《ᠬᠤᠯᠪᠤᠭᠠᠳᠤ ᠤᠷᠤᠯᠳᠤᠭᠠᠨ》 ᠵᠢᠡᠷ ᠰᠤᠢᠭᠰᠠᠨ ᠬᠤᠤᠰ ᠪᠦᠬᠦᠳᠤ ᠳᠡᠮᠡᠬᠡᠨ᠎ᠤ ᠠᠵᠦ ᠦᠢᠯᠡᠰ
2026-05-06 11:34:24
ᠵᠣᠬᠢᠶᠠᠭ᠍ᠴᠢ᠄
ᠲᠠᠪᠰᠢᠯᠳᠤ ᠨᠠᠷᠠᠨᠲᠤᠶᠠᠭ᠎ᠠ ᠬᠠᠨ ᠸᠧᠢ ᠴᠡᠯᠡᠭᠡᠷ
ᠣᠩᠱᠢᠭ᠍ᠰᠠᠨ ᠣᠳᠠᠭ᠎ᠠ᠄
★★★☆☆

ᠡᠨᠡ ᠬᠠᠪᠤᠷ᠂ 《ᠠᠯᠠᠱᠠ ᠶ᠋ᠢᠨ ᠲᠡᠮᠡᠬᠡᠨ᠎ᠤ ᠬᠤᠯᠪᠤᠭᠠᠳᠤ ᠤᠷᠤᠯᠳᠤᠭᠠᠨ》᠎ᠤ᠋ ᠲᠥᠷᠪᠡᠳᠤᠬᠡᠷ ᠲᠠᠯᠠᠪᠠᠢ ᠤᠷᠤᠯᠳᠤᠭᠠᠨ ᠪᠤᠶᠤ ᠡᠴᠦᠰ᠎ᠤᠨ ᠤᠷᠤᠯᠳᠤᠭᠠᠨ ᠠᠯᠠᠱᠠ ᠵᠡᠬᠦᠨ ᠬᠤᠰᠢᠭᠤᠨ᠎ᠤ ᠪᠠᠶᠠᠨᠬᠤᠳᠠ ᠪᠠᠯᠭᠠᠰᠤᠨ ᠳ᠋ᠥ ᠠᠮᠵᠢᠯᠳᠠ ᠲᠠᠢ ᠶᠠᠪᠤᠭᠳᠠᠵᠤ᠂ ᠲᠡᠮᠡᠬᠡᠳᠤ ᠨᠤᠳᠤᠭ ᠤ᠋ᠨ ᠬᠥᠭᠵᠢᠯᠳᠡ ᠬᠤᠪᠢᠷᠠᠯᠳᠠ᠂ ᠤᠯᠠᠮᠵᠢᠯᠠᠯᠳᠤ ᠲᠡᠮᠡᠬᠡ ᠮᠠᠯᠵᠢᠬᠤ ᠰᠤᠶᠤᠯ᠂ ᠲᠡᠮᠡᠬᠡᠨ᠎ᠤ ᠠᠵᠤ ᠥᠢᠯᠡᠰ ᠤ᠋ᠨ ᠬᠥᠭᠵᠢᠯᠳᠡ᠂ ᠰᠤᠶᠤᠯ ᠵᠢᠭᠤᠯᠴᠢᠯᠠᠯ ᠤ᠋ᠨ ᠠᠭᠤᠰᠤᠯᠴᠠᠯ ᠢ᠋ ᠪᠥᠷᠢᠨ ᠬᠠᠷᠠᠭᠤᠯᠤᠭᠰᠠᠨ ᠪᠥᠭᠥ ᠤᠯᠤᠰ ᠤ᠋ᠨ ᠬᠡᠪᠴᠢᠶᠡᠨ᠎ᠤ ᠤᠷᠤᠯᠳᠤᠭᠠᠨ ᠪᠤᠯᠵᠤ ᠥᠩᠬᠡᠷᠡᠭᠰᠡᠨ ᠶᠤᠮ᠃


QQ截图20260506114615.png


ᠠᠯᠠᠱᠠ ᠶ᠋ᠢᠨ ᠲᠡᠮᠡᠬᠡᠨ᠎ᠤ ᠬᠤᠯᠪᠤᠭᠠᠳᠤ ᠤᠷᠤᠯᠳᠤᠭᠠᠨ ᠢ᠋ 2025 ᠤᠨ᠎ᠤ 12 ᠰᠠᠷ᠎ᠠ ᠠ᠋ᠴᠠ ᠡᠬᠢᠯᠡᠨ ᠨᠡᠢᠳᠡ ᠲᠥᠷᠪᠡᠨ ᠲᠠᠯᠠᠪᠠᠢ ᠤᠷᠤᠯᠳᠤᠭᠠᠨ ᠢ᠋ ᠵᠤᠬᠢᠶᠠᠨ ᠪᠠᠢᠭᠤᠯᠵᠤ᠂ ᠬᠤᠷᠳᠤᠨ ᠲᠡᠮᠡᠬᠡᠨ᠎ᠤ ᠤᠷᠤᠯᠳᠤᠭᠠᠨ᠂ ᠬᠤᠯᠠ ᠶ᠋ᠢᠨ ᠲᠡᠮᠡᠬᠡᠨ᠎ᠤ ᠤᠷᠤᠯᠳᠤᠭᠠᠨ᠂ ᠲᠡᠮᠡᠬᠡᠨ ᠰᠤᠶᠤᠯ ᠵᠠᠩ ᠥᠢᠯᠠ ᠵᠡᠷᠬᠡ ᠬᠥᠷᠢᠶ᠎ᠡ ᠴᠠᠷᠠᠭ᠎ᠠ ᠶ᠋ᠢ ᠬᠠᠮᠤᠷᠤᠭᠰᠠᠨ 13 ᠲᠥᠷᠥᠯ ᠤ᠋ᠨ ᠤᠷᠤᠯᠳᠤᠭᠠᠨ ᠵᠢᠴᠢ ᠲᠡᠮᠡᠬᠡᠨ᠎ᠤ ᠠᠵᠤ ᠥᠢᠯᠡᠰ ᠤ᠋ᠨ ᠪᠥᠳᠤᠬᠡᠭᠳᠡᠭᠥᠨ᠂ ᠰᠤᠶᠤᠯ ᠵᠢᠭᠤᠯᠴᠢᠯᠠᠯ ᠤ᠋ᠨ ᠪᠥᠳᠤᠬᠡᠭᠳᠡᠭᠥᠨ ᠢ᠋ ᠲᠡᠯᠬᠡᠨ ᠪᠤᠷᠤᠯᠠᠭᠤᠯᠵᠤ ᠰᠤᠷᠳᠠᠯᠴᠢᠯᠠᠨ ᠤᠬᠠᠭᠤᠯᠤᠭᠰᠠᠨ ᠶᠤᠮ᠃ ᠡᠨᠡ ᠬᠦ᠌ ᠤᠷᠤᠯᠳᠤᠭᠠᠨ ᠳ᠋ᠥ ᠥᠪᠤᠷ ᠮᠤᠩᠭᠤᠯ᠂ ᠰᠢᠨᠵᠢᠶᠠᠩ᠂ ᠭᠠᠨᠰᠤ᠂ ᠵᠢᠶᠠᠩᠰᠤ᠂ ᠬᠥᠬᠡᠨᠠᠭᠤᠷ᠂ ᠨᠢᠩᠰᠢᠶᠠ ᠵᠡᠷᠬᠡ 6 ᠮᠤᠵᠢ ᠤᠷᠤᠨ᠎ᠤ 24 ᠬᠤᠰᠢᠭᠤ ᠰᠢᠶᠠᠨ᠎ᠤ 2000 ᠭᠠᠷᠤᠢ ᠨᠠᠭᠠᠳᠤᠮᠴᠢᠨ ᠤᠷᠤᠯᠴᠠᠵᠤ᠂ 5000 ᠭᠠᠷᠤᠢ ᠲᠡᠮᠡᠬᠡ ᠶ᠋ᠢ ᠨᠠᠭᠠᠳᠤᠮ ᠤ᠋ᠨ ᠲᠡᠨᠵᠢᠨ ᠳ᠋ᠥ ᠤᠶᠠᠵᠤ᠂ ᠠᠯᠠᠱᠠ ᠨᠤᠳᠤᠭ ᠤ᠋ᠨ ᠡᠪᠤᠯ ᠤ᠋ᠨ ᠤᠯᠠᠷᠢᠯ ᠤ᠋ᠨ ᠰᠤᠶᠤᠯ ᠵᠢᠭᠤᠯᠴᠢᠯᠠᠯ ᠤ᠋ᠨ ᠳᠦᠷᠦᠯ ᠳᠡᠮᠳᠡᠭ ᠢ᠋ ᠡᠭᠥᠳᠴᠠᠢ᠃ ᠮᠥᠨ ᠴᠤ᠌ ᠠᠯᠠᠱᠠ ᠨᠤᠳᠤᠭ ᠤ᠋ᠨ ᠲᠡᠮᠡᠬᠡᠨ᠎ᠤ ᠠᠵᠤ ᠥᠢᠯᠡᠰ ᠤ᠋ᠨ ᠬᠥᠭᠵᠢᠯᠳᠡ᠂ ᠰᠤᠶᠤᠯ ᠵᠢᠭᠤᠯᠴᠢᠯᠠᠯ ᠤ᠋ᠨ ᠬᠥᠭᠵᠢᠯᠳᠡ ᠪᠤᠯᠤᠨ ᠠᠯᠠᠱᠠ ᠨᠤᠳᠤᠭ ᠤ᠋ᠨ ᠰᠤᠶᠤᠯ ᠵᠢᠭᠤᠯᠴᠢᠯᠠᠯ ᠤ᠋ᠨ ᠳᠦᠷᠦᠯ ᠳᠡᠮᠳᠡᠭ ᠢ᠋ ᠲᠠᠶᠠᠩ ᠲᠡᠯᠡᠬᠡᠢ ᠳ᠋ᠥ ᠤᠬᠠᠭᠤᠯᠤᠨ ᠲᠠᠨᠢᠭᠤᠯᠬᠤ ᠰᠢᠨ᠎ᠡ ᠨᠢᠬᠡᠨ ᠲᠠᠪᠴᠠᠩ ᠪᠤᠯᠵᠦ᠂ ᠠᠯᠠᠱᠠ ᠵᠡᠭᠦᠨ ᠬᠣᠰᠢᠭᠤ ᠪᠤᠶᠤ ᠠᠯᠠᠱᠠ ᠲᠡᠮᠡᠭᠡᠨ ᠤ᠋ ᠠᠵᠦ ᠦᠢᠯᠡᠰ ᠬᠦᠭᠵᠢᠯ ᠪᠠᠳᠠᠷᠠᠯ ᠤ᠋ᠨ ᠰᠢᠨ᠎ᠠ ᠨᠢᠬᠡᠨ ᠲᠡᠭᠳᠡᠷ ᠲᠣ᠌ ᠭᠠᠷᠤᠭᠰᠠᠨ ᠢ᠋ ᠴᠦ᠍ ᠪᠦᠷᠢᠨ ᠢᠯᠡᠷᠬᠡᠢᠯᠡᠵᠦ ᠪᠠᠢᠯ᠎ᠠ᠃


QQ截图20260506114648.png


ᠠᠯᠠᠱᠠ ᠵᠡᠭᠦᠨ ᠬᠣᠰᠢᠭᠤ ᠬᠤᠤᠰ ᠪᠥᠬᠥᠲᠦ ᠲᠡᠮᠡᠭᠡᠨ᠎ᠦ ᠡᠭᠦᠯᠳᠡᠷ᠎ᠦᠨ ᠡᠬᠢ ᠪᠠᠶᠠᠯᠢᠭ᠋᠎ᠤᠨ ᠳᠠᠪᠠᠭᠤᠯᠢᠭ᠋ ᠪᠠ ᠭᠠᠵᠠᠷ ᠣᠷᠣᠨ᠎ᠤ ᠬᠥᠭᠵᠢᠯᠲᠡ᠎ᠶᠢᠨ ᠪᠣᠳᠠᠲᠤ ᠪᠠᠢᠳᠠᠯ᠎ᠳᠠᠭᠠᠨ ᠰᠠᠭᠤᠷᠢᠯᠠᠵᠦ᠂ 《ᠬᠡᠪᠴᠢᠶᠡᠵᠢᠬᠦᠯᠬᠦ᠂ ᠪᠠᠷᠢᠮᠵᠢᠶᠠᠵᠢᠭᠤᠯᠬᠤ᠂ ᠠᠵᠤ ᠦᠢᠯᠡᠰᠵᠢᠬᠦᠯᠬᠦ᠂ ᠳᠦᠷᠦᠯ ᠲᠡᠮᠳᠡᠭᠵᠢᠬᠦᠯᠬᠦ》 ᠵᠢᠨ ᠳᠤᠭᠤᠷᠢᠨ᠎ᠳᠤ ᠬᠤᠤᠰ ᠪᠥᠬᠥᠲᠦ ᠲᠡᠮᠡᠭᠡᠨ᠎ᠦ ᠠᠵᠤ ᠦᠢᠯᠡᠰ᠎ᠢ ᠬᠦᠭᠵᠢᠬᠦᠯᠦᠭᠰᠡᠨ ᠡᠴᠡ᠂ ᠮᠠᠯᠴᠢᠨ ᠲᠠᠷᠢᠶᠠᠴᠢᠳ᠎ᠤᠨ ᠲᠡᠮᠡᠭᠡ ᠮᠠᠯᠵᠢᠨ ᠦᠷᠡᠵᠢᠭᠦᠯᠬᠦ ᠢᠳᠡᠪᠬᠢᠵᠢᠯ ᠳᠠᠢᠴᠢᠯᠠᠭᠳᠠᠨ᠂ ᠢᠩᠭᠡᠨ ᠰᠦ᠂ ᠲᠡᠮᠡᠭᠡᠨ ᠨᠤᠤᠯᠤᠭᠤᠷ ᠵᠡᠷᠭᠡ ᠦᠢᠯᠡᠳᠬᠦᠨ᠎ᠢ ᠪᠤᠷᠤᠯᠠᠭᠤᠯᠬᠤ᠎ᠳᠦ ᠲᠦᠰᠢᠭᠯᠡᠨ ᠣᠷᠣᠯᠭ᠎ᠠ᠎ᠪᠠᠨ ᠨᠡᠮᠡᠭᠳᠡᠭᠦᠯᠦᠨ ᠠᠮᠢᠳᠤᠷᠠᠯ᠎ᠢᠶᠠᠨ ᠴᠢᠨᠡᠭᠡᠯᠢᠭᠵᠢᠭᠦᠯᠦᠭᠰᠡᠨ ᠪᠣᠳᠠᠲᠤ ᠵᠢᠱ᠌ᠢᠶ᠎ᠠ ᠠᠷᠪᠢᠨ ᠪᠤᠢ᠃

ᠠᠯᠠᠱᠠ ᠵᠡᠭᠦᠨ ᠬᠣᠰᠢᠭᠤᠨ᠎ᠤ ᠵᠢᠷᠠᠲᠠᠢ ᠪᠠᠯᠭᠠᠰᠤᠨ᠎ᠤ ᠰᠢᠷᠠᠪᠦ᠋ᠷᠢᠳᠦ ᠭᠠᠴᠠᠭᠠᠨ᠎ᠤ ᠪᠠᠲᠤᠪᠦ᠋ᠬᠡ᠎ᠶᠢᠨ ᠬᠢᠨ 2019 ᠣᠨ᠎ᠠᠴᠠ ᠡᠬᠢᠯᠡᠨ ᠲᠡᠮᠡᠭᠡ ᠬᠠᠷᠢᠭᠤᠯᠵᠦ᠂ ᠤᠳᠣ᠌ ᠪᠤᠯᠬᠣ᠌᠎ᠳᠤ 112 ᠲᠡᠮᠡᠭᠡ᠎ᠲᠠᠢ ᠪᠤᠯᠵᠦ᠂ ᠡᠭᠦᠨ᠎ᠦ ᠳᠣᠲᠣᠷ᠎ᠠ 45 ᠢᠩᠭᠡ ᠪᠣᠶ᠃ ᠣᠢᠷ᠎ᠠ᠎ᠶᠢᠨ ᠬᠡᠳᠤᠨ ᠵᠢᠯ᠎ᠳᠦ᠂ ᠲᠡᠮᠡᠭᠡᠨ᠎ᠦ ᠠᠵᠤ ᠦᠢᠯᠡᠰ᠎ᠢ ᠬᠥᠭᠵᠢᠭᠦᠯᠬᠦ ᠲᠦᠷᠦ᠎ᠶᠢᠨ ᠪᠣᠳᠣᠯᠭ᠎ᠠ᠎ᠶᠢᠨ ᠳᠡᠮᠵᠢᠯᠭᠡ ᠳᠤᠤᠷ᠎ᠠ᠂ ᠪᠠᠲᠤᠪᠦ᠋ᠬᠡ ᠢᠩᠭᠡᠨ ᠰᠦ᠂ ᠲᠡᠮᠡᠭᠡᠨ ᠨᠤᠤᠰᠤ ᠵᠡᠷᠭᠡ ᠠᠰᠢᠭ᠋ ᠰᠢᠮ᠎ᠡ᠎ᠳᠦ ᠲᠦᠰᠢᠭᠯᠡᠨ ᠣᠷᠣᠯᠭ᠎ᠠ᠎ᠪᠠᠨ ᠨᠡᠮᠡᠭᠳᠡᠭᠦᠯᠦᠨ ᠠᠮᠢᠳᠤᠷᠠᠯ᠎ᠢᠶᠠᠨ ᠴᠢᠨᠡᠭᠡᠯᠢᠭᠵᠢᠭᠦᠯᠪᠡ᠃ ᠪᠠᠲᠤᠪᠦ᠋ᠬᠡ ᠰᠤᠷᠪᠤᠯᠵᠢᠯᠠᠭ᠍ᠴᠢ᠎ᠳᠤ᠄《ᠣᠲᠣ᠌ ᠲᠡᠮᠡᠭᠡ ᠬᠠᠷᠢᠭᠤᠯᠬᠤ᠎ᠳᠠᠭᠠᠨ ᠰᠢᠨᠵᠢᠯᠡᠬᠦ ᠤᠬᠠᠭᠠᠨᠴᠢ᠎ᠮᠡᠷᠭᠡᠵᠢᠯ᠎ᠳᠤ ᠲᠦᠰᠢᠭᠯᠡᠨ ᠡᠳᠦᠷ᠎ᠲᠤ ᠰᠠᠭᠠᠭᠰᠠᠨ ᠢᠩᠭᠡᠨ ᠰᠦ᠎ᠪᠡᠨ 4000 ᠭᠠᠷᠤᠢ ᠲᠥᠭᠥᠷᠢᠭ ᠬᠤᠳᠠᠯᠳᠤᠵᠤ᠂ ᠵᠢᠯ ᠦ᠋ᠨ ᠣᠷᠣᠯᠭ᠎ᠠ 40 ᠭᠠᠷᠤᠢ ᠲᠦᠮᠡᠨ ᠲᠥᠭᠥᠷᠢᠭ᠎ᠲᠤ ᠬᠦᠷᠴᠦ ᠪᠤᠢ᠂ ᠲᠠᠷᠠᠭᠠᠴᠢ᠎ᠶᠢᠨ ᠠᠯᠬᠤᠮ᠎ᠳᠤ ᠲᠡᠮᠡᠭᠡᠨ᠎ᠤ ᠲᠣᠭ᠎ᠠ ᠳᠤᠯᠤᠭᠠᠢ᠎ᠪᠡᠨ ᠨᠡᠮᠡᠭᠳᠡᠭᠦᠯᠵᠦ᠂ 100 ᠢᠩᠭᠡ ᠰᠠᠭᠠᠬᠤ ᠪᠡᠷ ᠲᠥᠯᠥᠪᠯᠡᠵᠦ ᠪᠤᠢ》 ᠭᠡᠵᠦ ᠡᠷᠡᠨ ᠴᠠᠭ᠎ᠤᠨ ᠬᠦᠭᠵᠢᠯᠲᠡ᠎ᠳᠦ ᠢᠲᠡᠭᠡᠯ ᠲᠡᠭᠦᠯᠳᠡᠷ ᠬᠡᠯᠡᠨ᠎ᠡ᠃ ᠠᠯᠠᠱᠠ ᠵᠡᠭᠦᠨ ᠬᠣᠰᠢᠭᠤᠨ᠎ᠤ ᠵᠢᠷᠠᠲᠠᠢ ᠪᠠᠯᠭᠠᠰᠤᠨ᠎ᠤ ᠰᠢᠷᠠᠪᠦ᠋ᠷᠢᠳᠦ ᠭᠠᠴᠠᠭ᠎ᠠ ᠨᠢ ᠭᠠᠵᠠᠷ ᠣᠷᠣᠨ᠎ᠤ ᠳᠠᠪᠠᠭᠤᠯᠢᠭ᠋ ᠪᠠ ᠠᠵᠤ ᠦᠢᠯᠡᠰ᠎ᠦᠨ ᠪᠠᠢᠷᠢᠯᠠᠭᠤᠯᠤᠯᠲᠠ ᠲᠠᠢ ᠤᠶᠠᠯᠳᠤᠭᠤᠯᠤᠨ᠂ ᠰᠠᠭᠠᠯᠢ᠎ᠶᠢᠨ ᠢᠩᠭᠡ᠎ᠶᠢ ᠨᠢᠭᠡᠳᠦᠯᠲᠡᠢ ᠬᠠᠩᠭᠠᠬᠤ᠂ ᠬᠢᠵᠢᠭ᠎ᠢ ᠨᠢᠭᠡᠳᠦᠯᠲᠡᠢ ᠰᠡᠷᠭᠡᠢᠯᠡᠬᠦ᠂ ᠲᠡᠵᠢᠭᠡᠨ ᠦᠷᠡᠵᠢᠭᠦᠯᠬᠦ᠎ᠶᠢ ᠨᠢᠭᠡᠳᠦᠯᠲᠡᠢ ᠲᠦᠪᠯᠡᠷᠡᠭᠦᠯᠬᠦ᠂ ᠨᠢᠭᠡᠳᠦᠯᠲᠡᠢ ᠪᠣᠷᠣᠯᠠᠭᠤᠯᠬᠤ ᠠᠷᠭ᠎ᠠ ᠪᠠᠷᠢᠯ᠎ᠢᠶᠠᠷ ᠮᠠᠯᠴᠢᠨ ᠲᠠᠷᠢᠶᠠᠴᠢᠳ᠎ᠤᠨ ᠣᠷᠣᠯᠭ᠎ᠠ ᠪᠠᠨ ᠨᠡᠮᠡᠭᠳᠡᠭᠦᠯᠦᠨ ᠠᠮᠢᠳᠤᠷᠠᠯ᠎ᠢᠶᠠᠨ ᠴᠢᠨᠡᠭᠡᠯᠢᠭᠵᠢᠭᠦᠯᠬᠦ᠎ᠶᠢ ᠠᠬᠢᠭᠤᠯᠪᠠ᠃ ᠵᠢᠷᠠᠲᠠᠢ ᠪᠠᠯᠭᠠᠰᠤᠨ᠎ᠤ ᠰᠢᠷᠠᠪᠦ᠋ᠷᠢᠳᠦ ᠭᠠᠴᠠᠭ᠎ᠠ ᠨᠢ ᠪᠤᠷᠤᠯᠠᠭᠤᠯᠬᠤ ᠵᠠᠮ ᠪᠣᠯᠣᠨ ᠢᠩᠭᠡᠨ ᠰᠦ᠎ᠶᠢᠨ ᠦᠨ᠎ᠡ ᠬᠠᠩᠰᠢ ᠵᠡᠷᠭᠡ᠎ᠠᠴᠠ ᠭᠠᠷᠳᠠᠨ᠂ ᠠᠵᠤ ᠦᠢᠯᠡᠰ᠎ᠦᠨ ᠬᠥᠭᠵᠢᠯᠲᠡ ᠪᠣᠯᠣᠨ ᠲᠥᠯᠦᠪᠵᠢᠭᠦᠯᠭᠡ᠎ᠶᠢ ᠰᠠᠢᠲᠤᠷ ᠬᠢᠬᠦ᠎ᠶᠢᠨ ᠬᠠᠮᠲᠤ ᠰᠠᠭᠤᠷᠢ ᠲᠦᠬᠦᠭᠡᠷᠤᠮᠵᠢ᠎ᠪᠠᠨ᠎ᠲᠡᠭᠦᠯᠳᠡᠷᠵᠢᠭᠦᠯᠵᠦ᠂ ᠰᠢᠯᠢᠳᠡᠭ ᠲᠡᠮᠡᠭᠡᠨ᠎ᠦ ᠡᠭᠦᠯᠳᠡᠷ᠎ᠢ ᠤᠷᠤᠭᠤᠯᠵᠦ᠂ ᠲᠥᠷᠥ᠎ᠶᠢᠨ ᠪᠣᠳᠣᠯᠭ᠎ᠠ᠎ᠪᠠᠷ ᠳᠡᠮᠵᠢᠬᠦ ᠬᠦᠴᠤᠯᠡᠴᠡ᠎ᠪᠠᠨ ᠨᠡᠮᠡᠭᠳᠡᠭᠦᠯᠵᠦ᠂ ᠮᠠᠯᠵᠢᠬᠤ ᠡᠷᠦᠬᠡ᠎ᠶᠢᠨ ᠲᠡᠮᠡᠭᠡ ᠬᠠᠷᠢᠭᠤᠯᠵᠤ ᠢᠩᠭᠡ ᠰᠠᠭᠠᠬᠤ᠎ᠶᠢ ᠵᠤᠷᠢᠭ᠍ᠵᠢᠭᠣᠯᠵᠣ᠌᠂ ᠠᠵᠤ ᠦᠢᠯᠡᠰ᠎ᠦᠨ ᠲᠤᠰᠬᠠᠢᠵᠢᠭ᠍ᠰᠠᠨ᠂ ᠬᠡᠪᠴᠢᠶᠡᠵᠢᠭᠰᠡᠨ᠂ ᠠᠵᠤ ᠦᠢᠯᠡᠰᠵᠢᠭᠰᠡᠨ᠂ ᠳᠦᠷᠦᠯ ᠲᠡᠮᠳᠡᠭᠵᠢᠭᠰᠡᠨ ᠬᠦᠭᠵᠢᠯᠲᠡ᠎ᠶᠢ ᠲᠠᠰᠤᠷᠠᠯᠲᠠ ᠦᠭᠡᠢ  ᠠᠬᠢᠭᠤᠯᠵᠤ ᠪᠣᠢ᠃


QQ截图20260506114737.png


ᠲᠡᠮᠡᠬᠡᠨ ᠤ᠋ ᠠᠵᠦ ᠦᠢᠯᠡᠰ ᠪᠤᠯ ᠠᠯᠠᠱᠠ ᠨᠤᠳᠤᠭ ᠤ᠋ᠨ ᠦᠪᠡᠷᠮᠢᠴᠡ ᠠᠵᠦ ᠦᠢᠯᠡᠰ ᠮᠦᠷᠳᠡᠬᠡᠨ ᠪᠤᠬᠢᠷᠳᠤᠯ ᠦᠬᠡᠢ ᠬᠦᠭᠵᠢᠯᠳᠡ ᠵᠢᠨ ᠦᠵᠡᠯᠳᠡ ᠵᠢ ᠦᠢᠯᠡᠳᠦᠯᠬᠡᠵᠢᠭᠦᠯᠬᠦ ᠴᠢᠬᠤᠯᠡ ᠠᠵᠢᠯ ᠦᠢᠯᠡᠰ ᠤ᠋ᠨ ᠨᠢᠬᠡ ᠮᠦᠨ᠃ ᠠᠯᠠᠱᠠ ᠨᠤᠳᠤᠭ ᠪᠤᠯ 《ᠨᠢᠬᠡ ᠪᠦᠰᠡ ᠨᠢᠬᠡ ᠵᠠᠮ》 ᠤ᠋ᠨ ᠪᠦᠳᠦᠬᠡᠨ ᠪᠠᠢᠭᠤᠯᠤᠯᠳᠠ ᠵᠢᠨ ᠦᠪᠦᠷ ᠮᠤᠩᠭᠤᠯ ᠤ᠋ᠨ ᠬᠡᠰᠡᠭ ᠲᠡᠬᠢ ᠡᠨ᠋ᠸᠷᠬᠢ ᠵᠢᠨ ᠰᠠᠭᠤᠷᠢᠨ᠂ ᠤᠯᠤᠰ᠎ᠤᠨ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢᠨ ᠴᠢᠬᠤᠯᠡ ᠤᠷᠤᠨ᠂ ᠤᠮᠠᠷᠠᠰᠢ ᠨᠡᠬᠡᠬᠡᠯᠳᠡ ᠬᠢᠬᠦ ᠴᠢᠬᠤᠯᠡ ᠪᠡᠬᠢᠯᠡᠯᠳᠡ ᠵᠢᠨ ᠨᠢᠬᠡ ᠪᠦᠬᠡᠳ ᠲᠡᠮᠡᠬᠡᠨ ᠤ᠋ ᠠᠵᠦ ᠦᠢᠯᠡᠰ ᠨᠢ ᠤᠷᠤᠨ ᠨᠤᠳᠤᠭ ᠤ᠋ᠨ ᠠᠮᠢ ᠠᠬᠤᠢ ᠵᠢᠨ ᠪᠦᠳᠦᠬᠡᠨ ᠪᠠᠢᠭᠤᠯᠤᠯᠳᠠ᠂ ᠶᠠᠳᠠᠭᠤ ᠠ᠋ᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠡᠢᠯᠠᠯᠳᠤᠭᠠᠨ᠂ ᠬᠦᠳᠡᠬᠡ ᠲᠤᠰᠬᠤᠨ ᠢ᠋ ᠭᠦᠭᠵᠢᠬᠦᠯᠦᠨ ᠮᠠᠨᠳᠤᠭᠤᠯᠬᠤ ᠪᠠᠢᠯᠳᠤᠬᠤ ᠪᠤᠳᠤᠯᠭ᠎ᠠ᠂ ᠪᠤᠬᠢᠷᠳᠤᠯ ᠦᠬᠡᠢ ᠭᠦᠭᠵᠢᠯᠳᠡ ᠵᠢ ᠪᠠᠷᠢᠮᠳᠠᠯᠠᠬᠤ ᠡᠯ᠎ᠡ ᠠᠵᠢᠯ ᠲᠦᠷᠦᠯ ᠤ᠋ᠨ ᠬᠦᠷᠢᠶ᠎ᠡ ᠬᠡᠪᠴᠢᠶᠡᠨ ᠳ᠋ᠥ ᠰᠤᠶᠤᠯ ᠢᠷᠬᠡᠨᠰᠢᠯ᠂ ᠠᠵᠦ ᠠᠬᠤᠢ᠂ ᠨᠡᠢᠬᠡᠮ ᠤ᠋ᠨ ᠦᠨ᠎ᠠ ᠦᠷᠳᠡᠭ ᠵᠢᠡᠷ ᠵᠢᠡᠨ ᠴᠢᠬᠤᠯᠠ ᠦᠢᠯᠡᠳᠦᠯ ᠦᠵᠡᠬᠦᠯᠬᠦ ᠪᠤᠯᠵᠠᠢ᠃

ᠠᠯᠠᠱᠠ ᠵᠡᠭᠦᠨ ᠬᠣᠰᠢᠭᠤᠨ᠎ᠤ ᠲᠦᠸᠧ ᠵᠦᠩ ᠸᠠᠩ ᠨᠤᠤᠰᠤ ᠨᠤᠤᠯᠤᠭᠤᠷ᠎ᠤᠨ ᠪᠦᠲᠦᠭᠡᠭᠳᠡᠬᠦᠨ᠎ᠦ ᠺᠣᠮᠫᠠᠨᠢ᠎ᠨᠢ ᠲᠡᠮᠡᠭᠡᠨ ᠨᠣᠣᠰᠣ᠌᠎ᠶᠢ ᠰᠢᠯᠢᠬᠦ᠂ ᠤᠭᠢᠶᠠᠵᠦ ᠴᠡᠪᠡᠷᠯᠡᠬᠦ᠂ ᠰᠠᠮᠨᠠᠬᠤ ᠵᠡᠷᠭᠡ ᠶᠠᠪᠤᠴᠠ᠎ᠵᠢ ᠥᠩᠭᠡᠷᠡᠭᠡᠭᠰᠡᠨ᠎ᠦ ᠲᠠᠷᠠᠭ᠎ᠠ ᠳᠠᠬᠢᠨ ᠪᠣᠭᠣᠳᠠᠯᠯᠠᠨ ᠪᠣᠷᠤᠯᠠᠭᠤᠯᠬᠤ ᠪᠤᠶᠤ ᠲᠡᠮᠡᠭᠡᠨ ᠨᠤᠤᠯᠤᠭᠤᠷ᠎ᠤᠨ ᠬᠦᠵᠦᠭᠦᠨ᠎ᠦ ᠣᠷᠢᠶᠠᠯᠲᠠ᠂ ᠳ᠋ᠠᠴᠠᠩ᠂ ᠥᠮᠥᠳᠦ ᠵᠡᠷᠭᠡ ᠪᠦᠳᠦᠭᠡᠭᠳᠡᠭᠦᠨ ᠪᠣᠯᠭᠠᠨ ᠦᠢᠯᠡᠳᠪᠦᠷᠢᠯᠡᠵᠦ ᠳᠡᠯᠡᠬᠡᠢ᠎ᠶᠢᠨ ᠡᠯ᠎ᠡ ᠭᠠᠵᠠᠷ᠎ᠲᠤ ᠪᠣᠷᠤᠯᠠᠭᠤᠯᠵᠤ ᠪᠠᠢᠨ᠎ᠠ᠃ 《 ᠲᠦᠷᠦ ᠵᠢᠨ ᠪᠤᠳᠤᠯᠭ᠎ᠠ + ᠲᠠᠭᠠᠭᠤᠯᠤᠭᠴᠢ ᠠᠵᠦ ᠠᠬᠤᠢᠯᠠᠯ + ᠰᠠᠭᠤᠷᠢᠨ +  ᠰᠤᠳᠤᠯᠭᠠᠨ ᠰᠢᠨᠵᠢᠯᠡᠬᠡᠨ  + ᠬᠤᠷᠰᠢᠶ᠎ᠠ + ᠮᠡᠯᠴᠢᠨ ᠲᠠᠷᠢᠶᠠᠴᠢᠨ 》 ᠨᠢᠬᠡ ᠴᠤᠬ᠍ᠴᠠ ᠳ᠋ᠥ ᠤᠶᠠᠯᠳᠤᠬ᠍ᠰᠠᠨ ᠬᠡᠯᠪᠡᠷᠢ ᠪᠤᠯ ᠠᠯᠠᠱᠠ ᠵᠢᠨ ᠲᠡᠮᠡᠬᠡᠨ ᠤ᠋ ᠠᠵᠦ ᠦᠢᠯᠡᠰ ᠤ᠋ᠨ ᠶᠡᠷᠤᠩᠬᠡᠢ ᠨᠢᠬᠡᠨ ᠤᠨᠴᠠᠯᠢᠭ᠋ ᠪᠤᠯᠤᠨ᠎ᠠ᠃ ᠤᠳᠦ ᠪᠤᠯᠬᠤ ᠳ᠋ᠥ ᠪᠦᠬᠦ ᠠᠢᠮᠠᠭ ᠤ᠋ᠨ ᠲᠡᠮᠡᠬᠡᠨ ᠨᠤᠤᠯᠤᠭᠤᠷ ᠤ᠋ᠨ ᠭᠠᠷᠤᠯᠳᠠ 400 ᠲᠤᠨ ᠳ᠋ᠥ ᠬᠦᠷᠴᠦ ᠪᠤᠢ᠃ ᠲᠡᠮᠡᠬᠡᠨ ᠨᠤᠤᠰᠦ ᠨᠤᠤᠯᠤᠭᠤᠷ ᠢ᠋ ᠪᠤᠯᠪᠠᠰᠤᠷᠠᠭᠤᠯᠵᠦ ᠪᠠᠢᠭ᠎ᠠ ᠳᠠᠭᠠᠭᠤᠯᠤᠭ᠍ᠴᠢ ᠠᠵᠦ ᠠᠬᠤᠢᠯᠠᠯ 6 ᠪᠤᠯᠵᠦ᠂ ᠵᠢᠯ ᠳ᠋ᠥ 500 ᠲᠤᠨ ᠲᠦᠬᠦᠬᠡᠢ ᠮᠠᠲᠸᠷᠢᠶᠠᠯ ᠢ᠋ ᠪᠤᠯᠪᠠᠰᠤᠷᠠᠭᠤᠯᠵᠦ ᠦᠢᠯᠡᠳᠬᠦ ᠴᠢᠳᠠᠮᠵᠢ ᠲᠡᠢ᠂ ᠵᠢᠯ ᠳ᠋ᠥ 20 ᠭᠠᠷᠤᠢ ᠲᠦᠷᠦᠯ ᠤ᠋ᠨ 22 ᠲᠦᠮᠡᠨ ᠰᠢᠷᠬᠡᠭ ᠪᠦᠳᠦᠬᠡᠭᠳᠡᠬᠦᠨ ᠦᠢᠯᠡᠳᠪᠦᠷᠢᠯᠡᠵᠦ ᠪᠠᠢᠨ᠎ᠠ᠃ 《 ᠲᠦᠸᠸ ᠵᠦᠡᠭ ᠸᠠᠡᠭ 》᠂ 《 ᠱᠠ ᠮᠦᠸᠸ ᠸᠠᠡᠭ 》 ᠵᠡᠷᠬᠡ ᠱᠤᠰᠢᠭ᠎ᠠ ᠲᠡᠮᠳᠡᠭ ᠢ᠋ ᠲᠠᠩᠰᠠᠯᠠᠭᠤᠯᠵᠦ᠂ ᠡᠳᠦᠬᠡ ᠠᠯᠠᠱᠠ ᠵᠢᠨ ᠲᠡᠮᠡᠬᠡᠨ ᠨᠤᠤᠯᠤᠭᠤᠷ ᠤ᠋ᠨ ᠪᠦᠳᠦᠬᠡᠭᠳᠡᠬᠦᠨ ᠤ᠋ ᠳᠦᠷᠦᠯ ᠳᠡᠮᠳᠡᠭ ᠬᠤᠯᠠ ᠤᠢᠷ᠎ᠠ ᠳ᠋ᠥ ᠠᠯᠳᠠᠷᠰᠢᠵᠦ ᠪᠠᠢᠨ᠎ᠠ᠃ ᠡᠬᠦᠨ ᠤ᠋ ᠲᠠᠭᠠᠤ ᠲᠡᠮᠡᠬᠡᠨ ᠮᠢᠬ᠎ᠠ ᠶᠠᠰᠦ ᠵᠢ ᠡᠳ᠋ᠰᠢᠬᠦᠯᠵᠦ ᠪᠤᠯᠪᠠᠰᠤᠷᠠᠭᠤᠯᠬᠤ ᠠᠵᠦ ᠦᠢᠯᠡᠰ ᠠᠷᠤ ᠠᠷᠤ ᠠ᠋ᠴᠠ ᠪᠡᠨ ᠡᠬᠦᠳᠡ ᠪᠡᠨ ᠨᠡᠬᠡᠬᠡᠵᠦ᠂ ᠪᠦᠳᠦᠬᠡᠭᠳᠡᠬᠦᠨ ᠵᠢᠡᠨ ᠨᠠᠷᠢᠯᠢᠭ᠍ᠵᠢᠭᠤᠯᠬᠤ᠂ ᠶᠠᠰᠤ ᠴᠢᠨᠠᠷ ᠢ᠋ ᠰᠢᠯᠢᠳᠡᠭᠵᠢᠬᠦᠯᠬᠦ ᠠᠬᠢᠴᠡ ᠪᠡᠨ ᠲᠦᠷᠬᠡᠳᠬᠡᠨ᠂ ᠲᠡᠮᠡᠬᠡᠨ ᠮᠢᠬᠠᠨ ᠤ᠋ 10 ᠭᠠᠷᠤᠢ ᠰᠢᠷᠢᠰ ᠲᠦᠷᠦᠯ ᠤ᠋ᠨ 50 ᠭᠠᠷᠤᠢ ᠵᠦᠢᠯ ᠤ᠋ᠨ ᠪᠦᠳᠦᠬᠡᠭᠳᠡᠬᠦᠨ ᠢ᠋ ᠵᠠᠬ᠎ᠠ ᠲᠡᠯᠬᠡᠭᠦᠷ  ᠲᠣ᠌ ᠬᠠᠩᠭᠠᠵᠦ ᠪᠠᠢᠳᠠᠭ᠃


QQ截图20260506114758.png


ᠠᠯᠠᠱᠠ ᠵᠡᠭᠦᠨ ᠬᠣᠰᠢᠭᠤᠨ᠎ᠤ ᠡᠷᠬᠡᠬᠠᠰᠢᠬ᠎ᠠ ᠰᠤᠮᠤᠨ᠎ᠤ ᠪᠠᠶᠠᠨ ᠬᠥᠯ ᠭᠠᠴᠠᠭ᠎ᠠ᠎ᠶᠢᠨ ᠨᠤᠲᠤᠭ᠎ᠲᠠᠭᠠᠨ ᠪᠤᠴᠠᠭᠰᠠᠨ ᠵᠠᠯᠠᠭᠤ ᠯᠢᠦ ᠬᠣᠩ ᠶᠧ ᠤᠯᠠᠮᠵᠢᠯᠠᠯᠲᠤ ᠲᠡᠮᠡᠭᠡ ᠮᠠᠯᠵᠢᠨ ᠦᠷᠡᠵᠢᠭᠦᠯᠬᠦ᠎ᠶᠢ ᠣᠳᠣᠬᠢᠴᠢᠯᠠᠭᠰᠠᠨ ᠢᠩᠭᠡᠨ ᠰᠦ᠎ᠶᠢᠨ ᠠᠵᠤ ᠦᠢᠯᠡᠰ ᠪᠣᠯᠭᠠᠨ ᠲᠡᠰ ᠳᠡᠪᠰᠢᠭᠦᠯᠵᠦ᠂ ᠪᠠᠶᠠᠵᠢᠯ᠎ᠤᠨ ᠵᠠᠮ᠎ᠢᠶᠡᠨ ᠡᠬᠢᠯᠡᠭᠦᠯᠪᠡ᠃ 2018 ᠣᠨ᠎ᠳᠤ᠂ ᠯᠢᠦ ᠬᠣᠩ ᠶᠧ ᠡᠮᠦᠨᠡᠲᠦ ᠣᠷᠣᠨ᠎ᠠᠴᠠ ᠨᠤᠲᠤᠭ᠎ᠲᠠᠭᠠᠨ ᠪᠤᠴᠠᠵᠤ ᠦᠢᠯᠡᠰ ᠪᠣᠰᠬᠠᠬᠤ᠎ᠳᠠᠭᠠᠨ ᠤᠷᠤᠨ ᠨᠤᠲᠤᠭ᠎ᠤᠨ ᠤᠨᠴᠠᠯᠢᠭ᠍ᠲᠤ ᠠᠵᠤ ᠦᠢᠯᠡᠰ᠎ᠬᠦᠭᠵᠢᠭᠦᠯᠬᠦ᠎ᠪᠡᠷ ᠵᠤᠷᠢᠭ᠋ ᠰᠢᠭᠤᠳᠴᠠᠢ᠃ ᠲᠡᠷᠡ ᠠᠯᠠᠱᠠ᠎ᠶᠢᠨ ᠢᠩᠭᠡᠨ ᠰᠦ ᠶ᠋ᠢᠨ ᠦᠢᠯᠡᠰ᠎ᠦᠨ ᠬᠥᠭᠵᠢᠯᠲᠡ᠎ᠶᠢᠨ ᠳᠤᠮᠳᠠᠬᠢ ᠠᠷᠠᠯᠵᠢᠶᠠᠨ᠎ᠤ ᠠᠵᠠ ᠲᠣᠬᠢᠶᠠᠯ᠎ᠢ ᠣᠯᠵᠤ ᠬᠠᠷᠠᠨ᠂ ᠠᠯᠠᠱᠠ ᠵᠡᠭᠦᠨ ᠬᠤᠰᠢᠭᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ᠎ᠤ ᠳᠡᠮᠵᠢᠯᠭᠡ᠎ᠪᠡᠷ ᠤᠯᠠᠨ ᠤᠳᠠᠭ᠎ᠠ ᠭᠠᠳᠠᠭ᠍ᠰᠢ ᠭᠠᠷᠴᠤ ᠰᠢᠨᠵᠢᠯᠡᠨ ᠪᠠᠢᠴᠠᠭᠠᠵᠤ᠂ ᠲᠡᠮᠡᠭᠡ ᠮᠠᠯᠵᠢᠭᠰᠠᠨ ᠲᠣᠮᠣ᠌ ᠡᠷᠦᠬᠡ᠎ᠡᠴᠡ ᠲᠡᠵᠢᠭᠡᠨ ᠦᠷᠡᠵᠢᠭᠦᠯᠬᠦ ᠠᠷᠭ᠎ᠠ ᠪᠣᠯᠣᠨ ᠰᠦ ᠰᠠᠭᠠᠬᠤ ᠮᠡᠷᠭᠡᠵᠢᠯ᠎ᠢ ᠰᠤᠷᠤᠯᠴᠠᠵᠠᠢ᠃ ᠣᠢᠷ᠎ᠠ᠎ᠶᠢᠨ ᠵᠢᠯ᠎ᠳᠤ᠂ ᠲᠡᠷᠡ ᠬᠤᠷᠠᠮᠳᠤᠭᠤᠯᠤᠭᠰᠠᠨ ᠲᠡᠵᠢᠭᠡᠨ ᠦᠷᠡᠵᠢᠭᠦᠯᠬᠦ ᠲᠤᠷᠰᠢᠯᠭ᠎ᠠ ᠪᠣᠯᠣᠨ ᠬᠠᠮᠢᠶᠠᠷᠤᠯᠲᠠ᠎ᠶᠢᠨ ᠮᠡᠷᠭᠡᠵᠢᠯ᠎ᠢᠶᠡᠨ ᠦᠨᠳᠦᠰᠦᠯᠡᠵᠦ᠂ 《ᠠᠯᠠᠱᠠ ᠵᠡᠭᠦᠨ ᠬᠣᠰᠢᠭᠤᠨ᠎ᠤ ᠡᠷᠬᠡᠬᠠᠰᠢᠬ᠎ᠠ ᠰᠤᠮᠤᠨ᠎ᠤ ᠯᠢᠦ ᠬᠣᠩ ᠶᠧ ᠭᠡᠷ ᠪᠦᠯᠢ᠎ᠶᠢᠨ ᠮᠠᠯᠵᠢᠯ᠎ᠤᠨ ᠲᠠᠯᠠᠪᠠᠢ》 ᠎ᠶ᠋ᠢ ᠪᠠᠢᠭᠤᠯᠵᠤ᠂ ᠢᠩᠭᠡᠨ ᠰᠦ᠎ᠶᠢᠨ ᠦᠢᠯᠡᠰ᠎ᠢᠶᠠᠨ ᠵᠢᠩᠬᠢᠨᠢ᠎ᠪᠡᠷ ᠬᠦᠭᠵᠢᠭᠦᠯᠵᠦ ᠡᠬᠢᠯᠡᠪᠡ᠃ ᠭᠡᠷ ᠪᠦᠯᠢ᠎ᠶᠢᠨ ᠮᠠᠯᠵᠢᠯ᠎ᠤᠨ ᠲᠠᠯᠠᠪᠠᠶ᠎ᠶᠢᠨ ᠬᠡᠪᠴᠢᠶ᠎ᠡ᠎ᠶᠢᠨ ᠲᠠᠰᠤᠷᠠᠯᠲᠠ ᠦᠭᠡᠢ ᠥᠷᠭᠡᠳᠬᠦ᠎ᠶᠢ ᠳᠠᠭᠠᠯᠳᠤᠨ᠂ ᠯᠢᠦ ᠬᠣᠩ ᠶᠧ ᠭᠠᠭᠴᠠ ᠬᠦᠮᠦᠨ᠎ᠦ ᠬᠦᠴᠦᠨ ᠴᠢᠳᠠᠯ ᠬᠦᠷᠦᠯᠴᠡᠬᠦ ᠦᠭᠡᠢ ᠪᠠᠢᠬᠤ᠎ᠪᠠᠨ  ᠮᠡᠳᠡᠷᠡᠵᠦ᠂ ᠡᠷᠬᠢᠨ ᠲᠣᠭᠣᠷᠢᠨ᠎ᠤ ᠮᠠᠯᠴᠢᠳ᠎ᠢ ᠳᠠᠶ᠋ᠢᠴᠢᠯᠠᠨ ᠬᠠᠮᠲᠤ᠎ᠪᠠᠷ ᠣᠷᠣᠯᠴᠠᠭᠤᠯᠵᠤ᠂ ᠬᠡᠪᠴᠢᠶᠡᠵᠢᠭᠰᠡᠨ᠂ ᠠᠵᠤ ᠦᠶ᠋ᠯᠡᠰᠵᠢᠭᠰᠡᠨ ᠬᠥᠭᠵᠢᠯᠲᠡ᠎ᠶᠢᠨ ᠪᠠᠢᠷᠢᠰᠢᠯ᠎ᠢ ᠪᠦᠷᠢᠯᠳᠦᠭᠦᠯᠪᠡᠯ ᠰᠠᠶᠢ ᠢᠩᠭᠡᠨ ᠰᠦ᠎ᠶᠢᠨ ᠠᠵᠤ ᠦᠢᠯᠡᠰ᠎ᠢ ᠦᠨᠡᠨ ᠬᠦ᠌ ᠪᠤᠵᠠᠭᠠᠢᠷᠠᠭᠤᠯᠵᠤ ᠴᠢᠳᠠᠨ᠎ᠠ ᠭᠡᠳᠡᠭ᠎ᠢ ᠲᠠᠨᠢᠵᠤ ᠣᠯᠣᠭᠰᠠᠨ ᠪᠠᠢᠨ᠎ᠠ᠃ 2023 ᠣᠨ᠎ᠳᠤ᠂ ᠯᠢᠦ ᠬᠣᠩ ᠶᠧ 《ᠭᠡᠷ ᠪᠦᠯᠢ᠎ᠶᠢᠨ ᠮᠠᠯᠵᠢᠯ᠎ᠤᠨ ᠲᠠᠯᠠᠪᠠᠶ + ᠬᠣᠷᠰᠢᠶ᠎ᠠ》 ᠵᠢᠨ ᠡᠵᠡᠩᠨᠡᠯᠲᠡ᠎ᠶᠢᠨ ᠣᠢᠯᠠᠭᠠᠭᠳᠠᠬᠤᠨ᠎ᠢᠶᠠᠷ᠂ ᠭᠠᠴᠠᠭᠠᠨ᠎ᠤ ᠬᠠᠮᠲᠤ᠎ᠶᠢᠨ ᠠᠵᠤ ᠠᠬᠤᠢ᠎ᠶᠢᠨ ᠬᠣᠷᠰᠢᠶ᠎ᠠ ᠵᠢ ᠭᠡᠷ ᠪᠦᠯᠢ᠎ᠶᠢᠨ ᠮᠠᠯᠵᠢᠯ᠎ᠤᠨ ᠲᠠᠯᠠᠪᠠᠶ᠎ᠳᠤ ᠬᠤᠪᠢ ᠣᠷᠣᠭᠤᠯᠵᠤ᠂ ᠭᠠᠴᠠᠭᠠᠨ᠎ᠤ ᠬᠠᠮᠲᠤ᠎ᠶᠢᠨ ᠠᠵᠤ ᠠᠬᠤᠢ᠎ᠶᠢ ᠬᠥᠲᠥᠯᠥᠨ ᠳᠠᠭᠠᠭᠤᠯᠵᠤ ᠪᠤᠵᠠᠭᠠᠢᠷᠠᠭᠤᠯᠤᠨ᠂ ᠪᠥᠬᠥ ᠭᠠᠴᠠᠭᠠᠨ᠎ᠤ ᠮᠠᠯᠴᠢᠳ᠎ᠢ ᠳᠠᠶ᠋ᠢᠴᠢᠯᠠᠨ ᠬᠥᠭᠵᠢᠯᠲᠡ᠎ᠶᠢᠨ ᠠᠰᠢᠭ᠋ ᠣᠯᠵᠠ᠎ᠶᠢ ᠬᠠᠮᠲᠤ᠎ᠳᠠᠭᠠᠨ ᠡᠳ᠋ᠯᠡᠪᠡ᠃ ᠬᠣᠷᠰᠢᠶ᠎ᠠ ᠵᠢᠨ ᠵᠢᠯ ᠪᠦᠷᠢ᠎ᠶᠢᠨ ᠣᠯᠣᠭᠰᠠᠨ ᠠᠰᠢᠭ᠋ ᠣᠷᠣᠯᠭ᠎ᠠ᠎ᠶᠢᠨ ᠬᠤᠪᠢᠶᠠᠷᠢᠯᠠᠯᠲᠠ᠎ᠶᠢ ᠭᠠᠴᠠᠭᠠᠨ᠎ᠤ 43 ᠡᠷᠦᠬᠡ 100 ᠮᠠᠯᠴᠢᠳ᠎ᠤᠨ ᠬᠣᠲᠠ ᠬᠥᠳᠡᠭᠡ᠎ᠶᠢᠨ ᠰᠠᠭᠤᠭᠠᠯᠢ ᠠᠷᠠᠳ᠎ᠤᠨ ᠡᠮ ᠡᠮᠨᠡᠯᠭᠡ᠎ᠶᠢᠨ ᠳᠠᠭᠠᠳᠬᠠᠯ᠎ᠢ ᠲᠤᠰᠢᠶᠠᠬᠤ᠎ᠳᠤ ᠬᠡᠷᠡᠭᠯᠡᠵᠦ᠂ ᠦᠯᠡᠳᠡᠭᠰᠡᠨ ᠪᠡᠯᠡ ᠮᠥᠩᠭᠥ᠎ᠶᠢ ᠨᠢ 《ᠮᠠᠯᠴᠢᠳ᠎ᠤᠨ ᠲᠦᠷ ᠴᠠᠭ᠎ᠤᠨ ᠠᠪᠤᠷᠠᠨ ᠲᠤᠰᠠᠯᠠᠬᠤ ᠰᠠᠭᠤᠷᠢ ᠮᠥᠩᠭᠥ》 ᠳ᠋ᠤ᠌ ᠤᠷᠤᠭᠤᠯᠤᠨ᠂ ᠭᠡᠨᠡᠳᠲᠡ᠎ᠶᠢᠨ ᠡᠪᠡᠳᠴᠢᠨ ᠡᠮᠭᠡᠭ᠂ ᠪᠠᠢᠭᠠᠯᠢ᠎ᠶᠢᠨ ᠭᠠᠮᠰᠢᠭ᠋ ᠵᠡᠷᠭᠡ ᠪᠠᠴᠢᠮ ᠪᠠᠢᠳᠠᠯ᠎ᠢ ᠠᠷᠭᠠᠴᠠᠬᠤ᠎ᠳᠤ ᠬᠡᠷᠡᠭᠯᠡᠵᠦ᠂ ᠭᠠᠴᠠᠭᠠᠨ᠎ᠤ ᠮᠠᠯᠴᠢᠳ᠎ᠲᠤ ᠪᠠᠲᠤ ᠪᠡᠬᠢ ᠠᠮᠢᠳᠤᠷᠠᠯ᠎ᠤᠨ ᠪᠠᠲᠤᠯᠠᠭ᠎ᠠ᠎ᠶᠢ ᠬᠠᠩᠭᠠᠭᠰᠠᠨ ᠪᠠᠢᠨ᠎ᠠ᠃ ᠯᠢᠦ ᠬᠣᠩ ᠶᠧ ᠨᠤᠲᠤᠭ᠎ᠲᠠᠭᠠᠨ ᠪᠤᠴᠠᠵᠤ ᠦᠢᠯᠡᠰ ᠪᠤᠰᠬᠠᠭᠰᠠᠨ ᠰᠢᠯᠢᠳᠡᠭ ᠵᠠᠯᠠᠭᠤ ᠪᠣᠯᠤᠭᠰᠠᠨ᠎ᠤ ᠬᠤᠪᠢ᠎ᠳᠤ᠂ ᠲᠡᠷᠡ ᠵᠠᠬ᠎ᠠ ᠳᠡᠯᠭᠡᠭᠦᠷ᠎ᠦᠨ ᠠᠵᠠ ᠲᠣᠬᠢᠶᠠᠯ᠎ᠢ ᠡᠵᠡᠮᠳᠡᠵᠦ᠂ ᠰᠤᠮᠤᠨ᠎ᠤ ᠢᠩᠭᠡᠨ ᠰᠦ᠎ᠶᠢᠨ ᠦᠢᠯᠡᠰ᠎ᠦᠨ ᠬᠥᠭᠵᠢᠯᠲᠡ᠎ᠶᠢ ᠡᠢᠨ ᠬᠦ᠌ ᠠᠬᠢᠭᠤᠯᠵᠠᠢ᠃


QQ截图20260506114812.png


ᠤᠢᠷ᠎ᠠ ᠵᠢᠨ ᠵᠢᠯ ᠠ᠋ᠴᠠ ᠠᠯᠠᠱᠠ ᠠᠢᠮᠠᠭ ᠤ᠋ᠨ ᠨᠠᠮ ᠤ᠋ᠨ ᠬᠤᠷᠢᠶ᠎ᠠ᠂ ᠠᠢᠮᠠᠭ ᠤ᠋ᠨ ᠵᠡᠬᠢᠷᠭ᠎ᠠ ᠠ᠋ᠴᠠ ᠤᠯᠤᠰ ᠪᠡ ᠦᠪᠡᠷᠳᠡᠬᠡᠨ ᠵᠠᠰᠠᠬᠤ ᠤᠷᠤᠨ ᠤ᠋ ᠴᠢᠬᠤᠯᠠ ᠪᠠᠢᠯᠳᠤᠬᠤ ᠪᠤᠳᠤᠯᠭ᠎ᠠ᠂ ᠤᠷᠤᠨ ᠨᠤᠳᠤᠭ ᠤ᠋ᠨ ᠠᠵᠦ ᠠᠬᠤᠢ ᠨᠡᠢᠬᠡᠮ᠎ᠤᠨ ᠭᠦᠭᠵᠢᠯᠳᠡ ᠵᠢ ᠲᠡᠢᠴᠢᠯᠠᠬᠤ ᠭᠤᠤᠯᠳᠠᠯᠭᠠᠳᠦ ᠠᠵᠢᠯ ᠤ᠋ᠨ ᠲᠤᠭᠤᠷᠢᠨ ᠳ᠋ᠥ ᠲᠡᠮᠡᠬᠡ ᠵᠢ ᠬᠠᠮᠠᠭᠠᠯᠠᠵᠦ ᠦᠰᠬᠡᠬᠦ᠂ ᠲᠡᠮᠡᠬᠡᠨ ᠰᠤᠶᠤᠯ ᠵᠢᠡᠨ ᠤᠯᠠᠮᠵᠢᠯᠠᠨ ᠪᠠᠳᠠᠷᠠᠭᠤᠯᠵᠦ᠂ ᠲᠡᠮᠡᠬᠡᠨ ᠤ᠋ ᠠᠰᠢᠭ᠋ ᠰᠢᠮ᠎ᠠ ᠵᠢᠨ ᠭᠠᠷᠤᠯᠳᠠ ᠵᠢ ᠠᠵᠦ ᠦᠢᠯᠡᠰᠵᠢᠭᠦᠯᠤᠨ᠂ ᠤᠷᠤᠨ ᠨᠤᠳᠤᠭ ᠤ᠋ᠨ ᠤᠨᠴᠠᠯᠢᠬ᠍ᠳᠦ ᠠᠵᠦ ᠦᠢᠯᠡᠰ ᠪᠤᠯᠭᠠᠨ ᠬᠦᠭᠵᠢᠭᠦᠯᠬᠦ ᠠᠯᠢ ᠤᠯᠠᠨ ᠲᠦᠷᠦ ᠵᠢᠨ ᠪᠤᠳᠤᠯᠭ᠎ᠠ᠂ ᠠᠷᠭ᠎ᠠ ᠠᠪᠴᠠᠯ ᠲᠤᠭᠲᠠᠭᠠᠯ ᠢ᠋ ᠬᠡᠷᠡᠭᠵᠢᠭᠦᠯᠦᠭᠰᠡᠨ ᠠ᠋ᠴᠠ ᠲᠡᠮᠡᠬᠡᠨ ᠤ᠋ ᠠᠵᠦ ᠦᠢᠯᠡᠰ ᠨᠢ ᠤᠷᠢᠳ ᠡᠮᠤᠨ᠎ᠠ ᠪᠠᠢᠭ᠎ᠠ ᠦᠬᠡᠢ ᠭᠦᠭᠵᠢᠯᠳᠡ ᠵᠢᠨ ᠰᠢᠨ᠎ᠠ ᠱᠠᠳᠦ ᠦᠶ᠎ᠡ ᠳ᠋ᠥ ᠲᠡᠪᠰᠢᠨ ᠤᠷᠤᠵᠠᠢ᠃

ᠰᠢᠨ᠎ᠡ ᠡᠷᠡᠨ᠎ᠤ ᠰᠢᠨ᠎ᠡ ᠴᠠᠭ ᠥᠶ᠎ᠡ ᠳ᠋ᠥ ᠠᠯᠠᠱᠠ ᠵᠢᠨ ᠳᠡᠮᠡᠬᠡᠨ᠎ᠤ ᠬᠤᠯᠪᠤᠭᠠᠳᠤ ᠤᠷᠤᠯᠳᠤᠭᠠᠨ ᠨᠢ ᠤᠷᠤᠨ ᠨᠤᠳᠤᠭ᠎ᠤᠨ ᠨᠡᠷ᠎ᠠ ᠵᠢᠨ ᠬᠠᠭᠤᠳᠠᠰᠤ ᠪᠤᠯᠤᠭᠰᠠᠨ ᠪᠤᠯ᠂ ᠲᠡᠮᠡᠬᠡᠨ᠎ᠤ ᠠᠵᠤ ᠥᠢᠯᠡᠰ᠂ ᠢᠩᠬᠡᠨ ᠰᠥ ᠰᠠᠭᠠᠯᠢ ᠶ᠋ᠢᠨ ᠪᠥᠳᠤᠬᠡᠭᠳᠡᠭᠥᠨ ᠨᠢ ᠠᠯᠠᠱᠠ ᠨᠤᠳᠤᠭ ᠤ᠋ᠨ ᠲᠤᠯᠭᠠᠭᠤᠷᠢᠯᠠᠬᠤ ᠴᠢᠨᠠᠷ ᠲᠠᠢ ᠴᠢᠬᠤᠯᠠ ᠠᠵᠤ ᠥᠢᠯᠡᠰ ᠪᠤᠯᠵᠤ᠂ ᠲᠡᠮᠡᠬᠡᠨ᠎ᠤ ᠰᠤᠶᠤᠯ ᠢ᠋ ᠨᠡᠩ ᠤᠯᠠᠨ ᠬᠥᠮᠤᠰ ᠤ᠋ᠨ ᠠᠩᠬᠠᠷᠤᠯ ᠪᠠᠬᠠᠷᠬᠠᠯ ᠳ᠋ᠥ ᠰᠢᠨ᠎ᠡ ᠨᠢᠬᠡᠨ ᠵᠤᠷᠢᠯᠳᠡ᠂ ᠰᠢᠨ᠎ᠠ ᠨᠢᠬᠡᠨ ᠬᠠᠷᠠᠭᠠᠰᠦ᠂ ᠰᠢᠨ᠎ᠡ ᠨᠢᠬᠡᠨ ᠴᠤᠬ᠍ᠴᠠᠰ ᠵᠢᠡᠷ ᠬᠥᠷᠬᠡᠵᠤ ᠪᠠᠢᠭ᠎ᠠ ᠮᠦᠷᠳᠡᠬᠡᠨ ᠬᠦᠷᠭᠡᠭᠰᠡᠭᠡᠷ ᠪᠠᠢᠬᠤ ᠪᠤᠯᠤᠨ᠎ᠠ᠃

(ᠬᠡᠷᠡᠯ ᠵᠢᠷᠤᠭ᠎ᠦᠳ᠎ᠢ ᠠᠯᠠᠱᠠ ᠵᠡᠬᠦᠨ ᠬᠣᠰᠢᠭᠤᠨ᠎ᠤ ᠬᠠᠮ ᠵᠠᠭᠤᠴᠢᠯᠠᠭᠤᠷ ᠤ᠋ᠨ ᠳᠦᠪ᠎ᠡᠴᠡ ᠬᠠᠨᠭᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号