ᠬᠦᠢᠲᠡᠨ ᠤᠷᠤᠰᠬᠠᠯ ᠮᠠᠨ᠎ᠤ ᠤᠯᠤᠰ᠎ᠤᠨ ᠶᠡᠬᠡᠩᠬᠢ ᠭᠠᠵᠠᠷ ᠣᠷᠣᠨ᠎ᠢ ᠨᠥᠯᠥᠭᠡᠯᠡᠪᠠ᠂ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ 1 ᠰᠠᠷ᠎ᠠ᠎ᠶᠢᠨ 18 ᠤ᠋ ᠡᠳᠦᠷ᠎ᠦᠨ 18 ᠴᠠᠭ᠎ᠲᠤ ᠬᠦᠨᠳᠦ ᠶᠡᠬᠡ ᠴᠠᠭ ᠠᠭᠤᠷ᠎ᠤᠨ ᠭᠠᠮᠰᠢᠭ᠋ (ᠬᠦᠢᠲᠡᠨ ᠤᠷᠤᠰᠬᠠᠯ) ᠤ᠋ᠨ ᠳᠥᠷᠪᠡᠳᠦᠭᠡᠷ ᠳᠡᠰ᠎ᠤᠨ ᠪᠠᠴᠢᠮ ᠪᠠᠢᠳᠠᠯ᠎ᠢ ᠠᠷᠭᠠᠴᠠᠭᠠᠬᠤ ᠲᠦᠰᠦᠯ (ᠬᠦᠢᠲᠡᠨ ᠤᠷᠤᠰᠬᠠᠯ᠂ ᠮᠥᠰᠥᠲᠦᠯ᠂ ᠶᠡᠬᠡ ᠴᠠᠰᠤ) ᠢ᠋ ᠭᠤᠷᠪᠠᠳᠤᠭᠠᠷ ᠳᠡᠰᠪᠤᠯᠭᠠᠵᠤ ᠲᠣᠬᠢᠷᠠᠭᠤᠯᠪᠠ᠃ ᠲᠥᠪ᠎ᠦᠨ ᠴᠠᠭ ᠠᠭᠤᠷ᠎ᠤᠨ ᠬᠣᠷᠢᠶ᠎ᠠ 18 ᠤ᠋ ᠡᠳᠦᠷ᠎ᠦᠨ 18 ᠴᠠᠭ᠎ᠲᠤ ᠬᠦᠢᠲᠡᠨ ᠤᠷᠤᠰᠬᠠᠯ᠎ᠤᠨ ᠰᠢᠷ᠎ᠠ ᠥᠩᠭᠡᠲᠦ ᠰᠡᠷᠡᠮᠵᠢᠯᠡᠭᠦᠯᠦᠯ ᠢ᠋ ᠦᠷᠭᠦᠯᠵᠢᠯᠡᠨ ᠨᠡᠢᠲᠡᠯᠡᠬᠦ᠎ᠶᠢᠨ ᠬᠠᠮᠲᠤ ᠮᠦᠰᠦᠳᠦᠯ ᠤ᠋ᠨ ᠰᠢᠷ᠎ᠠ ᠥᠩᠭᠡᠲᠦ ᠰᠡᠷᠡᠮᠵᠢᠯᠡᠭᠦᠯᠦᠯ ᠪᠠ ᠶᠡᠬᠡ ᠴᠠᠰᠤᠨ ᠤ᠋ ᠬᠥᠬᠡ ᠥᠩᠭᠡᠲᠦ ᠰᠡᠷᠡᠮᠵᠢᠯᠡᠭᠦᠯᠦᠯ᠎ᠢ ᠨᠡᠢᠲᠡᠯᠡᠪᠡ᠃
ᠬᠦᠢᠲᠡᠨ ᠤᠷᠤᠰᠬᠠᠯ᠎ᠤᠨ ᠨᠥᠯᠥᠭᠡ᠎ᠡᠴᠡ ᠪᠣᠯᠵᠤ᠂ 18 ᠤ᠋ ᠰᠥᠨᠢ᠎ᠡᠴᠡ 21 ᠪᠣᠯᠲᠠᠯ᠎ᠠ ᠮᠠᠨ᠎ᠤ ᠤᠯᠤᠰ᠎ᠤᠨ ᠳᠤᠮᠳᠠ ᠵᠡᠭᠦᠨ ᠪᠡᠶ᠎ᠠ ᠵᠢᠨ ᠭᠠᠵᠠᠷ ᠣᠷᠣᠨ᠎ᠳᠤ ᠶᠡᠬᠡ ᠰᠠᠯᠬᠢ ᠰᠠᠯᠬᠢᠯᠠᠵᠤ᠂ ᠡᠳᠦᠷ᠎ᠦᠨ ᠳᠤᠮᠳᠠᠴᠢ ᠳᠤᠯᠠᠭᠠᠨ ᠤ᠋ ᠬᠡᠮᠵᠢᠶ᠎ᠠ ᠪᠤᠶᠤ ᠬᠠᠮᠤᠭ᠎ᠤᠨ ᠳᠣᠣᠷ᠎ᠠ ᠳᠤᠯᠠᠭᠠᠨ ᠤ᠋ ᠬᠡᠮᠵᠢᠶ᠎ᠠ ᠨᠡᠢᠳᠡᠮ᠎ᠳᠡᠭᠡᠨ 6°C ᠡᠴᠡ 12°C ᠪᠠᠭᠤᠷᠠᠵᠤ᠂ ᠬᠠᠲᠤᠨ ᠭᠣᠣᠯ ᠬᠤᠸᠠᠢᠾᠧ ᠭᠣᠣᠯ᠎ᠤᠨ ᠡᠮᠦᠨ᠎ᠠ ᠪᠡᠶ᠎ᠠ᠂ ᠬᠥᠬᠡᠮᠥ᠋ᠷᠡᠨ ᠬᠤᠸᠠᠢᠾᠧ ᠭᠣᠣᠯ᠎ᠤᠨ ᠪᠠᠷᠠᠭᠤᠨ ᠪᠡᠶ᠎ᠠ᠂ ᠵᠢᠶᠠᠩᠨᠠᠨ᠎ᠤ ᠡᠮᠦᠨ᠎ᠠ ᠪᠡᠶ᠎ᠠ ᠵᠢᠴᠢ ᠭᠦᠢᠵᠧᠦ᠎ᠶᠢᠨ ᠳᠤᠮᠳᠠ ᠵᠡᠭᠦᠨ ᠪᠡᠶ᠎ᠠ᠂ ᠭᠤᠸᠠᠩᠰᠢ᠎ᠶᠢᠨ ᠬᠣᠢᠲᠤ ᠪᠡᠶ᠎ᠠ ᠵᠡᠷᠭᠡ ᠬᠡᠰᠡᠭ ᠭᠠᠵᠠᠷ ᠣᠷᠣᠨ᠎ᠳᠤ ᠲᠤᠯᠠᠭᠠᠨ᠎ᠤ ᠬᠡᠮᠵᠢᠶ᠎ᠡ 12°C ᠡᠴᠡ 14°C ᠪᠠᠭᠤᠷᠠᠵᠤ᠂ ᠬᠡᠰᠡᠭ ᠭᠠᠵᠠᠷ᠎ᠲᠤ 16°C ᠡᠴᠡ ᠳᠡᠭᠡᠭᠰᠢ ᠪᠠᠭᠤᠷᠠᠨ᠎ᠠ᠃ 1 ᠰᠠᠷ᠎ᠠ᠎ᠶᠢᠨ 21 ᠤ᠋ ᠡᠳᠦᠷ᠎ᠦᠨ ᠥᠷᠯᠥᠭᠡ ᠡᠷᠲᠡ᠂ ᠬᠠᠮᠤᠭ᠎ᠤᠨ ᠳᠣᠣᠷ᠎ᠠ ᠳᠤᠯᠠᠭᠠᠨ᠎ᠤ ᠬᠡᠮᠵᠢᠶ᠎ᠡ 0°C ᠤ᠋ᠨ ᠱᠤᠭᠤᠮ ᠭᠦᠢᠵᠧᠦ᠎ᠶᠢᠨ ᠡᠮᠦᠨ᠎ᠡ ᠪᠡᠶ᠎ᠠ — ᠬᠤᠨᠠᠨ᠎ᠤ ᠡᠮᠦᠨ᠎ᠡ ᠪᠡᠶ᠎ᠠ — ᠵᠢᠶᠠᠩᠰᠢ᠎ᠶᠢᠨ ᠳᠤᠮᠳᠠ ᠪᠡᠶ᠎ᠠ — ᠵᠧᠵᠢᠶᠠᠩ᠎ᠤᠨ ᠡᠮᠦᠨ᠎ᠡ ᠪᠡᠶ᠎ᠠ ᠬᠦᠷᠳᠡᠯ᠎ᠠ ᠡᠮᠦᠨᠡᠰᠢᠯᠡᠨᠠ᠃
ᠶᠡᠬᠡ ᠴᠠᠰᠤᠨ ᠤ᠋ ᠲᠤᠬᠠᠢ ᠲᠥᠪ᠎ᠦᠨ ᠴᠠᠭ ᠠᠭᠤᠷ᠎ᠤᠨ ᠬᠣᠷᠢᠶ᠎ᠠ ᠵᠢᠨ ᠵᠢᠱ᠌ᠢᠯᠲᠡ᠎ᠪᠡᠷ᠂ 18 ᠤ᠋ 20 ᠴᠠᠭ ᠡᠴᠡ 19 ᠤ᠋ 20 ᠴᠠᠭ ᠪᠣᠯᠲᠠᠯ᠎ᠠ ᠱᠠᠨᠰᠢ᠎ᠶᠢᠨ ᠡᠮᠦᠨ᠎ᠠ ᠪᠡᠶ᠎ᠠ᠂ ᠾᠧᠨᠠᠨ᠎ᠤ ᠳᠤᠮᠳᠠ ᠡᠮᠦᠨ᠎ᠠ ᠪᠡᠶ᠎ᠠ᠂ ᠠᠨᠾᠦ᠋ᠢ᠎ᠶᠢᠨ ᠬᠣᠢᠲᠤ ᠪᠡᠶ᠎ᠠ᠂ ᠬᠤᠪᠧᠢ᠎ᠶᠢᠨ ᠪᠠᠷᠠᠭᠤᠨ ᠬᠣᠢᠲᠤ ᠪᠡᠶ᠎ᠠ ᠵᠡᠷᠭᠡ ᠭᠠᠵᠠᠷ᠎ᠲᠤ ᠶᠡᠬᠡ ᠴᠠᠰᠤ ᠣᠷᠣᠨ᠎ᠠ᠃ ᠡᠭᠦᠨ᠎ᠳᠦ᠂ ᠱᠠᠨᠰᠢ᠎ᠶᠢᠨ ᠡᠮᠦᠨ᠎ᠠ ᠪᠡᠶ᠎ᠠ᠂ ᠾᠧᠨᠠᠨ᠎ᠤ ᠡᠮᠦᠨ᠎ᠠ ᠪᠡᠶ᠎ᠠ ᠪᠣᠯᠣᠨ ᠪᠠᠷᠠᠭᠤᠨ ᠪᠡᠶ᠎ᠠ᠂ ᠠᠨᠾᠦ᠋ᠢ᠎ᠶᠢᠨ ᠪᠠᠷᠠᠭᠤᠨ ᠬᠣᠢᠲᠤ ᠪᠡᠶ᠎ᠠ᠂ ᠬᠤᠪᠧᠢ᠎ᠶᠢᠨ ᠪᠠᠷᠠᠭᠤᠨ ᠬᠣᠢᠲᠤ ᠪᠡᠶ᠎ᠠ ᠵᠡᠷᠭᠡ ᠭᠠᠵᠠᠷ ᠣᠷᠣᠨ᠎ᠳᠤ ᠶᠡᠬᠡ ᠴᠠᠰᠤ ᠤᠷᠤᠨ᠎ᠠ᠃
ᠮᠥᠰᠥᠲᠦᠯ᠎ᠦᠨ ᠲᠠᠯ᠎ᠠ᠎ᠪᠠᠷ᠂ ᠲᠥᠪ᠎ᠦᠨ ᠴᠠᠭ ᠠᠭᠤᠷ᠎ᠤᠨ ᠬᠣᠷᠢᠶ᠎ᠠ ᠵᠢᠨ ᠵᠢᠱ᠌ᠢᠯᠲᠡ᠎ᠪᠡᠷ᠂ 18 ᠤ᠋ 20 ᠴᠠᠭ ᠡᠴᠡ 19 ᠤ᠋ 20 ᠴᠠᠭ ᠪᠣᠯᠲᠠᠯ᠎ᠠ᠂ ᠾᠧᠨᠠᠨ᠎ᠤ ᠵᠡᠭᠦᠨ ᠡᠮᠦᠨ᠎ᠠ ᠪᠡᠶ᠎ᠠ᠂ ᠠᠨᠾᠦ᠋ᠢ ᠵᠢᠨ ᠪᠠᠷᠠᠭᠤᠨ ᠪᠡᠶ᠎ᠠ᠂ ᠬᠤᠪᠧᠢ ᠵᠢᠨ ᠬᠣᠢᠲᠤ ᠪᠡᠶ᠎ᠠ ᠪᠠ ᠪᠠᠷᠠᠭᠤᠨ ᠪᠡᠶ᠎ᠠ᠂ ᠱᠠᠨᠰᠢ᠎ᠶᠢᠨ ᠵᠡᠭᠦᠨ ᠡᠮᠦᠨ᠎ᠠ ᠪᠡᠶ᠎ᠠ᠂ ᠴᠦᠩᠴᠢᠩ᠎ᠦᠨ ᠬᠣᠢᠲᠤ ᠪᠡᠶ᠎ᠠ ᠵᠡᠷᠭᠡ ᠵᠢᠨ ᠵᠠᠷᠢᠮ ᠭᠠᠵᠠᠷ ᠣᠷᠣᠨ᠎ᠳᠤ ᠮᠦᠰᠦ ᠲᠠᠢ ᠪᠤᠷᠤᠭᠠᠨ ᠪᠤᠶᠤ ᠮᠦᠨᠳᠦᠷᠦᠨᠴᠢᠷᠪᠠᠭᠤᠨᠠ᠃
(ᠰᠢᠨᠬᠤᠸᠠ ᠬᠣᠷᠢᠶ᠎ᠠ ᠵᠢᠨ ᠪᠡᠭᠡᠵᠢᠩ᠎ᠦᠨ 1 ᠰᠠᠷ᠎ᠠ᠎ᠶᠢᠨ 18 ᠤ᠋ ᠴᠠᠬᠢᠯᠭᠠᠨ ᠮᠡᠳᠡᠭᠡ)