᠥᠷᠥ᠎ᠶᠢᠨ ᠲᠣᠪᠴᠢᠶᠠᠨ᠎ᠤ ᠬᠠᠮᠲᠤ᠎ᠶᠢᠨ ᠰᠤᠷᠤᠯᠴᠠᠯᠭ᠎ᠠ᠎ᠶᠢ ᠡᠷᠭᠢᠯᠡᠬᠦ᠎ᠳᠡᠭᠡᠨ ᠶᠡᠷᠦᠩᠬᠡᠢ ᠱᠦᠵᠢ᠂ ᠦᠷᠭᠦᠯᠵᠢᠯᠡᠨ ᠴᠢᠷᠮᠠᠢᠬᠤ᠎ᠪᠠᠷ ᠳᠠᠮᠵᠢᠭᠤᠯᠤᠨ᠂ ᠡᠷᠬᠡ᠎ᠶᠢ ᠦᠨᠡᠨ ᠬᠦ᠌ ᠳᠦᠷᠢᠮ᠎ᠦᠨ ᠰᠢᠩᠭᠡᠯᠢᠭ᠎ᠲᠦ ᠬᠣᠷᠢᠵᠤ᠂ 《ᠦᠬᠡᠷ᠎ᠦᠨ ᠬᠠᠰᠢᠶᠠᠨ᠎ᠳᠤ ᠮᠤᠤᠷᠢ ᠬᠣᠷᠢᠬᠤ》᠂ 《ᠴᠠᠭᠠᠰᠤᠨ ᠰᠢᠩᠭᠡᠯᠢᠭᠵᠢᠡᠷ ᠪᠠᠷᠰ᠎ᠢ ᠬᠠᠰᠢᠬᠤ》 ᠡᠴᠡ ᠪᠦᠲᠦᠮᠵᠢᠲᠡᠶ ᠵᠠᠢᠯᠠᠰᠬᠢᠵᠦ᠂ ᠡᠷᠬᠡ᠎ᠪᠡᠷ᠎ᠢᠶᠡᠨ ᠠᠰᠢᠭ᠋ ᠬᠣᠨᠵᠢᠪᠤᠷᠢ ᠣᠯᠬᠤ ᠣᠷᠣᠨ ᠵᠠᠢ᠎ᠶᠢ ᠬᠠᠮᠤᠭ᠎ᠤᠨ ᠶᠡᠬᠡ ᠬᠡᠮᠵᠢᠶ᠎ᠡ᠎ᠪᠡᠷ ᠪᠠᠭᠠᠰᠬᠠᠬᠤ ᠬᠡᠷᠡᠭᠲᠡᠢ ᠭᠡᠵᠦ ᠴᠢᠬᠤᠯᠠᠴᠢᠯᠠᠪᠠ᠃
ᠬᠠᠤᠯᠢ ᠲᠣᠭᠲᠠᠭᠠᠯ ᠳᠦᠷᠢᠮ ᠨᠢ ᠦᠨᠳᠦᠰᠦᠨ ᠴᠢᠨᠠᠷ᠂ ᠪᠦᠬᠦ ᠲᠠᠯ᠎ᠠ᠎ᠶᠢᠨ ᠴᠢᠨᠠᠷ᠂ ᠲᠣᠭᠲᠠᠪᠤᠷᠢᠲᠤ ᠴᠢᠨᠠᠷ᠂ ᠤᠷᠲᠤ ᠬᠤᠭᠤᠴᠠᠭᠠᠲᠤ ᠴᠢᠨᠠᠷᠲᠠᠢ ᠶᠤᠮ᠃ ᠨᠠᠮ᠎ᠤᠨ ᠳᠣᠲᠣᠭᠠᠳᠤ᠎ᠶᠢᠨ ᠬᠠᠤᠯᠢ ᠲᠣᠭᠲᠠᠭᠠᠯ ᠳᠦᠷᠢᠮ᠎ᠦᠨ ᠪᠠᠢᠭᠤᠯᠤᠯᠲᠠ᠎ᠶᠢ ᠴᠢᠩᠭᠠᠳᠬᠠᠬᠤ ᠪᠣᠯ ᠪᠦᠬᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶᠢᠨ ᠠᠯᠤᠰ ᠬᠡᠳᠦ᠎ᠶᠢᠨ ᠪᠣᠳᠣᠯᠭ᠎ᠠ᠂ ᠦᠨᠳᠦᠰᠦᠨ ᠪᠣᠳᠣᠯᠭ᠎ᠠ ᠮᠥᠨ᠃
ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠡᠴᠡ ᠨᠠᠭᠠᠰᠢ᠂ ᠶᠡᠷᠦᠩᠬᠡᠢ ᠱᠦᠵᠢ ᠰᠢ ᠵᠢᠨ ᠫᠢᠩ ᠰᠢᠨ᠎ᠡ ᠴᠠᠭ ᠦᠶ᠎ᠡ᠎ᠶᠢᠨ ᠨᠠᠮ᠎ᠤᠨ ᠪᠠᠢᠭᠤᠯᠤᠯᠲᠠ᠎ᠶᠢᠨ ᠶᠡᠷᠦᠩᠬᠡᠢ ᠱᠠᠭᠠᠷᠳᠠᠯᠭ᠎ᠠ᠎ᠶᠢ ᠲᠣᠳᠣᠷᠬᠠᠢ ᠳᠤᠷᠠᠳᠴᠤ᠂ 《ᠳᠦᠷᠢᠮ᠎ᠦᠨ ᠪᠠᠢᠭᠤᠯᠤᠯᠲᠠ᠎ᠶᠢ ᠡᠭᠦᠨ᠎ᠳᠦ ᠲᠤᠭᠤᠱᠢᠯᠠᠭᠤᠯᠬᠤ ᠬᠡᠷᠡᠭᠲᠡᠢ》 ᠭᠡᠵᠦ ᠴᠢᠬᠤᠯᠠᠴᠢᠯᠠᠪᠠ᠃ ᠡᠷᠬᠡ᠎ᠶᠢᠨ ᠠᠵᠢᠯᠯᠠᠭ᠎ᠠ᠎ᠨᠢ ᠵᠢᠷᠤᠮᠵᠢᠭᠤᠯᠵᠤ᠂ ᠳᠦᠷᠢᠮ᠎ᠦᠨ ᠬᠠᠩᠭᠠᠯᠭ᠎ᠠ᠎ᠶᠢ ᠴᠢᠩᠭᠠᠳᠬᠠᠵᠤ᠂ ᠠᠯᠤᠰ ᠬᠡᠳᠦ᠎ᠶᠢ ᠪᠣᠳᠣᠯᠬᠢᠯᠠᠵᠤ᠂ ᠭᠦᠨ ᠭᠦᠨᠵᠡᠭᠡᠢ ᠪᠣᠳᠣᠯᠬᠢᠯᠠᠬᠤ ᠬᠡᠷᠡᠭᠲᠡᠢ᠃
2013 ᠣᠨ᠎ᠳᠤ᠂ ᠾᠸᠪᠸᠢ ᠮᠤᠵᠢ᠎ᠶᠢᠨ ᠨᠠᠮ᠎ᠤᠨ ᠤᠯᠠᠨ ᠲᠦᠮᠡᠨᠴᠢ ᠱᠤᠭᠤᠮ᠎ᠤᠨ ᠬᠥᠮᠦᠵᠢᠯ ᠦᠢᠯᠡᠳᠦᠯᠭᠡ᠎ᠶᠢᠨ ᠠᠵᠢᠯᠯᠠᠭ᠎ᠠ᠎ᠶᠢ ᠪᠠᠢᠴᠠᠭᠠᠨ ᠰᠤᠳᠤᠯᠵᠤ ᠵᠢᠭᠠᠨ ᠵᠢᠯᠤᠭᠣᠳᠬᠤ᠎ᠳᠠᠭᠠᠨ᠂ ᠶᠡᠷᠦᠩᠬᠡᠢ ᠱᠦᠵᠢ ᠰᠢ ᠵᠢᠨ ᠫᠢᠩ 《ᠦᠬᠡᠷ᠎ᠦᠨ ᠬᠠᠰᠢᠶᠠᠨ᠎ᠳᠤ ᠮᠤᠤᠷᠢ ᠬᠣᠷᠢᠬᠤ》 ᠪᠠ 《ᠮᠠᠨᠠᠭᠤᠬᠠᠢ》 ᠵᠢᠨ ᠵᠦᠢᠷᠯᠡᠯ᠎ᠢᠶᠡᠷ᠂ ᠳᠦᠷᠢᠮ᠎ᠦᠨ ᠪᠠᠢᠭᠤᠯᠤᠯᠲᠠ ᠪᠠ ᠳᠦᠷᠢᠮ᠎ᠢ ᠬᠡᠷᠡᠭᠵᠢᠭᠦᠯᠬᠦ᠎ᠶᠢᠨ ᠴᠢᠬᠤᠯᠠ ᠴᠢᠨᠠᠷ ᠲᠤᠯᠭᠠᠮ ᠴᠢᠨᠠᠷ᠎ᠢ ᠵᠢᠭᠠᠵᠤ ᠭᠠᠷᠭᠠᠪᠠ᠄
《ᠳᠦᠷᠢᠮ ᠲᠣᠭᠲᠠᠭᠠᠯ ᠲᠣᠭᠲᠠᠭᠠᠬᠤ ᠪᠣᠯ ᠲᠤᠢᠯ᠎ᠤᠨ ᠴᠢᠬᠤᠯᠠ ᠶᠤᠮ᠂ ᠰᠢᠩᠭᠡᠯᠢᠭ᠎ᠢ ᠴᠢᠩᠭ᠎ᠠ ᠰᠢᠬ ᠰᠦᠯᠵᠢᠬᠦ ᠬᠡᠷᠡᠭᠲᠡᠢ᠂ ᠦᠬᠡᠷ᠎ᠦᠨ ᠬᠠᠰᠢᠶᠠᠨ᠎ᠳᠤ ᠮᠤᠤᠷᠢ ᠬᠣᠷᠢᠵᠤ ᠳᠡᠶ᠋ᠢᠯᠬᠦ ᠦᠭᠡᠢ ᠶᠤᠮ᠂ ᠵᠠᠢ ᠵᠠᠪᠰᠠᠷ ᠨᠢ ᠳᠡᠩᠳᠡᠭᠦᠦ ᠶᠡᠬᠡ ᠪᠣᠯᠬᠤᠷ ᠮᠤᠤᠷ ᠴᠢᠯᠦᠭᠡᠲᠡᠢ ᠤᠷᠤᠵᠤ ᠭᠠᠷᠴᠤ ᠳᠡᠢᠯᠦᠨ᠎ᠡ》᠂ 《ᠵᠠᠷᠢᠮ ᠲᠦᠷᠦ᠎ᠶᠢᠨ ᠪᠣᠳᠣᠯᠭ᠎ᠠ ᠲᠣᠭᠲᠠᠭᠠᠯ ᠨᠢ ᠬᠢᠵᠠᠭᠠᠷᠯᠠᠬᠤ ᠴᠢᠨᠠᠷᠲᠠᠢ ᠶᠤᠮ᠂ ᠵᠠᠷᠢᠮ ᠲᠣᠳᠣᠷᠬᠠᠢᠯᠠᠯᠲᠠ ᠨᠢ ᠬᠠᠲᠠᠭᠤ ᠱᠠᠭᠠᠷᠳᠠᠯᠭ᠎ᠠ ᠪᠤᠯᠬᠤ ᠪᠤᠯᠪᠠᠴᠤ ᠬᠠᠷᠢᠨ 〈ᠮᠠᠨᠠᠭᠤᠬᠠᠢ〉 ᠪᠣᠯᠵᠤ᠂ ᠦᠵᠡᠮᠦᠷᠢ ᠪᠣᠯᠵᠠᠢ》᠃
《ᠦᠬᠡᠷ᠎ᠦᠨ ᠬᠠᠰᠢᠶᠠᠨ᠎ᠳᠦ ᠮᠤᠤᠷᠢ ᠬᠣᠷᠢᠬᠤ》 ᠡᠴᠡ ᠵᠠᠢᠯᠠᠰᠬᠢᠬᠤ᠎ᠳᠦ᠂ ᠨᠠᠮ᠎ᠤᠨ ᠳᠣᠲᠣᠭᠠᠳᠤ᠎ᠶᠢᠨ ᠬᠠᠤᠯᠢ ᠲᠣᠭᠲᠠᠭᠠᠯ᠎ᠤᠨ ᠳᠦᠷᠢᠮ᠎ᠦᠨ ᠪᠠᠢᠭᠤᠯᠤᠯᠲᠠ᠎ᠶᠢᠨ ᠤᠨᠤᠯ᠎ᠤᠨ ᠰᠤᠳᠤᠯᠭᠠᠨ ᠪᠠ ᠬᠣᠷᠸ᠎ᠠ ᠵᠢᠷᠤᠭ ᠲᠥᠯᠥᠪᠯᠡᠭᠡ᠎ᠶᠢ ᠴᠢᠩᠭᠠᠳᠬᠠᠵᠤ᠂ ᠲᠣᠭᠲᠠᠮᠠᠯ ᠬᠤᠭᠤᠴᠠᠭ᠎ᠠ ᠲᠠᠢ᠎ᠪᠠᠷ ᠦᠨᠡᠯᠡᠨ ᠵᠢᠱ᠌ᠢᠬᠦ᠂ ᠴᠡᠪᠡᠷᠯᠡᠬᠦ᠂ ᠵᠠᠰᠠᠪᠤᠷᠢ ᠣᠷᠣᠭᠤᠯᠬᠤ ᠲᠣᠭᠲᠡᠴᠡ᠎ᠶᠢ ᠪᠤᠢ ᠪᠣᠯᠭᠠᠵᠤ᠂ ᠨᠦᠬᠦᠪᠦᠷᠢᠯᠡᠬᠦ ᠶᠣᠰᠣᠲᠠᠢ᠎ᠶᠢ ᠨᠢ ᠨᠦᠬᠦᠪᠦᠷᠢᠯᠡᠵᠦ᠂ ᠬᠣᠯᠪᠣᠬᠤ ᠶᠣᠰᠣᠲᠠᠢ᠎ᠶᠢ ᠨᠢ ᠬᠣᠯᠪᠣᠵᠤ᠂ ᠰᠣᠯᠢᠬᠤ ᠶᠣᠰᠣᠲᠠᠢ᠎ᠶᠢ ᠨᠢ ᠰᠣᠯᠢᠵᠤ᠂ ᠨᠠᠮ᠎ᠤᠨ ᠳᠣᠲᠣᠭᠠᠳᠤ᠎ᠶᠢᠨ ᠡᠯ᠎ᠡ ᠵᠦᠢᠯ᠎ᠦᠨ ᠬᠠᠤᠯᠢ ᠲᠣᠭᠲᠠᠭᠠᠯ ᠳᠦᠷᠢᠮ᠎ᠢ ᠲᠦᠬᠦᠮ ᠪᠥᠭᠡᠳ ᠲᠤᠰᠠᠲᠠᠢ ᠪᠣᠯᠭᠠᠵᠤ᠂ ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠬᠤ ᠳᠤᠮᠳᠠ ᠨᠡᠩ ᠶᠡᠬᠡ ᠦᠢᠯᠡᠳᠦᠯ᠎ᠢ ᠪᠠᠳᠠᠷᠠᠭᠤᠯᠬᠤ ᠬᠡᠷᠡᠭᠲᠡᠢ᠃
ᠰᠢᠨ᠎ᠡ ᠴᠠᠭ ᠦᠶ᠎ᠡ᠎ᠡᠴᠡ ᠨᠠᠭᠠᠰᠢ᠂ ᠨᠠᠮ᠎ᠤᠨ ᠲᠥᠪ ᠬᠣᠷᠢᠶ᠎ᠠ ᠳᠦᠷᠢᠮ᠎ᠢᠶᠡᠷ ᠨᠠᠮ᠎ᠢ ᠵᠠᠰᠠᠬᠤ᠂ ᠲᠣᠭᠲᠠᠭᠠᠯ᠎ᠢᠶᠠᠷ ᠨᠠᠮ᠎ᠢ ᠵᠠᠰᠠᠬᠤ᠎ᠶᠢ ᠪᠠᠷᠢᠮᠲᠠᠯᠠᠵᠤ᠂ ᠰᠢᠰᠲᠧᠮ ᠨᠢ ᠪᠦᠷᠢᠨ ᠲᠡᠭᠦᠯᠳᠡᠷ᠂ ᠰᠢᠨᠵᠢᠯᠡᠬᠦ ᠤᠬᠠᠭᠠᠨᠴᠢ ᠪᠥᠭᠡᠳ ᠵᠢᠷᠤᠮᠵᠢᠭᠤᠨ᠂ ᠠᠵᠢᠯᠯᠠᠭᠠᠨ ᠨᠢ ᠪᠦᠲᠦᠮᠵᠢᠲᠡᠢ ᠳᠦᠷᠢᠮ᠎ᠦᠨ ᠰᠢᠰᠲᠧᠮ᠎ᠢ ᠴᠢᠷᠮᠠᠢᠨ ᠪᠠᠢᠭᠤᠯᠵᠤ᠂ ᠳᠦᠷᠢᠮ᠎ᠦᠨ ᠰᠢᠩᠭᠡᠯᠢᠭ᠎ᠢ ᠲᠠᠰᠤᠷᠠᠯᠳᠡ ᠦᠭᠡᠢ ᠨᠢᠭ᠍ᠲᠠ ᠰᠦᠯᠵᠢᠪᠡ᠃ 2021 ᠣᠨ᠎ᠳᠤ᠂ ᠶᠡᠷᠦᠩᠬᠡᠢ ᠱᠦᠵᠢ ᠰᠢ᠎ᠶᠢᠨ ᠫᠢᠩ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭᠳᠠᠭᠰᠠᠨ 100 ᠵᠢᠯ᠎ᠦᠨ ᠤᠢ᠎ᠶᠢ ᠪᠡᠯᠭᠡᠯᠡᠬᠦ ᠶᠡᠬᠡ ᠬᠤᠷᠠᠯ ᠳᠡᠭᠡᠷ᠎ᠡ᠂ ᠮᠠᠨ᠎ᠤ ᠨᠠᠮ ᠨᠢᠭᠡᠨᠲᠡ 《ᠨᠡᠯᠢᠶᠡᠳ ᠪᠦᠷᠢᠨ ᠲᠡᠭᠦᠯᠳᠡᠷ ᠨᠠᠮ᠎ᠤᠨ ᠳᠣᠲᠣᠭᠠᠳᠤ᠎ᠶᠢᠨ ᠬᠠᠤᠯᠢ ᠲᠣᠭᠲᠠᠭᠠᠯ᠎ᠤᠨ ᠰᠢᠰᠲᠧᠮ᠎ᠢ ᠪᠦᠷᠢᠯᠳᠦᠭᠦᠯᠵᠡᠢ》 ᠭᠡᠵᠦ ᠨᠡᠢᠲᠡᠯᠡᠪᠡ᠃
ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠡᠴᠡ ᠰᠡᠭᠦᠯᠡᠷ ᠨᠠᠮ᠎ᠤᠨ ᠲᠥᠪ ᠬᠣᠷᠢᠶ᠎ᠡ ᠵᠢᠨ ᠲᠣᠭᠲᠠᠭᠠᠭᠰᠠᠨ ᠠᠩᠬᠠᠳᠠᠭ᠍ᠴᠢ ᠴᠢᠬᠤᠯᠠ ᠨᠠᠮ᠎ᠤᠨ ᠳᠣᠲᠣᠭᠠᠳᠤ᠎ᠶᠢᠨ ᠬᠠᠤᠯᠢ ᠲᠣᠭᠲᠠᠭᠠᠯ ᠪᠣᠯᠤᠭᠰᠠᠨ᠎ᠤ ᠬᠤᠪᠢ᠎ᠳᠤ᠂ ᠲᠥᠪ᠎ᠤᠨ ᠨᠠᠢ᠍ᠮᠠᠨ ᠲᠣᠭᠲᠠᠭᠠᠯ ᠨᠢ ᠪᠠᠭ᠎ᠠ ᠠᠷᠭ᠎ᠠ ᠪᠡᠷ ᠶᠡᠬᠡ ᠬᠤᠪᠢᠷᠠᠯᠲᠠ ᠵᠢ ᠭᠠᠷᠭᠠᠵᠤ᠂ ᠨᠠᠮ᠎ᠤᠨ ᠰᠤᠷᠲᠠᠯ ᠵᠠᠰᠠᠭ᠎ᠤᠨ ᠰᠤᠷᠲᠠᠯ᠂ ᠨᠡᠢᠭᠡᠮ᠎ᠦᠨ ᠰᠤᠷᠲᠠᠯ ᠠᠷᠠᠳ᠎ᠤᠨ ᠰᠤᠷᠲᠠᠯ ᠰᠢᠨᠡᠳᠦᠨ ᠬᠤᠪᠢᠷᠠᠭᠰᠠᠨ ᠪᠠᠢᠨ᠎ᠠ᠃
ᠳᠦᠷᠢᠮ᠎ᠦᠨ ᠠᠮᠢᠵᠢᠷᠠᠯ᠎ᠤᠨ ᠬᠦᠴᠦᠨ ᠨᠢ ᠬᠡᠷᠡᠭᠵᠢᠭᠦᠯᠬᠦ᠎ᠳᠦ ᠪᠤᠢ᠃
《ᠴᠠᠭᠠᠰᠤᠨ ᠰᠢᠩᠭᠡᠯᠢᠭ ᠵᠢᠡᠷᠪᠠᠷᠰᠢ ᠬᠠᠰᠢᠬᠤ》 ᠭᠡᠳᠡᠭ ᠨᠢ ᠵᠠᠷᠢᠮ ᠬᠠᠤᠯᠢ ᠳᠦᠷᠢᠮ ᠨᠢ ᠦᠵᠡᠬᠦ᠎ᠳᠦ ᠪᠦᠷᠢᠨ ᠲᠡᠭᠦᠯᠳᠡᠷ ᠪᠣᠯᠪᠠᠴᠤ ᠬᠠᠲᠠᠭᠤ ᠴᠢᠨᠠᠷ᠎ᠢᠶᠠᠷ ᠳᠤᠲᠠᠮᠠᠭ᠂ ᠨᠡᠷ᠎ᠡ᠎ᠶᠢᠨ ᠲᠡᠳᠦᠢ ᠤᠷᠤᠰᠢᠳᠠᠭᠢ ᠵᠢᠭᠠᠵᠤ ᠪᠤᠢ᠃ ᠳᠦᠷᠢᠮ᠎ᠢ ᠲᠣᠭᠲᠠᠭᠠᠪᠠᠯ ᠡᠷᠡᠰ ᠬᠡᠷᠡᠭᠵᠢᠭᠦᠯᠬᠦ ᠬᠡᠷᠡᠭᠲᠡᠢ᠂ ᠡᠰᠡᠪᠡᠰᠦ 《ᠡᠪᠳᠡᠷᠬᠡᠢ ᠴᠣᠩᠬᠣᠨ᠎ᠤ ᠦᠢᠯᠡᠳᠦᠯ》 ᠠᠮᠠᠷᠬᠠᠨ ᠪᠤᠢ ᠪᠣᠯᠣᠨ᠎ᠠ᠃ 《ᠨᠢᠭᠡ ᠬᠡᠰᠡᠭ ᠰᠢᠯᠢ ᠬᠠᠭᠠᠯᠤᠭᠠᠳ ᠬᠠᠮᠢᠶᠠᠷᠬᠤ ᠬᠥᠮᠥᠨ ᠦᠭᠡᠢ ᠪᠣᠯᠪᠠᠯ ᠡᠴᠦᠰ᠎ᠲᠦᠨᠢ ᠪᠤᠶ ᠪᠦᠬᠦᠢ ᠰᠢᠯᠢ ᠪᠦᠷ ᠬᠠᠭᠠᠯᠴᠢᠬᠠᠳᠠᠭ᠂ ᠤᠴᠢᠷ ᠨᠢ ᠰᠢᠯᠢ ᠬᠠᠭᠠᠯᠤᠭᠠᠳ ᠶᠠᠯᠠᠯᠠᠭᠳᠠᠬᠤ ᠦᠭᠡᠢ ᠪᠠᠢᠳᠠᠭ》᠃
ᠶᠡᠷᠦᠩᠬᠡᠢ ᠱᠦᠵᠢ ᠰᠢ᠎ᠶᠢᠨ ᠫᠢᠩ᠂ ᠳᠦᠷᠢᠮ ᠲᠣᠭᠲᠠᠭᠠᠬᠤ ᠪᠣᠯ ᠮᠠᠰᠢ ᠴᠢᠬᠤᠯᠠ᠂ ᠨᠠᠩ ᠴᠢᠬᠤᠯᠠ ᠨᠢ ᠨᠠᠢᠳᠠᠪᠤᠷᠢᠵᠢᠭᠤᠯᠤᠯᠲᠠ᠎ᠶᠢ ᠠᠳᠬᠤᠬᠤ ᠶᠠᠪᠤᠳᠠᠯ ᠮᠦᠨ᠂ ᠶᠢᠰᠦᠨ ᠬᠤᠪᠢ᠎ᠶᠢᠨ ᠬᠦᠴᠦᠨ᠎ᠢ ᠡᠭᠦᠨ᠎ᠳᠦ ᠵᠠᠷᠤᠴᠠᠭᠤᠯᠬᠤ ᠬᠡᠷᠡᠭᠲᠡᠢ ᠭᠡᠵᠤ ᠴᠢᠬᠤᠯᠠᠴᠢᠯᠠᠪᠠ᠃
《ᠴᠢᠶᠠᠨ ᠲᠠᠩ ᠵᠢᠶᠠᠩ᠎ᠤᠨ ᠱᠢᠨ᠎ᠡ ᠦᠭᠦᠯᠡᠮᠵᠢ》 ᠳ᠋ᠡᠬᠢ 《ᠲᠦᠷᠢᠮ᠎ᠢ 〈ᠮᠠᠨᠠᠭᠤᠬᠠᠶ〉 ᠪᠣᠯᠭᠠᠵᠤ ᠪᠣᠯᠬᠤ ᠦᠭᠡᠢ》 ᠭᠡᠬᠦ᠌ ᠵᠣᠬᠢᠶᠠᠯ᠎ᠳᠤ᠄ ᠡᠯ᠎ᠡ ᠵᠦᠢᠯ᠎ᠦᠨ ᠲᠦᠷᠢᠮ᠎ᠢ ᠲᠣᠭ᠍ᠲᠠᠭᠠᠪᠠᠯ ᠪᠠᠷᠢᠨ ᠬᠡᠷᠡᠭ᠌ᠵᠢᠭᠦᠯᠵᠦ᠍᠂ ᠴᠢᠩᠭ᠎ᠠ ᠬᠡᠷᠡᠭ᠌ᠵᠢᠭᠦᠯᠬᠦ᠌ ᠬᠡᠷᠡᠭ᠌ᠲᠡᠶ᠂ ᠠᠮᠠᠨ ᠳᠡᠭᠡᠷ᠎ᠡ᠎ᠪᠡᠨ ᠬᠡᠯᠡᠵᠦ᠍᠂ ᠬᠡᠷᠡᠮ ᠳᠡᠭᠡᠷ᠎ᠡ᠎ᠪᠡᠨ ᠡᠯᠭᠦᠵᠦ᠍᠂ ᠴᠠᠭᠠᠰᠤᠨ ᠳᠡᠭᠡᠷ᠎ᠡ ᠪᠢᠴᠢᠵᠦ᠍᠂ ᠲᠦᠷᠢᠮ᠎ᠢ 《ᠮᠠᠨᠠᠭᠤᠬᠠᠶ》 ᠪᠣᠯᠭᠠᠵᠤ ᠪᠣᠯᠬᠤ ᠦᠭᠡᠢ᠂ ᠬᠠᠷᠢᠨ ᠪᠣᠳᠠᠲᠤ ᠠᠵᠢᠯᠯᠠᠭ᠎ᠠ ᠳᠡᠭᠡᠷ᠎ᠡ᠎ᠪᠡᠨ ᠨᠠᠢᠳᠠᠪᠤᠷᠢᠵᠢᠭᠤᠯᠵᠤ᠂ ᠪᠣᠳᠠᠲᠠᠶ ᠠᠵᠢᠯ᠎ᠳᠠᠭᠠᠨ ᠢᠯᠡᠷᠡᠭᠦᠯᠬᠦ᠌ ᠬᠡᠷᠡᠭ᠌ᠲᠡᠶ ᠭᠡᠵᠦ ᠪᠢᠴᠢᠪᠡ᠃
2025 ᠣᠨ᠎ᠳᠤ ᠣᠷᠣᠨ ᠨᠤᠲᠤᠭ᠎ᠲᠤ ᠱᠢᠨᠵᠢᠯᠡᠨ ᠪᠠᠢᠴᠠᠭᠠᠬᠤ᠎ᠳᠠᠭᠠᠨ᠂ ᠶᠡᠷᠦᠩᠬᠡᠶ ᠱᠦᠵᠢ 《ᠣᠪᠣᠷ ᠰᠤᠷᠲᠠᠯ᠎ᠤᠨ ᠬᠠᠲᠠᠭᠤ ᠱᠠᠭᠠᠷᠳᠠᠯᠭ᠎ᠠ ᠵᠢ ᠬᠠᠲᠠᠭᠤ ᠠᠷᠭ᠎ᠠ ᠬᠡᠮᠵᠢᠶ᠎ᠡ ᠪᠣᠯᠭᠠᠨ ᠬᠤᠪᠢᠷᠠᠭᠤᠯᠵᠤ᠂ ᠲᠡᠮᠦᠷ ᠮᠡᠲᠦ ᠶᠤᠰᠤ ᠲᠦᠷᠢᠮ ᠢ᠋ ᠬᠠᠲᠠᠭᠤ ᠴᠢᠨᠭᠭ᠎ᠠ ᠪᠠᠢᠯᠭᠠᠬᠤ ᠬᠡᠷᠡᠭᠳᠡᠢ》 ᠭᠡᠵᠦ᠍ ᠳᠦᠷᠰᠦᠯᠢᠭ᠎ᠢᠶᠡᠷ ᠵᠢᠭᠠᠵᠤ ᠭᠠᠷᠭᠠᠪᠠ᠃
ᠳᠦᠷᠢᠮ᠎ᠦᠨ ᠡᠮᠦᠨ᠎ᠡ ᠬᠥᠮᠦᠨ ᠪᠦᠬᠦᠨ ᠡᠷᠬᠡ ᠲᠡᠭ᠌ᠰᠢ ᠪᠠᠢᠬᠤ᠎ᠶ᠋ᠢ ᠪᠠᠷᠢᠮᠲᠠᠯᠠᠵᠤ᠂ 《ᠨᠢᠭᠤᠴᠠ ᠡᠭᠦᠳᠡ》 ᠦᠯᠡᠳᠡᠭᠡᠬᠦ᠌ ᠦᠭᠡᠢ᠂ 《ᠲᠣᠭᠣᠨᠣ》 ᠰᠡᠭᠦᠭᠦ ᠦᠭᠡᠢ᠂ 《ᠢᠯᠡ ᠶᠣᠰᠣ ᠳᠦᠷᠢᠮ》 ᠲᠣᠭ᠍ᠲᠠᠭᠠᠵᠤ᠂ 《ᠨᠢᠭᠤᠴᠠᠭᠠᠢ ᠳᠦᠷᠢᠮ》 ᠢ᠋ ᠡᠪᠳᠡᠵᠦ᠍᠂ ᠵᠠᠷᠯᠢᠭ ᠪᠠᠢᠪᠠᠴᠤ᠌ ᠬᠡᠷᠡᠭ᠌ᠵᠢᠭᠦᠯᠬᠦ᠌ ᠦᠭᠡᠢ᠂ ᠴᠠᠭᠠᠵᠠᠯᠠᠵᠤ ᠪᠠᠢᠲᠠᠯ᠎ᠠ ᠵᠣᠭ᠍ᠰᠣᠬᠤ ᠦᠭᠡᠢ ᠠᠵᠢᠯᠯᠠᠭ᠎ᠠ᠎ᠶ᠋ᠢ ᠡᠷᠡᠰ ᠵᠠᠯᠠᠷᠠᠭᠤᠯᠵᠤ᠂ ᠳᠦᠷᠢᠮ᠎ᠢ ᠬᠡᠷᠡᠭ᠌ᠵᠢᠭᠦᠯᠬᠦ᠌ ᠳᠤᠮᠳᠠ ᠣᠷᠣᠱᠢᠵᠤ ᠪᠠᠢᠭ᠎ᠠ 《ᠰᠣᠩᠭᠣᠯᠲᠠ᠎ᠶ᠋ᠢᠨ ᠴᠢᠨᠠᠷᠲᠠᠢ᠎ᠪᠠᠷ ᠨᠠᠢᠳᠠᠪᠤᠷᠢᠵᠢᠭᠤᠯᠬᠤ》᠂ 《ᠪᠡᠯᠭᠡᠳᠡᠯ᠎ᠦᠨ ᠴᠢᠨᠠᠷᠲᠠᠢ᠎ᠪᠠᠷ ᠬᠡᠷᠡᠭ᠌ᠵᠢᠭᠦᠯᠬᠦ᠌》 ᠵᠡᠷᠭᠡ ᠠᠰᠠᠭᠤᠳᠠᠯ᠎ᠢ ᠴᠢᠩᠭ᠎ᠠ ᠱᠢᠢᠳᠪᠦᠷᠢᠯᠡᠪᠡᠯ ᠰᠠᠶᠢ ᠳᠦᠷᠢᠮ᠎ᠢ ᠴᠠᠭᠠᠰᠤᠨ ᠳᠡᠭᠡᠷᠡᠬᠢ ᠵᠤᠷᠪᠤᠰ᠎ᠤᠨ ᠳᠡᠳᠦᠢ ᠪᠣᠯᠭᠠᠬᠤ ᠡᠴᠡ ᠵᠠᠢᠯᠠᠰᠭᠢᠵᠦ᠍᠂ ᠦᠨᠡᠨ ᠬᠦ᠌ 《ᠴᠠᠬᠢᠯᠭᠠᠨ᠎ᠲᠠᠶ ᠠᠶᠤᠯ᠎ᠳᠤ ᠱᠤᠭᠤᠮ》 ᠪᠣᠯᠭᠠᠵᠤ ᠴᠢᠳᠠᠨ᠎ᠠ᠃
ᠲᠤᠰ ᠤᠳᠠᠭ᠎ᠠ᠎ᠶ᠋ᠢᠨ ᠲᠥᠪ᠎ᠦᠨ ᠰᠠᠬᠢᠯᠭ᠎ᠠ ᠪᠠᠲᠤ ᠪᠠᠢᠴᠠᠭᠠᠬᠤ ᠬᠤᠷᠢᠶ᠎ᠠ᠎ᠶᠢᠨ ᠪᠦᠬᠦᠳᠠ ᠬᠤᠷᠠᠯ᠎ᠤᠨ ᠠᠯᠪᠠᠨ ᠮᠡᠳᠡᠭᠡ᠎ᠳᠦ᠄ 《ᠠᠷᠪᠠᠨ ᠲᠠᠪᠤᠳᠤᠭᠠᠷ ᠲᠠᠪᠤᠨ ᠵᠢᠯ》 ᠤ᠋ᠨ ᠬᠤᠭᠤᠴᠠᠭᠠᠨ᠎ᠳᠡᠬᠢ ᠬᠠᠷᠠᠯᠲᠠ ᠡᠭᠦᠷᠭᠡ᠎ᠶ᠋ᠢ ᠪᠡᠶᠡᠯᠡᠭᠦᠯᠬᠦ᠌᠎ᠳᠦ ᠡᠷᠬᠡ᠎ᠶ᠋ᠢ ᠲᠦᠷᠢᠮ᠎ᠦᠨ ᠱᠢᠩᠭᠡᠯᠢᠭ᠎ᠲᠦ ᠬᠣᠷᠢᠬᠤ ᠲᠤᠬᠠᠢ ᠳᠤᠷᠠᠳᠤᠭ᠍ᠰᠠᠨ ᠨᠡᠩ ᠥᠨᠳᠥᠷ ᠱᠠᠭᠠᠷᠳᠠᠯᠭ᠎ᠠ᠎ᠶ᠋ᠢ ᠭᠦᠨᠵᠡᠭᠡᠢ ᠡᠵᠡᠮᠳᠡᠵᠦ᠍᠂ ᠲᠦᠷᠢᠮ᠎ᠢᠶᠡᠷ ᠡᠷᠬᠡ᠎ᠶ᠋ᠢ ᠵᠠᠰᠠᠬᠤ᠂ ᠲᠣᠭ᠍ᠲᠠᠭᠠᠯ ᠶᠣᠰᠣᠭᠠᠷ ᠡᠷᠬᠡ᠎ᠶ᠋ᠢ ᠬᠡᠷᠡᠭ᠌ᠯᠡᠬᠦ᠌᠎ᠶ᠋ᠢ ᠡᠷᠡᠰ ᠭᠤᠢᠪᠢᠰᠢ ᠦᠭᠡᠢ ᠴᠢᠩᠭᠠᠳᠭᠠᠬᠤ ᠬᠡᠷᠡᠭ᠌ᠲᠡᠢ; ᠡᠷᠬᠡ ᠣᠯᠭᠣᠬᠤ ᠡᠷᠬᠡ᠎ᠶ᠋ᠢ ᠬᠡᠷᠡᠭ᠌ᠯᠡᠬᠦ᠌ ᠡᠷᠬᠡ ᠵᠢ ᠬᠢᠵᠠᠭᠠᠷᠯᠠᠬᠤ ᠵᠢ ᠨᠢᠭᠡᠳᠦᠯᠳᠡᠢ ᠪᠠᠢᠯᠭᠠᠵᠤ᠂ ᠢᠯᠡ ᠲᠣᠳᠣ ᠮᠥᠷᠳᠡᠵᠦ᠍ ᠪᠣᠯᠬᠤ ᠲᠦᠷᠢᠮ ᠲᠣᠭ᠍ᠲᠠᠴᠠ᠎ᠶ᠋ᠢ ᠪᠦᠷᠢᠨᠱᠢᠭᠦᠯᠦᠨ᠎ᠡ ᠭᠡᠵᠦ ᠳᠤᠷᠠᠳᠪᠠ᠃
ᠲᠦᠷᠢᠮ᠎ᠢᠶᠡᠷ ᠨᠠᠮ᠎ᠢ ᠵᠠᠰᠠᠬᠤ᠎ᠳᠤ ᠡᠭᠦᠷᠭᠡ ᠬᠦᠨᠳᠦ ᠵᠠᠮ ᠬᠤᠯᠠ ᠪᠠᠢᠨ᠎ᠠ᠃ ᠶᠠᠭ ᠶᠡᠷᠦᠩᠬᠡᠶ ᠱᠦᠵᠢ ᠰᠢ ᠵᠢᠨ ᠫᠢᠩ᠎ᠦᠨ ᠵᠢᠭᠠᠵᠤ ᠭᠠᠷᠭᠠᠭ᠍ᠰᠠᠨᠴᠢᠯᠠᠨ᠂ ᠲᠦᠷᠢᠮ ᠲᠣᠭ᠍ᠲᠠᠭᠠᠯ᠎ᠢ ᠲᠠᠰᠤᠷᠠᠯᠲᠠ ᠥᠬᠡᠶ ᠲᠡᠭᠦᠯᠳᠡᠷᠵᠢᠭᠦᠯᠵᠦ᠍᠂ ᠲᠦᠷᠢᠮ᠎ᠢ ᠨᠢᠭ᠍ᠲᠠ ᠪᠥᠭᠡᠳ ᠪᠤᠳᠤᠯᠢᠶᠠᠨᠲᠠᠶ ᠪᠤᠰᠤ᠂ ᠪᠦᠲᠦᠮᠵᠢᠲᠡᠶ ᠪᠥᠭᠡᠳ ᠲᠤᠰᠠᠲᠠᠶ ᠪᠠᠢᠯᠭᠠᠬᠤ ᠬᠡᠷᠡᠭ᠌ᠲᠡᠶ ᠮᠥᠷᠲᠡᠭᠡᠨ ᠲᠦᠷᠢᠮ᠎ᠦᠨ ᠬᠡᠷᠡᠭ᠌ᠵᠢᠭᠦᠯᠬᠦ᠌ ᠬᠦᠴᠦᠨ᠎ᠢ ᠬᠦᠴᠦᠯᠡᠨ ᠳᠡᠭᠡᠭ᠌ᠰᠢᠯᠡᠭᠦᠯᠵᠦ᠍᠂ ᠬᠠᠲᠠᠭᠤ ᠬᠢᠵᠠᠭᠠᠷᠯᠠᠯ᠎ᠢ ᠴᠢᠩᠭᠠᠳᠭᠠᠬᠤ ᠬᠡᠷᠡᠭ᠌ᠲᠡᠶ᠃