ᠠᠯᠳᠠᠷ ᠮᠠᠨᠳᠤᠭᠰᠠᠨ ᠠᠷᠪᠠᠰ᠎ᠤᠨ ᠴᠠᠭᠠᠨ ᠢᠮᠠᠭᠠᠨ᠎ᠤ ᠠᠵᠦ ᠦᠢᠯᠡᠰ
2026-04-13 16:00:03
ᠵᠣᠬᠢᠶᠠᠭ᠍ᠴᠢ᠄
ᠤᠳᠤᠭ ᠬᠣᠰᠢᠭᠤᠨ᠎ᠤ ᠬᠠᠮ ᠵᠠᠭᠤᠴᠢᠯᠠᠭᠤᠷ ᠤ᠋ᠨ ᠳᠦᠪ᠎ᠤᠨ ᠰᠤᠷᠪᠤᠯᠵᠢᠯᠠᠬ᠍ᠴᠢ ᠪᠠᠢ ᠰᠠᠢᠨᠪᠢᠯᠢᠭ᠌ ᠤᠷᠲᠤᠨᠠᠰᠤᠨ
ᠣᠩᠱᠢᠭ᠍ᠰᠠᠨ ᠣᠳᠠᠭ᠎ᠠ᠄
★★★☆☆

ᠥᠨᠥᠳᠥᠷ᠂ ᠠᠷᠪᠠᠰ᠎ᠤᠨ ᠴᠠᠭᠠᠨ ᠢᠮᠠᠭᠠᠨ᠎ᠤ ᠠᠵᠦ ᠦᠢᠯᠡᠰ ᠬᠥᠭᠵᠢᠯᠲᠡ᠎ᠶᠢᠨ ᠰᠢᠨ᠎ᠡ ᠠᠮᠵᠢᠯᠳᠡ᠎ᠶᠢ ᠪᠢᠴᠢᠭᠯᠡᠨ᠎ᠡ᠃ ᠥᠪᠡᠷᠮᠢᠴᠡ ᠭᠠᠵᠠᠷ᠎ᠵᠦᠢ ᠵᠢᠨ ᠳᠠᠪᠠᠭᠤᠯᠢᠭ᠂ ᠲᠣᠬᠢᠷᠠᠮᠵᠢᠲᠠᠢ ᠠᠭᠤᠷ ᠠᠮᠢᠰᠬᠤᠯ᠂ ᠰᠢᠯᠢᠳᠡᠭ ᠡᠭᠦᠯᠳᠡᠷ ᠪᠣᠯᠣᠨ ᠭᠦᠨ ᠵᠤᠵᠠᠭᠠᠨ ᠲᠡᠦᠬᠡ᠎ᠶᠢᠨ ᠬᠤᠷᠠᠮᠳᠤᠯ᠎ᠳᠤ ᠲᠦᠰᠢᠭᠯᠡᠨ᠂ ᠣᠲᠣ᠌᠎ᠶᠢᠨ ᠠᠷᠪᠠᠰ᠎ᠤᠨ ᠴᠠᠭᠠᠨ ᠢᠮᠠᠭᠠᠨ᠎ᠤ ᠨᠤᠤᠯᠤᠭᠤᠷ ᠪᠠ ᠮᠢᠬᠠᠨ᠎ᠤ ᠠᠵᠤ ᠦᠢᠯᠡᠰ ᠨᠢᠭᠡᠨᠲᠡ ᠴᠢᠨᠠᠷ ᠰᠠᠢᠲᠠᠢ ᠬᠥᠭᠵᠢᠯᠲᠡ᠎ᠶᠢᠨ ᠱᠠᠲᠤᠨ᠎ᠳᠤ ᠣᠷᠣᠪᠠ᠃ ᠣᠲᠣᠭ ᠬᠣᠰᠢᠭᠤ《ᠪᠠᠷᠢᠮᠵᠢᠶᠠᠵᠢᠭ᠍ᠰᠠᠨ᠂ ᠳᠦᠷᠦᠯ ᠲᠡᠮᠳᠡᠭᠵᠢᠭᠰᠡᠨ᠂ ᠬᠡᠯᠬᠢᠶᠡᠵᠢᠭᠰᠡᠨ》ᠬᠥᠭᠵᠢᠯᠲᠡ᠎ᠶᠢᠨ ᠴᠢᠭᠯᠡᠯ᠎ᠢ ᠲᠣᠭᠲᠠᠭᠠᠵᠤ᠂ ᠲᠡᠵᠢᠭᠡᠨ ᠦᠷᠡᠵᠢᠭᠦᠯᠬᠦ᠂ ᠡᠳ᠋ᠰᠢᠭᠦᠯᠬᠦ᠎ᠡᠴᠡ ᠪᠣᠷᠣᠯᠠᠭᠤᠯᠬᠤ ᠬᠦᠷᠲᠡᠯᠡᠬᠢ ᠪᠦᠷᠢᠨ ᠪᠦᠲᠦᠨ ᠠᠵᠤ ᠦᠢᠯᠡᠰ᠎ᠦᠨ ᠰᠢᠰᠲᠧᠮ᠎ᠢ ᠪᠠᠢᠭᠤᠯᠵᠤ᠂ ᠣᠳᠣᠬᠠᠨ᠎ᠳᠤ ᠬᠣᠰᠢᠭᠤᠨ᠎ᠤ ᠠᠷᠪᠠᠰ᠎ᠤᠨ ᠴᠠᠭᠠᠨ ᠢᠮᠠᠭᠠᠨ᠎ᠤ ᠲᠣᠭ᠎ᠠ ᠪᠠᠷᠤᠭ 180 ᠲᠦᠮᠡᠨ ᠲᠣᠯᠣᠭᠠᠢ᠎ᠳᠤ ᠬᠦᠷᠴᠦ᠂ ᠵᠢᠯ᠎ᠳᠦ 90 ᠲᠦᠮᠡᠨ ᠲᠣᠯᠣᠭᠠᠢ ᠪᠣᠷᠣᠯᠠᠭᠤᠯᠵᠤ᠂ ᠮᠢᠬ᠎ᠠ ᠪᠠ ᠨᠤᠤᠯᠤᠭᠤᠷ᠎ᠤᠨ ᠦᠢᠯᠡᠳᠬᠦᠨ᠎ᠢᠶᠡᠨ ᠪᠥᠬᠥ ᠤᠯᠤᠰ᠎ᠤᠨ 28 ᠮᠤᠵᠢ ᠬᠤᠳᠠ᠎ᠳᠤ ᠪᠣᠷᠣᠯᠠᠭᠤᠯᠬᠤ ᠵᠢᠨ ᠬᠠᠮᠲᠤ ᠣᠯᠠᠨ ᠤᠯᠤᠰ᠎ᠤᠨ ᠵᠠᠬ᠎ᠠ ᠳᠡᠯᠭᠡᠭᠦᠷ᠎ᠢ ᠶᠠᠭ ᠠᠯᠬᠤᠮ ᠠᠯᠬᠤᠮ᠎ᠢᠶᠠᠷ ᠨᠠᠭᠡᠭᠡᠵᠦ ᠪᠠᠢᠨ᠎ᠠ᠃


dfd00b23-8b07-41e7-9fdb-405ddfd16323.png


2025 ᠣᠨ᠎ᠳᠤ ᠱᠠᠨᠳᠦ᠋ᠩ᠎ᠦᠨ ᠵᠢᠨᠠᠨ ᠬᠤᠳᠠ᠎ᠳᠤ ᠡᠷᠭᠢᠯᠡᠭᠰᠡᠨ 《ᠭᠠᠵᠠᠷ ᠵᠦᠢ᠎ᠶᠢᠨ ᠢᠯᠡᠷᠬᠡᠢᠯᠡᠯᠳᠤ ᠠᠵᠤ ᠦᠢᠯᠡᠰ᠎ᠦᠨ ᠬᠥᠭᠵᠢᠯᠲᠡ᠎ᠶᠢᠨ ᠰᠣᠯᠢᠯᠴᠠᠭᠠᠨ᠎ᠤ ᠠᠵᠢᠯᠯᠠᠭ᠎ᠠ》᠎ᠳᠤ ᠠᠷᠪᠠᠰ᠎ᠤᠨ ᠴᠠᠭᠠᠨ ᠢᠮᠠᠭᠠᠨ᠎ᠤ ᠮᠢᠬ᠎ᠠ ᠨᠢ ᠰᠢᠯᠢᠳᠡᠭ ᠶᠠᠰᠤ ᠴᠢᠨᠠᠷ᠎ᠢᠶᠠᠷ ᠵᠢᠡᠨ ᠰᠠᠢᠨ ᠦᠨᠡᠯᠡᠯᠲᠡ᠎ᠶᠢ ᠥᠷᠭᠡᠨ᠎ᠢᠶᠡᠷ ᠭᠥᠷᠳᠡᠵᠦ᠂ ᠲᠤᠬᠠᠢ᠎ᠶᠢᠨ ᠲᠠᠯᠠᠪᠠᠶ᠎ᠳᠤ 2000 ᠲᠦᠮᠡᠨ ᠲᠥᠭᠥᠷᠢᠭ᠎ᠦᠨ ᠬᠠᠮᠲᠤᠷᠠᠯᠴᠠᠭᠠᠨ᠎ᠤ ᠰᠠᠨᠠᠮᠵᠢ᠎ᠶᠢᠨ ᠬᠡᠯᠡᠯᠴᠡᠭᠡᠷ᠎ᠲᠦ ᠠᠮᠵᠢᠯᠲᠠ᠎ᠲᠠᠢ ᠭᠠᠷ᠎ᠤᠨ ᠥᠰᠥᠭ ᠵᠢᠷᠤᠵᠤ᠂ ᠪᠥᠬᠥ ᠤᠯᠤᠰ᠎ᠤᠨ ᠵᠠᠬ᠎ᠠ ᠳᠡᠯᠭᠡᠭᠦᠷ᠎ᠢ ᠨᠡᠩ ᠦᠷᠬᠡᠨ ᠬᠡᠪᠴᠢᠶ᠎ᠠ ᠪᠡᠷ ᠨᠡᠭᠡᠭᠡᠬᠦ᠎ᠳᠦ ᠪᠠᠲᠤ ᠪᠡᠬᠢ ᠰᠠᠭᠤᠷᠢ ᠲᠠᠯᠪᠢᠭᠰᠠᠨ  ᠪᠢᠯᠡ᠃

ᠡᠨᠡ ᠨᠢ ᠣᠲᠣᠭ ᠬᠣᠰᠢᠭᠤᠨ᠎ᠤ ᠠᠷᠪᠠᠰ᠎ᠤᠨ ᠴᠠᠭᠠᠨ ᠢᠮᠠᠭ᠎ᠠ᠎ᠶᠢ ᠬᠠᠮᠠᠭᠠᠯᠠᠬᠤ ᠪᠠ ᠪᠣᠢᠵᠢᠭᠤᠯᠬᠤ᠂ ᠡᠭᠦᠯᠳᠡᠷ᠎ᠦᠨ ᠤᠤᠷ ᠴᠡᠪᠡᠷ ᠴᠢᠨᠠᠷ᠎ᠢ ᠪᠦᠲᠦᠮᠵᠢᠲᠡᠶ ᠬᠠᠮᠠᠭᠠᠯᠠᠭᠰᠠᠨ᠎ᠳᠤ ᠪᠠᠢᠬᠤ ᠶᠤᠮ᠃ ᠳᠡᠭᠡᠷ᠎ᠡ ᠵᠠᠭᠤᠨ᠎ᠤ ᠵᠢᠷᠠ ᠳᠠᠯᠠᠭᠠᠳ ᠣᠨ᠎ᠳᠤ᠂ ᠣᠬᠣᠷ ᠬᠤᠭᠤᠴᠠᠭᠠᠨ᠎ᠤ ᠦᠷ᠎ᠡ ᠠᠰᠢᠭ᠋᠎ᠢ ᠬᠥᠭᠡᠭᠡᠴᠡᠯᠳᠦᠵᠦ᠂ ᠬᠡᠰᠡᠭ ᠮᠠᠯᠴᠢᠳ ᠪᠤᠰᠤᠳ ᠡᠭᠦᠯᠳᠡᠷ᠎ᠢ ᠡᠷᠯᠢᠰᠡᠵᠢᠭᠦᠯᠦᠨ ᠰᠠᠢᠵᠢᠷᠠᠭᠤᠯᠤᠭᠰᠠᠨ᠎ᠠᠴᠠ ᠠᠷᠪᠠᠰ ᠎ᠤᠨ ᠴᠠᠭᠠᠨ ᠢᠮᠠᠭᠠᠨ᠎ᠤ ᠡᠭᠦᠯᠳᠡᠷ᠎ᠦᠨ ᠴᠡᠪᠡᠷᠴᠡ ᠪᠠᠭᠤᠷᠠᠵᠤ᠂ ᠮᠢᠬ᠎ᠠ ᠨᠤᠤᠰᠤᠨ᠎ᠤ ᠴᠢᠨᠠᠷ ᠨᠥᠯᠥᠭᠡᠯᠡᠭᠳᠡᠵᠡᠢ᠃ ᠨᠠᠶᠠᠭᠠᠳ ᠣᠨ᠎ᠡᠴᠡ ᠡᠬᠢᠯᠡᠨ ᠣᠲᠣᠭ ᠬᠣᠰᠢᠭᠤ  ᠪᠡᠯᠡ ᠣᠷᠣᠭᠤᠯᠤᠨ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠡᠭᠦᠯᠳᠡᠷ᠎ᠦᠨ ᠢᠮᠠᠭᠠᠨ᠎ᠤ ᠲᠠᠯᠠᠪᠠᠶ᠎ᠶᠢ ᠪᠠᠢᠭᠤᠯᠵᠤ᠂ ᠬᠠᠮᠢᠶ᠎ᠠ ᠪᠦᠬᠦᠢ ᠬᠠᠮᠢᠶᠠᠷᠤᠯᠲᠠ᠎ᠶᠢᠨ ᠵᠠᠷᠴᠢᠮ᠎ᠢ ᠬᠡᠷᠡᠭᠵᠢᠭᠦᠯᠵᠦ᠂ ᠦᠷ᠎ᠡ᠎ᠶᠢᠨ ᠢᠷᠡᠯᠲᠡ᠎ᠶᠢᠨ ᠰᠠᠭᠠᠷᠮᠠᠭᠵᠢᠯ᠎ᠢ ᠡᠬᠢ ᠡᠬᠦᠰᠦᠯ ᠡᠴᠡ ᠨᠢ ᠬᠤᠷᠢᠭᠯᠠᠪᠠ᠃ ᠣᠳᠣᠬᠠᠨ᠎ᠳᠤ᠂ ᠲᠤᠬᠠᠢ᠎ᠶᠢᠨ ᠭᠠᠵᠠᠷ᠎ᠤᠨ ᠬᠢᠨ《ᠣᠷᠳᠣᠰ ᠬᠣᠲᠠ᠎ᠶᠢᠨ ᠠᠷᠪᠠᠰ᠎ᠤᠨ ᠴᠠᠭᠠᠨ ᠢᠮᠠᠭᠠᠨ᠎ᠤ ᠬᠠᠮᠠᠭᠠᠯᠠᠯᠲᠠ᠎ᠶᠢᠨ ᠳᠦᠷᠢᠮ》 ᠢ᠋ ᠨᠡᠢᠲᠡᠯᠡᠵᠦ᠂ ᠳᠦᠷᠢᠮ᠎ᠦᠨ ᠰᠡᠷᠭᠡᠢᠯᠡᠯᠲᠡ᠎ᠶᠢᠨ ᠱᠤᠭᠤᠮ᠎ᠢ ᠪᠡᠬᠢᠯᠡᠭᠰᠡᠨ᠎ᠢᠶᠡᠷ ᠪᠠᠷᠠᠬᠤ ᠦᠭᠡᠢ᠂ ᠪᠠᠰᠠ ᠤᠯᠤᠰ᠎ᠤᠨ ᠲᠠᠰ᠎ᠤᠨ ᠮᠢᠬ᠎ᠠ ᠪᠠ ᠨᠤᠤᠯᠤᠭᠤᠷ᠎ᠤᠨ ᠴᠠᠭᠠᠨ ᠢᠮᠠᠭᠠᠨ᠎ᠤ ᠡᠭᠦᠯᠳᠡᠷ᠎ᠢ ᠬᠠᠮᠠᠭᠠᠯᠠᠬᠤ ᠲᠠᠯᠠᠪᠠᠶ᠎ᠳᠤ ᠲᠦᠰᠢᠭᠯᠡᠨ᠂ ᠶᠡᠬᠡ ᠳᠡᠭᠡᠳᠦ ᠰᠤᠷᠭᠠᠭᠤᠯᠢ᠎ᠲᠠᠢ ᠬᠠᠮᠲᠤᠷᠠᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠲᠥᠪ ᠪᠠᠢᠭᠤᠯᠵᠤ᠂ ᠭᠧᠨ᠎ᠢᠶᠡᠷ ᠡᠭᠦᠯᠳᠡᠷ ᠪᠣᠢᠵᠢᠭᠤᠯᠬᠤ᠂ ᠲᠣᠮᠣ᠌ ᠳ᠋ᠠᠢᠲ᠋ᠠ᠎ᠶᠢᠨ ᠬᠢᠨᠠᠨ ᠬᠡᠮᠵᠢᠯᠲᠡ ᠵᠡᠷᠭᠡ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠷᠭ᠎ᠠ ᠪᠠᠷᠢᠯ᠎ᠢᠶᠠᠷ ᠳᠠᠮᠵᠢᠭᠤᠯᠤᠨ  ᠡᠭᠦᠯᠳᠡᠷ᠎ᠦᠨ ᠶᠠᠰᠤ ᠴᠢᠨᠠᠷ᠎ᠢ ᠦᠷᠭᠦᠯᠵᠢᠯᠡᠨ ᠰᠢᠯᠢᠳᠡᠭᠵᠢᠭᠦᠯᠪᠠ᠃


225bb9e0-677e-4ec1-bb86-3c083f04e9f2.png


ᠣᠲᠣᠭ ᠬᠣᠰᠢᠭᠤ ᠨᠢ ᠨᠡᠢᠲᠡᠯᠢᠭ ᠰᠡᠷᠢᠭᠦᠨ ᠪᠦᠰᠡᠨ᠎ᠦ ᠡᠬᠡ ᠭᠠᠵᠠᠷ᠎ᠤᠨ ᠴᠢᠨᠠᠷᠲᠠᠢ ᠠᠭᠤᠷ ᠠᠮᠢᠰᠬᠤᠯ᠎ᠳᠤ ᠬᠠᠷᠢᠶᠠᠯᠠᠭᠳᠠᠵᠤ᠂ ᠭᠠᠩ ᠬᠠᠭᠤᠷᠠᠢ ᠪᠣᠷᠣᠭᠠᠨ ᠪᠠᠭ᠎ᠠ᠂ ᠡᠳᠦᠷ ᠰᠥᠨᠢ᠎ᠶᠢᠨ ᠳᠤᠯᠠᠭᠠᠨ᠎ᠤ ᠵᠥᠷᠢᠶ᠎ᠡ ᠶᠡᠬᠡ᠂ ᠳᠥᠷᠪᠡᠨ ᠤᠯᠠᠷᠢᠯ ᠲᠣᠳᠣᠷᠬᠠᠢ ᠪᠥᠭᠡᠳ ᠬᠦᠢᠲᠡᠨ ᠬᠠᠯᠠᠭᠤᠨ᠎ᠤ ᠵᠥᠷᠢᠶ᠎ᠡ ᠶᠡᠬᠡ᠂ ᠠᠭᠠᠷ ᠴᠡᠪᠡᠷ ᠪᠥᠭᠡᠳ ᠠᠵᠤ ᠦᠢᠯᠡᠳᠪᠦᠷᠢ᠎ᠶᠢᠨ ᠪᠣᠬᠢᠷᠲᠤᠯ ᠦᠭᠡᠢ᠂ ᠪᠠᠢᠭᠠᠯᠢᠯᠢᠭ᠋ ᠠᠮᠢ ᠠᠬᠤᠢ᠎ᠶᠢᠨ ᠴᠡᠪᠡᠷ ᠬᠥᠷᠥᠰᠥ ᠳᠠᠢ ᠡᠢᠮᠦᠷᠬᠦ ᠠᠭᠤᠷ ᠠᠮᠢᠰᠬᠤᠯ᠎ᠤᠨ ᠨᠥᠬᠥᠴᠡᠯ ᠨᠢ ᠠᠷᠪᠡᠰ᠎ᠤᠨ ᠴᠠᠭᠠᠨ ᠢᠮᠠᠭᠠᠨ ᠎ᠤ ᠮᠢᠬ᠎ᠠ᠎ᠨᠤᠤᠯᠤᠭᠤᠷ᠎ᠤᠨ ᠴᠢᠨᠡᠷ ᠲᠤ᠌ ᠥᠪᠡᠷᠮᠢᠴᠡ ᠣᠨᠴᠠᠯᠢᠭ᠋ ᠪᠦᠬᠦᠢ ᠳᠡᠪᠢᠰᠬᠡᠷ ᠥᠩᠭᠡ᠎ᠶᠢ ᠨᠡᠮᠡᠷᠢᠯᠡᠭᠰᠡᠨ ᠪᠠᠢᠨ᠎ᠠ᠃

ᠠᠷᠪᠠᠰ᠎ᠤᠨ ᠴᠠᠭᠠᠨ ᠢᠮᠠᠭᠠᠨ᠎ᠤ ᠮᠢᠬᠠᠨ᠎ᠤ ᠰᠢᠯᠢᠳᠡᠭ ᠴᠢᠨᠠᠷ ᠨᠢ ᠠᠷᠪᠠᠰ᠎ᠤᠨ ᠨᠣᠤᠯᠤᠭᠤᠷ᠎ᠤᠨ ᠴᠠᠭᠠᠨ ᠢᠮᠠᠭᠠᠨ᠎ᠤ ᠥᠪᠡᠷᠮᠢᠴᠡ ᠡᠭᠦᠯᠳᠡᠷ᠎ᠡᠴᠡ ᠢᠷᠡᠯᠲᠡᠢ᠂ ᠡᠨᠡ ᠨᠢ ᠪᠠᠢᠭᠠᠯᠢ᠎ᠶᠢᠨ ᠰᠢᠯᠢᠯᠲᠡ ᠬᠢᠭᠡᠳ ᠬᠥᠮᠥᠨ᠎ᠦ ᠬᠦᠴᠦ᠎ᠪᠡᠷ ᠪᠣᠢᠵᠢᠭᠤᠯᠤᠭᠰᠠᠨ᠎ᠤ ᠦᠷ᠎ᠡ ᠳ᠋ᠦᠩ ᠶᠤᠮ᠃ ᠠᠩᠬ᠎ᠠ ᠡᠬᠢᠨ᠎ᠳᠡᠭᠡᠨ ᠮᠠᠯᠴᠢᠳ ᠢᠮᠠᠭ᠎ᠠ ᠲᠡᠵᠢᠭᠡᠬᠦ᠎ᠳᠡᠭᠡᠨ ᠭᠣᠣᠯᠳᠠᠭᠤ ᠢᠮᠠᠭᠠᠨ ᠨᠤᠤᠯᠤᠭᠤᠷ ᠯᠡ ᠣᠯᠬᠤ᠎ᠪᠠᠷ ᠭᠣᠣᠯᠯᠠᠵᠤ ᠪᠠᠢᠵᠠᠢ᠂ ᠬᠠᠷᠢᠨ ᠴᠠᠭ ᠬᠤᠭᠤᠴᠠᠭ᠎ᠠ ᠤᠯᠠᠷᠢᠬᠤ᠎ᠶᠢ ᠳᠠᠭᠠᠯᠳᠤᠨ᠂ ᠬᠥᠮᠥᠰ ᠡᠨᠡ ᠢᠮᠠᠭᠠᠨ᠎ᠤ ᠮᠢᠬᠠᠨ᠎ᠤ ᠴᠢᠨᠠᠷ ᠨᠢ ᠣᠨᠴᠠᠭᠠᠶ ᠰᠣᠷᠭᠣᠭ ᠪᠠᠢᠬᠤ᠎ᠶᠢ ᠣᠯᠵᠤ ᠮᠡᠳᠡᠮᠡᠭᠴᠡ ᠰᠠᠨᠠᠭᠠᠴᠢᠯᠠᠭ᠎ᠠ᠎ᠲᠠᠢ᠎ᠪᠠᠷ ᠰᠠᠢᠨ ᠴᠢᠨᠡᠷ᠎ᠤᠨ ᠮᠢᠬᠠᠨ᠎ᠤ ᠢᠮᠠᠭᠠᠨ᠎ᠤ ᠪᠣᠳᠠᠭᠠᠯᠢ ᠪᠡᠶ᠎ᠡ᠎ᠶᠢ ᠰᠣᠩᠭᠣᠨ ᠪᠣᠢᠵᠢᠭᠤᠯᠵᠤ᠂ ᠣᠲᠣ᠌᠎ᠶᠢᠨ ᠮᠢᠬᠠᠨ᠎ᠤ ᠴᠢᠨᠠᠷ᠎ᠪᠦᠬᠦᠢ ᠠᠷᠪᠠᠰ᠎ᠤᠨ ᠴᠠᠭᠠᠨ ᠢᠮᠠᠭᠠᠨ᠎ᠤ ᠡᠬᠦᠯᠳᠡᠷ᠎ᠢ ᠪᠦᠷᠢᠯᠳᠦᠭᠦᠯᠵᠡᠢ᠃ ᠠᠷᠪᠠᠰ᠎ᠤᠨ ᠠᠭᠤᠯᠠᠷᠬᠠᠭ ᠣᠷᠣᠨ᠎ᠳᠤ ᠪᠡᠯᠴᠢᠭᠡᠷᠯᠡᠭᠦᠯᠦᠨ ᠮᠠᠯᠯᠠᠬᠤ ᠶᠠᠪᠤᠴᠠ᠎ᠳᠤ᠂ ᠠᠭᠤᠯᠠ᠎ᠶᠢ ᠳᠠᠪᠠᠵᠤ᠂ ᠡᠪᠡᠰᠦ᠎ᠶᠢ ᠠᠮᠲᠠᠯᠠᠨ᠂ ᠪᠤᠯᠠᠭ᠎ᠢ ᠤᠮᠳᠠᠯᠠᠵᠤ᠂ ᠠᠭᠠᠵᠢᠮ᠎ᠢᠶᠠᠷ ᠮᠢᠬ᠎ᠠ ᠨᠤᠤᠯᠤᠭᠤᠷ ᠬᠣᠣᠰᠯᠠᠭᠰᠠᠨ ᠡᠭᠦᠯᠳᠡᠷ᠎ᠦᠨ ᠣᠨᠴᠠᠯᠢᠭ᠋ ᠪᠣᠯᠣᠨ ᠬᠤᠪᠢᠰᠴᠤ᠂ ᠣᠷᠴᠢᠨ ᠲᠣᠭᠣᠷᠢᠨ᠎ᠳᠤ ᠵᠣᠬᠢᠴᠠᠬᠤ ᠴᠢᠳᠠᠪᠤᠷᠢ ᠪᠠ ᠡᠪᠡᠳᠴᠢᠨ ᠡᠰᠡᠷᠭᠦᠴᠡᠬᠦ ᠴᠢᠨᠠᠷ᠎ᠢᠶᠠᠷ ᠮᠠᠰᠢ ᠴᠢᠩᠭ᠎ᠠ ᠪᠣᠯᠤᠭᠰᠠᠨ ᠠᠵᠢ᠃ 

ᠠᠷᠪᠠᠰ᠎ᠤᠨ ᠴᠠᠭᠠᠨ ᠢᠮᠠᠭᠠᠨ᠎ᠤ ᠮᠢᠬ᠎ᠠ ᠨᠢ ᠰᠦᠯᠵᠢᠶ᠎ᠡ ᠪᠠᠷ ᠲᠡᠮᠵᠢᠨ ᠪᠦᠭᠦ ᠤᠯᠤᠰ ᠤ᠋ᠨ ᠡᠯ᠎ᠡ ᠭᠠᠵᠠᠷ ᠤ᠋ᠨ ᠬᠡᠷᠡᠭᠯᠡᠭᠴᠢᠳ᠎ᠤᠨ ᠬᠣᠭᠣᠯᠠᠨ ᠰᠢᠷᠡᠭᠡᠨ ᠳ᠋ᠥ ᠭᠠᠷᠴᠤ᠂ ᠤᠳᠤᠭ ᠬᠣᠰᠢᠭᠤᠨ᠎ᠤ ᠮᠠᠯ᠎ᠤᠨ ᠠᠰᠢᠭ᠋ ᠰᠢᠮ᠎ᠡ ᠲᠠᠷᠢᠶᠠᠯᠠᠩ ᠤ᠋ᠨ ᠪᠦᠲᠦᠭᠡᠭᠳᠡᠬᠦᠨ᠎ᠤ ᠠᠯᠳᠠᠷᠰᠢᠯ ᠪᠠ ᠵᠠᠬ᠎ᠠ ᠳᠡᠯᠭᠡᠭᠦᠷ᠎ᠤᠨ ᠬᠠᠮᠤᠷᠬᠤ ᠬᠡᠪᠴᠢᠶ᠎ᠡ᠎ᠶᠢ ᠥᠷᠭᠡᠳᠬᠡᠵᠡᠢ᠃ ᠲᠡᠵᠢᠭᠡᠨ ᠦᠷᠡᠵᠢᠭᠦᠯᠬᠦ ᠡᠵᠡᠩᠨᠡᠯᠲᠡ᠎ᠶᠢᠨ ᠬᠦᠴᠢᠷ ᠠᠰᠠᠭᠤᠳᠠᠯ᠎ᠢ ᠰᠢᠢᠳᠪᠦᠷᠢᠯᠡᠬᠦ᠂ ᠣᠯᠠᠨ ᠲᠦᠮᠡᠨ᠎ᠢ ᠳᠠᠶ᠋ᠢᠴᠢᠯᠠᠨ ᠣᠷᠣᠯᠭ᠎ᠠ᠎ᠶᠢ ᠨᠢ ᠨᠡᠮᠡᠭᠳᠡᠭᠦᠯᠬᠦ ᠲᠠᠯ᠎ᠠ᠎ᠪᠠᠷ᠂ ᠣᠲᠤᠭ ᠬᠣᠰᠢᠭᠤ 《ᠨᠢᠭᠡᠳᠦᠯᠲᠡᠢ ᠲᠡᠵᠢᠭᠡᠵᠦ ᠬᠠᠮᠲᠤ᠎ᠪᠠᠷ ᠪᠠᠶᠠᠵᠢᠬᠤ》 ᠵᠠᠭᠪᠤᠷ᠎ᠢ ᠬᠡᠷᠡᠭᠵᠢᠭᠦᠯᠵᠦ᠂ ᠲᠠᠷᠠᠬᠠᠢ ᠪᠤᠲᠠᠷᠬᠠᠢ ᠡᠵᠡᠩᠨᠡᠯᠲᠡ᠎ᠶᠢᠨ ᠬᠦᠴᠢᠷᠳᠡᠯ᠎ᠢ ᠬᠠᠨᠳᠤᠯᠭᠠᠲᠤ ᠴᠢᠨᠠᠷᠲᠠᠢ᠎ᠪᠠᠷ ᠰᠢᠢᠳᠪᠦᠷᠢᠯᠡᠬᠦ᠎ᠶᠢᠨ ᠬᠠᠮᠲᠤ 《ᠲᠣᠮᠣ᠌ ᠮᠠᠯᠵᠢᠯ᠎ᠤᠨ ᠲᠠᠯᠠᠪᠠᠶ》᠂ 《ᠵᠠᠬᠢᠶᠠᠯᠠᠭ᠎ᠠ᠎ᠶᠢᠨ ᠭᠡᠯᠪᠡᠷᠢ᠎ᠪᠠᠷ ᠲᠡᠵᠢᠭᠡᠨ ᠦᠷᠡᠵᠢᠭᠦᠯᠬᠦ》᠂ 《ᠡᠬᠡ ᠮᠠᠯ ᠢ᠋ ᠲᠡᠵᠢᠭᠡᠪᠡᠯ ᠲᠥᠯ᠎ᠢ ᠨᠢ ᠬᠣᠷᠢᠶᠠᠨ ᠠᠪᠬᠤ》᠂ 《ᠲᠡᠵᠢᠭᠡᠯ ᠡᠪᠡᠰᠦᠨ᠎ᠤ ᠪᠠᠩᠬᠢ》᠂ 《ᠮᠢᠬᠠᠨ᠎ᠤ ᠪᠠᠩᠬᠢ》 ᠮᠡᠲᠦ ᠶ᠋ᠢᠨ ᠣᠯᠠᠨ ᠶᠠᠩᠵᠤ᠎ᠶᠢᠨ ᠬᠠᠮᠲᠤ᠎ᠪᠠᠷ ᠪᠠᠶᠠᠵᠢᠬᠤ ᠵᠠᠭᠪᠤᠷ᠎ᠢ ᠰᠢᠨ᠎ᠡ᠎ᠪᠠᠷ ᠡᠭᠦᠳᠦᠨ ᠭᠠᠷᠭᠠᠵᠤ᠂ ᠲᠡᠵᠢᠭᠡᠨ ᠦᠷᠡᠵᠢᠭᠦᠯᠬᠦ ᠦᠢᠯᠡᠰᠵᠢᠭᠰᠡᠨ ᠬᠥᠭᠵᠢᠯᠲᠡ᠎ᠳᠤ ᠰᠢᠨ᠎ᠡ ᠠᠮᠢᠵᠢᠷᠠᠯ᠎ᠤᠨ ᠬᠦᠴᠦᠨ ᠣᠯᠭᠣᠨ᠂ ᠨᠠᠩ ᠣᠯᠠᠨ ᠮᠠᠯᠴᠢᠨ ᠲᠠᠷᠢᠶᠠᠴᠢᠨ᠎ᠳᠤ ᠠᠵᠤ ᠦᠢᠯᠡᠰ᠎ᠤᠨ ᠬᠥᠭᠵᠢᠯᠲᠡ᠎ᠶᠢᠨ ᠦᠷ᠎ᠡ ᠪᠦᠲᠦᠭᠡᠯ᠎ᠢ ᠡᠳ᠋ᠯᠡᠭᠦᠯᠪᠡ᠃


287ef418-64c1-45c9-9b6d-ac58f531368a.png


ᠠᠵᠤ ᠦᠢᠯᠡᠰ᠎ᠤᠨ ᠬᠡᠯᠬᠢᠶ᠎ᠡ ᠶ᠋ᠢ ᠤᠷᠲᠤᠳᠬᠠᠬᠤ ᠳ᠋ᠥ ᠣᠨᠴᠠᠯᠢᠭ᠍ᠲᠤ ᠠᠵᠤ ᠦᠢᠯᠡᠰ ᠢ᠋ ᠳᠡᠰ ᠳᠡᠪᠰᠢᠭᠦᠯᠬᠦ᠎ᠠᠴᠠ ᠰᠠᠯᠵᠤ ᠴᠢᠳᠠᠬᠤ ᠦᠭᠡᠢ᠃ ᠣᠲᠤᠭ ᠬᠣᠰᠢᠭᠤ ᠣᠨᠴᠠᠯᠢᠭ᠍ᠲᠤ ᠠᠵᠤ ᠦᠢᠯᠡᠰ ᠢ᠋ ᠢᠳᠡᠪᠬᠢᠲᠡᠢ ᠲᠠᠰ ᠳᠡᠪᠰᠢᠭᠦᠯᠵᠦ᠂ ᠮᠠᠯ  ᠤ᠋ᠨ ᠠᠰᠢᠭ ᠰᠢᠮ᠎ᠠ ᠲᠠᠷᠢᠶᠠᠯᠠᠩ᠎ᠤᠨ ᠪᠦᠲᠦᠭᠡᠭᠳᠡᠬᠦᠨ᠎ᠤ  ᠨᠡᠮᠡᠯᠲᠡ ᠥᠷᠲᠡᠭ᠎ᠢ ᠦᠷᠭᠦᠯᠵᠢᠯᠡᠨ ᠨᠡᠮᠡᠭᠳᠡᠭᠦᠯᠵᠦ᠂ ᠤᠯᠠᠮᠵᠢᠯᠠᠯᠲᠤ ᠳᠠᠪᠠᠭᠤᠯᠢᠭ᠋ ᠠᠵᠤ ᠦᠢᠯᠡᠰ᠎ᠢ ᠰᠢᠨ᠎ᠡ ᠠᠮᠢᠵᠢᠷᠠᠯ᠎ᠤᠨ ᠬᠦᠴᠦᠨ᠎ᠲᠠᠢ ᠪᠣᠯᠭᠠᠪᠠ᠃ ᠢᠮᠠᠭᠠᠨ ᠨᠤᠤᠯᠤᠭᠤᠷ᠎ᠤᠨ ᠠᠵᠤ ᠦᠢᠯᠡᠰ᠎ᠤᠨ ᠬᠦᠷᠢᠶᠡᠨ᠎ᠳᠤ᠂ 《ᠴᠢᠨᠠᠷ ᠰᠠᠢᠲᠠᠢ ᠨᠤᠤᠯᠤᠭᠤᠷ ᠲᠣ᠌ ᠥᠨᠳᠥᠷ ᠦᠨ᠎ᠡ ᠥᠭᠬᠦ》 ᠣᠨᠣᠯᠵᠢᠬᠤᠨ᠎ᠢ ᠪᠠᠷᠢᠮᠲᠠᠯᠠᠵᠤ᠂ 2022 ᠣᠨ᠎ᠠᠴᠠ ᠡᠬᠢᠯᠡᠨ 4 ᠵᠢᠯ ᠳᠠᠷᠠᠭᠠᠯᠠᠨ 3000 ᠲᠦᠮᠡᠨ ᠲᠥᠭᠥᠷᠢᠭ᠎ᠤᠨ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠠᠵᠤ ᠦᠢᠯᠡᠰ᠎ᠤᠨ ᠬᠥᠭᠵᠢᠯᠲᠡ᠎ᠶᠢᠨ ᠪᠡᠯᠡ ᠮᠥᠩᠭᠥ᠎ᠶᠢ ᠲᠣᠬᠢᠷᠠᠭᠤᠯᠵᠤ᠂ ᠨᠤᠤᠯᠤᠭᠤᠷ᠎ᠤᠨ ᠶᠠᠰᠤ ᠴᠢᠨᠠᠷ ᠪᠠ ᠦᠨ᠎ᠡ ᠦᠷᠲᠡᠭ᠎ᠢ ᠲᠠᠰᠤᠷᠠᠯᠲᠠ ᠦᠭᠡᠢ ᠳᠡᠭᠡᠭᠰᠢᠯᠡᠭᠦᠯᠪᠡ᠃ ᠠᠵᠤ ᠦᠢᠯᠡᠳᠪᠦᠷᠢᠵᠢᠯᠲᠡ᠎ᠶᠢᠨ ᠰᠡᠳᠬᠢᠬᠦᠢ᠎ᠪᠠᠷ ᠲᠠᠷᠢᠶᠠᠯᠠᠩ ᠮᠠᠯ ᠠᠵᠤ ᠠᠬᠤᠢ᠎ᠶᠢ ᠭᠦᠨᠵᠡᠭᠡᠢ ᠬᠥᠭᠵᠢᠭᠦᠯᠵᠦ᠂ ᠵᠢᠯ ᠪᠦᠷᠢ 1 ᠳ᠋ᠦᠩᠰᠢᠭᠤᠷ ᠲᠥᠭᠥᠷᠢᠭ ᠤᠷᠴᠢᠮ᠎ᠤᠨ 《ᠠᠵᠤ ᠦᠢᠯᠡᠳᠪᠦᠷᠢ᠎ᠪᠠᠷ ᠲᠠᠷᠢᠶᠠᠯᠠᠩ᠎ᠢ ᠨᠥᠬᠥᠪᠦᠷᠢᠯᠡᠬᠦ》 ᠪᠡᠯᠡ ᠮᠥᠩᠭᠥ ᠲᠣᠬᠢᠷᠠᠭᠤᠯᠤᠨ᠂ ᠲᠠᠷᠢᠶᠠᠯᠠᠩ ᠮᠠᠯ ᠠᠵᠤ ᠠᠬᠤᠢ᠎ᠶᠢ ᠪᠦᠭᠦ ᠬᠡᠯᠬᠢᠶ᠎ᠡ᠎ᠪᠠᠷ ᠬᠥᠭᠵᠢᠭᠦᠯᠦᠭᠰᠡᠨ ᠨᠢ ᠦᠢᠯᠡᠳᠪᠦᠷᠢᠯᠡᠯ ᠪᠣᠷᠤᠯᠠᠭᠤᠯᠭ᠎ᠠ᠎ᠶᠢ ᠵᠣᠯᠭᠠᠭᠤᠯᠬᠤ 《ᠭᠣᠣᠯ ᠰᠤᠳᠠᠰᠤ》 ᠵᠢ ᠨᠡᠪᠲᠡᠷᠡᠭᠦᠯᠦᠭᠰᠡᠨ ᠮᠥᠷᠲᠡᠭᠡᠨ ᠲᠡᠵᠢᠭᠡᠨ ᠦᠷᠡᠵᠢᠭᠦᠯᠬᠦ ᠡᠵᠡᠩᠨᠡᠯᠲᠡ᠎ᠶᠢᠨ ᠪᠡᠷᠬᠡ ᠠᠰᠠᠭᠤᠳᠠᠯ᠎ᠢ ᠪᠦᠳᠦᠮᠵᠢᠳᠡᠢ ᠰᠢᠢᠳᠪᠦᠷᠢᠯᠡᠭᠰᠡᠨ ᠪᠠᠢᠨ᠎ᠠ᠃

ᠣᠲᠤᠭ ᠬᠣᠰᠢᠭᠤ ᠳᠦᠷᠦᠯ ᠲᠡᠮᠳᠡᠭ᠎ᠤᠨ ᠪᠠᠢᠭᠤᠯᠤᠯᠲᠠ ᠪᠠ ᠠᠵᠤ ᠦᠢᠯᠡᠰ᠎ᠤᠨ ᠲᠠᠰ ᠳᠡᠪᠰᠢᠬᠦ᠎ᠶᠢ ᠵᠡᠷᠭᠡ ᠪᠡᠷ ᠠᠬᠢᠭᠤᠯᠤᠨ᠎ᠠ᠃ ᠠᠷᠪᠠᠰ᠎ᠤᠨ ᠴᠠᠭᠠᠨ ᠢᠮᠠᠭᠠᠨ᠎ᠤ ᠮᠢᠬ᠎ᠠ᠂ ᠣᠲᠤᠭ᠎ᠤᠨ ᠣᠷᠢᠶᠠᠮᠠᠭ ᠵᠠᠮᠠᠭ ᠤ᠋ᠨ 《ᠲᠤᠮᠳᠠᠳᠤ ᠡᠸᠦ᠋ᠷᠦᠫᠡ ᠶ᠋ᠢᠨ ᠭᠠᠵᠠᠷ ᠵᠦᠢ ᠶ᠋ᠢᠨ ᠢᠯᠡᠷᠬᠡᠢᠯᠡᠯᠲᠦ ᠪᠦᠲᠦᠭᠡᠭᠳᠡᠬᠦᠨ᠎ᠤ ᠬᠡᠯᠡᠯᠴᠡᠭᠡᠷ》 ᠲᠣ᠌ ᠣᠷᠣᠭᠰᠠᠨ ᠠᠵᠠ ᠲᠣᠭᠢᠶᠠᠯ ᠢ᠋ ᠵᠠᠪᠳᠤᠵᠤ 5 ᠵᠢᠯ ᠳᠠᠷᠠᠭᠠᠯᠠᠨ 《ᠮᠢᠨᠳᠠᠰᠤᠨ ᠰᠢᠷᠬᠡᠭ ᠢ᠋ᠶ᠋ᠠᠷ ᠳᠡᠯᠡᠬᠡᠢ ᠶ᠋ᠢ ᠳᠤᠯᠠᠭᠠᠴᠠᠭᠤᠯᠵᠤ᠂ ᠢᠮᠠᠭᠠᠨ ᠮᠢᠬ᠎ᠠ ᠪᠠᠷ ᠶᠢᠷᠲᠢᠨᠴᠦ ᠳ᠋ᠥ ᠲᠠᠨᠢᠭ᠍ᠳᠠᠬᠤ》 ᠳᠦᠷᠦᠯ ᠳᠡᠮᠳᠡᠭ᠎ᠢ ᠨᠡᠢᠲᠡᠯᠡᠬᠦ ᠬᠤᠷᠠᠯ᠎ᠢ ᠡᠷᠭᠢᠯᠡᠨ ᠬᠤᠷᠠᠯᠳᠤᠭᠤᠯᠵᠤ᠂ ᠭᠠᠵᠠᠷ ᠣᠷᠣᠨ᠎ᠤ ᠣᠨᠴᠠᠯᠢᠭ᠍ᠲᠤ ᠮᠠᠯ᠎ᠤᠨ ᠠᠰᠢᠭ᠋ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠢ ᠪᠡᠭᠡᠵᠢᠩ᠂ ᠲᠢᠶᠠᠨᠵᠢᠨ᠂ ᠾᠧᠪᠧᠢ ᠵᠢᠴᠢ ᠬᠥᠬᠡᠮᠥ᠋ᠷᠡᠨ᠎ᠤ ᠭᠤᠷᠪᠠᠯᠵᠢᠨ ᠬᠣᠢᠭ᠋᠂ ᠭᠤᠸᠠᠩᠳᠦ᠋ᠩ ᠰᠢᠶᠠᠩᠭᠠᠩ ᠣᠣᠮᠧᠨ᠎ᠤ ᠲᠣᠮᠣ᠌ ᠪᠤᠯᠤᠩ᠎ᠤᠨ ᠣᠷᠣᠨ᠎ᠤ ᠵᠠᠬ᠎ᠠ ᠳᠡᠯᠭᠡᠭᠦᠷ ᠲᠣ᠌ ᠭᠠᠷᠭᠠᠵᠡᠢ᠃

ᠠᠵᠤ ᠦᠢᠯᠡᠰ᠎ᠤᠨ ᠬᠥᠭᠵᠢᠯ ᠴᠡᠴᠡᠭᠯᠡᠯ ᠨᠢ ᠪᠠᠲᠤ ᠪᠡᠬᠢ ᠶᠠᠰᠤ ᠴᠢᠨᠠᠷ᠎ᠤᠨ ᠰᠠᠭᠤᠷᠢ ᠪᠠ ᠥᠨᠳᠥᠷ ᠪᠦᠲᠦᠮᠵᠢᠲᠡᠶ ᠦᠢᠯᠡᠴᠢᠯᠡᠭᠡᠨ᠎ᠤ ᠰᠢᠰᠲᠧᠮ᠎ᠠᠴᠠ ᠰᠠᠯᠵᠤ ᠴᠢᠳᠠᠬᠤ ᠦᠭᠡᠢ ᠶᠤᠮ᠃ ᠮᠠᠯ ᠤ᠋ᠨ ᠠᠰᠢᠭ᠋ ᠰᠢᠮ᠎ᠡ ᠲᠠᠷᠢᠶᠠᠯᠠᠩ ᠪᠦᠲᠦᠭᠡᠭᠳᠡᠬᠦᠨ᠎ᠤ ᠶᠠᠰᠤ ᠴᠢᠨᠠᠷ᠎ᠤᠨ ᠪᠣᠭᠣᠮᠲᠠ᠎ᠶᠢ ᠴᠢᠩᠭᠠᠳᠬᠠᠬᠤ᠎ᠶᠢᠨ ᠲᠥᠯᠥᠭᠡ᠂ ᠣᠲᠤᠭ ᠬᠣᠰᠢᠭᠤ 《ᠬᠢᠵᠢᠭ᠎ᠢ ᠰᠡᠷᠭᠡᠢᠯᠡᠬᠦ᠂ ᠣᠨᠣᠰᠢᠯᠠᠨ ᠡᠮᠨᠡᠬᠦ》 ᠮᠠᠯ ᠡᠮᠨᠡᠯᠭᠡ᠎ᠶᠢᠨ ᠨᠡᠢᠭᠡᠮᠴᠢᠯᠡᠭᠰᠡᠨ ᠦᠢᠯᠡᠴᠢᠯᠡᠭᠡᠨ᠎ᠤ ᠲᠥᠪ ᠢ᠋ ᠪᠠᠢᠭᠤᠯᠵᠤ᠂ ᠪᠦᠭᠦ ᠬᠣᠰᠢᠭᠤᠨ᠎ᠤ 75 ᠭᠠᠴᠠᠭ᠎ᠠ ᠲᠣᠰᠬᠤᠨ᠎ᠳᠤ 《ᠨᠢᠭᠡ ᠶᠡᠷᠦᠩᠬᠡᠢ ᠬᠡᠯᠲᠡᠰ + 7 ᠬᠤᠪᠢᠶᠠᠷᠢ ᠲᠥᠪ + 20 ᠭᠠᠴᠠᠭ᠎ᠠ ᠲᠣᠰᠬᠤᠨ᠎ᠤ ᠦᠢᠯᠡᠴᠢᠯᠡᠭᠡᠨ᠎ᠤ ᠦᠷᠳᠡᠭᠡ》 ᠶ᠋ᠢᠨ ᠦᠢᠯᠡᠴᠢᠯᠡᠭᠡᠨ᠎ᠤ ᠲᠣᠣᠷ ᠰᠦᠯᠵᠢᠵᠦ᠂ 180 ᠭᠠᠷᠤᠢ ᠬᠢᠵᠢᠭ᠎ᠢ ᠰᠡᠷᠭᠡᠢᠯᠡᠬᠦ ᠮᠡᠷᠭᠡᠵᠢᠯ᠎ᠤᠨ ᠠᠵᠢᠯᠲᠠᠨ᠎ᠢ ᠲᠠᠢᠴᠢᠯᠡᠨ ᠬᠢᠵᠢᠭ᠎ᠢ ᠰᠡᠷᠭᠡᠢᠯᠡᠬᠦ᠂ ᠬᠢᠵᠢᠭ᠎ᠢ ᠪᠠᠢᠴᠠᠭᠠᠬᠤ᠂ ᠣᠨᠣᠰᠢᠯᠠᠨ ᠡᠮᠨᠡᠬᠦ᠂ ᠦᠷᠡᠵᠢᠭᠦᠯᠦᠨ ᠪᠣᠢᠵᠢᠭᠤᠯᠬᠤ ᠭᠡᠬᠦ ᠳᠥᠷᠪᠡᠨ ᠲᠤᠰᠬᠠᠢ ᠮᠡᠷᠭᠡᠵᠢᠯ᠎ᠤᠨ ᠪᠦᠯᠭᠦᠮ᠎ᠢ ᠪᠠᠢᠭᠤᠯᠵᠤ᠂ ᠭᠣᠣᠯ ᠴᠣᠭᠴᠠ ᠨᠢ ᠣᠯᠠᠨ ᠡᠰᠢᠵᠢᠭᠰᠡᠨ᠂ ᠬᠠᠩᠭᠠᠯᠭ᠎ᠠ ᠭᠦᠢᠴᠡᠳ᠂ ᠦᠢᠯᠡᠴᠢᠯᠡᠭᠡ ᠨᠢ ᠰᠢᠯᠢᠳᠡᠭ ᠰᠢᠨ᠎ᠡ ᠭᠡᠯᠪᠡᠷᠢ᠎ᠶᠢᠨ ᠮᠠᠯ ᠡᠮᠨᠡᠯᠭᠡ᠎ᠶᠢᠨ ᠨᠡᠢᠭᠡᠮᠴᠢᠯᠡᠭᠰᠡᠨ ᠦᠢᠯᠡᠴᠢᠯᠡᠭᠡᠨ᠎ᠤ ᠰᠢᠰᠲᠧᠮ᠎ᠢ ᠪᠦᠷᠢᠯᠳᠦᠭᠦᠯᠪᠡ᠃

ᠮᠠᠯ ᠡᠮᠨᠡᠯᠭᠡ᠎ᠶᠢᠨ ᠨᠡᠢᠭᠡᠮᠴᠢᠯᠡᠭᠰᠡᠨ ᠦᠢᠯᠡᠴᠢᠯᠡᠭᠡᠨ᠎ᠤ ᠲᠥᠪ ᠢ᠋ ᠪᠠᠢᠭᠤᠯᠬᠤ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠨᠠᠷᠢᠯᠢᠭ᠋ ᠣᠨᠣᠴᠠᠲᠠᠢ ᠬᠠᠮᠢᠶᠠᠷᠤᠯᠲᠠ ᠵᠢ ᠬᠢᠬᠦ᠂ ᠮᠥᠩᠭᠥᠨ ᠭᠦᠢᠯᠭᠡᠭᠡᠨ ᠵᠢᠡᠷ ᠨᠠᠷᠢᠯᠢᠭ᠋ ᠣᠨᠣᠴᠠᠲᠠᠢ ᠳᠡᠮᠵᠢᠬᠦ ᠁ ᠡᠳᠡᠭᠡᠷ ᠨᠢ ᠪᠦᠷ ᠤᠳᠤᠭ ᠬᠣᠰᠢᠭᠤᠨ᠎ᠤ ᠠᠵᠤ ᠦᠢᠯᠡᠰ᠎ᠤᠨ ᠬᠤᠪᠢᠰᠬᠠᠯ᠎ᠢᠶᠠᠷ ᠣᠲᠣ᠌ ᠦᠶ᠎ᠡ᠎ᠶᠢᠨ ᠲᠠᠷᠢᠶᠠᠯᠠᠩ ᠮᠠᠯ ᠠᠵᠤ ᠠᠬᠤᠢ᠎ᠶᠢᠨ ᠴᠢᠨᠠᠷ ᠰᠠᠢᠲᠠᠢ ᠬᠥᠭᠵᠢᠯᠲᠡ ᠶ᠋ᠢ ᠠᠬᠢᠭᠤᠯᠤᠭᠰᠠᠨ ᠠᠮᠢᠳᠤᠯᠢᠭ᠋ ᠦᠢᠯᠡᠳᠦᠯᠭᠡ ᠪᠣᠯᠪᠡ᠃ ᠡᠨᠡ ᠨᠢ ᠮᠥᠨ ᠴᠤ᠌ ᠠᠵᠤ ᠦᠢᠯᠡᠳᠪᠦᠷᠢ᠎ᠪᠠᠷ ᠲᠠᠷᠢᠶᠠᠯᠠᠩ᠎ᠢ ᠨᠥᠬᠥᠪᠦᠷᠢᠯᠡᠭᠰᠡᠨ᠂ ᠣᠯᠠᠨ ᠬᠡᠯᠬᠢᠶ᠎ᠡ᠎ᠪᠠᠷ ᠬᠣᠯᠪᠣᠯᠳᠤᠭᠰᠠᠨ ᠰᠢᠨ᠎ᠡ᠎ᠶᠢ ᠡᠭᠦᠳᠬᠦ ᠬᠥᠭᠵᠢᠯᠲᠡ᠎ᠶᠢᠨ ᠵᠠᠮ ᠪᠠᠢᠵᠤ᠂ ᠨᠠᠩ ᠴᠤ᠌ ᠮᠠᠯᠴᠢᠨ ᠲᠠᠷᠢᠶᠠᠴᠢᠨ᠎ᠤ ᠣᠷᠣᠯᠭ᠎ᠠ᠎ᠶᠢ ᠨᠡᠮᠡᠭᠳᠡᠭᠦᠯᠬᠦ ᠠᠮᠵᠢᠯᠳᠡ ᠳᠠᠢ ᠳᠤᠷᠰᠢᠴᠡ ᠪᠤᠯᠤᠭᠰᠠᠨ ᠠᠵᠢ᠃

ᠡᠳᠦᠭᠡ᠂ ᠠᠷᠪᠠᠰ᠎ᠤᠨ ᠴᠠᠭᠠᠨ ᠢᠮᠠᠭᠠᠨ᠎ᠤ ᠮᠢᠬ᠎ᠠ ᠪᠠ ᠨᠤᠤᠯᠤᠭᠤᠷ ᠨᠢ ᠤᠲᠤᠭ ᠬᠣᠰᠢᠭᠤᠨ᠎ᠤ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠶᠢ ᠠᠬᠢᠭᠤᠯᠬᠤ᠂ ᠮᠠᠯᠴᠢᠨ ᠲᠠᠷᠢᠶᠠᠴᠢᠨ᠎ᠤ ᠣᠷᠣᠯᠭ᠎ᠠ᠎ᠶᠢ ᠨᠡᠮᠡᠭᠳᠡᠭᠦᠯᠬᠦ ᠴᠢᠬᠤᠯᠠ ᠲᠤᠯᠭᠠᠭᠤᠷᠢ ᠠᠵᠤ ᠦᠢᠯᠡᠰ ᠪᠣᠯᠣᠭᠰᠠᠭᠠᠷ ᠪᠠᠢᠭ᠎ᠠ᠃ ᠢᠷᠡᠭᠡᠳᠦᠢ᠎ᠳᠦ᠂ ᠠᠵᠤ ᠦᠢᠯᠡᠰ᠎ᠦᠨ ᠦᠷᠭᠦᠯᠵᠢᠯᠡᠨ ᠲᠡᠰ ᠳᠡᠪᠰᠢᠬᠦ ᠪᠠ ᠲᠦᠷᠦᠯ ᠲᠡᠮᠳᠡᠭ᠎ᠦᠨ ᠨᠥᠯᠥᠭᠡᠯᠡᠬᠦ ᠬᠦᠴᠦᠨ ᠲᠠᠰᠤᠷᠠᠯᠳᠠ ᠦᠭᠡᠢ ᠳᠡᠭᠡᠭᠰᠢᠯᠡᠬᠦ ᠬᠥᠭᠵᠢᠯᠲᠡ᠎ᠶᠢᠨ ᠭᠠᠢᠬᠠᠮᠰᠢᠭ᠋᠎ᠢ ᠪᠢᠴᠢᠭᠯᠡᠬᠦ ᠪᠣᠯᠣᠨ᠎ᠠ᠃

(ᠳᠤᠰ ᠨᠢᠭᠤᠷ᠎ᠤᠨ ᠬᠡᠷᠡᠯ ᠵᠢᠷᠤᠭ᠎ᠢ ᠤᠳᠤᠭ ᠬᠣᠰᠢᠭᠤᠨ᠎ᠤ ᠬᠠᠮ ᠵᠠᠭᠤᠴᠢᠯᠠᠭᠤᠷ ᠤ᠋ᠨ ᠳᠦᠪ ᠡᠴᠡ ᠬᠠᠨᠭᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号