ᠰᠤᠷᠪᠤᠯᠵᠢᠯᠠᠭᠴᠢ ᠪᠠᠶᠠᠨᠨᠠᠭᠤᠷ ᠬᠣᠲᠠ᠎ᠶ᠋ᠢᠨ ᠲᠠᠷᠢᠶᠠᠯᠠᠩ ᠮᠠᠯ ᠠᠵᠤ ᠠᠬᠤᠢ᠎ᠪᠠ ᠬᠦᠳᠡᠭᠡ ᠳᠤᠰᠬᠤᠨᠦ ᠲᠣᠪᠴᠢᠶᠠᠠ᠋ᠴᠠ ᠣᠢᠯᠠᠭᠠᠭᠰᠠᠨ᠎ᠢ᠋ᠶ᠋ᠠᠷ᠂ 2025 ᠣᠨ᠎ᠳ᠋ᠤ᠌ ᠪᠠᠶᠠᠨᠨᠠᠭᠤᠷ ᠬᠣᠲᠠ᠎ᠶ᠋ᠢᠨ ᠲᠠᠷᠢᠮᠠᠯ᠎ᠤ᠋ᠨ ᠲᠠᠷᠢᠵᠤ ᠬᠤᠷᠢᠶᠠᠬᠤ ᠠᠵᠢᠯ᠎ᠤ᠋ᠨ ᠶᠡᠷᠦᠩᠬᠡᠢᠯᠡᠭᠰᠡᠨ ᠮᠧᠬᠠᠨᠢᠭᠵᠢᠯᠲᠠ᠎ᠶ᠋ᠢᠨ ᠨᠣᠷᠮ᠎ᠠ 88.2% ᠲᠤ᠌ ᠬᠦᠷᠴᠡᠢ᠃
《ᠠᠷᠪᠠᠨ ᠲᠦᠷᠪᠡᠳᠦᠭᠡᠷ ᠲᠠᠪᠤᠨ ᠵᠢᠯ》 ᠤ᠋ᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠳ᠋ᠤ᠌᠂ ᠪᠠᠶᠠᠨᠨᠠᠭᠤᠷ ᠬᠣᠲᠠ ᠲᠠᠷᠢᠶᠠᠯᠠᠩ᠎ᠤ᠋ᠨ ᠮᠠᠰᠢᠨ ᠬᠢᠭᠡᠳ ᠲᠠᠷᠢᠶᠠᠯᠠᠩ᠎ᠤ᠋ᠨ ᠮᠡᠷᠭᠡᠰᠢᠯᠦ᠋ᠨ ᠠᠭᠤᠰᠤᠯᠴᠠᠯ᠎ᠢ᠋ ᠲᠠᠰᠤᠷᠠᠯᠲᠠ ᠦᠭᠡᠢ ᠭᠦᠨᠵᠡᠭᠡᠢᠷᠡᠭᠦᠯᠵᠦ᠂ ᠳᠡᠭᠡᠳᠦ ᠳᠡᠰ᠎ᠦ᠋ᠨ᠂ ᠣᠶᠤᠨᠴᠢ ᠲᠠᠷᠢᠶᠠᠯᠠᠩ᠎ᠤ᠋ᠨ ᠮᠠᠰᠢᠨ ᠲᠣᠨᠣᠭᠯᠠᠯ ᠵᠢᠴᠢ ᠠᠮᠤ ᠪᠤᠳᠠᠭᠠᠨ᠎ᠤ᠋ ᠲᠠᠯᠠᠪᠠᠢ ᠨᠢᠭᠡᠴᠢ᠎ᠶ᠋ᠢᠨ ᠤᠨᠠᠯᠲᠠ᠎ᠶ᠋ᠢ ᠳᠡᠭᠡᠭᠰᠢᠯᠡᠭᠦᠯᠬᠦ ᠮᠠᠰᠢᠨ ᠪᠠᠭᠠᠵᠢ᠎ᠶ᠋ᠢ ᠳᠡᠯᠭᠡᠷᠡᠭᠦᠯᠦᠨ ᠬᠡᠷᠡᠭᠯᠡᠬᠦ᠎ᠶ᠋ᠢ ᠲᠦᠷᠭᠡᠳᠬᠡᠵᠦ᠂ 2 ᠳᠣᠬᠢᠭᠤᠷ ᠳᠣᠯᠣᠭ᠎ᠠ ᠨᠡᠷᠡᠮᠵᠢᠲᠦ ᠠᠶᠠᠯᠠᠯ ᠵᠠᠯᠠᠬᠤ ᠰᠢᠰᠲ᠋ᠧᠮ ᠪᠠ ᠮᠠᠰᠢᠨᠢ᠋ᠶ᠋ᠠᠷ ᠬᠤᠷᠢᠶᠠᠵᠤ ᠬᠣᠬᠢᠷᠠᠯᠢ᠋ ᠪᠠᠭᠠᠰᠬᠠᠬᠤ ᠮᠡᠷᠭᠡᠵᠢᠯ᠎ᠦ᠋ᠨ ᠵᠢᠱ᠌ᠢᠶ᠎ᠡ ᠦᠵᠡᠭᠦᠯᠬᠦ ᠰᠠᠭᠤᠷᠢᠨ ᠭᠠᠵᠠᠷ᠎ᠢ᠋ ᠪᠠᠢᠭᠤᠯᠵᠠᠢ᠃ ᠳᠣᠬᠢᠭᠤᠷ ᠳᠣᠯᠣᠭ᠎ᠠ ᠨᠡᠷᠡᠮᠵᠢᠲᠦ ᠠᠶᠠᠯᠠᠯ ᠵᠠᠯᠠᠬᠤ ᠰᠢᠰᠲ᠋ᠧᠮ᠎ᠢ᠋ ᠶᠡᠬᠡᠪᠡᠷ ᠳᠡᠯᠭᠡᠷᠡᠭᠦᠯᠵᠦ᠂ ᠲᠠᠷᠢᠶᠠᠯᠠᠭ᠎ᠠ᠎ᠶᠢᠨ ᠨᠠᠷᠢᠯᠢᠭ᠎ᠤ᠋ᠨ ᠬᠡᠮᠵᠢᠶ᠎ᠡ ᠪᠠ ᠴᠢᠨᠠᠷ ᠴᠢᠨᠰᠠᠭ᠎ᠠ᠎ᠶ᠋ᠢ ᠳᠡᠭᠡᠭᠰᠢᠯᠡᠭᠦᠯᠦᠨ᠂ ᠳᠣᠬᠢᠭᠤᠷ ᠳᠣᠯᠣᠭ᠎ᠠ ᠨᠡᠷᠡᠮᠵᠢᠲᠦ ᠠᠶᠠᠯᠠᠯ ᠵᠠᠯᠠᠬᠤ ᠰᠢᠰᠲ᠋ᠧᠮ᠎ᠢ᠋ ᠭᠡᠷᠡᠭᠯᠡᠨ ᠲᠠᠷᠢᠬᠤ ᠲᠠᠷᠢᠮᠠᠯ᠎ᠤᠨ ᠲᠠᠯᠠᠪᠠᠢ᠎ᠵᠢ ᠵᠢᠯ ᠳᠠᠷᠠᠭᠠᠯᠠᠨ ᠨᠡᠮᠡᠭᠳᠡᠭᠦᠯᠵᠦ᠂ 2025 ᠣᠨ᠎ᠳ᠋ᠤ᠌ 370.51 ᠲᠦᠮᠡᠨ ᠮᠦ᠍ᠳ᠋ᠤ᠌ ᠬᠦᠷᠴᠦ᠂ ᠮᠠᠰᠢᠨᠢ᠋ᠶ᠋ᠠᠷ ᠬᠤᠷᠢᠶᠠᠬᠤ ᠬᠤᠬᠢᠷᠠᠯ᠎ᠢ ᠪᠠᠭᠠᠰᠬᠠᠬᠤ ᠦᠷ᠎ᠡ ᠪᠦᠲᠦᠮᠵᠢ ᠢᠯᠡᠳᠲᠡ ᠪᠣᠯᠵᠤ᠂ ᠪᠤᠭᠤᠳᠠᠢ᠂ ᠡᠷᠳᠡᠨᠢ ᠰᠢᠰᠢ᠎ᠶ᠋ᠢᠨ ᠮᠠᠰᠢᠨᠢ᠋ᠶ᠋ᠠᠷ ᠬᠤᠷᠢᠶᠠᠬᠤ ᠳᠤᠮᠳᠠᠴᠢ ᠬᠣᠬᠢᠷᠠᠯ᠎ᠤ᠋ᠨ ᠨᠣᠷᠮ᠎ᠠ ᠲᠣᠰᠪᠣᠷᠢ 0.98%᠂ 2.11% ᠪᠣᠯᠲᠠᠯ᠎ᠠ ᠪᠠᠭᠤᠷᠠᠵᠠᠢ᠃
ᠪᠠᠶᠠᠨᠨᠠᠭᠤᠷ ᠬᠤᠳᠠ ᠬᠠᠭᠠᠯᠪᠤᠷᠢᠯᠠᠬᠤ ᠲᠠᠷᠢᠶᠠᠯᠬᠠᠥ ᠬᠠᠮᠢᠶᠠᠷᠬᠤ ᠬᠤᠷᠢᠶᠠᠬᠤ ᠡᠯ᠎ᠡ ᠭᠣᠭᠴᠣᠭ᠎ᠠ᠎ᠳᠤ ᠲᠥᠪᠯᠡᠷᠡᠭᠦᠯᠦᠨ᠂ ᠲᠣᠨᠣᠭ ᠲᠥᠬᠥᠭᠡᠷᠦᠮᠵᠢ᠎ᠶ᠋ᠢᠨ ᠲᠤᠯᠭᠠᠭᠤᠷᠢᠯᠠᠯᠢ᠋ᠶ᠋ᠠᠨ ᠴᠢᠩᠭᠠᠳᠬᠠᠵᠤ᠂ ᠥᠨᠳᠥᠷ ᠦᠷ᠎ᠡ ᠠᠰᠢᠭ᠎ᠲᠤ ᠤᠰᠤ ᠠᠷᠪᠢᠯᠠᠬᠤ᠎ᠶ᠋ᠢ ᠶᠡᠬᠡᠪᠡᠷ ᠬᠥᠭᠵᠢᠭᠦᠯᠵᠦ᠂ ᠰᠢᠯᠵᠢᠮᠡᠯ ᠮᠠᠶᠢᠭ᠎ᠤ᠋ᠨ ᠬᠠᠲᠤᠨ ᠭᠣᠣᠯ᠎ᠤ᠋ᠨ ᠤᠰᠤ᠎ᠶ᠋ᠢ ᠲᠠᠲᠠᠵᠤ ᠲᠣᠰᠤᠯᠭᠠᠨ ᠤᠰᠤᠯᠠᠬᠤ ᠤᠰᠤ ᠪᠣᠷᠳᠣᠭᠤᠷᠢ᠋ ᠨᠢᠭᠡ ᠴᠣᠠᠠᠴᠠᠵᠢᠭᠤᠯᠥᠠᠠᠰᠠᠨ ᠲᠥᠬᠥᠭᠡᠷᠦᠮᠵᠢ ᠪᠠ ᠲᠣᠭᠠᠴᠢᠯᠠᠭᠰᠠᠨ ᠪᠦᠷᠢᠨ ᠠᠥ᠋ᠲ᠋ᠤᠴᠢᠯᠬᠠᠰᠠᠨ ᠤᠰᠤᠯᠠᠯᠲᠠ᠎ᠶ᠋ᠢᠨ ᠰᠢᠰᠲ᠋ᠧᠮ᠎ᠢ᠋ ᠰᠤᠳᠤᠯᠤᠨ ᠳᠡᠯᠭᠡᠷᠡᠭᠦᠯᠵᠦ᠂ ᠣᠳᠣᠬᠢᠴᠢᠯᠠᠭᠰᠠᠨ ᠤᠰᠤᠯᠠᠯᠲᠠ᠎ᠶ᠋ᠢᠨ ᠰᠢᠰᠲ᠋ᠧᠮ᠎ᠢ᠋ ᠴᠤᠭᠴᠠᠯᠠᠨ ᠪᠠᠢᠭᠤᠯᠪᠠ᠃ ᠨᠠᠷᠠᠨ ᠬᠤᠸᠠᠷ ᠬᠤᠷᠢᠶᠠᠬᠤ ᠠᠵᠢᠯ᠎ᠤᠨ ᠮᠧᠬᠠᠨᠢᠭ᠎ᠤᠨ ᠳᠤᠲᠠᠮᠠᠭᠢ ᠨᠥᠬᠥᠪᠦᠷᠢᠯᠡᠬᠦ ᠠᠵᠢᠯ ᠰᠢᠪᠲᠤᠯᠤᠯᠲᠠ᠎ᠶ᠋ᠢᠨ ᠴᠢᠨᠠᠷᠲᠠᠢ ᠠᠬᠢᠴᠠ᠎ᠲᠠᠢ ᠪᠣᠯᠵᠤ᠂ ᠨᠠᠷᠠᠨ ᠬᠤᠸᠠᠷ᠎ᠤᠨ ᠲᠠᠪᠠᠭ᠎ᠢ ᠬᠠᠳᠬᠤᠵᠤ ᠬᠠᠳᠠᠭᠠᠬᠤ᠎ᠵᠢ ᠨᠢᠭᠡ ᠴᠤᠭᠴᠠᠵᠢᠭᠤᠯᠤᠭᠰᠠᠨ ᠠᠦ᠋ᠲ᠋ᠤ᠋ ᠪᠡᠷ ᠤᠷᠤᠭᠰᠢᠯᠠᠬᠤ ᠮᠠᠰᠢᠨ᠂ ᠨᠠᠷᠠᠨ ᠬᠤᠸᠠᠷᠢ ᠰᠢᠭᠤᠳ ᠬᠤᠷᠢᠶᠠᠬᠤ ᠮᠠᠰᠢᠨᠢ᠋ ᠠᠮᠵᠢᠯᠲᠠ᠎ᠲᠠᠢ ᠰᠤᠳᠤᠯᠤᠨ ᠨᠡᠭᠡᠭᠡᠵᠦ᠂ ᠣᠷᠣᠨ ᠪᠦᠰᠡ᠎ᠶ᠋ᠢᠨ ᠠᠵᠢᠯ᠎ᠤ᠋ᠨ ᠬᠣᠭᠣᠰᠣᠨᠢ᠋ ᠨᠥᠬᠥᠪᠥᠷᠢᠯᠡᠪᠡ᠃ 2025 ᠣᠨ᠎ᠳ᠋ᠤ᠌᠂ ᠪᠥᠬᠥ ᠬᠣᠲᠠ᠎ᠶ᠋ᠢᠨ ᠲᠠᠷᠢᠶᠠᠯᠠᠩ᠎ᠤ᠋ᠨ ᠮᠠᠰᠢᠨ᠎ᠤ᠋ ᠶᠡᠷᠦᠩᠬᠡᠢ ᠬᠥᠳᠡᠯᠭᠡᠬᠦ ᠬᠦᠴᠦᠨ 720 ᠲᠦᠮᠡᠨ ᠺᠢᠯᠣᠸᠠᠲᠲᠤ᠌ ᠬᠦᠷᠴᠦ᠂ 23.18 ᠲᠦᠮᠡᠨ ᠲᠷᠠᠺᠲ᠋ᠣᠷ᠂ 42.59 ᠲᠦᠮᠡᠨ ᠢᠵᠢ ᠪᠦᠷᠢᠳᠦᠭᠰᠡᠨ ᠲᠠᠷᠢᠶᠠᠯᠠᠩ᠎ᠤ᠋ᠨ ᠮᠠᠰᠢᠨ ᠪᠠᠭᠠᠵᠢ᠎ᠲᠠᠢ ᠪᠣᠯᠵᠤ᠂ ᠠᠮᠤ ᠪᠤᠳᠠᠭᠠᠨ᠎ᠤ᠋ ᠲᠠᠷᠢᠮᠠᠯ᠂ ᠠᠵᠤ ᠠᠬᠤᠢ᠎ᠶᠢᠨ ᠲᠠᠷᠢᠮᠠᠯ᠂ ᠡᠯᠡᠰᠦ᠎ᠶ᠋ᠢ ᠰᠡᠷᠭᠡᠢᠯᠡᠵᠦ ᠡᠯᠡᠰᠦ᠎ᠶ᠋ᠢ ᠵᠠᠰᠠᠬᠤ ᠵᠡᠷᠭᠡ ᠣᠯᠠᠨ ᠬᠦᠷᠢᠶ᠎ᠡ ᠴᠠᠷᠠᠭᠠᠳ᠋ᠠᠬᠢ ᠲᠣᠨᠣᠭ ᠲᠥᠬᠥᠭᠡᠷᠦᠮᠵᠢ᠎ᠶ᠋ᠢᠨ ᠰᠢᠰᠲ᠋ᠧᠮ᠎ᠢ᠋ ᠪᠦᠷᠢᠯᠳᠦᠭᠦᠯᠪᠡ᠃