ᠴᠠᠬᠢᠯᠭᠠᠨ ᠲᠣᠨᠣᠭᠯᠠᠯ᠎ᠤᠨ ᠠᠵᠢᠯ ᠲᠥᠷᠥᠯ᠎ᠦᠨ ᠨᠡᠢᠭᠡᠮᠯᠢᠭ ᠪᠠᠢᠭᠤᠯᠤᠭᠳᠠᠪᠠ
2026-01-19 14:35:15
ᠵᠣᠬᠢᠶᠠᠭ᠍ᠴᠢ᠄
ᠯᠢᠦ ᠶᠠᠩ
ᠣᠩᠱᠢᠭ᠍ᠰᠠᠨ ᠣᠳᠠᠭ᠎ᠠ᠄
★★★☆☆

ᠲᠦᠷᠦᠬᠦᠭᠡᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭᠠᠨ ᠲᠣᠨᠣᠭᠯᠠᠯ᠎ᠤᠨ ᠠᠵᠢᠯ ᠲᠥᠷᠥᠯ᠎ᠦᠨ ᠨᠡᠢᠭᠡᠮᠯᠢᠭ ᠪᠠᠢᠭᠤᠯᠤᠭᠳᠠᠬᠤ ᠶᠡᠬᠡ ᠬᠤᠷᠠᠯ ᠬᠥᠬᠡᠬᠣᠲᠠ᠎ᠳᠤ ᠶᠠᠪᠤᠭᠳᠠᠪᠠ᠂ ᠡᠨᠡ ᠨᠢ ᠥᠪᠥᠷ ᠮᠣᠩᠭᠣᠯ᠎ᠤᠨ ᠴᠠᠬᠢᠯᠭᠠᠨ ᠲᠣᠨᠣᠭᠯᠠᠯ᠎ᠤᠨ ᠠᠵᠤ ᠦᠢᠯᠡᠰ 《ᠲᠣᠰ ᠲᠣᠰ᠎ᠲᠠᠭᠠᠨ ᠠᠵᠢᠯᠯᠠᠵᠤ》 ᠪᠠᠢᠭᠰᠠᠨ ᠡᠴᠡ᠎ᠪᠠᠨ 《ᠪᠦᠯᠦᠭᠵᠢᠨ ᠬᠥᠭᠵᠢᠬᠦ》 ᠳᠠᠢᠰᠢ ᠤᠷᠤᠭᠰᠢᠯᠠᠵᠤ᠂ 《ᠠᠰ ᠠᠰ ᠲᠠᠭᠠᠨ ᠴᠡᠴᠡᠭᠯᠡᠵᠦ》 ᠪᠠᠢᠭᠰᠠᠨ ᠠ᠋ᠴᠠ ᠎ᠪᠠᠨ 《ᠰᠢᠰᠲᠧᠮ ᠎ᠲᠠᠢ ᠪᠡᠷ ᠠᠬᠢᠬᠤ》 ᠰᠢᠨ᠎ᠡ ᠱᠠᠲᠤᠨ᠎ᠳᠤ ᠣᠷᠣᠭᠰᠠᠨ᠎ᠢ ᠬᠠᠷᠠᠭᠤᠯᠵᠤ ᠪᠠᠢᠨ᠎ᠠ᠃

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭᠠᠨ ᠲᠣᠨᠣᠭᠯᠠᠯ᠎ᠤᠨ ᠠᠵᠢᠯ ᠲᠥᠷᠥᠯ᠎ᠦᠨ ᠨᠡᠢᠭᠡᠮᠯᠢᠭ ᠪᠣᠯ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠢᠶᠡᠷ ᠵᠥᠪᠰᠢᠶᠡᠷᠡᠭᠦᠯᠦᠭᠡᠳ᠂ ᠥᠪᠡᠷᠲᠡᠭᠡᠨ ᠵᠠᠰᠠᠬᠤ ᠣᠷᠣᠨ᠎ᠤ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠳᠠ᠎ᠶᠢᠨ ᠲᠢᠩᠬᠢᠮ᠎ᠡᠴᠡ ᠭᠣᠣᠯᠯᠠᠨ ᠬᠠᠮᠢᠶᠠᠷᠴᠤ ᠪᠦᠬᠦᠢ ᠮᠤᠵᠢ᠎ᠶᠢᠨ ᠳᠡᠰ᠎ᠤᠨ ᠠᠵᠢᠯ ᠲᠦᠷᠦᠯ᠎ᠤᠨ ᠵᠤᠬᠢᠶᠠᠨ ᠪᠠᠢᠭᠤᠯᠤᠯᠳᠠ ᠮᠦᠨ᠃ ᠣᠳᠣᠬᠠᠨ᠎ᠳᠤ᠂ ᠨᠡᠢᠭᠡᠮᠯᠢᠭ ᠨᠢ ᠨᠢᠭᠡᠨᠲᠡ ᠪᠥᠬᠥ ᠣᠷᠣᠨ᠎ᠤ 37 ᠴᠠᠬᠢᠯᠭᠠᠨ᠎ᠳᠤᠨᠤᠭᠯᠠᠯ ᠦᠢᠯᠡᠳᠬᠦ ᠠᠵᠤ ᠠᠬᠤᠢᠯᠠᠯ᠂ ᠰᠢᠨᠵᠢᠯᠡᠬᠦ ᠤᠬᠠᠭᠠᠨ᠎ᠤ ᠰᠤᠳᠤᠯᠭᠠᠨ᠎ᠤ ᠬᠦᠷᠢᠶᠡᠯᠡᠩ ᠭᠠᠵᠠᠷ ᠵᠢᠴᠢ ᠠᠵᠤ ᠦᠢᠯᠡᠰ᠎ᠦᠨ ᠬᠡᠯᠬᠢᠶ᠎ᠡ᠎ᠶᠢᠨ ᠭᠣᠣᠯᠳᠠᠯᠭ᠎ᠠ᠎ᠲᠠᠢ ᠨᠢᠭᠡᠴᠢ ᠵᠢ ᠬᠤᠷᠠᠨ ᠴᠤᠭᠯᠠᠭᠤᠯᠵᠤ᠂ ᠡᠬᠢᠨ ᠤ᠋ ᠪᠠ ᠡᠴᠤᠰ ᠤ᠋ᠨ ᠦᠢᠯᠡᠳᠬᠦᠨ ᠤ᠋ ᠪᠥᠬᠥ ᠬᠡᠯᠬᠢᠶ᠎ᠡ᠎ᠶᠢ ᠬᠠᠮᠤᠷᠬᠤ᠎ᠶᠢ ᠪᠡᠶᠡᠯᠡᠭᠦᠯᠪᠡ᠃ ᠭᠡᠰᠢᠭᠦᠨ ᠨᠢᠭᠡᠴᠢ ᠨᠢ ᠬᠥᠬᠡᠬᠣᠲᠠ᠂ ᠪᠤᠭᠤᠲᠤ᠂ ᠣᠷᠳᠣᠰ᠂ ᠤᠯᠠᠭᠠᠨᠴᠠᠪ ᠵᠡᠷᠭᠡ ᠭᠣᠣᠯ ᠠᠵᠤ ᠦᠢᠯᠡᠰ᠎ᠦᠨ ᠣᠷᠣᠨ᠎ᠳᠤ ᠥᠷᠭᠡᠨ᠎ᠢᠶᠡᠷ ᠲᠠᠷᠬᠠᠵᠤ ᠪᠠᠢᠬᠤ᠎ᠪᠠᠷ ᠦᠯᠦ ᠪᠠᠷᠠᠮ᠂ ᠰᠢᠯᠢ᠎ᠶᠢᠨ ᠭᠣᠣᠯ ᠠᠢᠮᠠᠭ᠂ ᠦᠬᠠᠢ ᠵᠡᠷᠭᠡ ᠵᠠᠩᠭᠢᠯᠠᠭ᠎ᠠ᠎ᠶᠢᠨ ᠣᠷᠣᠨ ᠪᠦᠰᠡ᠎ᠳᠦ ᠬᠦᠷᠲᠡᠯ᠎ᠡ ᠦᠷᠭᠦᠯᠵᠢᠯᠡᠵᠦ᠂ 《ᠭᠣᠣᠯᠳᠠᠯᠭ᠎ᠠ᠎ᠶᠢ ᠲᠥᠪᠯᠡᠷᠡᠭᠦᠯᠦᠨ᠂ ᠪᠥᠬᠥ ᠴᠠᠷᠠᠭ᠎ᠠ᠎ᠪᠠᠷ᠎ᠢᠶᠠᠨ ᠬᠣᠯᠪᠤᠭᠠᠯᠠᠨ ᠬᠥᠳᠡᠯᠦᠯᠴᠡᠬᠦ》᠎ᠶᠢ ᠪᠡᠶᠡᠯᠡᠭᠦᠯᠪᠡ᠃

ᠨᠡᠢᠭᠡᠮᠯᠢᠭ᠎ᠦᠨ ᠬᠠᠮᠢᠶ᠎ᠠ ᠪᠦᠬᠦᠢ ᠬᠠᠷᠢᠭᠤᠴᠠᠯᠭᠠᠲᠠᠨ᠎ᠤ ᠲᠠᠨᠢᠯᠴᠠᠭᠤᠯᠤᠭᠰᠠᠨ᠎ᠢᠶᠠᠷ᠂ ᠳᠠᠷᠠᠭᠠᠴᠢ᠎ᠶᠢᠨ ᠠᠯᠬᠤᠮ᠎ᠳᠤ ᠨᠡᠢᠭᠡᠮᠯᠢᠭ᠎ᠡᠴᠡ ᠬᠦᠭᠵᠢᠯᠳᠡ ᠳ᠋ᠤ ᠦᠢᠯᠡᠴᠢᠯᠡᠬᠦ ᠳᠤᠮᠳᠠ ᠰᠠᠢᠳᠤᠷ 《ᠵᠠᠮᠴᠢᠯᠠᠭ᠍ᠴᠢ》 ᠪᠣᠯᠵᠤ᠂ ᠠᠵᠤ ᠠᠬᠤᠢᠯᠠᠯ᠎ᠢ ᠢᠳᠡᠪᠬᠢᠲᠡᠢ ᠬᠥᠲᠥᠯᠥᠨ ᠵᠢᠯᠤᠭᠣᠳᠴᠤ ᠪᠠᠢᠭᠠᠳ ᠥᠪᠡᠷᠲᠡᠭᠡᠨ ᠵᠠᠰᠠᠬᠤ ᠣᠷᠣᠨ᠎ᠤ 《ᠰᠠᠯᠬᠢ ᠬᠡᠷᠡᠯ ᠤᠰᠤᠲᠥ᠋ᠷᠥᠭᠴᠢ ᠡᠨ᠋ᠸᠷᠬᠢ ᠨᠦᠬᠡᠴᠡᠯᠡᠬᠦ》 ᠶ᠋ᠢ ᠨᠢᠭᠡ ᠴᠣᠭᠴᠠᠵᠢᠭᠤᠯᠤᠨ ᠬᠥᠭᠵᠢᠬᠦᠯᠬᠦ ᠶᠡᠬᠡ ᠲᠠᠯ᠎ᠠ᠎ᠳᠤ ᠠᠭᠤᠰᠤᠯᠴᠠᠭᠤᠯᠵᠤ᠂ ᠡᠨᠧᠷᠭᠢ᠎ᠶᠢᠨ ᠳᠠᠪᠠᠭᠤᠯᠢᠭ᠋᠎ᠢ ᠠᠵᠤ ᠦᠢᠯᠡᠰ᠎ᠦᠨ ᠳᠠᠪᠠᠭᠤᠯᠢᠭ᠋ ᠪᠣᠯᠭᠠᠨ ᠬᠤᠪᠢᠷᠠᠭᠤᠯᠬᠤ᠎ᠶᠢ ᠠᠬᠢᠭᠤᠯᠤᠨ᠎ᠠᠠᠭᠤᠰᠤᠯᠴᠠᠭᠤᠯᠤᠨ ᠬᠦᠴᠦᠨ ᠣᠯᠭᠣᠬᠤ ᠶᠠᠪᠤᠴᠠ᠎ᠳᠤ ᠰᠠᠢᠳᠤᠷ 《ᠠᠶᠠᠯᠠᠯ᠎ᠤᠨ ᠬᠠᠮᠠᠭᠠᠯᠠᠭ᠍ᠴᠢ》 ᠪᠣᠯᠵᠤ᠂ 《ᠰᠢᠨ᠎ᠡ ᠵᠢ ᠡᠭᠦᠳᠬᠦ ᠬᠡᠯᠬᠢᠶ᠎ᠡ᠂ ᠦᠢᠯᠡᠳᠬᠦ ᠬᠡᠯᠬᠢᠶ᠎ᠡ᠂ ᠬᠡᠷᠡᠭᠯᠡᠭᠡᠨ᠎ᠦ ᠬᠡᠯᠬᠢᠶ᠎ᠡ》 ᠭᠤᠷᠪᠠᠨ ᠬᠡᠯᠬᠢᠶ᠎ᠡ᠎ᠶᠢᠨ ᠬᠠᠮᠵᠢᠯᠴᠠᠭ᠎ᠠ᠎ᠶᠢ ᠢᠳᠡᠪᠬᠢᠲᠡᠢ ᠠᠬᠢᠭᠤᠯᠵᠤ᠂ ᠥᠨᠳᠥᠷ ᠲᠦᠪᠰᠢᠨ᠎ᠪᠦᠬᠦᠢ ᠦᠢᠯᠡᠳᠪᠦᠷᠢᠯᠡᠯ ᠵᠢᠭᠠᠨ ᠰᠤᠷᠭᠠᠯᠳᠠ ᠰᠤᠳᠤᠯᠭᠠᠨ ᠬᠡᠷᠡᠭᠯᠡᠭᠡ ᠵᠢᠨ ᠬᠠᠮᠲᠤᠷᠠᠯᠴᠠᠭᠠᠨ᠎ᠤ ᠲᠠᠪᠴᠠᠩ᠎ᠢ ᠪᠠᠢᠭᠤᠯᠵᠤ᠂ ᠠᠵᠤ ᠦᠢᠯᠡᠰ᠎ᠦᠨ ᠬᠡᠯᠬᠢᠶ᠎ᠡ᠎ᠶᠢᠨ ᠬᠠᠩᠭᠠᠯᠭ᠎ᠠ ᠬᠡᠷᠡᠭᠴᠡᠭᠡ᠎ᠶᠢ ᠵᠣᠯᠭᠠᠭᠤᠯᠬᠤ᠎ᠶᠢ ᠠᠬᠢᠭᠤᠯᠵᠤ᠂ ᠰᠠᠢᠨ ᠰᠠᠢᠬᠠᠨ ᠠᠵᠤ ᠦᠢᠯᠡᠰ᠎ᠦᠨ ᠠᠮᠢ ᠠᠬᠤᠢ᠎ᠶᠢ ᠴᠣᠭᠴᠠᠯᠠᠨ ᠪᠠᠶ᠋ᠢᠭᠤᠯᠦᠨ᠎ᠠ︔ᠬᠤᠳᠠᠯᠳᠤᠭ᠎ᠠ ᠡᠷᠬᠢᠯᠡᠬᠦ ᠣᠷᠴᠢᠨ ᠨᠦᠬᠦᠴᠡᠯ᠎ᠢ ᠰᠢᠯᠢᠳᠡᠭᠵᠢᠭᠦᠯᠬᠦ ᠶᠠᠪᠤᠴᠠ᠎ᠳᠤ ᠰᠠᠢᠳᠤᠷ 《ᠦᠢᠯᠡᠴᠢᠯᠡᠭᠴᠢ》 ᠪᠣᠯᠵᠤ᠂ ᠠᠵᠤ ᠠᠬᠤᠢᠯᠠᠯ᠎ᠤᠨ ᠬᠦᠴᠢᠷᠳᠡᠯ ᠪᠠ ᠬᠦᠰᠡᠯ ᠱᠠᠭᠠᠷᠳᠠᠯᠭ᠎ᠠ᠎ᠶᠢ ᠴᠠᠭ ᠲᠤᠬᠠᠢ ᠳ᠋ᠤᠨᠢ ᠲᠤᠰᠬᠠᠵᠤ᠂ ᠠᠵᠢᠯ ᠲᠦᠷᠦᠯ᠎ᠦᠨ ᠠᠵᠢᠯᠯᠠᠭ᠎ᠠ᠎ᠶᠢ ᠵᠣᠬᠢᠶᠠᠨ ᠪᠠᠢᠭᠤᠯᠵᠤ ᠪᠠᠢᠭᠠᠳ ᠠᠵᠤ ᠠᠬᠤᠢᠯᠠᠯ᠎ᠤᠨ ᠥᠷᠢᠰᠦᠯᠳᠦᠬᠦ ᠬᠦᠴᠦᠨ᠎ᠢ ᠳᠡᠭᠡᠭᠰᠢᠯᠡᠭᠦᠯᠵᠦ᠂ ᠬᠣᠯᠪᠣᠭᠳᠠᠯ ᠪᠦᠬᠦᠢ ᠠᠵᠤ ᠠᠬᠤᠢᠯᠠᠯ᠎ᠤᠨ ᠲᠦᠷᠭᠡᠨ ᠪᠣᠶ᠋ᠢᠵᠢᠯᠲᠠ᠎ᠳᠤ ᠬᠦᠴᠦᠨ ᠨᠡᠮᠡᠷᠢᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号