2.6 ᠲᠦᠮᠡᠨ ᠲᠦᠷᠭᠡᠨ ᠬᠦᠷᠭᠡᠭᠴᠢ ᠨᠡᠭᠦᠳᠡᠯ ᠳᠤᠤᠷᠵᠢᠯ᠎ᠤᠨ ᠠᠵᠢᠯᠲᠠᠨ ᠪᠣᠯᠪᠠ
2026-01-19 14:44:17
ᠵᠣᠬᠢᠶᠠᠭ᠍ᠴᠢ᠄
ᠯᠢ ᠬᠦᠸᠸ ᠫᠢᠡᠭ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠤᠳᠠᠨ᠎ᠤ ᠬᠠᠮᠢᠶᠠᠷᠤᠯᠲᠠ᠎ᠶᠢᠨ ᠲᠣᠪᠴᠢᠶ᠎ᠠ ᠠ᠋ᠴᠠ ᠣᠢᠯᠠᠭᠠᠭᠰᠠᠨ ᠵᠢᠡᠷ᠂ ᠣᠢᠷ᠎ᠠ᠎ᠶᠢᠨ ᠵᠢᠯ᠎ᠳ᠋ᠤ ᠮᠠᠨ᠎ᠤ ᠣᠷᠣᠨ 《ᠨᠠᠮ᠎ᠤᠨ ᠪᠠᠢᠭᠤᠯᠤᠯᠲᠠ + ᠦᠨᠳᠦᠰᠦᠨ ᠱᠠᠲᠤᠨ᠎ᠤ ᠵᠠᠰᠠᠯᠲᠠ + ᠡᠷᠬᠡ ᠠᠰᠢᠭ᠋᠎ᠤᠨ ᠪᠠᠲᠤᠯᠠᠭ᠎ᠠ》 ᠵᠢᠨ ᠲᠤᠰᠬᠠᠢ ᠠᠵᠢᠯᠯᠠᠭ᠎ᠠ᠎ᠶᠢ ᠦᠷᠭᠦᠯᠵᠢᠯᠡᠨ ᠭᠦᠨᠵᠡᠭᠡᠢᠷᠡᠭᠦᠯᠵᠦ᠂ ᠣᠲᠣᠬᠠᠨ ᠪᠣᠯᠲᠠᠯ᠎ᠠ ᠨᠢᠭᠡᠨᠲᠡ 2.6 ᠲᠦᠮᠡᠨ ᠲᠦᠷᠭᠡᠨ ᠬᠦᠷᠭᠡᠭᠴᠢ ᠨᠡᠭᠦᠳᠡᠯ ᠳᠤᠤᠷᠵᠢᠯ᠎ᠤᠨ ᠠᠵᠢᠯᠲᠠᠨ ᠪᠤᠯᠵᠤ ᠨᠡᠢᠭᠡᠮ ᠲᠣᠭᠣᠷᠢᠭ᠋᠎ᠲᠤ ᠬᠦᠷᠴᠤ ᠨᠡᠷ᠎ᠡ ᠮᠡᠳᠡᠭᠦᠯᠵᠦ᠂ ᠦᠨᠳᠦᠰᠦᠨ ᠱᠠᠲᠤᠨ᠎ᠤ ᠵᠠᠰᠠᠯᠲᠠ᠎ᠶᠢᠨ ᠠᠵᠢᠯ᠎ᠳᠤ ᠭᠦᠨᠵᠡᠭᠡᠢ ᠣᠷᠣᠯᠴᠠᠭᠰᠠᠨ ᠪᠠᠢᠨ᠎ᠠ᠃ ᠡᠭᠦᠨ᠎ᠦ ᠵᠡᠷᠭᠡ᠎ᠳᠦ ᠨᠢᠭᠡᠨᠲᠡ 47 《ᠲᠦᠷᠭᠡᠨ ᠬᠦᠷᠭᠡᠭᠴᠢ ᠵᠢᠨ ᠬᠣᠰᠢᠭᠤᠴᠢ》 ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ᠎ᠶᠢ ᠵᠣᠬᠢᠶᠠᠨ ᠪᠠᠢᠭᠤᠯᠵᠤ᠂ ᠨᠡᠢᠭᠡᠮ ᠲᠣᠭᠣᠷᠢᠭ᠋᠎ᠲᠤ ᠬᠠᠪᠰᠤᠷᠤᠨ ᠠᠷᠠᠳ᠎ᠤᠨ ᠠᠮᠢᠳᠤᠷᠠᠯ᠎ᠤᠨ ᠡᠯ᠎ᠡ ᠵᠦᠢᠯ᠎ᠦᠨ ᠪᠡᠷᠬᠡ ᠠᠰᠠᠭᠤᠳᠠᠯ᠎ᠢ ᠨᠡᠶ᠋ᠢᠲᠡ 3844 ᠬᠤᠪᠢ ᠰᠢᠢᠳᠪᠦᠷᠢᠯᠡᠵᠦ᠂ ᠲᠦᠷᠭᠡᠨ ᠬᠦᠷᠭᠡᠭᠴᠢ᠎ᠶᠢᠨ ᠪᠠᠴᠢᠮᠳᠠᠵᠥ ᠳᠦᠪᠡᠭᠳᠡᠵᠥ ᠵᠤᠪᠠᠨᠢᠵᠥ ᠬᠦᠰᠡᠵᠥ ᠪᠠᠢᠭᠰᠠᠨ ᠠᠰᠠᠭᠤᠳᠠᠯ᠎ᠢ 5104 ᠬᠤᠪᠢ ᠰᠢᠢᠳᠪᠦᠷᠢᠯᠡᠵᠦ᠂ ᠨᠥᠬᠥᠷᠰᠡᠭ ᠨᠡᠢᠭᠡᠮ ᠲᠣᠭᠣᠷᠢᠭ᠋᠂ ᠨᠥᠬᠥᠷᠰᠡᠭ ᠰᠤᠷᠭᠠᠭᠤᠯᠢ ᠵᠡᠷᠭᠡ 940 《ᠨᠥᠬᠥᠷᠰᠡᠭ ᠠᠬᠤᠢ ᠪᠠᠢᠳᠠᠯ》᠎ᠢ ᠠᠮᠵᠢᠯᠲᠠ᠎ᠲᠠᠢ᠎ᠡᠬᠦᠳᠦᠨ ᠴᠤᠬᠴᠠᠯᠠᠪᠠ᠃

ᠦᠨᠳᠦᠰᠦᠨ ᠱᠠᠲᠤᠨ᠎ᠤ ᠵᠠᠰᠠᠯᠲᠠ ᠨᠢ ᠤᠯᠤᠰ᠎ᠤᠨ ᠵᠠᠰᠠᠯᠲᠠ᠎ᠶᠢᠨ 《ᠰᠡᠵᠢᠭᠦᠷ》 ᠪᠣᠯᠤᠭᠰᠠᠨ᠎ᠤ ᠬᠤᠪᠢ᠎ᠳᠤ᠂ ᠨᠡᠩ ᠴᠤ᠌ ᠤᠯᠠᠨ ᠲᠦᠮᠡᠨ᠎ᠳᠦ ᠦᠢᠯᠡᠴᠢᠯᠡᠬᠦ ᠡᠮᠦᠨ᠎ᠡ ᠹᠷᠣᠨᠲ᠎ᠤᠨ ᠵᠢᠭ᠍ᠰᠠᠭᠠᠯ᠎ᠤᠨ ᠭᠠᠵᠠᠷ ᠪᠣᠯᠣᠨ᠎ᠠ᠃ ᠣᠢᠷ᠎ᠠ᠎ᠶᠢᠨ ᠵᠢᠯ᠎ᠡᠴᠡ ᠥᠪᠥᠷ ᠮᠣᠩᠭᠣᠯ ᠲᠦᠷᠭᠡᠨ ᠬᠦᠷᠭᠡᠯᠳᠡ ᠵᠢᠨ ᠠᠵᠢᠯ ᠲᠦᠷᠦᠯ᠎ᠦᠨ ᠨᠠᠮ᠎ᠤᠨ ᠪᠠᠢᠭᠤᠯᠤᠯᠲᠠ᠎ᠶᠢᠨ ᠠᠵᠢᠯ᠎ᠢ ᠢᠳᠡᠪᠬᠢᠲᠡᠢ ᠠᠬᠢᠭᠤᠯᠵᠤ᠂ ᠥᠪᠡᠷᠲᠡᠭᠡᠨ ᠵᠠᠰᠠᠬᠤ ᠣᠷᠣᠨ᠂ ᠠᠢᠮᠠᠭ ᠬᠤᠳᠠ᠂ ᠬᠣᠰᠢᠭᠤ ᠰᠢᠶᠠᠨ ᠭᠤᠷᠪᠠᠨ ᠱᠠᠲᠤᠨ᠎ᠤ ᠲᠦᠷᠭᠡᠨ ᠬᠦᠷᠭᠡᠯᠳᠡ ᠵᠢᠨ ᠠᠵᠢᠯ ᠲᠦᠷᠦᠯ᠎ᠦᠨ ᠨᠠᠮ᠎ᠤᠨ ᠪᠠᠢᠭᠤᠯᠤᠯᠲᠠ᠎ᠶᠢᠨ ᠪᠠᠢᠭᠤᠯᠤᠮᠵᠢ᠎ᠶᠢ ᠪᠦᠬᠦᠨ᠎ᠢ ᠪᠦᠷᠬᠦᠭᠦᠯᠬᠦ᠂ ᠬᠣᠰᠢᠭᠤ ᠰᠢᠶᠠᠨ᠎ᠤ ᠤᠯᠠᠨ ᠲᠦᠮᠡᠨ᠎ᠦ ᠪᠦᠯᠬᠦᠮ᠎ᠦᠨ ᠵᠣᠬᠢᠶᠠᠨ ᠪᠠᠢᠭᠤᠯᠤᠯᠲᠠ᠎ᠶᠢ ᠪᠦᠬᠦᠨ᠎ᠢ ᠪᠦᠷᠬᠦᠭᠦᠯᠬᠦ᠎ᠶᠢ ᠪᠡᠶᠡᠯᠡᠭᠦᠯᠵᠦ᠂ ᠠᠢᠮᠠᠭ ᠬᠤᠳᠠ᠎ᠶᠢᠨ ᠠᠵᠢᠯ ᠲᠦᠷᠦᠯ᠎ᠦᠨ ᠨᠠᠮ᠎ᠤᠨ ᠬᠣᠷᠢᠶ᠎ᠠ᠎ᠶᠢᠨ 12 ᠠᠵᠢᠯ ᠲᠦᠷᠦᠯ᠎ᠦᠨ ᠨᠠᠮ᠎ᠤᠨ ᠪᠠᠢᠭᠤᠯᠤᠯᠲᠠ᠎ᠶᠢᠨ ᠲᠦᠷᠦᠯ ᠲᠡᠮᠳᠡᠭ᠂ 51 ᠬᠣᠰᠢᠭᠤ ᠰᠢᠶᠠᠨ᠎ᠤ ᠱᠠᠲᠤᠨ᠎ᠤ ᠨᠠᠮ᠎ᠤᠨ ᠪᠠᠢᠭᠤᠯᠤᠯᠲᠠ᠎ᠶᠢᠨ ᠲᠦᠷᠦᠯ ᠲᠡᠮᠳᠡᠭ ᠪᠣᠯᠣᠨ 12 ᠠᠵᠤ ᠠᠬᠤᠢᠯᠠᠯ᠎ᠤᠨ ᠨᠠᠮ᠎ᠤᠨ ᠪᠠᠢᠭᠤᠯᠤᠯᠲᠠ᠎ᠶᠢᠨ ᠲᠦᠷᠦᠯ ᠲᠡᠮᠳᠡᠭ᠎ᠢ ᠪᠦᠷᠢᠯᠳᠦᠭᠦᠯᠪᠠ᠃ ᠡᠭᠦᠨ᠎ᠳᠦ᠂ 《ᠲᠠᠪᠤ᠎ᠶᠢ ᠳᠠᠭᠠᠵᠤ ᠵᠢᠷᠭᠤᠭ᠎ᠠ᠎ᠵᠢ ᠬᠠᠪᠰᠤᠷᠬᠤ》 ᠲᠥᠷᠥᠯ ᠵᠦᠢᠯ ᠨᠢ ᠥᠪᠡᠷᠲᠡᠭᠡᠨ ᠵᠠᠰᠠᠬᠤ ᠣᠷᠣᠨ᠎ᠤ ᠰᠢᠤᠳᠠᠨ᠎ᠤ ᠬᠠᠮᠢᠶᠠᠷᠤᠯᠲᠠ᠎ᠶᠢᠨ ᠲᠣᠪᠴᠢᠶ᠎ᠠ᠎ᠶᠢᠨ ᠠᠬᠢᠭᠤᠯᠤᠨ ᠥᠷᠨᠢᠭᠦᠯᠦᠭᠰᠡᠨ ᠰᠢᠨ᠎ᠡ᠎ᠶᠢ ᠡᠭᠦᠳᠬᠦ ᠦᠢᠯᠡᠳᠦᠯᠭᠡ ᠪᠣᠯᠤᠭᠰᠠᠨ᠎ᠤ ᠬᠤᠪᠢ᠎ᠳᠤ᠂ ᠪᠥᠬᠥ ᠤᠯᠤᠰ᠎ᠤᠨ ᠰᠢᠨ᠎ᠡ᠎ᠪᠡᠷ ᠬᠥᠭᠵᠢᠭᠰᠡᠨ ᠬᠦᠷᠢᠶᠡᠨ᠎ᠳᠡᠬᠢ ᠨᠠᠮ᠎ᠤᠨ ᠪᠠᠢᠭᠤᠯᠤᠯᠲᠠ᠎ᠶᠢᠨ ᠰᠢᠨ᠎ᠡ᠎ᠶᠢ ᠡᠭᠦᠳᠦᠭᠰᠡᠨ ᠬᠡᠷᠡᠭ᠎ᠦᠨ ᠵᠢᠱ᠌ᠢᠶ᠎ᠡ᠎ᠪᠡᠷ ᠦᠨᠡᠯᠡᠭᠳᠡᠵᠦ᠂ ᠠᠵᠢᠯ ᠲᠥᠷᠥᠯ᠎ᠦᠨ ᠨᠠᠮ᠎ᠤᠨ ᠪᠠᠢᠭᠤᠯᠤᠯᠲᠠ᠎ᠶᠢᠨ ᠦᠨᠳᠦᠰᠦᠨ ᠱᠠᠲᠤᠨ᠎ᠤ ᠵᠠᠰᠠᠯᠲᠠ ᠳ᠋ᠤ ᠬᠦᠴᠦᠨ ᠤᠯᠭᠤᠬᠰᠠᠨ ᠬᠡᠪ ᠳᠠᠭᠤᠷᠢᠶᠠᠯ ᠪᠣᠯᠤᠭᠰᠠᠨ ᠪᠠᠢᠨ᠎ᠠ᠃

2026 ᠣᠨ᠎ᠳᠤ ᠥᠪᠡᠷᠲᠡᠭᠡᠨ ᠵᠠᠰᠠᠬᠤ ᠣᠷᠣᠨ᠎ᠤ ᠰᠢᠤᠳᠠᠨ᠎ᠤ ᠬᠠᠮᠢᠶᠠᠷᠤᠯᠲᠠ᠎ᠶᠢᠨ ᠲᠣᠪᠴᠢᠶ᠎ᠠ 《ᠲᠠᠪᠤ᠎ᠶᠢ ᠳᠠᠭᠠᠵᠤ ᠵᠢᠷᠭᠤᠭ᠎ᠠ᠎ᠵᠢ ᠬᠠᠪᠰᠤᠷᠬᠤ》 ᠠᠵᠢᠯᠯᠠᠭ᠎ᠠ᠎ᠪᠠᠷ ᠰᠠᠭᠤᠷᠢ ᠪᠣᠯᠭᠠᠵᠤ᠂ 《ᠨᠠᠮ᠎ᠤᠨ ᠪᠠᠢᠭᠤᠯᠤᠯᠲᠠ + ᠦᠨᠳᠦᠰᠦᠨ ᠱᠠᠲᠤᠨ᠎ᠤ ᠵᠠᠰᠠᠯᠲᠠ + ᠡᠷᠬᠡ ᠠᠰᠢᠭ᠋᠎ᠤᠨ ᠪᠠᠲᠤᠯᠠᠭ᠎ᠠ》 ᠵᠢᠨ ᠲᠥᠷᠥᠯ ᠲᠡᠮᠳᠡᠭ᠎ᠤᠨ ᠪᠠᠢᠭᠤᠯᠤᠯᠲᠠ᠎ᠶᠢᠨ ᠦᠷ᠎ᠡ ᠪᠦᠲᠦᠭᠡᠯ᠎ᠢ ᠥᠷᠭᠡᠳᠬᠡᠨ᠂ 《ᠨᠠᠮ᠎ᠤᠨ ᠪᠠᠢᠭᠤᠯᠤᠯᠲᠠ ᠬᠠᠮᠳᠤᠷᠡᠨ ᠬᠠᠮᠳᠤᠪᠡᠷ ᠪᠠᠢᠭᠤᠯᠵᠥ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠬᠦᠴᠦᠨ ᠨᠡᠮᠡᠷᠢᠯᠡᠬᠦ》 ᠲᠥᠷᠥᠯ ᠲᠡᠮᠳᠡᠭ᠎ᠤᠨ ᠪᠠᠢᠭᠤᠯᠤᠯᠲᠠ᠎ᠶᠢ ᠠᠬᠢᠭᠤᠯᠵᠤ᠂ ᠡᠬᠦᠨ᠎ᠤ ᠤᠯᠠᠮ ᠡᠴᠡ ᠲᠦᠷᠭᠡᠨ ᠬᠦᠷᠭᠡᠯᠳᠡ ᠵᠢᠨ ᠠᠵᠢᠯ ᠲᠦᠷᠦᠯ᠎ᠤᠨ ᠦᠨᠳᠦᠰᠦᠨ ᠱᠠᠳᠤᠨ᠎ᠤ ᠵᠠᠰᠠᠯᠳᠠ ᠳ᠋ᠤ ᠨᠡᠡᠭ ᠰᠠᠢᠳᠤᠷ ᠠᠭᠤᠰᠤᠯᠴᠠᠬᠤ ᠵᠢ ᠠᠬᠢᠭᠤᠯᠤᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号