15 ᠤ ᠡᠳᠦᠷ᠂ 2026 ᠣᠨ᠎ᠤ
ᠪᠥᠬᠥ ᠤᠯᠤᠰ᠎ᠤᠨ ᠴᠡᠷᠢᠭ ᠡᠯᠰᠡᠬᠦ ᠠᠵᠢᠯ᠎ᠤᠨ ᠸᠢᠳᠢᠣ᠋ ᠬᠤᠷᠠᠯ ᠪᠡᠭᠡᠵᠢᠩ᠎ᠳᠦ ᠬᠤᠷᠠᠯᠳᠤᠵᠤ᠂ ᠡᠨᠡ ᠵᠢᠯ᠎ᠤᠨ
ᠬᠤᠶᠠᠷ ᠤᠳᠠᠭᠠᠨ᠎ᠤ ᠴᠡᠷᠢᠭ ᠡᠯᠰᠡᠬᠦ ᠠᠵᠢᠯ᠎ᠢ ᠳᠤᠬᠢᠷᠠᠭᠤᠯᠪᠠ᠃
ᠴᠡᠷᠢᠭ ᠡᠯᠰᠡᠬᠦ ᠴᠠᠭ
ᠳᠡᠭᠡᠷ᠎ᠡ ᠬᠠᠭᠠᠰ ᠵᠢᠯ᠎ᠦᠨ
ᠴᠡᠷᠢᠭ ᠡᠯᠰᠡᠬᠦ ᠠᠵᠢᠯ 2 ᠰᠠᠷ᠎ᠠ᠎ᠶᠢᠨ 24᠎ᠦ ᠡᠳᠦᠷ᠎ᠡᠴᠡ ᠡᠬᠢᠯᠡᠵᠦ᠂ 3 ᠰᠠᠷ᠎ᠠ᠎ᠶᠢᠨ 31᠎ᠦ ᠡᠳᠦᠷ ᠳᠠᠭᠤᠰᠤᠨ᠎ᠠ;
ᠳᠣᠣᠷ᠎ᠠ ᠬᠠᠭᠠᠰ ᠵᠢᠯ᠎ᠦᠨ
ᠴᠡᠷᠢᠭ ᠡᠯᠰᠡᠬᠦ ᠠᠵᠢᠯ 8 ᠰᠠᠷ᠎ᠠ᠎ᠶᠢᠨ 15᠎ᠤ ᠡᠳᠦᠷ᠎ᠡᠴᠡ ᠡᠬᠢᠯᠡᠵᠦ᠂ 9 ᠰᠠᠷ᠎ᠠ᠎ᠶᠢᠨ 30᠎ᠤ ᠡᠳᠦᠷ ᠳᠠᠭᠤᠰᠤᠨ᠎ᠠ᠃
ᠡᠯᠰᠡᠬᠦ ᠡᠲᠡᠭᠡᠳ
ᠣᠶᠤᠲᠠᠳ᠎ᠢᠶᠠᠷ ᠭᠣᠣᠯᠳᠠᠯᠭ᠎ᠠ
ᠪᠣᠯᠭᠠᠵᠤ᠂ ᠡᠯ᠎ᠡ ᠱᠠᠲᠤᠨ᠎ᠤ ᠡᠯ᠎ᠡ ᠲᠥᠷᠥᠯ᠎ᠦᠨ ᠰᠤᠷᠭᠠᠭᠤᠯᠢ ᠲᠡᠭᠦᠰᠦᠭᠰᠡᠳ᠎ᠢ ᠡᠯᠰᠡᠬᠦ᠎ᠶᠢ
ᠳᠣᠪᠣᠶ᠋ᠢᠯᠭᠠᠨ᠎ᠠ᠃
ᠡᠯᠰᠡᠬᠦ ᠡᠮᠡᠭᠲᠡᠢ ᠵᠠᠯᠠᠭᠤᠴᠤᠳ
ᠨᠢ ᠡᠩ᠎ᠦᠨ ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ᠎ᠶᠢᠨ ᠲᠤᠰ ᠬᠤᠭᠤᠴᠠᠭᠠᠨ᠎ᠤ ᠲᠡᠭᠦᠰᠦᠭᠰᠡᠳ᠂ ᠡᠩ᠎ᠦᠨ
ᠳᠡᠭᠡᠳᠦ ᠵᠡᠷᠭᠡ᠎ᠶᠢᠨ ᠰᠤᠷᠭᠠᠭᠤᠯᠢ ᠪᠠ ᠰᠢᠨᠵᠢᠯᠡᠬᠦ ᠤᠬᠠᠭᠠᠨ᠎ᠤ ᠰᠤᠳᠤᠯᠭᠠᠨ᠎ᠤ ᠪᠠᠢᠭᠤᠯᠤᠮᠵᠢ᠎ᠶᠢᠨ ᠪᠦᠬᠦᠯᠢ
ᠡᠳᠦᠷ᠎ᠦᠨ ᠳᠦᠷᠢᠮᠲᠦ ᠲᠡᠭᠦᠰᠦᠭᠰᠡᠳ ᠵᠢᠴᠢ ᠰᠤᠷᠭᠠᠭᠤᠯᠢ᠎ᠳᠤ ᠪᠠᠢᠭ᠎ᠠ ᠰᠤᠷᠤᠭ᠍ᠴᠢᠳ ᠪᠣᠯᠣᠨ᠎ᠠ᠃
ᠡᠯᠰᠡᠬᠦ ᠨᠠᠰᠤ
·ᠡᠷᠡᠭᠲᠡᠢ ᠵᠠᠯᠠᠭᠤᠴᠤᠳ ᠨᠢ
2026 ᠣᠨ᠎ᠳᠤ ᠪᠦᠬᠦᠯᠢ 18 ᠡᠴᠠ 22 ᠨᠠᠰᠤ ᠬᠦᠷᠴᠦ᠂ ᠡᠩ᠎ᠦᠨ ᠳᠡᠭᠡᠳᠦ ᠵᠡᠷᠭᠡ᠎ᠶᠢᠨ ᠰᠤᠷᠭᠠᠭᠤᠯᠢ᠎ᠶᠢᠨ ᠵᠢᠩᠬᠢᠨᠢ
ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠠᠴᠠ ᠲᠡᠭᠦᠰᠦᠭᠰᠡᠳ᠂ ᠲᠡᠭᠦᠰᠬᠦ ᠨᠥᠬᠥᠴᠡᠯ᠎ᠳᠦ ᠨᠡᠢᠴᠡᠬᠦ ᠲᠡᠭᠦᠰᠬᠦ
ᠠᠩᠭᠢ᠎ᠶᠢᠨ ᠰᠤᠷᠤᠭ᠍ᠴᠢᠳ᠎ᠤᠨ ᠨᠠᠰᠤ ᠵᠢ ᠪᠦᠬᠦᠯᠢ 24 ᠨᠠᠰᠤ ᠬᠦᠷᠲᠡᠯ᠎ᠡ ᠠᠭᠤᠵᠢᠭᠤ ᠲᠠᠯᠪᠢᠵᠤ᠂ ᠠᠰᠫᠢᠷᠠᠨᠲ
ᠲᠡᠭᠦᠰᠦᠭᠰᠡᠳ ᠵᠢᠴᠢ ᠰᠤᠷᠭᠠᠭᠤᠯᠢ᠎ᠳᠤ ᠪᠠᠢᠭ᠎ᠠ ᠰᠤᠷᠤᠭ᠍ᠴᠢᠳ᠎ᠤᠨ ᠨᠠᠰᠤ ᠵᠢ ᠪᠦᠬᠦᠯᠢ 26 ᠨᠠᠰᠤ ᠬᠦᠷᠲᠡᠯ᠎ᠡ
ᠠᠭᠤᠵᠢᠭᠤ ᠲᠠᠯᠪᠢᠵᠤ᠂ ᠠᠩᠬ᠎ᠠ ᠵᠡᠷᠭᠡ᠎ᠶᠢᠨ ᠳᠤᠮᠳᠠᠳᠤ ᠰᠤᠷᠭᠠᠭᠤᠯᠢ᠎ᠠᠴᠠ ᠲᠡᠭᠦᠰᠦᠭᠰᠡᠨ ᠰᠣᠶᠣᠯ᠎ᠤᠨ ᠬᠢᠷᠢ
ᠬᠡᠮᠵᠢᠶ᠎ᠡ᠎ᠲᠠᠢ ᠡᠷᠡᠭᠲᠡᠢ ᠵᠠᠯᠠᠭᠤᠴᠤᠳ᠎ᠢ ᠪᠦᠬᠦᠯᠢ 20 ᠨᠠᠰᠤ᠎ᠠᠴᠠ ᠬᠡᠲᠦᠷᠡᠭᠦᠯᠵᠦ ᠪᠣᠯᠬᠤ ᠦᠭᠡᠢ;
·ᠡᠮᠡᠭᠲᠡᠢ ᠵᠠᠯᠠᠭᠤᠴᠤᠳ ᠨᠢ
2026 ᠣᠨ᠎ᠳᠤ ᠪᠦᠬᠦᠯᠢ 18 ᠡᠴᠠ 22 ᠨᠠᠰᠤ ᠬᠦᠷᠴᠦ᠂ ᠪᠦᠬᠦᠯᠢ ᠡᠳᠦᠷ᠎ᠦᠨ ᠳᠦᠷᠢᠮᠲᠦ ᠠᠰᠫᠢᠷᠠᠨᠲ ᠵᠢᠴᠢ ᠰᠤᠷᠭᠠᠭᠤᠯᠢ᠎ᠳᠤ
ᠪᠠᠢᠭ᠎ᠠ ᠰᠣᠷᠣᠭ᠍ᠴᠢᠳ᠎ᠤᠨ ᠨᠠᠰᠤ᠎ᠶᠢ ᠪᠦᠬᠦᠯᠢ 26 ᠨᠠᠰᠤ ᠬᠦᠷᠲᠡᠯ᠎ᠡ ᠠᠭᠤᠵᠢᠭᠤ ᠲᠠᠯᠪᠢᠵᠤ᠂ ᠳᠡᠭᠡᠷ᠎ᠡ ᠬᠠᠭᠠᠰ
ᠵᠢᠯ᠎ᠳᠦ ᠡᠯᠰᠡᠬᠦ ᠡᠩ᠎ᠦᠨ ᠳᠡᠭᠡᠳᠦ ᠵᠡᠷᠭᠡ᠎ᠶᠢᠨ ᠰᠤᠷᠭᠠᠭᠤᠯᠢ᠎ᠶᠢᠨ ᠪᠦᠬᠦᠯᠢ ᠡᠳᠦᠷ᠎ᠦᠨ ᠳᠦᠷᠢᠮᠲᠦ ᠵᠢᠩᠬᠢᠨᠢ
ᠠᠩᠭᠢ ᠪᠠ ᠲᠤᠰᠬᠠᠢ ᠮᠡᠷᠭᠡᠵᠢᠯ᠎ᠦᠨ ᠠᠩᠭᠢ᠎ᠠᠴᠠ ᠲᠡᠭᠦᠰᠦᠭᠰᠡᠳ᠎ᠤᠨ ᠨᠠᠰᠤ᠎ᠶᠢ ᠪᠦᠬᠦᠯᠢ 23 ᠨᠠᠰᠤ ᠬᠦᠷᠲᠡᠯ᠎ᠡ
ᠠᠭᠤᠵᠢᠭᠤ ᠲᠠᠯᠪᠢᠨ᠎ᠠ᠃
ᠬᠤᠷᠠᠯ᠎ᠠᠴᠠ᠂ ᠦᠷᠡᠭᠳᠡᠭᠰᠡᠨ
ᠪᠠᠭᠠᠲᠤᠷ᠂ ᠠᠯᠪᠠᠨ ᠶᠠᠪᠤᠳᠠᠯ᠎ᠢᠶᠠᠷ ᠪᠡᠶ᠎ᠡ ᠦᠷᠡᠭᠳᠡᠭᠰᠡᠨ ᠴᠡᠷᠢᠭ᠂ ᠡᠪᠡᠳᠴᠢᠨ᠎ᠢᠶᠡᠷ ᠨᠠᠰᠤ ᠪᠠᠷᠠᠭᠰᠠᠨ ᠴᠡᠷᠢᠭ
ᠬᠥᠮᠥᠨ᠎ᠦ ᠦᠷ᠎ᠡ ᠬᠡᠦᠬᠡᠳ᠂ ᠠᠬ᠎ᠠ ᠳᠡᠭᠦᠦ ᠡᠭᠡᠴᠢ ᠥᠬᠢᠨ ᠳᠡᠭᠦᠦ ᠪᠣᠯᠣᠨ ᠠᠯᠪᠠ ᠬᠠᠭᠠᠵᠤ ᠪᠠᠢᠭ᠎ᠠ ᠴᠡᠷᠢᠭ
ᠬᠥᠮᠥᠨ᠎ᠦ ᠦᠷ᠎ᠡ ᠬᠡᠦᠬᠡᠳ᠂ ᠠᠶᠤᠯ ᠭᠠᠮᠰᠢᠭ᠋᠎ᠠᠴᠠ ᠠᠪᠤᠷᠠᠬᠤ ᠪᠠ ᠭᠠᠮᠰᠢᠭ᠍ᠳᠠᠭᠰᠠᠨ ᠣᠷᠣᠨ᠎ᠢ ᠰᠡᠷᠭᠦᠭᠡᠨ ᠳᠠᠬᠢᠨ
ᠪᠠᠶ᠋ᠢᠭᠤᠯᠬᠤ ᠳᠤᠮᠳᠠ ᠲᠣᠪᠣᠢᠮ᠎ᠠ ᠢᠯᠡᠷᠡᠯ᠎ᠲᠠᠢ ᠰᠢᠯᠢᠳᠡᠭ ᠵᠠᠯᠠᠭᠤᠴᠤᠳ ᠨᠥᠬᠥᠴᠡᠯ᠎ᠳᠦ ᠨᠡᠢᠴᠡᠪᠡᠯ ᠴᠡᠷᠢᠭ᠎ᠲᠦ
ᠣᠷᠣᠬᠤ᠎ᠶᠢ ᠤᠷᠢᠳ᠎ᠢᠶᠠᠷ ᠵᠥᠪᠰᠢᠶᠡᠷᠡᠬᠦ ᠬᠡᠷᠡᠭᠲᠡᠢ᠃ ᠬᠣᠣᠰ ᠬᠡᠯᠡ ᠮᠡᠳᠡᠳᠡᠭ᠂ ᠰᠣᠶᠣᠯ᠎ᠤᠨ ᠬᠢᠷᠢ ᠬᠡᠮᠵᠢᠶ᠎ᠡ᠎ᠪᠡᠷ
ᠨᠡᠯᠢᠶᠡᠳ ᠥᠨᠳᠥᠷ᠂ ᠶᠡᠷᠦᠩᠬᠡᠢᠯᠡᠭᠰᠡᠨ ᠬᠡᠪ ᠴᠢᠨᠠᠷ᠎ᠢᠶᠠᠷ ᠰᠠᠢᠨ ᠵᠠᠯᠠᠭᠤᠴᠤᠳ᠎ᠢ ᠢᠯᠡᠭᠦᠬᠡᠨ ᠡᠯᠰᠡᠵᠦ ᠴᠡᠷᠢᠭ᠎ᠲᠦ
ᠣᠷᠣᠭᠤᠯᠤᠨ᠎ᠠ᠃ ᠬᠤᠪᠢᠰᠬᠠᠯ᠎ᠤᠨ ᠡᠷᠲᠡ ᠴᠢᠯᠦᠭᠡᠯᠡᠭᠳᠡᠭᠰᠡᠨ ᠣᠷᠣᠨ᠎ᠳᠤ ᠠᠬᠠᠮᠠᠳ ᠤᠯᠠᠭᠠᠨ ᠴᠡᠷᠢᠭ᠂ ᠠᠬᠠᠮᠠᠳ
ᠴᠡᠷᠢᠭ᠎ᠡᠴᠡ ᠬᠠᠯᠠᠭᠳᠠᠭᠰᠠᠳ᠎ᠤᠨ ᠦᠷ᠎ᠡ ᠬᠤᠢᠴᠢᠰᠢ ᠢᠯᠡᠭᠦᠬᠡᠨ ᠴᠡᠷᠢᠭ᠎ᠲᠦ ᠡᠯᠰᠡᠪᠡᠯ ᠵᠤᠬᠢᠨ᠎ᠠ ᠭᠡᠵᠦ
ᠵᠢᠭᠠᠵᠤ ᠭᠠᠷᠭᠠᠪᠠ᠃
ᠵᠣᠬᠢᠬᠤ ᠨᠠᠰᠤᠨ᠎ᠤ ᠵᠠᠯᠠᠭᠤᠴᠤᠳ
ᠥᠪᠡᠰᠦᠪᠡᠨ《ᠪᠥᠬᠥ ᠤᠯᠤᠰ᠎ᠤᠨ ᠴᠡᠷᠢᠭ ᠡᠯᠰᠡᠬᠦ ᠰᠦᠯᠵᠢᠶ᠎ᠡ》᠎ᠳ᠋ᠤ ᠭᠠᠷᠴᠤ᠂ ᠬᠠᠮᠢᠶ᠎ᠠ ᠪᠦᠬᠦᠢ ᠮᠡᠳᠡᠭᠡ ᠵᠠᠩᠭᠢ᠎ᠶᠢ ᠦᠨᠡᠨ ᠮᠥᠨ᠎ᠢᠶᠡᠷ ᠨᠢ ᠲᠠᠭᠯᠠᠵᠤ
ᠨᠡᠷ᠎ᠡ ᠮᠡᠳᠡᠭᠦᠯᠦᠨ ᠡᠯᠰᠡᠭᠦᠯᠬᠦ ᠬᠡᠷᠡᠭᠲᠡᠢ᠃
(ᠢᠷᠡᠯᠲᠡ᠄ ᠠᠷᠠᠳ᠎ᠤᠨ
ᠡᠳᠦᠷ᠎ᠤᠨ ᠰᠤᠨᠢᠨ)