ᠰᠤᠷᠪᠤᠯᠵᠢᠯᠠᠬᠴᠢ 1 ᠰᠠᠷ᠎ᠠ ᠢ᠋ᠢᠨ 20 ᠤ᠋ ᠡᠳᠦᠷ ᠬᠤᠷᠠᠯᠳᠤᠬᠰᠠᠨ 2026 ᠤᠨ ᠤ᠋ ᠪᠦᠬᠦ ᠤᠷᠤᠨ ᠤ᠋ ᠤᠰᠤᠨ ᠠᠰᠢᠭᠯᠠᠯᠲᠠ ᠢ᠋ᠢᠨ ᠠᠵᠢᠯ ᠤ᠋ᠨ ᠬᠤᠷᠠᠯ ᠡᠴᠡ ᠤᠢᠯᠠᠭᠠᠭᠰᠠᠨ ᠢ᠋ᠢᠡᠷ᠂ 2025 ᠣᠨ ᠳ᠋ᠤ ᠮᠠᠨ ᠤ᠋ ᠤᠷᠤᠨ 《ᠤᠰᠤ ᠠᠷᠪᠢᠯᠠᠬᠤ ᠢ᠋ᠢ ᠲᠡᠷᠢᠭᠦᠨ ᠳ᠋ᠤ ᠲᠠᠯᠪᠢᠬᠤ᠂ ᠤᠷᠤᠨ ᠵᠠᠢ ᠢ᠋ᠢ ᠲᠡᠡᠭᠴᠡᠪᠤᠷᠢᠲᠠᠢ ᠪᠠᠢᠯᠭᠠᠬᠤ᠂ ᠰᠢᠰᠲᠸᠮ ᠲᠠᠢ ᠵᠠᠰᠠᠬᠤ᠂ ᠬᠤᠶᠠᠷ ᠲᠠᠯ᠎ᠠ ᠪᠡᠷ ᠬᠦᠴᠦᠯᠡᠬᠦ》ᠤᠰᠤ ᠵᠠᠰᠠᠬᠤ ᠰᠠᠳᠬᠢᠮᠵᠢ ᠢ᠋ᠢ ᠬᠢᠨᠠᠮᠠᠭᠠᠢ ᠲᠤᠭᠤᠰᠢᠯᠠᠭᠤᠯᠵᠤ᠂ 《ᠤᠰᠤ ᠠᠷᠪᠢᠯᠠᠬᠤ ᠠᠵᠢᠯᠯᠠᠭ᠎ᠠ ᠢ᠋ᠢᠨ ᠬᠡᠷᠡᠭ᠌ᠵᠢᠭᠦᠯᠬᠦ᠌ ᠲᠥᠰᠦᠯ》 ᠢ᠋ ᠨᠢᠮᠪᠠᠢ ᠨᠠᠢᠳᠠᠪᠤᠷᠢᠵᠢᠭᠤᠯᠤᠨ᠂ ᠤᠰᠤ ᠠᠷᠪᠢᠯᠠᠬᠤ ᠠᠵᠢᠯᠯᠠᠭ᠎ᠠ ᠢ᠋ᠢ ᠭᠦᠨᠵᠡᠭᠡᠢ ᠥᠷᠨᠢᠭᠦᠯᠵᠦ᠍᠂ ᠡᠯ᠎ᠡ ᠠᠵᠢᠯ ᠲᠥᠷᠥᠯ ᠤ᠋ᠨ ᠤᠰᠤ ᠠᠷᠪᠢᠯᠠᠬᠤ ᠴᠢᠳᠠᠪᠤᠷᠢ ᠰᠢᠨ᠎ᠠ ᠪᠡᠷ 3 ᠳ᠋ᠦᠩᠱᠢᠭᠤᠷ ᠪᠣᠰᠣᠭ᠎ᠠ ᠳᠥᠷᠪᠡᠯᠵᠢᠨ ᠮᠧᠲ᠋ᠷ ᠨᠡᠮᠡᠭᠳᠠᠵᠠᠢ᠃
2025 ᠤᠨ ᠳ᠋ᠤ ᠦᠪᠦᠷ ᠮᠤᠡᠭᠭᠤᠯ ᠤ᠋ᠨ ᠲᠠᠷᠢᠶᠠᠯᠠᠩ ᠤ᠋ᠨ ᠤᠰᠤ ᠠᠷᠪᠢᠯᠠᠵᠤ ᠦᠷ᠎ᠡ ᠠᠱᠢᠭ ᠢ᠋ ᠨᠡᠮᠡᠭ᠌ᠳᠡᠭᠦᠯᠬᠦ᠌ ᠠᠵᠢᠯ ᠢᠯᠡᠳᠲᠡ ᠦᠷ᠎ᠡ ᠪᠦᠲᠦᠮᠵᠢ ᠤᠯᠵᠤ᠂ ᠥᠨᠳᠥᠷ ᠪᠦᠲᠦᠮᠵᠢᠲᠡᠶ ᠤᠰᠤ ᠠᠷᠪᠢᠯᠠᠬᠤ ᠤᠰᠤᠯᠠᠯᠲᠠ ᠢ᠋ᠢᠨ ᠲᠠᠯᠠᠪᠠᠶ ᠱᠢᠨ᠎ᠡ ᠪᠡᠷ 370 ᠲᠦᠮᠡᠨ ᠮᠥ᠍ ᠨᠡᠮᠡᠭ᠌ᠳᠡᠨ᠂ ᠤᠰᠤ ᠠᠷᠪᠢᠯᠠᠵᠤ ᠠᠮᠤ ᠪᠤᠳᠠᠭᠠᠨ ᠤ᠋ ᠤᠨᠠᠯᠲᠠ ᠢ᠋ᠢᠨ ᠨᠡᠮᠡᠭᠳᠡᠯ ᠢ᠋ ᠠᠬᠢᠭᠤᠯᠬᠤ 20 ᠬᠣᠱᠢᠭᠤ ᠱᠢᠶᠠᠨ ᠢ᠋ ᠡᠭᠦᠳᠦᠨ ᠪᠠᠢᠭᠤᠯᠵᠤ᠂ ᠭᠤᠤᠯ ᠵᠢᠱ᠌ᠢᠶ᠎ᠡ ᠦᠵᠡᠭᠦᠯᠬᠦ᠌ ᠲᠠᠯᠠᠪᠠᠶ ᠨᠢ 73.7 ᠲᠦᠮᠡᠨ ᠮᠤ᠌ ᠳ᠋ᠤ ᠬᠦᠷᠴᠦ᠍᠂ ᠲᠠᠷᠢᠶᠠᠯᠠᠩ ᠤ᠋ᠨ ᠤᠰᠤᠨ ᠤ᠋ ᠦᠨ᠎ᠡ ᠬᠠᠡᠭᠰᠢ ᠢ᠋ᠢᠨ ᠶᠡᠷᠦᠩᠬᠡᠢᠯᠡᠭ᠌ᠰᠡᠨ ᠥᠭᠡᠷᠡᠴᠢᠯᠡᠯᠲᠡ ᠢ᠋ᠢᠨ ᠲᠠᠯᠠᠪᠠᠶ ᠱᠢᠨ᠎ᠡ ᠪᠡᠷ 2363 ᠲᠦᠮᠡᠨ ᠮᠥ᠍ ᠨᠡᠮᠡᠭ᠌ᠳᠡᠵᠦ᠍᠂ ᠲᠠᠷᠢᠶᠠᠯᠠᠩ ᠤ᠋ᠨ ᠤᠰᠤ ᠠᠷᠪᠢᠯᠠᠬᠤ ᠴᠢᠳᠠᠪᠤᠷᠢ ᠱᠢᠨ᠎ᠡ ᠪᠡᠷ 2.87 ᠳ᠋ᠦᠩᠱᠢᠭᠤᠷ ᠪᠣᠰᠣᠭ᠎ᠠ ᠳᠥᠷᠪᠡᠯᠵᠢᠨ ᠮᠧᠲ᠋ᠷ ᠨᠡᠮᠡᠭ᠌ᠳᠡᠪᠡ; ᠠᠵᠤ ᠦᠶ᠋ᠯᠡᠳᠪᠦᠷᠢ ᠢ᠋ᠢᠨ ᠤᠰᠤ ᠠᠷᠪᠢᠯᠠᠵᠤ ᠭᠠᠳᠠᠭ᠍ᠰᠢᠯᠠᠭᠤᠯᠤᠯᠲᠠ ᠢ᠋ᠢ ᠪᠠᠭᠠᠰᠭᠠᠬᠤ ᠠᠵᠢᠯ ᠡᠷᠴᠢᠮᠲᠠᠢ ᠶᠠᠪᠤᠭᠳᠠᠵᠤ᠂ ᠦᠶ᠋ᠯᠡᠳᠬᠦ᠌ ᠦᠶ᠋ᠯᠡᠰ ᠤ᠋ᠨ ᠬᠦᠷᠢᠶ᠎ᠡ ᠪᠠ ᠢᠯᠴᠢ ᠢ᠋ᠢᠨ ᠴᠠᠬᠢᠯᠭᠠᠨ ᠤ᠋ ᠠᠵᠢᠯ ᠲᠥᠷᠥᠯ ᠤ᠋ᠨ 42 ᠠᠵᠤ ᠦᠶ᠋ᠯᠡᠳᠪᠦᠷᠢ ᠪᠠ ᠠᠵᠤ ᠠᠬᠤᠢᠯᠠᠯ ᠤ᠋ᠨ ᠤᠰᠤ ᠠᠷᠪᠢᠯᠠᠬᠤ ᠥᠭᠡᠷᠡᠴᠢᠯᠡᠯᠲᠡ ᠢ᠋ᠢ ᠠᠬᠢᠭᠤᠯᠤᠨ᠂ ᠲᠡᠷᠢᠭᠦᠨ ᠤ᠋ ᠤᠰᠤ ᠠᠷᠪᠢᠯᠠᠬᠤ ᠤᠷ᠎ᠠ ᠮᠡᠷᠭᠡᠱᠢᠯ᠂ ᠮᠡᠷᠭᠡᠵᠢᠯ᠂ ᠲᠣᠨᠣᠭ ᠲᠥᠬᠥᠭᠡᠷᠦᠮᠵᠢ ᠢ᠋ᠢ ᠨᠡᠢᠲᠡ 173 ᠳᠡᠯᠭᠡᠷᠡᠭᠦᠯᠵᠦ᠍᠂ 8 ᠤᠰᠤ ᠠᠷᠪᠢᠯᠠᠬᠤ ᠬᠡᠪ ᠳᠠᠭᠤᠷᠢᠶᠠᠯᠳᠤ ᠠᠵᠤ ᠠᠬᠤᠢᠯᠠᠯ᠂ 91 ᠤᠰᠤ ᠠᠷᠪᠢᠯᠠᠬᠤ ᠬᠡᠯᠪᠡᠷᠢ ᠢ᠋ᠢᠨ ᠠᠵᠤ ᠠᠬᠤᠢᠯᠠᠯ᠂ 12 ᠤᠰᠤ ᠠᠷᠪᠢᠯᠠᠬᠤ ᠬᠡᠯᠪᠡᠷᠢ ᠢ᠋ᠢᠨ ᠬᠦᠷᠢᠶᠡᠯᠡᠩ ᠲᠣᠭᠣᠷᠢᠭ ᠢ᠋ ᠪᠠᠢᠭᠤᠯᠪᠠ᠃ ᠬᠠᠲᠤᠨ ᠭᠤᠤᠯ ᠤ᠋ᠨ ᠰᠠᠪᠠ ᠭᠠᠵᠠᠷ ᠤ᠋ᠨ ᠨᠡᠭᠦᠷᠡᠰᠦ ᠬᠢᠮᠢ ᠢ᠋ᠢᠨ ᠠᠵᠤ ᠦᠶ᠋ᠯᠡᠳᠪᠦᠷᠢ ᠢ᠋ᠢᠨ ᠤᠰᠤ ᠶᠡᠬᠡ ᠬᠣᠷᠣᠭ᠍ᠳᠠᠭᠤᠯᠬᠤ ᠠᠵᠤ ᠠᠬᠤᠢᠯᠠᠯ ᠳ᠋ᠤ ᠠᠩᠬᠠᠷᠤᠯ ᠢ᠋ᠢᠡᠨ ᠲᠥᠪᠯᠡᠷᠡᠭᠦᠯᠵᠦ᠍᠂ ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠲᠦᠷᠦᠬᠦᠤ ᠪᠦᠯᠦᠭ ᠤ᠋ᠨ ᠤᠰᠤ ᠠᠷᠪᠢᠯᠠᠬᠤ ᠣᠨᠣᠱᠢᠯᠠᠯᠲᠠ ᠢ᠋ᠢᠨ ᠨᠡᠢᠲᠡ ᠢ᠋ᠢᠨ ᠠᠰᠠᠷᠠᠮᠵᠢ ᠢ᠋ᠢᠨ ᠦᠶ᠋ᠯᠡᠴᠢᠯᠡᠭᠡ ᠢ᠋ᠢ ᠥᠷᠨᠢᠭᠦᠯᠵᠡᠢ᠃
2025 ᠤᠨ ᠳ᠋ᠤ ᠦᠪᠦᠷ ᠮᠤᠡᠭᠭᠤᠯ ᠬᠣᠲᠠ ᠪᠠᠯᠭᠠᠰᠤᠨ ᠤ᠋ ᠤᠰᠤ ᠠᠷᠪᠢᠯᠠᠵᠤ ᠬᠣᠬᠢᠷᠠᠯ ᠢ᠋ ᠪᠠᠭᠠᠰᠭᠠᠬᠤ ᠠᠵᠢᠯ ᠢ᠋ ᠯᠠᠪᠳᠠᠭᠤᠨ ᠪᠠᠲᠤᠲᠠᠢ ᠠᠬᠢᠭᠤᠯᠵᠤ᠂ ᠬᠣᠲᠠ ᠪᠠᠯᠭᠠᠰᠤᠨ ᠤ᠋ ᠤᠰᠤ ᠬᠠᠩᠭᠠᠬᠤ ᠬᠣᠭᠣᠯᠠᠢ ᠲᠤᠤᠷ ᠢ᠋ ᠱᠢᠨᠡᠳᠭᠡᠨ ᠥᠭᠡᠷᠡᠴᠢᠯᠡᠬᠦ᠌᠂ ᠳᠠᠬᠢᠯᠲᠠ ᠤᠰᠤ ᠢ᠋ᠢ ᠠᠱᠢᠭ᠍ᠯᠠᠬᠤ ᠵᠢᠴᠢ ᠤᠰᠤ ᠬᠠᠩᠭᠠᠬᠤ ᠴᠢᠳᠠᠪᠤᠷᠢ ᠢ᠋ᠢ ᠳᠡᠭᠡᠭ᠌ᠰᠢᠯᠡᠭᠦᠯᠬᠦ᠌ ᠢᠨᠵᠧᠨᠧᠷᠢᠩ ᠢ᠋ ᠬᠡᠷᠡᠭ᠌ᠵᠢᠭᠦᠯᠵᠦ᠍᠂ ᠤᠰᠤ ᠬᠠᠩᠭᠠᠬᠤ ᠬᠣᠭᠣᠯᠠᠢ ᠲᠤᠤᠷ ᠢ᠋ ᠨᠡᠢᠲᠡ 1847 ᠺᠢᠯᠣᠮᠧᠲᠷ ᠰᠢᠨᠡᠳᠬᠡᠨ ᠦᠭᠡᠷᠡᠴᠢᠯᠡᠵᠤ᠂ ᠳᠠᠬᠢᠯᠲᠠ ᠤᠰᠤᠨ ᠤ᠋ ᠬᠣᠭᠣᠯᠠᠢ ᠲᠤᠤᠷ ᠢ᠋ ᠨᠡᠢᠲᠡ 387 ᠺᠢᠯᠣᠮᠧᠲᠷ ᠱᠢᠨᠡᠳᠭᠡᠨ ᠥᠭᠡᠷᠡᠴᠢᠯᠡᠪᠠ᠃ ᠤᠰᠤᠨ ᠤ᠋ ᠡᠬᠢ ᠪᠠᠶᠠᠯᠢᠭ ᠤ᠋ᠨ ᠬᠠᠮᠢᠶᠠᠷᠤᠯᠲᠠ ᠢ᠋ᠢ ᠢᠲᠡᠭᠡᠮᠵᠢ ᠢ᠋ᠢᠨ ᠬᠢᠨᠠᠯᠲᠠ ᠬᠠᠮᠢᠶᠠᠷᠤᠯᠲᠠ ᠢ᠋ᠢᠨ ᠰᠢᠨ᠎ᠠ ᠱᠠᠲᠤᠨ ᠳ᠋ᠤ ᠣᠷᠣᠭᠤᠯᠵᠤ᠂ ᠪᠥᠬᠥ᠌ ᠣᠷᠣᠨ ᠤ᠋ 10187 ᠡᠷᠦᠬᠡ ᠤᠰᠤ ᠲᠠᠲᠠᠵᠤ ᠬᠡᠷᠡᠭ᠌ᠯᠡᠬᠦ᠌ ᠨᠢᠭᠡᠴᠢ ᠢ᠋ᠢᠨ ᠢᠲᠡᠭᠡᠮᠵᠢ ᠢ᠋ᠢᠨ ᠦᠨᠡᠯᠡᠯᠲᠡ ᠢ᠋ᠢ ᠪᠡᠶᠡᠯᠡᠭᠦᠯᠪᠡ᠃ ᠪᠦᠬᠦ᠌ ᠵᠢᠯ ᠳ᠋ᠤ ᠤᠰᠤᠨ ᠤ᠋ ᠡᠷᠬᠡ ᠢ᠋ᠢᠨ ᠠᠷᠠᠯᠵᠢᠶ᠎ᠠ ᠢ᠋ᠢ ᠨᠡᠢᠲᠡ 219 ᠬᠤᠪᠢ ᠥᠷᠨᠢᠭᠦᠯᠵᠦ᠍᠂ ᠠᠷᠠᠯᠵᠢᠶᠠᠯᠠᠬᠰᠠᠨ ᠤᠰᠤᠨ ᠤ᠋ ᠬᠡᠮᠵᠢᠶ᠎ᠡ ᠨᠢ 9.34 ᠳ᠋ᠦᠩᠱᠢᠭᠤᠷ ᠪᠣᠰᠣᠭ᠎ᠠ ᠳᠥᠷᠪᠡᠯᠵᠢᠨ ᠮᠧᠲ᠋ᠷ ᠲᠤ᠌ ᠬᠦᠷᠴᠦ᠍᠂ ᠠᠷᠠᠯᠵᠢᠶᠠᠨ ᠤ᠋ ᠵᠣᠭᠣᠰ ᠤ᠋ᠨ ᠲᠣᠭ᠎ᠠ ᠨᠢ 10.28 ᠳ᠋ᠦᠩᠱᠢᠭᠤᠷ ᠲᠥᠭᠥᠷᠢᠭ ᠲᠤ᠌ ᠬᠦᠷᠴᠦ᠍᠂ ᠭᠤᠷᠪᠠᠨ ᠵᠦᠢᠯ ᠤ᠋ᠨ ᠭᠦᠢᠴᠡᠳᠭᠡᠯ ᠲᠣᠭ᠎ᠠ ᠪᠡᠷ ᠴᠥᠮ ᠪᠦᠬᠦ᠌ ᠤᠯᠤᠰ ᠤ᠋ᠨ ᠲᠦᠷᠦᠭᠦᠨ ᠳ᠋ᠤ ᠣᠷᠤᠵᠤ᠂ 4 ᠬᠠᠮᠲᠤ ᠨᠢᠭᠡᠴᠢ ᠪᠤᠯᠤᠨ 6 ᠬᠤᠪᠢ ᠬᠥᠮᠦᠨ ᠠᠩᠬᠠᠳᠤᠭᠠᠷ ᠬᠤᠭᠤᠴᠠᠭᠠᠨ ᠤ᠋ 《ᠳᠤᠮᠳᠠᠳᠤ ᠤᠯᠤᠰ ᠤ᠋ᠨ ᠤᠰᠤ ᠠᠷᠪᠢᠯᠠᠬᠤ ᠱᠠᠩᠨᠠᠯ》 ᠢ᠋ ᠭᠥᠷᠳᠡᠪᠡ᠃
ᠤᠢᠯᠠᠭᠠᠭᠰᠠᠨ ᠢ᠋ᠢᠡᠷ᠂ 2026 ᠤᠨ ᠳ᠋ᠤ ᠮᠠᠨ ᠤ᠋ ᠤᠷᠤᠨ ᠤᠰᠤ ᠬᠡᠷᠡᠭ᠌ᠯᠡᠬᠦ᠌ ᠶᠡᠷᠦᠩᠬᠡᠶ ᠬᠡᠮᠵᠢᠶ᠎ᠡ ᠢ᠋ᠢ ᠡᠵᠡᠮᠳᠡᠬᠦ᠌ ᠢ᠋ᠢ ᠴᠢᠩᠭᠠᠳᠭᠠᠨ᠂ ᠥᠪᠡᠷᠲᠡᠭᠡᠨ ᠵᠠᠰᠠᠬᠤ ᠣᠷᠣᠨ᠂ ᠠᠢᠮᠠᠭ ᠬᠣᠲᠠ᠂ ᠬᠣᠱᠢᠭᠤ ᠱᠢᠶᠠᠨ ᠤ᠋ ᠵᠠᠰᠠᠭ ᠵᠠᠬᠢᠷᠭᠠᠨ ᠤ᠋ ᠣᠷᠣᠨ ᠤ᠋ ᠤᠰᠤ ᠬᠡᠷᠡᠭ᠌ᠯᠡᠬᠦ᠌ ᠶᠡᠷᠦᠩᠬᠡᠶ ᠬᠡᠮᠵᠢᠶ᠎ᠡ ᠪᠠ ᠤᠰᠤ ᠬᠡᠷᠡᠭ᠌ᠯᠡᠬᠦ᠌ ᠦᠷ᠎ᠡ ᠪᠦᠲᠦᠮᠵᠢ ᠵᠡᠷᠭᠡ ᠬᠢᠵᠠᠭᠠᠷᠯᠠᠬᠤ ᠭᠦᠶ᠋ᠴᠡᠳᠭᠡᠯ ᠲᠣᠭ᠎ᠠ ᠢ᠋ᠢᠨ ᠱᠢᠰᠲ᠋ᠧᠮ ᠢ᠋ ᠲᠣᠭ᠍ᠲᠠᠭᠠᠵᠤ᠂ ᠲᠤᠬᠠᠶ ᠢ᠋ᠢᠨ ᠭᠠᠵᠠᠷ ᠣᠷᠣᠨ ᠤ᠋ ᠪᠠᠢᠳᠠᠯ ᠳ᠋ᠤ ᠳᠣᠭᠢᠷᠠᠭᠤᠯᠤᠨ ᠵᠦᠷᠢᠶᠡᠴᠢᠯᠡᠭ᠌ᠰᠡᠨ ᠬᠠᠮᠢᠶᠠᠷᠤᠨ ᠡᠵᠡᠮᠳᠡᠬᠦ᠌ ᠠᠷᠭ᠎ᠠ ᠬᠡᠮᠵᠢᠶ᠎ᠡ ᠢ᠋ᠢ ᠬᠡᠷᠡᠭ᠌ᠵᠢᠭᠦᠯᠦᠨᠡ; ᠤᠰᠤ ᠲᠡᠲᠡᠵᠤ ᠬᠡᠷᠡᠭ᠌ᠯᠡᠬᠦ᠌ ᠬᠠᠮᠢᠶᠠᠷᠤᠯᠲᠠ ᠢ᠋ᠢ ᠴᠢᠩᠭᠠᠳᠬᠠᠨ᠂ ᠲᠣᠭ᠍ᠲᠠᠭᠠᠯ ᠡᠴᠡ ᠵᠥᠷᠢᠴᠡᠨ ᠤᠰᠤ ᠲᠠᠲᠠᠵᠤ ᠬᠡᠷᠡᠭ᠌ᠯᠡᠬᠦ᠌ ᠪᠠ ᠭᠠᠵᠠᠷ ᠳᠤᠤᠷᠠᠬᠢ ᠤᠰᠤ ᠢ᠋ᠢ ᠬᠡᠲᠦᠷᠡᠲᠡᠯ᠎ᠡ ᠲᠠᠲᠠᠬᠤ ᠠᠵᠢᠯᠯᠠᠭ᠎ᠠ ᠳ᠋ᠤ ᠴᠢᠩᠭ᠎ᠠ ᠴᠣᠬᠢᠯᠲᠠ ᠥᠭ᠌ᠴᠦ᠂ ᠭᠣᠣᠯᠳᠠᠯᠭ᠎ᠠ ᠲᠠᠢ ᠬᠦᠷᠢᠶᠡᠨ ᠤ᠋ ᠤᠰᠤ ᠠᠷᠪᠢᠯᠠᠬᠤ ᠢ᠋ᠢ ᠦᠷᠭᠦᠯᠵᠢᠯᠡᠨ ᠴᠢᠩᠭᠠᠳᠬᠠᠵᠤ᠂ ᠪᠦᠬᠦ᠌ ᠵᠢᠯ ᠳ᠋ᠤ ᠤᠰᠤ ᠠᠷᠪᠢᠯᠠᠬᠤ ᠴᠢᠳᠠᠪᠤᠷᠢ ᠢ᠋ᠢ ᠱᠢᠨ᠎ᠡ ᠪᠡᠷ 2.7 ᠳ᠋ᠦᠩᠱᠢᠭᠤᠷ ᠪᠣᠰᠣᠭ᠎ᠠ ᠳᠥᠷᠪᠡᠯᠵᠢᠨ ᠮᠧᠲ᠋ᠷ ᠨᠡᠮᠡᠭ᠌ᠳᠡᠭᠦᠯᠤᠨᠡ᠃ ᠡᠬᠦᠨ ᠤ᠋ ᠬᠠᠮᠳᠤ ᠳᠠᠬᠢᠯᠲᠠ ᠤᠰᠤ᠂ ᠪᠣᠷᠣᠭᠠᠨ ᠤ᠋ ᠤᠰᠤ᠂ ᠦᠶᠡᠷ ᠤ᠋ᠨ ᠤᠰᠤ᠂ ᠠᠭᠤᠷᠬᠠᠶ ᠢ᠋ᠢᠨ ᠬᠤᠳᠳᠤᠭ ᠤ᠋ᠨ ᠤᠰᠤ ᠵᠡᠷᠭᠡ ᠬᠡᠪ ᠤ᠋ᠨ ᠪᠤᠰᠤ ᠤᠰᠤᠨ ᠰᠤᠷᠪᠤᠯᠵᠢ ᠢ᠋ᠢ ᠤᠰᠤᠨ ᠤ᠋ ᠡᠬᠢ ᠪᠠᠶᠠᠯᠢᠭ ᠲᠤ᠌ ᠣᠷᠣᠭᠤᠯᠤᠨ ᠨᠢᠭᠡᠳᠦᠯᠲᠡᠶ ᠲᠣᠬᠢᠷᠠᠭᠤᠯᠵᠤ᠂ ᠠᠱᠢᠭ᠍ᠯᠠᠯᠳᠠ ᠵᠢᠨ ᠲᠠᠯᠠᠪᠠᠶ ᠢ᠋ᠢ ᠥᠷᠭᠡᠳᠭᠡᠨ᠂ ᠠᠱᠢᠭ᠍ᠯᠠᠯᠳᠠ ᠵᠢᠨ ᠬᠡᠮᠵᠢᠶ᠎ᠡ ᠢ᠋ᠢ ᠳᠡᠭᠡᠭᠰᠢᠯᠡᠭᠦᠯᠵᠤ᠂ ᠪᠠᠰᠠ ᠣᠷᠣᠨ ᠪᠦᠰᠡ ᠢ᠋ᠢᠨ ᠣᠨᠴᠠᠯᠢᠭ ᠲᠠᠢ ᠤᠰᠤ ᠠᠷᠪᠢᠯᠠᠬᠤ ᠠᠵᠤ ᠦᠢᠯᠡᠰ ᠢ᠋ ᠪᠣᠢᠵᠢᠭᠤᠯᠤᠨ ᠬᠥᠭ᠌ᠵᠢᠭᠦᠯᠬᠦ ᠪᠡᠷ ᠪᠤᠢ᠃