ᠤᠷᠳᠤᠰ ᠨᠠᠷᠢᠨ ᠨᠤᠤᠰᠤᠳᠤ ᠬᠤᠨᠢᠨ ᠡᠴᠡ ᠦᠯᠡᠮᠵᠢ ᠠᠰᠢᠭ ᠬᠦᠷᠳᠡᠭᠰᠡᠨ ᠭᠠᠢᠬᠠᠮᠰᠢᠭᠳᠤ ᠪᠢᠴᠢᠭᠯᠡᠯ
2026-01-23 11:44:05
ᠵᠣᠬᠢᠶᠠᠭ᠍ᠴᠢ᠄
ᠪᠤᠶᠠᠨᠳᠤ
ᠣᠩᠱᠢᠭ᠍ᠰᠠᠨ ᠣᠳᠠᠭ᠎ᠠ᠄
★★★☆☆

ᠦᠦᠰᠢᠨ᠎ᠤ ᠮᠠᠯᠴᠢᠳ᠎ᠤᠨ ᠬᠦᠰᠡᠯ ᠡᠷᠡᠮᠡᠯᠵᠡᠯ᠎ᠢ ᠠᠴᠢᠶᠠᠯᠠᠭᠰᠠᠨ ᠤᠷᠳᠦᠰ ᠨᠠᠷᠢᠨ ᠨᠣᠣᠰᠣᠲᠤ ᠬᠣᠨᠢ ᠨᠢ ᠤᠳᠤ ᠨᠢᠭᠡᠨᠲᠡ ᠦᠦᠰᠢᠨ ᠬᠣᠰᠢᠭᠤᠨ᠎ᠤ ᠵᠢᠯ᠎ᠦᠨ ᠦᠢᠯᠡᠳᠪᠦᠷᠢᠯᠡᠯ᠎ᠦᠨ ᠦᠷᠳᠡᠭ᠎ᠢ 11 ᠳ᠋ᠦᠩᠰᠢᠭᠤᠷ ᠲᠥᠭᠥᠷᠢᠭ ᠳᠠᠪᠠᠭᠤᠯᠤᠭᠰᠠᠨ ᠣᠨᠴᠠᠯᠢᠭ᠍ᠲᠤ ᠲᠤᠯᠭᠠᠭᠤᠷᠢ ᠠᠵᠤ ᠦᠢᠯᠡᠰ ᠪᠣᠯᠵᠤ᠂  ᠲᠠᠯ᠎ᠠ ᠨᠤᠲᠤᠭ᠎ᠤᠨ ᠭᠠᠢᠬᠠᠮᠰᠢᠭ᠋᠎ᠢ ᠪᠢᠴᠢᠭᠯᠡᠨ᠎ᠠ᠃

ᠭᠠᠵᠠᠷ ᠵᠦᠢ᠎ᠶᠢᠨ ᠢᠯᠡᠷᠬᠡᠢᠯᠡᠯᠳᠤ ᠪᠦᠲᠦᠭᠡᠭᠳᠡᠬᠦᠨ ᠪᠣᠯᠤᠭᠰᠠᠨ᠎ᠤ ᠬᠤᠪᠢ᠎ᠳᠤ᠂ ᠣᠷᠳᠣᠰ  ᠨᠠᠷᠢᠨ ᠨᠣᠣᠰᠣᠲᠤ ᠬᠤᠨᠢᠨ᠎ᠤ  ᠠᠵᠦ ᠦᠢᠯᠡᠰ᠎ᠤᠨ ᠠᠮᠵᠢᠯᠲᠠ ᠣᠯᠣᠭᠰᠠᠨ ᠶᠠᠪᠤᠳᠠᠯ ᠪᠣᠯ ᠪᠠᠢᠭᠠᠯᠢ᠎ᠶᠢᠨ ᠣᠣᠷ ᠴᠢᠨᠠᠷ ᠪᠣᠯᠣᠨ ᠬᠡᠳᠦᠨ ᠠᠷᠪᠠᠨ ᠵᠢᠯ ᠎ᠦᠨ ᠤᠷᠠᠨ ᠰᠠᠨᠠᠭ᠎ᠠ᠎ᠤᠢᠭ᠎ᠠ ᠦᠬᠡᠢ ᠬᠦᠳᠡᠯᠮᠤᠷᠢ ᠵᠢᠨ ᠬᠠᠮᠲᠤ᠎ᠶᠢᠨ ᠦᠷ᠎ᠡ ᠪᠦᠲᠦᠭᠡᠯ ᠪᠣᠯᠣᠨ᠎ᠠ᠃ ᠦᠦᠰᠢᠨ ᠬᠣᠰᠢᠭᠤ ᠮᠤᠤᠠᠤᠰᠤ ᠡᠯᠡᠰᠦᠨ ᠴᠦᠯ᠎ᠦᠨ ᠥᠷᠥᠴᠡᠨ᠎ᠳᠦ ᠪᠠᠢᠷᠢᠯᠠᠵᠤ᠂ ᠰᠠᠯᠬᠢ ᠡᠯᠡᠰᠦᠨ᠎ᠦ ᠬᠥᠷᠥᠰᠥ ᠪᠣᠯᠣᠨ ᠵᠦᠯᠭᠡ᠎ᠶᠢᠨ ᠺᠠᠯᠼᠳᠤ ᠬᠥᠷᠥᠰᠥᠨ ᠎ᠳᠡᠬᠢ ᠺᠠᠯᠢ᠂ ᠹᠣᠰᠹᠣᠷ ᠵᠡᠷᠭᠡ ᠪᠢᠴᠢᠯ ᠡᠯᠧᠮᠧᠨ᠋ᠲ ᠡᠯᠪᠡᠭ ᠠᠭᠤᠯᠤᠭᠳᠠᠵᠤ᠂ ᠬᠤᠨᠢᠨ ᠰᠦᠷᠦᠭ᠎ᠲᠦ ᠥᠪᠡᠷᠮᠢᠴᠡ ᠰᠠᠢᠬᠠᠨ ᠪᠡᠯᠴᠢᠬᠡᠷ᠎ᠤᠨ ᠣᠷᠴᠢᠨ᠎ᠢ ᠬᠠᠩᠭᠠᠵᠠᠢ᠃ ᠳᠡᠭᠡᠷ᠎ᠡ ᠵᠠᠭᠤᠨ᠎ᠠᠴᠠ ᠡᠬᠢᠯᠡᠨ᠂ ᠲᠤᠬᠠᠢ᠎ᠶᠢᠨ ᠭᠠᠵᠠᠷ  ᠨᠢ ᠮᠣᠩᠭᠣᠯ ᠬᠣᠨᠢ᠎ᠪᠠᠷ ᠡᠬᠡ ᠪᠣᠯᠭᠠᠵᠤ᠂ ᠵᠠᠯᠭᠠᠭ᠎ᠠ᠎ᠪᠠᠷ ᠠᠦ᠋ᠰᠲᠷᠠᠯᠢᠶ᠎ᠠ ᠵᠡᠷᠭᠡ ᠤᠯᠤᠰ ᠤᠷᠤᠨ ᠡᠴᠡ ᠰᠢᠯᠢᠳᠡᠭ ᠤᠳᠤᠮ᠎ᠢ ᠣᠷᠣᠭᠤᠯᠵᠤ᠂ ᠦᠶ᠎ᠡ ᠦᠶ᠎ᠡ᠎ᠶᠢᠨ ᠮᠠᠯ ᠰᠦᠷᠦᠭ ᠎ᠦᠨ ᠰᠣᠩᠭᠣᠨ ᠪᠣᠢᠵᠢᠭᠤᠯᠤᠯᠲᠠ᠎ᠪᠠᠷ ᠳᠡᠮᠵᠢᠨ᠂ ᠮᠢᠬ᠎ᠠ ᠨᠤᠤᠰᠤ ᠬᠣᠣᠰᠯᠠᠭᠰᠠᠨ ᠣᠨᠴᠠᠯᠢᠭ᠍ᠲᠤ ᠡᠭᠦᠯᠳᠡᠷ ᠎ᠢ ᠪᠣᠢᠵᠢᠭᠤᠯᠵᠠᠢ᠃ ᠨᠤᠤᠰᠤᠨ᠎ᠦ ᠨᠠᠷᠢᠯᠢᠭ᠋᠎ᠤᠨ ᠬᠡᠮᠵᠢᠶ᠎ᠡ ᠨᠢ 66 ᠰᠢᠷᠬᠡᠭ᠎ᠲᠦ ᠬᠦᠷᠴᠦ᠂ ᠴᠡᠪᠡᠷ ᠨᠤᠤᠰᠤᠨ᠎ᠦ ᠨᠣᠷᠮ᠎ᠠ ᠨᠢ 50%᠎ᠶᠢ ᠳᠠᠪᠠᠵᠠᠢ᠂ ᠪᠤᠯᠴᠢᠩ᠎ᠤᠨ ᠬᠣᠭᠣᠷᠣᠨᠳᠣᠬᠢ ᠥᠭᠡᠬᠦᠨ᠎ᠦ ᠲᠠᠷᠬᠠᠯᠲᠠ ᠨᠢ ᠵᠢᠭᠳᠡ᠂ ᠰᠢᠨᠭᠭᠡᠭ ᠦᠨᠦᠷ ᠦᠭᠡᠢ᠂ ᠲᠠᠷᠭᠤᠨ ᠪᠣᠯᠪᠠᠴᠤ ᠱᠠᠩᠳᠠᠭᠤᠨ ᠦᠭᠡᠢ ᠪᠠᠢᠳᠠᠭ᠎ᠠᠴᠠ ᠪᠤᠰᠤᠳ ᠲᠥᠷᠥᠯ ᠵᠦᠢᠯ᠎ᠡᠴᠡ ᠢᠯᠭᠠᠭᠳᠠᠬᠤ ᠭᠣᠣᠯᠯᠠᠬᠤ ᠥᠷᠢᠰᠦᠯᠳᠦᠬᠦ ᠬᠦᠴᠦᠨ ᠪᠣᠯᠤᠭᠰᠠᠨ ᠪᠠᠢᠨ᠎ᠠ᠃

ᠡᠭᠦᠯᠳᠡᠷ᠎ᠰᠠᠢᠵᠢᠷᠠᠭᠤᠯᠤᠯᠳᠠ ᠵᠢᠨ ᠦᠷᠭᠦᠯᠵᠢᠯᠡᠬᠦᠢᠴᠡ ᠬᠥᠭᠵᠢᠯᠲᠡ ᠨᠢ ᠢᠴᠡᠬᠡᠯ ᠦᠷ᠎ᠡ᠎ᠶᠢᠨ ᠡᠬᠢ ᠪᠠᠶᠠᠯᠢᠭ᠋᠎ᠢ ᠵᠠᠪᠠᠯ ᠬᠠᠮᠠᠭᠠᠯᠠᠬᠤ ᠲᠥᠷᠥ᠎ᠶᠢᠨ ᠪᠣᠳᠣᠯᠭ᠎ᠠ᠎ᠠᠴᠠ ᠰᠠᠯᠵᠤ ᠴᠢᠳᠠᠬᠤ ᠦᠭᠡᠢ ᠶᠤᠮ᠃ ᠣᠢᠷ᠎ᠠ᠎ᠶᠢᠨ ᠵᠢᠯ᠎ᠦᠳ᠎ᠲᠦ᠂ ᠦᠦᠰᠢᠨ ᠬᠣᠰᠢᠭᠤ ᠤᠷᠢᠳ ᠬᠣᠵᠢᠳ《2021— 2024 ᠣᠨ᠎ᠤ ᠣᠷᠳᠣᠰ ᠨᠠᠷᠢᠨ ᠨᠣᠣᠰᠣᠲᠤ ᠬᠣᠨᠢᠨ᠎ᠤ ᠠᠵᠤ ᠦᠢᠯᠡᠰ᠎ᠦᠨ ᠴᠢᠨᠠᠷ ᠰᠠᠢᠲᠠᠢ ᠬᠥᠭᠵᠢᠯᠲᠡ᠎ᠶᠢᠨ ᠲᠥᠰᠥᠯ》 ᠵᠡᠷᠭᠡ ᠲᠥᠷᠥ᠎ᠶᠢᠨ ᠪᠣᠳᠣᠯᠭ᠎ᠠ᠎ᠶᠢ ᠨᠡᠢᠲᠡᠯᠡᠵᠦ᠂ 470 ᠲᠦᠮᠡᠨ ᠲᠥᠭᠥᠷᠢᠭ᠎ᠦᠨ ᠪᠡᠯᠡ ᠣᠷᠣᠭᠤᠯᠤᠨ ᠰᠠᠢᠨ ᠡᠭᠦᠯᠳᠡᠷ᠎ᠢ ᠦᠷᠡᠵᠢᠭᠦᠯᠦᠨ ᠪᠣᠢᠵᠢᠭᠤᠯᠬᠤ ᠰᠢᠰᠲᠧᠮ᠎ᠢ ᠲᠡᠭᠦᠯᠳᠡᠷᠵᠢᠭᠦᠯᠪᠡ᠃ ᠭᠠᠴᠠᠭ᠎ᠠ ᠨᠢᠭᠡᠪᠦᠷᠢ᠎ᠳᠦ ᠠᠦ᠋ᠰᠲᠷᠠᠯᠢᠶ᠎ᠠ᠎ᠠᠴᠠ ᠤᠷᠤᠭᠤᠯᠤᠭᠰᠠᠨ 2 ᠬᠤᠴᠠ ᠎ᠶᠢ ᠦᠨ᠎ᠡ ᠲᠥᠯᠥᠪᠦᠷᠢ ᠦᠭᠡᠢ᠎ᠪᠡᠷ ᠦᠭᠴᠤ᠂ ᠲᠤᠰᠬᠠᠢ ᠬᠡᠭᠡᠯᠲᠦᠭᠦᠯᠭᠡ᠎ᠶᠢᠨ ᠦᠢᠯᠡᠴᠢᠯᠡᠭᠡᠨ᠎ᠦ ᠪᠦᠯᠬᠦᠮ᠎ᠢ ᠵᠣᠬᠢᠶᠠᠨ ᠪᠠᠢᠭᠤᠯᠵᠤ ᠰᠦᠢᠳᠬᠡᠯ ᠦᠭᠡᠢ᠎ᠪᠡᠷ ᠭᠠᠷ ᠬᠡᠭᠡᠯᠲᠦᠭᠦᠯᠭᠡ ᠬᠢᠵᠦ ᠦᠭᠴᠤ᠂ ᠬᠡᠭᠡᠯᠲᠦᠭᠦᠯᠭᠡ᠎ᠶᠢᠨ ᠬᠡᠮᠵᠢᠶ᠎ᠡ ᠨᠢ 1000 ᠎ᠶᠢ ᠳᠠᠪᠠᠵᠤ᠂ ᠬᠡᠭᠡᠯᠲᠦᠭᠦᠯᠭᠡ᠎ᠶᠢᠨ ᠨᠣᠷᠮ᠎ᠠ ᠨᠢ 90%᠎ᠠᠴᠠ ᠳᠡᠭᠡᠭᠰᠢᠬᠢ ᠪᠦᠯᠬᠦᠮ ᠨᠡᠶ᠋ᠢᠲᠡ᠎ᠳᠦ ᠮᠠᠯ ᠪᠦᠷᠢ᠎ᠳᠦ 30 ᠲᠥᠭᠥᠷᠢᠭ᠎ᠦᠨ ᠨᠥᠬᠥᠪᠦᠷᠢ ᠤᠯᠭᠤᠨ᠂ ᠵᠢᠯ᠎ᠳᠦ 3 ᠲᠦᠮᠡᠨ ᠡᠮ᠎ᠡ ᠬᠣᠨᠢᠨ᠎ᠳᠤ ᠬᠡᠭᠡᠯᠲᠦᠭᠦᠯᠭᠡ᠎ᠶᠢᠨ ᠦᠢᠯᠡᠴᠢᠯᠡᠭᠡ᠎ᠶᠢ ᠪᠡᠶᠡᠯᠡᠭᠦᠯᠬᠦ᠎ᠪᠡᠷ ᠲᠥᠯᠥᠪᠯᠡᠵᠦ ᠪᠣᠶ᠃ ᠡᠭᠦᠨ᠎ᠦ ᠬᠠᠮᠲᠤ 120 ᠲᠦᠮᠡᠨ ᠲᠥᠭᠥᠷᠢᠭ᠎ᠦᠨ ᠪᠡᠯᠡ ᠣᠷᠣᠭᠤᠯᠵᠤ ᠲᠠᠩᠰᠠ ᠡᠪᠬᠡᠮᠡᠯ᠎ᠦᠨ ᠬᠠᠮᠢᠶᠠᠷᠤᠯᠲᠠ᠎ᠶᠢᠨ ᠰᠢᠰᠲᠧᠮ᠎ᠢ ᠨᠡᠭᠡᠭᠡᠨ ᠬᠥᠭᠵᠢᠭᠦᠯᠵᠦ᠂ ᠬᠤᠴᠠᠨ᠎ᠤ ᠲᠠᠯᠠᠪᠠᠶ᠂ ᠡᠭᠦᠯᠳᠡᠷ᠎ᠦᠨ ᠬᠠᠮᠠᠭᠠᠯᠠᠯᠲᠠ᠎ᠶᠢᠨ ᠲᠠᠯᠠᠪᠠᠶ᠂ ᠡᠭᠦᠯᠳᠡᠷ᠎ᠦᠨ ᠡᠬᠢ ᠪᠠᠶᠠᠯᠢᠭ᠋᠎ᠤᠨ ᠲᠣᠭᠠᠴᠢᠯᠠᠭᠰᠠᠨ ᠲᠠᠪᠴᠠᠩ᠎ᠢ ᠪᠠᠢᠭᠤᠯᠵᠤ᠂ ᠭᠣᠣᠯ ᠰᠦᠷᠦᠭ᠎ᠦᠨ ᠬᠣᠨᠢ ᠨᠢᠭᠡᠪᠦᠷᠢ ᠎ᠳᠦ 《ᠡᠯᠧᠺᠲᠷᠣᠨ ᠪᠡᠶ᠎ᠡ᠎ᠶᠢᠨ ᠦᠨᠡᠮᠯᠡᠯ》 ᠳᠠᠭᠠᠷᠠᠭᠤᠯᠵᠦ᠂ ᠡᠭᠦᠯᠳᠡᠷ᠎ᠦᠨ ᠴᠡᠪᠡᠷᠴᠡ᠎ᠶᠢ ᠮᠥᠷᠳᠡᠵᠦ ᠪᠣᠯᠬᠤ᠂ ᠤᠳᠤᠮᠰᠢᠯ᠎ᠤᠨ ᠰᠢᠨᠵᠢ ᠪᠠᠢᠳᠠᠯ᠎ᠢ ᠬᠢᠨᠠᠨ ᠬᠡᠮᠵᠢᠵᠦ ᠪᠣᠯᠬᠤ᠎ᠶᠢ ᠪᠡᠶᠡᠯᠡᠭᠦᠯᠵᠡᠢ᠃ 44 ᠵᠢᠯ ᠨᠠᠷᠢᠨ ᠨᠣᠣᠰᠣᠲᠤ ᠬᠣᠨᠢ ᠲᠡᠵᠢᠭᠡᠭᠰᠡᠨ ᠭᠠᠯᠠᠭᠤᠲᠤ ᠪᠠᠯᠭᠠᠰᠤᠨ᠎ᠤ ᠮᠠᠯᠴᠢᠨ ᠬᠦᠨᠭᠭᠠᠨᠤᠷᠪᠤ᠄ 《ᠤᠤᠯ ᠎ᠳᠠᠭᠠᠨ ᠬᠡᠭᠡᠯᠲᠦᠭᠦᠯᠬᠦ ᠨᠢ ᠲᠤᠷᠰᠢᠯᠭ᠎ᠠ᠎ᠳᠤ ᠲᠦᠰᠢᠭᠯᠡᠵᠦ᠂ ᠬᠤᠷᠠᠭ᠎ᠠ᠎ᠶᠢᠨ ᠳᠠᠷᠭᠤ ᠬᠦᠴᠦ ᠲᠡᠭᠰᠢ ᠦᠭᠡᠢ ᠪᠠᠢᠯ᠎ᠠ᠂ ᠤᠳᠤ ᠲᠤᠰᠬᠠᠢ ᠮᠡᠷᠭᠡᠵᠢᠯᠲᠡᠨ᠎ᠦ ᠵᠢᠯᠣᠭᠣᠳᠤᠯᠭ᠎ᠠ ᠳᠠᠢ᠂ ᠰᠠᠢᠨ ᠡᠭᠦᠯᠳᠡᠷ ᠎ᠦᠨ ᠨᠥᠬᠥᠪᠦᠷᠢ᠎ᠲᠠᠢ᠂ ᠢᠬᠡᠷ᠎ᠡ ᠬᠤᠷᠠᠭ᠎ᠠ ᠳᠦᠯᠯᠡᠬᠦ ᠨᠤᠷᠮ᠎ᠠ ᠨᠢ ᠥᠩᠭᠡᠷᠡᠭᠰᠡᠨ᠎ᠦ 30% ᠡᠴᠡ ᠳᠡᠭᠡᠭᠰᠢᠯᠡᠭᠡᠳ 70% ᠪᠣᠯᠵᠤ᠂ ᠬᠤᠷᠠᠭ᠎ᠠ ᠪᠦᠷᠢ᠎ᠶᠢ 700 ᠲᠥᠭᠥᠷᠢᠭ᠎ᠢᠶᠡᠷ ᠬᠤᠳᠠᠯᠳᠤᠵᠤ᠂ ᠣᠷᠣᠯᠭ᠎ᠠ  ᠨᠡᠯᠢᠶᠡᠳ ᠲᠣᠭᠲᠠᠭᠤᠨ ᠪᠣᠯᠵᠠᠢ》 ᠭᠡᠪᠡ᠃


QQ20260123-113830.png


ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠬᠦᠴᠦᠨ ᠴᠢᠳᠠᠯ ᠨᠢ ᠤᠯᠠᠮᠵᠢᠯᠠᠯᠲᠤ ᠮᠠᠯ ᠠᠵᠤ ᠠᠬᠤᠢ᠎ᠶᠢ ᠲᠡᠭᠷᠢ᠎ᠶᠢᠨ ᠴᠢᠷᠠᠢ᠎ᠶᠢ ᠬᠠᠷᠠᠬᠤ ᠦᠬᠡᠢ ᠪᠤᠯᠭᠠᠵᠤ᠂ ᠠᠮᠢᠵᠢᠷᠠᠯ᠎ᠤᠨ ᠬᠦᠴᠦᠨ᠎ᠢ ᠪᠠᠳᠠᠷᠠᠭᠤᠯᠵᠠᠢ᠃ ᠳᠤᠰ ᠬᠤᠰᠢᠭᠤ  ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠲᠠᠢ ᠬᠠᠮᠲᠤᠷᠠᠨ ᠮᠥᠬᠥᠯᠢᠭᠲᠦ ᠲᠡᠵᠢᠭᠡᠯ ᠪᠣᠷᠳᠣᠭ᠎ᠠ ᠪᠣᠯᠪᠠᠰᠤᠷᠠᠭᠤᠯᠬᠤ ᠦᠢᠯᠡᠳᠪᠦᠷᠢ ᠪᠠᠢᠭᠤᠯᠵᠤ᠂ ᠮᠤᠤᠠᠤᠰᠤ ᠡᠯᠡᠰᠦᠨ᠎ᠳᠦ ᠣᠨᠴᠠ ᠪᠠᠢᠳᠠᠭ ᠨᠠᠢᠯᠵᠠᠭᠤᠷ᠎ᠢᠶᠠᠷ ᠭᠣᠣᠯ ᠲᠦᠭᠦᠬᠡᠢ ᠮᠠᠲᠧᠷᠢᠶᠠᠯ ᠪᠣᠯᠭᠠᠵᠤ᠂ ᠤᠭᠤᠷᠠᠭ᠎ᠤᠨ ᠠᠭᠤᠯᠤᠭᠳᠠᠴᠠ ᠨᠢ 9.3% ᠳ᠋ᠥ ᠬᠦᠷᠬᠦ ᠲᠤᠰᠬᠠᠢ ᠮᠥᠬᠥᠯᠢᠭᠲᠦ ᠲᠡᠵᠢᠭᠡᠯ ᠪᠣᠷᠳᠣᠭ᠎ᠠ ᠎ᠶᠢ ᠰᠤᠳᠤᠯᠤᠨ ᠭᠠᠷᠭᠠᠵᠤ᠂ ᠲᠡᠵᠢᠭᠡᠯ ᠡᠪᠡᠰᠦᠨ᠎ᠦ ᠬᠠᠩᠭᠠᠯᠭ᠎ᠠ ᠎ᠶᠢᠨ ᠠᠰᠠᠭᠤᠳᠠᠯ᠎ᠢ ᠰᠢᠢᠳᠪᠦᠷᠢᠯᠡᠭᠰᠡᠨ᠎ᠢᠶᠡᠷ ᠪᠠᠷᠠᠬᠤ ᠦᠭᠡᠢ᠂ ᠪᠠᠰᠠ ᠰᠠᠯᠬᠢ᠎ᠶᠢ ᠰᠡᠷᠭᠡᠢᠯᠡᠵᠦ ᠡᠯᠡᠰᠦ ᠎ᠶᠢ ᠲᠣᠭᠲᠠᠪᠤᠷᠢᠵᠢᠭᠤᠯᠬᠤ ᠪᠠ ᠲᠡᠵᠢᠭᠡᠨ ᠦᠷᠡᠵᠢᠭᠦᠯᠬᠦ ᠠᠮᠢ ᠠᠬᠤᠢ᠎ᠶᠢᠨ ᠡᠷᠭᠢᠯᠲᠡ᠎ᠶᠢ ᠪᠡᠶᠡᠯᠡᠭᠦᠯᠦᠭᠰᠡᠨ ᠪᠠᠢᠨ᠎ᠠ᠃ ᠵᠠᠰᠠᠭ ᠤ᠋ᠨ ᠣᠷᠳᠣᠨ᠎ᠠᠴᠠ ᠲᠡᠵᠢᠭᠡᠨ ᠦᠷᠡᠵᠢᠭᠦᠯᠬᠦ ᠡᠷᠦᠬᠡ᠎ᠶᠢᠨ ᠲᠣᠨ ᠪᠦᠷᠢ᠎ᠳᠦ 300 ᠲᠥᠭᠥᠷᠢᠭ᠎ᠦᠨ ᠲᠡᠵᠢᠭᠡᠯ ᠪᠣᠷᠳᠣᠭ᠎ᠠ ᠬᠤᠳᠠᠯᠳᠤᠨ ᠠᠪᠬᠤ ᠨᠥᠬᠥᠪᠦᠷᠢ ᠣᠯᠭᠣᠵᠤ᠂ ᠡᠷᠦᠬᠡ ᠪᠦᠷᠢ᠎ᠶᠢᠨ ᠳᠤᠮᠳᠠᠴᠢ ᠲᠡᠵᠢᠭᠡᠯ ᠪᠣᠷᠳᠣᠭᠠᠨ᠎ᠤ ᠥᠪᠡᠷ᠎ᠦᠨ ᠥᠷᠲᠡᠭ᠎ᠢ 20%᠎ᠪᠡᠷ ᠪᠠᠭᠤᠷᠠᠭᠤᠯᠬᠤ᠎ᠶᠢᠨ ᠬᠠᠮᠲᠤ 320 ᠲᠦᠮᠡᠨ ᠲᠥᠭᠥᠷᠢᠭ᠎ᠦᠨ ᠪᠡᠯᠡ ᠣᠷᠣᠭᠤᠯᠤᠨ 64 ᠭᠣᠣᠯᠯᠠᠭ᠍ᠴᠢ ᠡᠷᠦᠬᠡ᠎ᠳᠦ ᠪᠠᠷᠢᠮᠵᠢᠶᠠᠵᠢᠭ᠍ᠰᠠᠨ ᠬᠣᠨᠢᠨ ᠎ᠤ ᠬᠠᠰᠢᠶ᠎ᠠ ᠰᠠᠷᠠᠪᠴᠢ ᠪᠠᠢᠭᠤᠯᠵᠤ᠂ ᠠᠦ᠋ᠲ᠋ᠣᠴᠢᠯᠠᠭᠰᠠᠨ ᠲᠡᠵᠢᠭᠡᠨ ᠦᠷᠡᠵᠢᠭᠦᠯᠬᠦ ᠪᠡᠯᠡᠳᠬᠡᠮᠵᠢ ᠎ᠶᠢ ᠲᠥᠬᠥᠷᠵᠢᠭᠦᠯᠦᠨ᠂ 98 ᠡᠷᠦᠬᠡ ᠵᠢᠨ ᠣᠶᠤᠨᠲᠤ ᠮᠠᠯᠵᠢᠯ᠎ᠤᠨ ᠲᠠᠯᠠᠪᠠᠢ᠎ᠶᠢᠨ  ᠳᠤᠮᠳᠠᠴᠢ ᠥᠪᠡᠷ᠎ᠦᠨ ᠥᠷᠲᠡᠭ᠎ᠢ 15% —20%᠎ᠪᠡᠷ ᠪᠠᠭᠤᠷᠠᠭᠤᠯᠵᠡᠢ᠃ ᠣᠳᠣᠬᠠᠨ᠎ᠳᠤ᠂ ᠪᠥᠬᠥ ᠬᠣᠰᠢᠭᠤᠨ᠎ᠤ 8 ᠲᠦᠮᠡ ᠭᠠᠷᠤᠢ ᠨᠠᠷᠢᠨ ᠨᠣᠣᠰᠣᠲᠤ ᠬᠣᠨᠢ ᠡᠯᠧᠺᠲᠷᠣᠨ ᠴᠢᠬᠢᠨ ᠲᠡᠮᠳᠡᠭ ᠵᠡᠭᠦᠵᠦ ᠪᠥᠬᠥ ᠶᠠᠪᠤᠴᠠ᠎ᠳᠤ ᠡᠬᠢ ᠰᠤᠷᠪᠤᠯᠵᠢ᠎ᠶᠢ ᠮᠥᠷᠳᠡᠬᠦ᠎ᠶᠢ ᠪᠡᠶᠡᠯᠡᠭᠦᠯᠵᠦ᠂ 1.5 ᠲᠦᠮᠡᠨ ᠭᠣᠣᠯ ᠰᠦᠷᠦᠭ᠎ᠢ ᠣᠶᠤᠨᠴᠢ ᠬᠠᠮᠢᠶᠠᠷᠤᠯᠲᠠ᠎ᠳᠤ ᠣᠷᠣᠭᠤᠯᠵᠤ᠂ ᠰᠢᠨᠵᠢᠯᠡᠬᠦ ᠤᠬᠠᠭᠠᠨ ᠮᠡᠷᠭᠡᠵᠢᠯ ᠨᠢ ᠶᠠᠭ ᠲᠡᠵᠢᠭᠡᠨ ᠦᠷᠡᠵᠢᠭᠦᠯᠬᠦ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠋ ᠎ᠢ ᠨᠡᠮᠡᠭᠳᠡᠭᠦᠯᠬᠦ ᠭᠣᠣᠯ ᠬᠥᠳᠡᠯᠭᠡᠭᠦᠷ ᠪᠣᠯᠵᠤ ᠪᠠᠢᠨ᠎ᠠ᠃ ᠮᠠᠯᠴᠢᠳ᠎ᠤᠨ ᠣᠶᠤᠨᠴᠢ ᠮᠠᠯᠵᠢᠯ ᠎ᠤᠨ ᠲᠠᠯᠠᠪᠠᠶ᠎ᠳᠤ ᠣᠷᠣᠪᠠᠯ᠂ ᠮᠠᠯᠴᠢᠳ ᠭᠠᠷ ᠤᠲᠠᠰᠤᠨ᠎ᠤ APP᠎ᠵᠢᠡᠷ ᠳᠡᠮᠵᠢᠨ ᠰᠠᠷᠠᠪᠴᠢ᠎ᠶᠢᠨ ᠳᠤᠯᠠᠭᠠᠨ᠎ᠢ ᠠᠯᠤᠰ᠎ᠠᠴᠠ ᠲᠣᠬᠢᠷᠠᠭᠤᠯᠵᠤ᠂ ᠠᠦ᠋ᠲ᠋ᠣ᠋ ᠲᠡᠵᠢᠭᠡᠬᠦ ᠲᠥᠬᠦᠭᠡᠷᠦᠮᠵᠢ᠎ᠶᠢ ᠡᠵᠡᠮᠳᠡᠨ᠂ ᠬᠠᠰᠢᠶ᠎ᠠ ᠰᠠᠷᠠᠪᠴᠢ ᠵᠢᠨ ᠳᠤᠯᠠᠭᠠᠨ᠂ ᠢᠳᠡᠰᠢ ᠳᠡᠵᠢᠬᠡᠯ᠎ᠤᠨ ᠪᠠᠢᠳᠠᠯ ᠵᠡᠷᠭᠡ ᠲᠣᠭ᠎ᠠ ᠪᠠᠷᠢᠮᠲᠠ᠎ᠶᠢ ᠴᠠᠭ ᠲᠤᠬᠠᠢ ᠳ᠋ᠤᠨᠢ ᠡᠵᠡᠮᠳᠡᠳᠡᠭ᠃


QQ20260123-113848.png


《ᠰᠤᠯᠠ ᠲᠡᠵᠢᠭᠡᠬᠦ᠂ ᠦᠷ᠎ᠡ ᠠᠰᠢᠭ᠋᠎ᠢᠶᠠᠷ ᠳᠣᠣᠷ᠎ᠠ》 ᠪᠠᠢᠬᠤ ᠪᠣᠭᠣᠮᠢ᠎ᠶᠢ ᠡᠪᠳᠡᠬᠦ᠎ᠳᠦ᠂ ᠬᠠᠮᠳᠤ ᠪᠡᠷ ᠬᠥᠭᠵᠢᠬᠦ ᠪᠣᠯ ᠵᠠᠩᠭᠢᠯᠠᠭ᠎ᠠ ᠪᠣᠯᠣᠨ᠎ᠠ᠃ ᠦᠦᠰᠢᠨ ᠬᠣᠰᠢᠭᠤ 《ᠨᠠᠮ᠎ᠤᠨ ᠡᠭᠦᠷ + ᠲᠣᠯᠣᠭᠠᠢᠯᠠᠭ᠍ᠴᠢ ᠠᠵᠤ ᠠᠬᠤᠢᠯᠡᠯ + ᠬᠣᠷᠰᠢᠶᠠᠵᠢᠯ + ᠮᠠᠯᠵᠢᠬᠤ ᠲᠠᠷᠢᠶᠠᠯᠠᠬᠤ ᠡᠷᠦᠬᠡ》 ᠵᠢᠨ ᠵᠠᠭᠪᠤᠷ᠎ᠢ ᠰᠢᠨᠡᠴᠢᠯᠡᠨ ᠬᠡᠷᠡᠭᠵᠢᠭᠦᠯᠵᠦ᠂ 103 ᠲᠤᠰᠬᠠᠢ ᠬᠣᠷᠰᠢᠶᠠᠵᠢᠯ᠂ 2 ᠠᠵᠤ ᠦᠢᠯᠡᠰᠵᠢᠭᠰᠡᠨ ᠬᠣᠯᠪᠣᠭᠠᠲᠤ ᠴᠣᠭᠴᠠ᠎ᠶᠢ ᠪᠣᠢᠵᠢᠭᠤᠯᠵᠤ᠂ 17 ᠪᠠᠷᠢᠮᠵᠢᠶᠠᠵᠢᠭ᠍ᠰᠠᠨ ᠭᠡᠷ ᠪᠦᠯᠢ᠎ᠶᠢᠨ ᠮᠠᠯᠵᠢᠯ᠎ᠤᠨ ᠲᠠᠯᠠᠪᠠᠢ ᠪᠠ 1 ᠵᠢᠯ᠎ᠳᠦ 5000 ᠲᠣᠯᠣᠭᠠᠢ᠎ᠠᠴᠠ ᠳᠡᠭᠡᠭᠰᠢ ᠲᠥᠪᠯᠡᠷᠡᠭᠦᠯᠦᠨ ᠪᠣᠷᠳᠣᠬᠤ ᠲᠠᠯᠠᠪᠠᠢ᠎ᠶᠢ ᠪᠠᠢᠭᠤᠯᠵᠤ᠂ ᠨᠢᠭᠡᠳᠦᠯᠲᠡᠢ ᠬᠡᠭᠡᠯᠲᠦᠭᠦᠯᠬᠦ᠂ ᠨᠢᠭᠡᠳᠦᠯᠲᠡᠢ ᠬᠢᠵᠢᠭ᠎ᠢ ᠰᠡᠷᠭᠡᠢᠯᠡᠬᠦ᠂ ᠨᠢᠭᠡᠳᠦᠯᠲᠡᠢ ᠬᠤᠳᠠᠯᠳᠤᠨ ᠠᠪᠬᠤ᠎ᠪᠠᠷ ᠳᠠᠮᠵᠢᠨ᠂ ᠮᠠᠯᠴᠢᠳ᠎ᠤᠨ 《ᠲᠡᠵᠢᠭᠡᠨ ᠦᠷᠡᠵᠢᠭᠦᠯᠬᠦ᠂ ᠪᠣᠷᠣᠯᠠᠭᠤᠯᠬᠤ᠎ᠳᠤ ᠬᠦᠴᠢᠷ》 ᠪᠠᠢᠳᠠᠯ ᠎ᠢ ᠰᠢᠢᠳᠪᠦᠷᠢᠯᠡᠪᠡ᠃ ᠪᠠᠶᠠᠨᠰᠢᠯᠢ ᠭᠠᠴᠠᠭᠠᠨ᠎ᠤ ᠬᠠᠮᠲᠤ ᠎ᠶᠢᠨ ᠠᠵᠤ ᠠᠬᠤᠢ᠎ᠶᠢᠨ ᠡᠳ᠋ᠰᠢᠭᠦᠯᠦᠨ ᠪᠣᠯᠪᠠᠰᠤᠷᠠᠭᠤᠯᠬᠤ ᠰᠠᠭᠤᠷᠢᠨ᠎ᠳᠤ᠂ ᠬᠣᠨᠢᠨ᠎ᠤ ᠬᠠᠳᠠᠭᠠᠭᠰᠠᠨ ᠮᠢᠬ᠎ᠠ᠂ ᠳᠡᠬᠡᠳᠦ ᠲᠡᠰ᠎ᠤᠨ ᠪᠡᠯᠡᠭ᠎ᠦᠨ ᠬᠠᠢᠷᠴᠠᠭ ᠳᠠᠢ ᠬᠤᠨᠢᠨ ᠮᠢᠬ᠎ᠠ ᠵᠡᠷᠭᠡ 10 ᠭᠠᠷᠤᠢ ᠵᠦᠢᠯ᠎ᠦᠨ ᠪᠦᠲᠦᠭᠡᠭᠳᠡᠬᠦᠨ ᠎ᠢ ᠨᠠᠷᠢᠯᠢᠭ᠋ ᠬᠤᠪᠢᠶᠠᠵᠤ᠂ ᠪᠣᠭᠣᠳᠠᠯ ᠳᠡᠭᠡᠷᠡᠬᠢ ᠭᠠᠵᠠᠷ ᠵᠦᠢ᠎ᠶᠢᠨ ᠢᠯᠡᠷᠬᠡᠢᠯᠡᠯ ᠪᠣᠯᠣᠨ ᠪᠣᠬᠢᠷᠲᠤᠯ ᠦᠭᠡᠢ ᠭᠡᠷᠡᠴᠢᠯᠡᠯ ᠨᠢ ᠶᠠᠰᠤ ᠴᠢᠨᠠᠷ᠎ᠤᠨ ᠪᠠᠳᠤᠯᠠᠭ᠎ᠠ ᠪᠣᠯᠵᠤ᠂ ᠪᠡᠭᠡᠵᠢᠩ᠂ ᠬᠥᠬᠡᠬᠣᠲᠠ ᠵᠡᠷᠭᠡ ᠬᠣᠲᠠ᠎ᠳᠤ ᠰᠢᠭᠤᠳ ᠬᠠᠩᠭᠠᠬᠤ ᠳᠡᠭᠡᠳᠤ ᠳᠡᠰ ᠎ᠤᠨ ᠪᠦᠳᠦᠬᠡᠭᠳᠡᠬᠦᠨ ᠪᠣᠯᠵᠤ᠂ ᠰᠦᠯᠵᠢᠶᠡᠨ ᠳᠡᠭᠡᠷᠡᠬᠢ ᠰᠢᠭᠤᠳ ᠨᠡᠪᠲᠡᠷᠡᠭᠦᠯᠭᠡ᠎ᠶᠢᠨ ᠵᠠᠮ ᠨᠢ ᠴᠦ᠍ ᠲᠤᠷᠰᠢᠨ ᠡᠵᠡᠩᠨᠡᠬᠦ ᠱᠠᠲᠤᠨ᠎ᠳᠤ ᠣᠷᠣᠭᠰᠠᠨ ᠪᠠᠢᠨ᠎ᠠ᠃ ᠪᠠᠰᠠ ᠬᠣᠨᠢᠨ ᠨᠣᠣᠰᠣ᠌᠎ᠶᠢ 18 ᠪᠠᠷᠢᠮᠵᠢᠶᠠᠵᠢᠭᠤᠯᠤᠭᠰᠠᠨ ᠬᠣᠷᠢᠶᠠᠨ ᠬᠠᠳᠠᠭᠠᠯᠠᠬᠤ ᠥᠷᠲᠡᠭᠡ᠎ᠪᠡᠷ ᠲᠥᠪᠯᠡᠷᠡᠭᠦᠯᠦᠨ ᠲᠠᠰ ᠬᠤᠪᠢᠶᠠᠬᠤ᠂ ᠵᠢᠷᠤᠮᠵᠢᠭᠤᠯᠤᠨ ᠪᠣᠯᠪᠠᠰᠤᠷᠠᠭᠤᠯᠬᠤ᠎ᠪᠠᠷ ᠳᠠᠮᠵᠢᠭᠤᠯᠤᠨ᠂ ᠲᠤᠰᠬᠠᠢ ᠮᠡᠷᠭᠡᠵᠢᠯ᠎ᠦᠨ ᠮᠠᠰᠢᠨ᠎ᠢᠶᠠᠷ ᠨᠣᠣᠰᠣ᠌ ᠬᠠᠢᠴᠢᠯᠠᠬᠤ ᠦᠢᠯᠡᠴᠢᠯᠡᠭᠡᠨ᠎ᠦ ᠠᠩᠭᠢ᠎ᠶᠢ ᠵᠣᠬᠢᠶᠠᠨ ᠪᠠᠢᠭᠤᠯᠵᠤ᠂ ᠬᠣᠨᠢᠨ ᠨᠣᠣᠰᠣᠨ᠎ᠤ ᠶᠠᠰᠤ ᠴᠢᠨᠠᠷ᠎ᠢ ᠳᠡᠭᠡᠭᠰᠢᠯᠡᠭᠦᠯᠦᠨ᠂ 95.04 ᠳ᠋ᠦᠩᠰᠢᠭᠤᠷ ᠲᠥᠭᠥᠷᠢᠭ᠎ᠦᠨ ᠨᠠᠷᠠᠲᠤ ᠲᠡᠮᠳᠡᠭᠲᠦ᠎ᠶᠢᠨ ᠦᠨ᠎ᠡ ᠥᠷᠲᠡᠭ᠎ᠲᠦ ᠲᠦᠰᠢᠭᠯᠡᠨ 《ᠭᠷᠡᠮ᠎ᠢᠶᠠᠷ ᠪᠣᠷᠣᠯᠠᠭᠤᠯᠬᠤ》 ᠶ᠋ᠢ ᠪᠡᠶᠡᠯᠡᠭᠦᠯᠵᠦ᠂ ᠵᠧᠵᠢᠶᠠᠩ᠂ ᠵᠢᠶᠠᠩᠰᠤ ᠵᠡᠷᠭᠡ ᠭᠠᠵᠠᠷ᠎ᠤᠨ ᠨᠡᠬᠡᠮᠡᠯ᠎ᠦᠨ ᠠᠵᠤ ᠠᠬᠤᠢᠯᠡᠯ᠎ᠳᠤ ᠪᠣᠷᠣᠯᠠᠭᠤᠯᠪᠠ᠃   《ᠥᠩᠭᠡᠷᠡᠭᠰᠡᠨ᠎ᠳᠦ ᠬᠤᠨᠢᠨ ᠨᠤᠤᠰᠤ ᠪᠡᠨ ᠬᠠᠢᠴᠢᠯᠠᠵᠤ ᠪᠠᠷᠠᠭᠠᠳ ᠥᠪᠡᠷ᠎ᠢᠶᠡᠨ ᠴᠤᠭᠯᠠᠭ᠎ᠠ ᠮᠠᠢᠮᠠᠢ ᠳᠡᠭᠡᠷ᠎ᠡ ᠠᠪᠠᠴᠢᠵᠤ ᠬᠤᠳᠠᠯᠳᠤᠳᠠᠭ ᠪᠠᠢᠵᠠᠢ᠂ ᠤᠳᠤ ᠬᠤᠳᠠᠯᠳᠤᠨ ᠠᠪᠬᠤ ᠡᠲᠡᠭᠡᠳ᠎ᠲᠠᠢ ᠨᠢᠭᠡᠳᠦᠯᠲᠡᠢ ᠵᠣᠯᠭᠠᠭᠤᠯᠵᠤ᠂ ᠲᠦᠷᠦᠯ ᠬᠤᠪᠢᠶᠠᠨ ᠪᠣᠭᠣᠳᠠᠯᠯᠠᠭᠰᠠᠨ᠎ᠤ ᠲᠠᠷᠠᠭ᠎ᠠ ᠦᠨ᠎ᠡ ᠥᠰᠬᠡᠨ ᠪᠣᠷᠣᠯᠠᠭᠤᠯᠵᠤ᠂ ᠨᠢᠭᠡ ᠵᠢᠯ᠎ᠳᠦ  ᠨᠢᠬᠡᠳᠦᠯᠳᠡᠢ ᠪᠡᠷ ᠬᠤᠨᠢᠨ ᠨᠣᠣᠰᠣ᠌᠎ᠪᠠᠨ ᠬᠤᠳᠠᠯᠳᠤᠪᠠᠯ ᠬᠡᠳᠦᠨ ᠮᠢᠩᠭᠠᠨ ᠲᠥᠭᠥᠷᠢᠭ᠎ᠦᠨ ᠬᠦᠴᠦ ᠣᠯᠳᠠᠭ ᠪᠠᠢᠵᠠᠢ》 ᠭᠡᠰᠡᠨ ᠮᠠᠯᠴᠢᠨ ᠪᠠᠭᠠᠲᠤᠷ᠎ᠤᠨ ᠦᠭᠡ ᠨᠢ ᠬᠠᠮᠳᠤᠷᠡᠨ ᠬᠥᠭᠵᠢᠵᠦ ᠪᠠᠢᠭ᠎ᠠ ᠪᠣᠳᠠᠲᠤ ᠠᠰᠢᠭ᠋ ᠎ᠢ ᠲᠤᠰᠬᠠᠵᠠᠢ᠃ᠠᠵᠤ ᠦᠢᠯᠡᠰ᠎ᠦᠨ ᠳᠡᠰ ᠳᠠᠪᠰᠢᠯᠲᠠ᠎ᠶᠢᠨ ᠠᠰᠢᠭ᠋ ᠡᠴᠦᠰ᠎ᠲᠡᠬᠡᠨ ᠮᠠᠯᠴᠢᠳ᠎ᠤᠨ ᠬᠠᠷᠮᠠᠨ᠎ᠳᠤ ᠣᠷᠣᠪᠠ᠃ ᠣᠳᠣᠬᠠᠨ᠎ᠳᠤ᠂ ᠪᠦᠬᠦ ᠬᠣᠰᠢᠭᠤᠨ᠎ᠳᠤ 120 ᠲᠦᠮᠡᠨ ᠨᠠᠷᠢᠨ ᠨᠣᠣᠰᠣᠲᠤ ᠬᠣᠨᠢ ᠳᠡᠵᠢᠬᠡᠵᠦ᠂ ᠵᠢᠯ᠎ᠳᠦ 60 ᠲᠦᠮᠡᠨ ᠬᠣᠨᠢ ᠪᠤᠷᠤᠯᠠᠭᠤᠯᠤᠨ᠂ ᠵᠢᠯ᠎ᠳᠦ 1 ᠲᠦᠮᠡ ᠭᠠᠷᠤᠢ ᠲᠣᠨ ᠬᠤᠨᠢᠨ᠎ᠮᠢᠬ᠎ᠠ᠂ 5000 ᠲᠣᠨ ᠬᠤᠨᠢᠨ᠎ᠤ ᠨᠣᠣᠰᠣ᠌ ᠦᠢᠯᠡᠳᠪᠦᠷᠢᠯᠡᠵᠦ᠂ 1.2 ᠲᠦᠮᠡᠨ ᠮᠠᠯᠴᠢᠨ ᠲᠠᠷᠢᠶᠠᠴᠢᠨ᠎ᠢ ᠳᠠᠢ᠍ᠢᠴᠢᠯᠠᠨ ᠠᠵᠤ ᠦᠢᠯᠡᠰ ᠎ᠦᠨ ᠬᠡᠯᠬᠢᠶ᠎ᠡ ᠎ᠳᠦ ᠠᠭᠤᠰᠤᠯᠴᠠᠭᠤᠯᠵᠤ᠂ 60%ᠡᠴᠡ ᠳᠡᠭᠡᠭᠰᠢᠬᠢ ᠮᠠᠯᠴᠢᠨ ᠲᠠᠷᠢᠶᠠᠴᠢᠨ ᠡᠭᠦᠨ᠎ᠢᠶᠡᠷ ᠳᠠᠮᠵᠢᠨ ᠣᠷᠣᠯᠭ᠎ᠠ᠎ᠪᠠᠨ ᠲᠣᠭᠲᠠᠭᠤᠨ᠎ᠢᠶᠠᠷ ᠨᠡᠮᠡᠭᠳᠡᠭᠦᠯᠵᠦ᠂ ᠡᠷᠦᠬᠡ ᠪᠦᠷᠢ᠎ᠶᠢᠨ ᠳᠤᠮᠳᠠᠴᠢ ᠣᠷᠣᠯᠭ᠎ᠠ 3.2 ᠲᠦᠮᠡᠨ ᠲᠥᠭᠥᠷᠢᠭ ᠨᠡᠮᠡᠭᠳᠡᠵᠡᠢ᠃

ᠣᠷᠣᠯᠭ᠎ᠠ᠎ᠪᠠᠨ ᠨᠡᠮᠡᠭᠳᠡᠭᠦᠯᠬᠦ ᠠᠷᠭ᠎ᠠ ᠵᠠᠮ᠎ᠢᠶᠠᠨ ᠤᠯᠠᠮ ᠨᠢᠭᠡ ᠠᠯᠬᠤᠮ ᠥᠷᠭᠡᠳᠬᠡᠬᠦ᠎ᠶᠢᠨ ᠲᠥᠯᠥᠭᠡ ᠦᠦᠰᠢᠨ ᠬᠣᠰᠢᠭᠤ 144 ᠲᠦᠮᠡᠨ ᠲᠥᠭᠥᠷᠢᠭ᠎ᠦᠨ ᠪᠡᠯᠡ ᠣᠷᠣᠭᠤᠯᠤᠨ ᠨᠡᠷᠡᠲᠦ ᠲᠡᠮᠳᠡᠭᠲᠦ ᠪᠡᠷ ᠪᠣᠷᠤᠯᠠᠭᠤᠯᠭ᠎ᠠ᠎ᠶᠢ ᠳᠠᠮᠵᠢᠵᠤ᠂ ᠰᠦᠯᠵᠢᠶᠡᠨ ᠳᠡᠭᠡᠷᠡᠬᠢ ᠠᠮᠢᠳᠤ ᠮᠠᠯ᠎ᠤᠨ ᠠᠷᠠᠯᠵᠢᠶᠠᠨ᠎ᠤ ᠲᠠᠪᠴᠠᠩ ᠪᠠᠢᠭᠤᠯᠤᠨ᠂ ᠬᠢᠲᠠᠳ ᠮᠣᠩᠭᠣᠯ ᠬᠣᠣᠰ ᠬᠡᠯᠡ ᠪᠡᠷ ᠨᠡᠢᠲᠡᠯᠡᠬᠦ ᠲᠠᠪᠴᠠᠩ᠂ ᠦᠨ᠎ᠡ ᠯᠠᠪᠯᠠᠬᠤ ᠵᠡᠷᠭᠡ ᠴᠢᠳᠠᠮᠵᠢ᠎ᠶᠢ ᠬᠠᠩᠭᠠᠵᠤ᠂ 《ᠢᠨᠲᠧᠷ ᠰᠦᠯᠵᠢᠶ᠎ᠡ + ᠬᠣᠨᠢᠨ᠎ᠤ ᠠᠵᠤ ᠦᠢᠯᠡᠰ》 ᠎ᠢ᠋ ᠲᠣᠰᠬᠣᠨ ᠪᠠᠯᠭᠠᠰᠤ ᠪᠣᠯᠭᠠᠨ᠎ᠳᠤ ᠠᠰᠢᠭ᠋ ᠬᠦᠷᠲᠡᠭᠡᠪᠡ᠃ ᠡᠭᠦᠨ᠎ᠦ ᠬᠠᠮᠲᠤ ᠬᠣᠨᠢᠨ ᠮᠢᠬᠠᠨ᠎ᠤ ᠠᠮᠳᠠ ᠰᠢᠮ᠎ᠠ ᠵᠢ ᠪᠡᠶᠡᠴᠢᠯᠡᠨ ᠣᠢᠯᠠᠭᠠᠬᠤ ᠳᠡᠯᠭᠡᠭᠦᠷ  ᠪᠠᠢᠭᠤᠯᠵᠤ᠂ ᠳᠤᠮᠳᠠᠳᠤ ᠤᠯᠤᠰ᠎ᠤᠨ ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠳᠦᠬᠡᠭᠳᠡᠬᠦᠨ᠎ᠤ ᠴᠤᠭᠯᠠᠭᠠᠨ᠂ 《ᠥᠪᠥᠷ ᠮᠣᠩᠭᠣᠯ ᠎ᠤᠨ ᠠᠮᠲᠠ ᠰᠢᠮ᠎ᠠ》 ᠎ᠶ᠋ᠢᠨ ᠳᠡᠯᠭᠡᠨ ᠪᠣᠷᠣᠯᠠᠭᠤᠯᠬᠤ ᠴᠤᠭᠯᠠᠭᠠᠨ ᠵᠡᠷᠭᠡ ᠠᠵᠢᠯᠯᠠᠭ᠎ᠠ᠎ᠶᠢ ᠵᠣᠬᠢᠶᠠᠨ ᠪᠠᠢᠭᠤᠯᠤᠨ ᠣᠷᠣᠯᠴᠠᠭᠤᠯᠵᠤ᠂ ᠪᠦᠲᠦᠭᠡᠭᠳᠡᠬᠦᠨ᠎ᠢ ᠬᠥᠬᠡᠮᠥ᠋ᠷᠡᠨ᠎ᠦ ᠭᠤᠷᠪᠠᠯᠵᠢᠨ ᠬᠣᠢᠭ᠋᠎ᠤᠨ ᠳᠡᠭᠡᠳᠦ ᠲᠠᠰ ᠎ᠤᠨ ᠵᠠᠬ᠎ᠠ ᠳᠡᠯᠭᠡᠭᠦᠷ᠎ᠲᠦ ᠣᠷᠣᠭᠤᠯᠬᠤ᠎ᠶᠢ ᠠᠬᠢᠭᠤᠯᠬᠤ᠎ᠶᠢᠨ ᠬᠠᠮᠲᠤ᠂ ᠪᠣᠷᠤᠯᠠᠭᠤᠯᠭ᠎ᠠ᠎ᠶᠢᠨ ᠱᠠᠩᠨᠠᠯ᠎ᠤᠨ ᠲᠣᠭᠲᠠᠴᠠ᠎ᠶᠢ ᠪᠠᠢᠭᠤᠯᠵᠤ᠂ ᠥᠨᠳᠥᠷ ᠦᠨ᠎ᠡ᠎ᠪᠡᠷ ᠬᠤᠳᠠᠯᠳᠤᠨ ᠠᠪᠤᠭᠰᠠᠨ᠂ ᠨᠠᠷᠢᠯᠢᠭ᠋ ᠡᠳ᠋ᠰᠢᠭᠦᠯᠦᠭᠰᠡᠨ ᠠᠵᠤ ᠠᠬᠤᠢᠯᠡᠯ᠎ᠳᠤ ᠬᠠᠮᠤᠭ᠎ᠤᠨ ᠥᠨᠳᠥᠷ᠎ᠲᠡᠬᠡᠨ 500 ᠲᠦᠮᠡᠨ ᠲᠥᠭᠥᠷᠢᠭ᠎ᠦᠨ ᠱᠠᠩᠨᠠᠯ ᠣᠯᠭᠣᠵᠤ᠂ ᠳᠦᠷᠦᠯ ᠳᠡᠮᠳᠡᠭ ᠎ᠤᠨ  ᠨᠥᠯᠥᠭᠡᠯᠡᠬᠦ ᠬᠦᠴᠦᠨ᠎ᠢ ᠦᠷᠭᠦᠯᠵᠢᠯᠡᠨ ᠳᠡᠭᠡᠭᠰᠢᠯᠡᠭᠦᠯᠦᠭᠰᠡᠨ ᠶᠤᠮ᠃ᠡᠬᠦᠨ᠎ᠳᠤ ᠬᠡᠰᠡᠭ ᠮᠠᠯᠵᠢᠬᠤ ᠲᠠᠷᠢᠶᠠᠯᠠᠬᠤ ᠡᠷᠦᠬᠡ ᠣᠬᠣᠷ ᠬᠤᠭᠤᠴᠠᠭᠠᠨ ᠎ᠤ ᠠᠰᠢᠭ᠋ ᠣᠷᠣᠯᠭ᠎ᠠ᠎ᠶᠢ ᠬᠥᠭᠡᠭᠡᠴᠡᠯᠳᠦᠬᠦ ᠎ᠶᠢᠨ ᠲᠥᠯᠥᠭᠡ᠂ ᠨᠠᠷᠢᠨ ᠨᠣᠣᠰᠣᠲᠤ ᠬᠣᠨᠢ ᠪᠠ ᠠᠯᠠᠰᠢᠨ ᠬᠣᠨᠢ᠎ᠶᠢ ᠡᠷᠯᠢᠰᠡᠵᠢᠭᠦᠯᠵᠦ᠂ ᠴᠡᠪᠡᠷ ᠡᠭᠦᠯᠳᠡᠷ᠎ᠦᠨ ᠲᠡᠵᠢᠭᠡᠵᠦ ᠪᠠᠢᠭ᠎ᠠ ᠰᠠᠭᠤᠷᠢ᠎ᠨᠦᠬᠦᠴᠡᠯ᠎ᠢ ᠨᠥᠯᠥᠭᠡᠯᠡᠭᠰᠡᠨ ᠦᠵᠡᠭᠳᠡᠯ ᠭᠠᠷᠴᠤ᠂ ᠬᠣᠨᠢᠨ ᠨᠣᠣᠰᠣᠨ ᠎ᠤ ᠦᠨ᠎ᠡ ᠵᠢᠩ ᠪᠦᠷᠢ 25 ᠲᠥᠭᠥᠷᠢᠭ ᠪᠠᠢᠭᠰᠠᠨ᠎ᠠᠴᠠ᠎ᠪᠠᠨ ᠪᠠᠭᠤᠷᠠᠭᠠᠳ 12 ᠲᠥᠭᠥᠷᠢᠭ ᠪᠣᠯᠵᠤ᠂ ᠬᠡᠰᠡᠭ ᠵᠠᠯᠠᠭᠤ ᠮᠠᠯᠴᠢᠳ ᠴᠤ᠌ ᠲᠡᠵᠢᠭᠡᠨ ᠦᠷᠡᠵᠢᠭᠦᠯᠬᠦ ᠤᠷᠮ᠎ᠠ ᠦᠭᠡᠢ ᠪᠣᠯᠵᠤ ᠦᠨᠭᠭᠡᠷᠡᠵᠡᠢ᠃ ᠳᠡᠬᠡᠬᠦ ᠪᠡᠷ᠂ ᠦᠦᠰᠢᠨ ᠬᠣᠰᠢᠭᠤᠨ᠎ᠤ ᠣᠯᠠᠨ ᠲᠠᠯ᠎ᠠ᠎ᠶᠢᠨ ᠬᠢᠨ ᠬᠦᠴᠦ᠎ᠪᠡᠨ ᠬᠠᠮᠲᠤᠳᠬᠠᠨ᠂ ᠲᠤᠰᠬᠠᠢ ᠮᠡᠷᠭᠡᠵᠢᠯᠲᠡᠨ᠎ᠦ ᠠᠵᠢᠯ᠎ᠤᠨ ᠥᠷᠲᠡᠭᠡ ᠭᠦᠨᠵᠡᠭᠡᠢᠷᠡᠨ ᠵᠢᠯᠤᠭᠣᠳᠬᠤ᠂ ᠬᠤᠴᠠ᠎ᠶᠢ ᠦᠨ᠎ᠡ ᠲᠥᠯᠥᠪᠦᠷᠢ ᠦᠭᠡᠢ᠎ᠪᠡᠷ ᠬᠠᠩᠭᠠᠬᠤ ᠵᠡᠷᠭᠡ ᠠᠷᠭ᠎ᠠ ᠮᠠᠶᠢᠭ᠋᠎ᠢᠶᠠᠷ ᠳᠠᠮᠵᠢᠭᠤᠯᠤᠨ᠂ ᠴᠡᠪᠡᠷ ᠡᠭᠦᠯᠳᠡᠷ᠎ᠦᠨ ᠬᠠᠮᠠᠭᠠᠯᠠᠯᠲᠠ᠎ᠶᠢ ᠴᠢᠩᠭᠠᠳᠬᠠᠨ᠂ ᠨᠣᠣᠰᠣ᠌ ᠬᠠᠢᠴᠢᠯᠠᠬᠤ ᠶᠠᠪᠤᠴᠠ᠎ᠶᠢ ᠳᠦᠷᠢᠮᠵᠢᠭᠦᠯᠬᠦ᠎ᠶᠢ ᠠᠬᠢᠭᠤᠯᠵᠤ᠂ ᠬᠣᠨᠢᠨ ᠨᠣᠣᠰᠣᠨ᠎ᠤ ᠴᠢᠨᠠᠷ ᠴᠢᠨᠰᠠᠭ᠎ᠠ ᠎ᠶᠢ ᠳᠡᠭᠡᠭᠰᠢᠯᠡᠭᠦᠯᠵᠦ᠂ ᠨᠤᠤᠰᠤᠨ ᠨᠡᠬᠡᠮᠡᠯ ᠵᠡᠷᠭᠡ ᠭᠦᠨᠵᠡᠭᠡᠢ ᠡᠳ᠋ᠰᠢᠭᠦᠯᠬᠦ ᠠᠵᠤ ᠦᠢᠯᠡᠰ᠎ᠦᠨ ᠬᠡᠯᠬᠢᠶ᠎ᠡ᠎ᠶᠢ ᠤᠷᠲᠤᠳᠬᠠᠬᠤ᠎ᠪᠠᠷ ᠲᠥᠯᠥᠪᠵᠢᠭᠦᠯᠵᠦ᠂ ᠨᠡᠮᠡᠯᠲᠡ ᠥᠷᠲᠡᠭ᠎ᠢ ᠤᠯᠠᠮ ᠨᠢᠭᠡ ᠠᠯᠬᠤᠮ ᠠᠭᠤᠳᠠᠯᠵᠡᠢ᠃

ᠤᠯᠠᠮᠵᠢᠯᠠᠯᠲᠤ ᠲᠡᠵᠢᠭᠡᠬᠦ ᠠᠷᠭ᠎ᠠ ᠮᠠᠶᠢᠭ᠎ᠡᠴᠡ 《ᠰᠠᠢᠨ ᠡᠭᠦᠯᠳᠡᠷ + ᠰᠢᠨᠵᠢᠯᠡᠬᠦ ᠤᠬᠠᠭᠠᠨ ᠲᠸᠭᠨᠢᠭ ᠮᠡᠷᠭᠡᠵᠢᠯ + ᠲᠦᠷᠦᠯ ᠲᠡᠮᠳᠡᠭ》 ᠎ᠤ᠋ᠨ ᠪᠦᠬᠦ ᠠᠵᠤ ᠦᠢᠯᠡᠰ᠎ᠦᠨ ᠬᠡᠯᠬᠢᠶ᠎ᠡ᠎ᠶᠢᠨ ᠬᠥᠭᠵᠢᠯᠲᠡ ᠬᠦᠷᠲᠡᠯ᠎ᠡ᠂ ᠦᠦᠰᠢᠨ ᠬᠣᠰᠢᠭᠤᠨ ᠎ᠤ ᠦᠢᠯᠡᠳᠦᠯᠭᠡ ᠨᠢ᠂ ᠣᠨᠴᠠᠯᠢᠭ᠍ᠲᠤ ᠡᠭᠦᠯᠳᠡᠷ ᠎ᠦᠨ ᠡᠬᠢ ᠪᠠᠶᠠᠯᠢᠭ᠋ ᠲᠸ᠋ ᠰᠠᠭᠤᠷᠢᠯᠠᠵᠤ᠂ ᠠᠮᠢ ᠠᠬᠤᠢ᠎ᠶᠢᠨ ᠬᠠᠮᠠᠭᠠᠯᠠᠯᠲᠠ᠎ᠶᠢᠨ ᠬᠣᠷᠢᠭ᠎ᠠ ᠱᠤᠭᠤᠮ᠎ᠢ ᠪᠠᠲᠤ ᠰᠠᠬᠢᠪᠠᠯ ᠤᠯᠠᠮᠵᠢᠯᠠᠯᠲᠤ ᠮᠠᠯ ᠠᠵᠤ ᠠᠬᠤᠢ᠎ᠶᠢ ᠰᠢᠨ᠎ᠡ ᠠᠮᠢᠯᠠᠯ᠎ᠲᠠᠢ ᠪᠣᠯᠭᠠᠵᠤ ᠴᠢᠳᠠᠨ᠎ᠠ ᠬᠡᠳᠡᠭ᠎ᠢ ᠬᠡᠷᠡᠴᠢᠯᠡᠪᠡ᠃ ᠤᠷᠳᠤᠰ ᠨᠠᠷᠢᠨ ᠨᠣᠣᠰᠣᠲᠤ ᠬᠣᠨᠢ ᠨᠢ ᠮᠠᠯᠴᠢᠨ ᠲᠠᠷᠢᠶᠠᠴᠢᠨ᠎ᠤ ᠪᠠᠶᠠᠵᠢᠨ ᠴᠢᠨᠡᠭᠡᠯᠢᠭᠵᠢᠬᠦ 《ᠠᠯᠳᠠᠨ ᠲᠦᠯᠬᠢᠭᠦᠷ》 ᠪᠣᠯᠬᠤ᠎ᠪᠠᠷ ᠪᠠᠷᠠᠬᠤ ᠦᠭᠡᠢ᠂ ᠨᠡᠩ ᠴᠤ᠌ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠠᠬᠤᠢ ᠪᠠᠢᠳᠠᠯ ᠳᠣᠣᠷᠠᠬᠢ ᠠᠮᠢ ᠠᠬᠤᠢ ᠠᠵᠤ ᠠᠬᠤᠢ᠎ᠶᠢᠨ ᠬᠠᠮᠵᠢᠯᠴᠠᠨ ᠬᠥᠭᠵᠢᠬᠦ᠎ᠳᠠᠭᠤᠷᠢᠶᠡᠯ ᠦᠯᠢᠬᠡᠷ᠎ᠢ ᠬᠠᠩᠭᠠᠭᠰᠠᠨ ᠪᠠᠢᠨ᠎ᠠ᠃ ᠢᠷᠡᠭᠡᠳᠦᠢ ᠎ᠳᠦ᠂ ᠠᠵᠤ ᠦᠢᠯᠡᠰ ᠎ᠦᠨ ᠬᠡᠯᠬᠢᠶ᠎ᠡ ᠎ᠶᠢᠨ ᠦᠷᠭᠦᠯᠵᠢᠯᠡᠨ ᠥᠷᠭᠡᠵᠢᠵᠦ᠂ ᠰᠢᠨᠵᠢᠯᠡᠬᠦ ᠤᠬᠠᠭᠠᠨ ᠲᠸᠭ᠌ᠨᠢᠢᠠ᠋ ᠮᠡᠷᠭᠡᠵᠢᠯ᠎ᠤᠨ ᠳᠤᠰᠠᠯᠠᠮᠵᠢ ᠲᠠᠰᠤᠷᠠᠯᠳᠠ ᠦᠭᠡᠢ ᠭᠦᠨᠵᠡᠭᠡᠢᠷᠡᠬᠦ᠎ᠶᠢ ᠳᠠᠭᠠᠯᠳᠤᠨ᠂ ᠦᠦᠰᠢᠨ᠎ᠤ ᠨᠠᠷᠢᠨ ᠨᠤᠤᠰᠤᠳᠤ ᠬᠤᠨᠢᠨ᠎ᠤ ᠦᠨ᠎ᠠ ᠦᠷᠳᠡᠭ ᠤᠯᠠᠮ  ᠦᠰᠤᠨ᠎ᠠ ᠬᠡᠳᠡᠭ᠎ᠲᠤ ᠢᠳᠡᠬᠡᠯ ᠳᠠᠢ ᠪᠡᠢᠨ᠎ᠠ᠃        

 (ᠳᠤᠰ ᠨᠢᠭᠤᠷ᠎ᠤᠨ ᠬᠡᠷᠡᠯ ᠵᠢᠷᠤᠭ᠎ᠢ ᠦᠦᠰᠢᠨ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ ᠡᠴᠡ ᠬᠠᠨᠭᠭᠠᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号