ᠵᠢᠯ ᠪᠤᠯᠭᠠᠨ ᠤ᠋ ᠴᠠᠭᠠᠨ ᠰᠠᠷᠠᠶᠢᠨ ᠰᠢᠨ᠎ᠡ ᠶ᠋ᠢᠨ ᠠᠷᠪᠠᠨ ᠬᠤᠶᠠᠷ ᠨᠢ ᠬᠡᠰᠢᠭᠳᠡᠨ ᠬᠤᠰᠢᠭᠤᠨᠤ ᠲᠠᠷᠠᠠᠠᠠᠠᠠᠭᠤᠯᠠ ᠰᠤᠮᠤᠶᠢᠨ ᠭᠦᠩᠭᠡᠷ ᠭᠠᠴᠠᠭᠠᠨᠤ ᠮᠠᠯᠴᠢᠳᠲᠤ ᠠᠪᠴᠤ ᠬᠡᠯᠡᠪᠡᠯ ᠮᠠᠰᠢ ᠴᠢᠬᠤᠯᠠ ᠡᠳᠦᠷ ᠪᠤᠯᠬᠤ ᠶᠤᠮ᠃ 2026 ᠣᠨᠤ ᠴᠠᠭᠠᠨ ᠰᠠᠷᠠᠶᠢᠨ ᠰᠢᠨ᠎ᠡ ᠶ᠋ᠢᠨ ᠠᠷᠪᠠᠨ ᠬᠤᠶᠠᠷ ᠲᠤ᠌᠂ ᠬᠡᠰᠢᠭᠳᠡᠨ ᠬᠤᠰᠢᠭᠤᠨᠤ ᠭᠦᠩᠭᠡᠷᠤᠨ ᠲᠠᠯᠠᠲᠩᠷᠢᠶᠢᠨ ᠬᠠᠶᠠᠭ᠎ᠠ ᠬᠦᠷᠳᠡᠯ᠎ᠡ ᠪᠡᠨ ᠴᠠᠰᠤ ᠮᠦᠰᠤᠨ ᠳ᠋ᠥ ᠬᠤᠴᠢᠭᠳᠠᠵᠤ᠂ ᠠᠭᠠᠷᠤᠨ ᠳᠤᠯᠠᠭᠠᠨ ᠲᠡᠭᠠᠴᠠ ᠳᠣᠷᠣᠭ᠍ᠰᠢ 28 ᠭᠷᠠᠳᠦᠢ᠍ᠰ ᠤ᠋ᠨ ᠬᠠᠬᠢᠷ ᠬᠦᠢᠳᠡᠨ ᠪᠤᠯᠪᠠᠴᠦ《ᠲᠤᠮᠳᠠᠳᠤ ᠤᠯᠤᠰ ᠤ᠋ᠨ ᠠᠷᠠᠳ ᠤ᠋ᠨ ᠰᠤᠶᠤᠯ ᠤᠷᠠᠯᠢᠭ᠋ ᠤ᠋ᠨ ᠦᠯᠤᠭᠡᠢ》 ᠭᠡᠵᠦ ᠴᠤᠯᠠᠯᠠᠭᠳᠠᠭᠰᠠᠨ ᠲᠠᠷᠠᠠᠠᠠᠠᠠᠭᠤᠯᠠ ᠰᠤᠮᠤᠶᠢᠨ ᠭᠦᠩᠭᠡᠷ ᠭᠠᠴᠠᠭᠠᠨᠤ ᠮᠠᠯᠴᠢᠳ ᠵᠦᠭ ᠪᠦᠷᠢ ᠠ᠋ᠴᠠ ᠮᠠᠯ ᠰᠦᠷᠦᠭ ᠢ᠋ᠶ᠋ᠠᠨ ᠴᠤᠪᠤᠭ᠎ᠠ ᠳᠠᠳᠠᠭᠤᠯᠤᠨ ᠬᠦᠭᠡᠭᠡᠵᠦ ᠦᠶᠦᠭ ᠭᠠᠵᠠᠷ ᠲᠣ᠌ ᠬᠤᠷᠠᠨ ᠴᠤᠭᠯᠠᠷᠠᠵᠤ᠂ ᠭᠠᠴᠠᠭᠠᠨᠤ ᠪᠠᠨ ᠠᠷᠪᠠᠨ ᠵᠢᠷᠭᠤᠳᠤᠭᠠᠷ ᠬᠤᠭᠤᠴᠠᠭᠠᠨᠤ 《ᠮᠠᠯᠤᠨ ᠰᠢᠨᠡᠶᠢᠨ ᠨᠠᠢᠷ》 ᠢ᠋ᠶ᠋ᠠᠨ ᠤᠭᠲᠤᠵᠤ ᠶᠠᠭᠠᠷᠠᠯᠳᠤᠨ᠎ᠠ᠃

ᠦᠳᠡᠶᠢᠨ ᠡᠮᠦᠨᠡᠬᠢ 10 ᠴᠠᠭ ᠲᠤ᠌᠂ ᠭᠦᠩᠭᠡᠷ ᠭᠠᠴᠠᠭᠠᠨᠤ ᠦᠩ ᠰᠠᠢᠬᠠᠨ ᠪᠠᠯᠴᠢᠭᠡᠷ ᠲᠣ᠌ ᠮᠠᠯ ᠤ᠋ᠨ ᠰᠢᠨ᠎ᠡ ᠶ᠋ᠢᠨ ᠨᠠᠢᠷ ᠵᠢᠩᠭᠢᠨᠢ ᠪᠠᠷ ᠡᠬᠢᠯᠡᠵᠦ ᠬᠦᠷ ᠬᠥᠭᠵᠢᠶᠡᠨ ᠢ᠋ᠶ᠋ᠠᠷ ᠪᠢᠯᠬᠠᠨ᠎ᠠ᠃ ᠬᠦᠩᠭᠡᠷ ᠭᠠᠴᠠᠭ᠎ᠠ᠂ ᠪᠠᠶᠠᠠᠰᠢᠯᠢ ᠭᠠᠴᠠᠭ᠎ᠠ᠂ ᠲᠠᠯᠠᠢ ᠭᠠᠴᠠᠭ᠎ᠠ᠂ ᠲᠠᠭᠠᠠᠨᠠᠭᠤᠷ ᠭᠠᠴᠠᠭ᠎ᠠ᠂ ᠲᠦᠷᠦᠭᠡᠨᠠᠭᠤᠷ ᠭᠠᠴᠠᠭ᠎ᠠ᠂ ᠨᠠᠷᠠᠰᠤ ᠭᠠᠴᠠᠭ᠎ᠠ ᠵᠡᠷᠭᠡ ᠣᠶ᠋ᠢᠷ᠎ᠠ ᠬᠠᠪᠢᠶᠢᠨ ᠭᠠᠴᠠᠭᠠᠨᠤ 800 ᠭᠠᠷᠤᠢ ᠮᠠᠯᠴᠢᠳ ᠳᠡᠪᠡᠯ ᠬᠤᠪᠴᠠᠰᠤ ᠪᠠᠷ ᠢ᠋ᠶ᠋ᠠᠨ ᠭᠤᠶᠤᠯᠠᠵᠤ᠂ ᠬᠣᠷᠢᠶᠠᠨ ᠣᠢ᠍ᠢᠷᠠᠲᠤᠭᠤᠯᠤᠭᠰᠠᠨ ᠳᠠᠪᠤᠨ ᠬᠤᠰᠢᠭᠤ ᠮᠠᠯ ᠤ᠋ᠨ ᠰᠦᠷᠦᠭ ᠨᠢ ᠴᠠᠰᠤᠳᠤ ᠲᠠᠯ᠎ᠠ ᠶ᠋ᠢᠨ ᠨᠠᠢᠷ ᠤ᠋ᠨ ᠲᠠᠯᠠᠪᠠᠢ ᠳ᠋ᠥ ᠨᠡᠭᠦᠳᠠᠯᠤᠨ ᠵᠢᠷᠤᠭ ᠰᠢᠭ᠋ ᠬᠠᠷᠠᠭᠳᠠᠨ᠎ᠠ᠃
ᠭᠡᠰᠢᠭᠲᠡᠨ ᠮᠣᠩᠭᠣᠯᠴᠤᠳᠦᠨ《ᠮᠠᠯ ᠰᠢᠨᠡᠯᠡᠭᠦᠯᠬᠦ ᠵᠠᠩᠰᠢᠯ》ᠪᠣᠯ ᠤᠯᠠᠮᠵᠢᠯᠠᠭᠳᠠᠭᠠᠳ ᠣᠨ ᠤᠳᠠᠵᠤ ᠪᠠᠶ᠋ᠢᠭ᠎ᠠ ᠥᠪᠡᠷᠮᠢᠴᠡ ᠣᠨᠴᠠᠯᠢᠭ᠋ᠲᠠᠢ ᠵᠠᠩ ᠦᠢᠯᠡ ᠪᠣᠯᠬᠤ ᠶᠤᠮ᠃ ᠬᠡᠰᠢᠭᠲᠡᠨ ᠨᠤᠲᠤᠭ ᠪᠤᠢ ᠪᠣᠯᠤᠭᠰᠠᠨ ᠴᠠᠭ ᠡᠴᠠ ᠠᠬᠤᠭᠤᠯᠤᠨ᠂1654 ᠣᠨᠳᠤ ᠬᠣᠰᠢᠭᠤ ᠬᠤᠪᠢᠶᠡᠡᠡᠳᠠᠨ ᠨᠡᠷᠡᠶ᠋ᠢᠳᠦᠭᠳᠡᠭᠰᠡᠨ ᠪᠤᠯ᠂ ᠰᠤᠨᠣᠮᠢᠶᠠᠷ ᠵᠠᠰᠠᠭ ᠨᠣᠶᠠᠨ ᠡᠷᠭᠦᠮᠵᠢᠯᠡᠵᠦ᠂ ᠦᠶ᠎ᠡ ᠤᠯᠠᠷᠢᠨ ᠵᠠᠯᠭᠠᠮᠵᠢᠯᠠᠭᠰᠠᠨ ᠭᠡᠰᠢᠭᠲᠡᠨ ᠰᠣᠶᠣᠯ ᠨᠢ ᠥᠪᠡᠷᠦᠨ ᠭᠡᠰᠡᠨ ᠣᠨᠴᠠᠯᠢᠭ᠋ᠢᠶᠠᠨ ᠠᠯᠬᠤᠮ ᠠᠯᠬᠤᠮᠢᠶᠠᠷ ᠪᠦᠷᠢᠯᠳᠦᠭᠦᠯᠦᠭᠰᠡᠨᠦ ᠳᠣᠲᠣᠷ᠎ᠠ ᠲᠠᠪᠤᠨ ᠬᠣᠰᠢᠭᠤ ᠮᠠᠯᠢᠶᠠᠨ ᠰᠢᠨᠡᠯᠡᠭᠦᠯᠬᠦ ᠵᠠᠩᠰᠢᠯ ᠶᠣᠰᠣᠨ ᠪᠠᠭᠲᠠᠨ᠎ᠠ᠃ ᠴᠢᠩᠤᠨ ᠦᠶ᠎ᠡ ᠪᠠ ᠢᠷᠭᠡᠨ ᠤᠯᠤᠰ ᠤᠨ ᠦᠶᠡᠳᠦ ᠡᠷᠬᠡ ᠰᠦᠷᠲᠠᠢ ᠨᠣᠶᠠᠳ ᠪᠠᠶᠠᠳ ᠮᠠᠯᠢᠶᠠᠨ ᠰᠢᠨᠡᠯᠡᠭᠦᠯᠬᠦ ᠶᠢ ᠡᠷᠬᠢᠯᠡᠨ ᠶᠠᠪᠤᠭᠳᠠᠭᠤᠯᠵᠤ᠂ ᠡᠭᠡᠯ ᠵᠢᠷᠤᠨ ᠮᠠᠯᠴᠢᠳ ᠨᠣᠶᠠᠳ ᠤᠨ ᠴᠢᠷᠠᠶᠶᠢ ᠬᠠᠷᠠᠵᠤ ᠬᠡᠳᠦᠨ ᠮᠠᠯᠢᠶᠡᠨ ᠳᠠᠭᠠᠯᠳᠤᠭᠤᠯᠤᠨ ᠰᠢᠨᠡᠯᠡᠭᠦᠯᠵᠦ ᠪᠠᠶ᠋ᠢᠵᠠᠶ᠃ ᠴᠢᠯᠥᠭᠡᠯᠡᠭᠳᠡᠭᠰᠡᠨ ᠦ ᠳᠠᠷᠠᠭ᠎ᠠ ᠮᠠᠯᠴᠢᠳ ᠡᠷᠬᠡ ᠴᠢᠯᠥᠭᠡ ᠣᠯᠵᠦ ᠡᠵᠡᠨ ᠰᠠᠭᠤᠭᠰᠠᠨᠠᠴᠠ ᠴᠠᠭᠠᠨ ᠰᠠᠷᠠᠶᠢᠨ ᠳᠤᠮᠳᠠᠴᠢᠪᠠᠷ ᠠᠶ᠋ᠢᠯ ᠰᠠᠭᠠᠬᠠᠯᠲᠠᠪᠠᠷᠢᠶᠠᠨ ᠨᠡᠶ᠋ᠢᠯᠠᠯᠳᠤᠨ᠂ ᠲᠣᠬᠢᠯᠢᠭ᠋ ᠰᠠᠢᠬᠠᠨ ᠦᠨᠭᠰᠢᠭ ᠳᠤᠯᠠᠭᠠᠨ ᠭᠠᠵᠠᠷᠢ ᠰᠣᠩᠭᠣᠵᠤ᠂ ᠳᠡᠭᠡᠳᠦᠰᠦᠨ ᠤᠯᠠᠮᠵᠢᠯᠠᠯ ᠶᠣᠰᠣᠭᠠᠷ ᠵᠢᠯ ᠪᠦᠷᠢ ᠮᠠᠯ ᠰᠢᠨᠡᠯᠡᠭᠦᠯᠬᠦ ᠨᠠᠢᠷ ᠬᠢᠳᠡᠭ ᠪᠤᠯᠪᠠ᠃ 《1978 ᠣᠨ ᠡᠴᠡ ᠬᠡᠰᠢᠭᠲᠡᠨ ᠬᠣᠰᠢᠭᠤᠨᠤ ᠳᠠᠷᠬᠠᠠᠠᠠᠭᠤᠯᠠ ᠰᠤᠮᠤᠨᠤ ᠬᠥᠩᠭᠡᠷ ᠭᠠᠴᠠᠭᠠᠨᠤ ᠮᠠᠯ ᠰᠢᠨᠡᠯᠡᠭᠦᠯᠬᠦ ᠵᠠᠩᠰᠢᠯ ᠶᠤᠰᠤᠨ ᠲᠠᠬᠢᠨᠳᠠ ᠰᠡᠷᠭᠦᠭᠡᠭᠳᠡᠪᠡ》ᠭᠡᠰᠡᠨᠢ ᠬᠥᠩᠭᠡᠷ ᠭᠠᠴᠠᠭᠠᠪᠠᠷ ᠨᠤᠲᠤᠭᠲᠠᠢ ᠵᠠᠩ ᠦᠢᠯᠡ ᠰᠤᠳᠤᠯᠤᠭᠴᠢ᠂ ᠰᠣᠶᠣᠯᠤᠨ ᠠᠬᠠᠮᠠᠳ ᠵᠢᠳᠬᠦᠯᠲᠡᠨ ᠪᠤᠶᠠᠨᠲᠡᠭᠦᠰ ᠠᠪᠤᠭᠠᠶ ᠶ᠋ᠢᠨ ᠡᠮᠬᠢᠳᠬᠡᠨ ᠨᠠᠢᠷᠠᠭᠤᠯᠤᠭᠰᠠᠨ《ᠬᠡᠰᠢᠭᠳᠡᠨ ᠮᠤᠩᠭᠤᠯᠴᠤᠳ ᠤ᠋ᠨ ᠵᠠᠩ ᠠᠭᠠᠯᠢ》 ᠭᠡᠬᠦ ᠨᠤᠮ ᠠ᠋ᠴᠠ ᠬᠠᠷᠠᠵᠤ ᠪᠠᠢᠯ᠎ᠠ᠃ ᠬᠥᠩᠭᠡᠷ ᠭᠠᠴᠠᠭ᠎ᠠ ᠡᠨᠡᠬᠦ ᠪᠣᠳᠠᠰᠤᠨ ᠪᠤᠰᠤ ᠰᠣᠶᠣᠯᠤᠨ ᠥᠪᠢ ᠤᠯᠠᠮᠵᠢᠯᠠᠨ ᠵᠠᠯᠭᠠᠮᠵᠢᠯᠠᠬᠤᠶᠢ ᠵᠣᠷᠢᠵᠤ᠂ 2006 ᠣᠨᠳᠤ ᠪᠦᠬᠦ ᠭᠠᠴᠠᠭᠠᠪᠠᠷᠢᠶᠠᠨ《ᠮᠠᠯ ᠰᠢᠨᠡᠯᠡᠭᠦᠯᠬᠦ ᠵᠠᠩᠰᠢᠯ》 ᠢ᠋ ᠨᠢᠬᠡᠳᠦᠯᠳᠡᠢ ᠬᠢᠬᠦ ᠪᠡᠷ ᠲᠣᠭᠲᠠᠵᠤ ᠮᠠᠯ ᠰᠢᠨᠡᠯᠡᠭᠦᠯᠬᠦ ᠨᠠᠶ᠋ᠢᠷ ᠡᠷᠬᠢᠯᠡᠵᠤ ᠡᠬᠢᠯᠡᠵᠡᠢ᠃
ᠨᠠᠶ᠋ᠢᠷᠤᠨ ᠲᠠᠯᠠᠪᠠᠢᠶᠢᠨ ᠲᠥᠪ ᠡᠮᠦᠨ᠎ᠡ ᠬᠡᠰᠡᠭᠲᠦ ᠰᠠᠩᠦᠨ ᠵᠢᠯᠠᠪᠴᠢᠳᠦ ᠠᠷᠴᠠ ᠬᠦᠵᠢ ᠣᠩᠭᠣᠰᠬᠠᠵᠤ᠂ ᠵᠤᠯᠠ ᠪᠠᠷᠢᠵᠤ᠂ ᠬᠠᠮᠤᠭ ᠲᠡᠷᠢᠭᠦᠨᠳᠦ ᠲᠩᠷᠢᠳᠦ ᠮᠥᠷᠭᠥᠵᠦ᠂ ᠰᠠᠷᠬᠤᠳ ᠴᠠᠭᠠᠨ ᠢᠳᠡᠭᠡᠨᠦ ᠳᠡᠭᠡᠵᠢᠪᠡᠨ ᠬᠥᠬᠡ ᠲᠩᠷᠢ᠂ ᠬᠡᠰᠢᠭᠲᠡᠨ ᠲᠠᠪᠤᠨ ᠬᠠᠶ᠋ᠢᠷᠬᠠᠨᠳᠠᠭᠠᠨ ᠰᠠᠴᠤᠯᠢ ᠡᠷᠭᠦᠨ᠂ ᠰᠢᠨ᠎ᠡ ᠨᠢᠭᠡᠨ ᠵᠢᠯ ᠳᠡᠭᠡᠨ ᠲᠠᠪᠤᠨ ᠬᠣᠰᠢᠭᠤ ᠮᠠᠯᠢᠶᠠᠨ ᠥᠨᠢᠷ ᠥᠰᠥᠯᠲᠡᠲᠠᠢ ᠪᠣᠯᠬᠤ ᠶᠢ ᠵᠥᠩᠨᠡᠨᠠ᠃ ᠰᠠᠩᠤᠨ ᠵᠢᠯᠠᠪᠴᠢᠪᠠᠨ ᠲᠣᠭᠣᠷᠢᠭᠤᠯᠤᠨ ᠲᠠᠪᠤᠨ ᠬᠣᠰᠢᠭᠤ ᠮᠠᠯᠤᠨ ᠲᠦᠷᠦᠭᠦᠦ ᠪᠣᠯᠬᠤ ᠠᠵᠢᠷᠭ᠎ᠠ᠂ ᠪᠤᠤᠷ᠎ᠠ᠂ ᠪᠤᠬ᠎ᠠ᠂ ᠬᠤᠴᠠ᠂ ᠤᠬᠤᠨᠡ ᠬᠢᠭᠡᠳ ᠲᠥᠯ ᠰᠠᠢᠳᠠᠢ ᠡᠬᠡ ᠮᠠᠯ᠂ ᠱᠠᠩ ᠬᠦᠷᠲᠡᠭᠰᠡᠨ ᠠᠯᠳᠠᠷ ᠴᠤᠤᠲᠠᠢ ᠬᠤᠷᠳᠤᠨ ᠮᠣᠷᠢ᠂ ᠵᠢᠷᠤᠭ᠎ᠠ ᠮᠣᠷᠢ᠂ ᠤᠷᠭᠠᠨᠤ ᠮᠣᠷᠢ᠂ ᠬᠤᠨᠢᠨᠤ ᠮᠤᠷᠢ ᠬᠡᠬᠦᠴᠢᠯᠡᠨ ᠠᠴᠢ ᠳᠤᠰᠠ ᠶᠡᠬᠡᠲᠡᠶ ᠣᠨᠣᠭ᠎ᠠ ᠬᠥᠯᠥᠭ ᠲᠡᠷᠡᠴᠢᠯᠡᠨ ᠰᠠᠳᠠᠷᠲᠦ ᠮᠠᠯ ᠵᠡᠷᠭᠡᠶᠢ ᠭᠠᠯ ᠮᠠᠩᠨᠠᠶ ᠳᠡᠭᠡᠷ᠎ᠡ ᠨᠢ ᠠᠮᠤᠰᠤ᠂ ᠰᠦ ᠰᠠᠴᠤᠯᠢ᠂ ᠰᠢᠷ᠎ᠠ ᠲᠣᠰᠣ᠌ᠪᠠᠷ ᠮᠢᠯᠢᠶᠡᠨ᠂ ᠠᠬᠠᠮᠠᠳ ᠢᠷᠦᠭᠡᠯᠴᠢᠡᠴᠡ ᠢᠷᠦᠭᠡᠯ ᠬᠡᠯᠡᠳᠡᠭ ᠶᠤᠮ᠃
ᠳᠠᠪᠤᠨ ᠬᠤᠰᠢᠭᠤ ᠮᠠᠯᠢᠶᠠᠨ ᠮᠢᠯᠢᠶᠠᠬᠤᠶᠢᠨ ᠦᠶ᠎ᠡ ᠳ᠋ᠥ ᠪᠠᠰᠠ ᠲᠠᠯᠠᠯᠭ᠎ᠠ ᠠᠪᠳᠠᠭ᠃ ᠮᠠᠯᠤᠨᠢᠶᠠᠨ ᠳᠠᠯᠠᠯᠭᠠᠶᠢ ᠠᠪᠬᠤ ᠦᠶ᠎ᠡ ᠳ᠋ᠥ᠂ ᠮᠠᠯᠴᠢᠳ ᠭᠡᠷ ᠭᠡᠷᠡᠴᠡ ᠪᠡᠨ ᠴᠠᠭᠠᠨ ᠢᠳᠡᠭᠡ ᠪᠡᠯᠡᠳᠭᠡᠵᠦ᠂ ᠦᠪᠡᠷ ᠦᠪᠡᠷᠦᠨ ᠢᠳᠡᠭᠡ ᠪᠠᠷᠢᠶᠠᠨ ᠲᠠᠯᠠᠯᠭ᠎ᠠ ᠠᠪᠤᠨ᠎ᠠ᠂ ᠠᠶᠠᠭᠠᠯᠠᠭᠠᠳ ᠠᠪᠤᠭᠰᠠᠨ ᠠᠮᠤᠰᠤ ᠪᠠᠷᠢᠶᠠᠨ ᠪᠠᠰᠠ ᠲᠠᠯᠠᠯᠭ᠎ᠠ ᠠᠪᠳᠠᠭ᠂ᠪᠦᠬᠦᠳᠡᠭᠡᠷᠢᠶᠡᠨ ᠠᠯᠠᠭᠠᠨ ᠲᠡᠭᠡᠷᠡᠪᠡᠨ ᠰᠠᠢᠬᠠᠨ ᠪᠠᠷᠢᠭᠠᠳ᠂ 《ᠬᠤᠷᠤᠢ ᠬᠤᠷᠤᠢ ᠬᠤᠷᠤᠢ᠂ ᠪᠦᠭᠦᠳᠡ ᠮᠠᠯᠤᠨ ᠪᠤᠶᠠᠨ ᠬᠡᠰᠢᠭ ᠬᠤᠷᠤᠢ ᠬᠤᠷᠤᠢ ᠬᠤᠷᠤᠢ》 ᠭᠡᠵᠦ ᠬᠤᠷᠦᠢᠯᠠᠨᠠ᠂ ᠬᠤᠷᠦᠢᠯᠠᠬᠤ ᠦᠶᠡᠰ ᠨᠢᠭᠡ ᠪᠦᠯᠦᠭ ᠬᠦᠮᠤᠰ 《ᠪᠤᠶᠠᠨ ᠬᠡᠰᠢᠭ ᠢᠷᠡᠪᠡᠤ》 ᠭᠡᠵᠦ ᠠᠰᠠᠭᠤᠬᠤ ᠪᠡᠷ᠂ ᠤᠯᠠᠨᠢᠶᠠᠷᠢᠶᠠᠨ 《ᠢᠷᠡᠵᠡᠢ ᠢᠷᠡᠵᠡᠢ ᠢᠷᠡᠵᠡᠢ᠂ ᠬᠤᠷᠤᠢ ᠬᠤᠷᠤᠢ ᠬᠤᠷᠤᠢ᠂ ᠪᠦᠭᠦᠳᠡ ᠮᠠᠯᠤᠨ ᠪᠤᠶᠠᠨ ᠬᠡᠰᠢᠭ ᠬᠤᠷᠤᠢ ᠬᠤᠷᠤᠢ ᠬᠤᠷᠤᠢ᠂ ᠬᠥᠮᠦᠨ ᠮᠠᠯ ᠬᠢᠨᠢ ᠥᠭᠡᠳᠡ ᠡᠰᠡᠷᠡᠭ ᠬᠤᠷᠤᠶ ᠬᠤᠷᠤᠶ ᠬᠤᠷᠤᠶ》 ᠭᠡᠵᠦ ᠭᠠᠵᠠᠷ ᠲᠡᠭᠷᠢᠳᠡᠭᠡᠨ ᠲᠠᠭᠠᠳᠬᠠᠵᠦ ᠬᠤᠷᠤᠢᠯᠠᠭᠠᠳ ᠬᠠᠮᠳᠤᠳᠠᠭᠠᠨ ᠨᠠᠢᠷᠯᠠᠳᠠᠭ ᠳᠤᠬᠠᠢ ᠭᠦᠩᠭᠡᠷ ᠭᠠᠴᠠᠭᠠᠨᠤ ᠤᠤᠯ ᠤ᠋ᠨ ᠨᠠᠮ ᠤ᠋ᠨ ᠡᠭᠦᠷ ᠤ᠋ᠨ ᠱᠦᠵᠢ ᠲᠠᠭᠤᠯᠠ ᠮᠠᠯ ᠤ᠋ᠨ ᠰᠢᠨ᠎ᠡ ᠶ᠋ᠢᠨ ᠨᠠᠢᠷ ᠲᠣ᠌ ᠮᠠᠯᠤᠨ ᠳᠠᠯᠠᠯᠭ᠎ᠠ ᠠᠪᠬᠤ ᠦᠶ᠎ᠡ ᠶ᠋ᠢᠨ ᠪᠠᠢᠳᠠᠯ ᠢ᠋ ᠲᠠᠨᠢᠯᠴᠠᠭᠤᠯᠪᠠ᠃《ᠦᠨᠤᠳᠤᠷ ᠬᠡᠳᠤᠢᠪᠡᠷ ᠰᠢᠭᠤᠷᠭᠠᠨ ᠲᠠᠢ ᠪᠤᠯᠪᠠᠴᠦ ᠡᠷᠳᠡ ᠠ᠋ᠴᠠ ᠭᠡᠷ ᠤ᠋ᠨ ᠠᠵᠢᠯ ᠢ᠋ᠶ᠋ᠠᠨ ᠬᠢᠵᠦ ᠪᠠᠷᠠᠴᠢᠬᠠᠭᠠᠳ ᠭᠦᠩᠭᠡᠷ ᠭᠠᠴᠠᠭᠠᠨᠤ ᠮᠠᠯ ᠤ᠋ᠨ ᠰᠢᠨ᠎ᠡ ᠳ᠋ᠥ ᠢᠷᠡᠭᠰᠡᠨ᠂ ᠨᠠᠢᠷ ᠶᠡᠭᠡ ᠰᠠᠢᠬᠠᠨ ᠪᠤᠯᠤᠯ᠎ᠠ᠂ ᠮᠠᠰᠢ ᠭᠤᠶᠤ ᠪᠠᠢᠨ᠎ᠠ᠂ ᠤᠨᠴᠠᠭᠠᠢ ᠤᠴᠢᠷ ᠪᠠᠢᠬᠤ ᠦᠭᠡᠢ ᠪᠤᠯ ᠪᠠᠷᠤᠭ ᠤᠳᠠᠭ᠎ᠠ ᠪᠤᠯᠭᠠᠨ ᠢᠷᠡᠳᠡᠭ》 ᠭᠡᠵᠦ ᠲᠠᠭᠠᠨᠨᠠᠭᠤᠷ ᠭᠠᠴᠠᠭᠠᠨᠤ ᠮᠠᠯᠴᠢᠨ ᠰᠡᠴᠡᠨᠴᠢᠮᠡᠭ ᠨᠠᠢᠷ ᠦᠵᠡᠭᠰᠡᠨ ᠪᠠᠢᠳᠠᠯ ᠢ᠋ᠶ᠋ᠠᠨ ᠶᠠᠷᠢᠨ᠎ᠡ᠃
ᠮᠠᠯ ᠰᠢᠨᠡᠯᠡᠭᠦᠯᠬᠦ ᠵᠠᠩᠰᠢᠯᠳᠤ ᠭᠠᠴᠠᠭᠠᠨᠦ ᠮᠠᠯᠴᠢᠨ ᠲᠦᠮᠡᠨ ᠢᠳᠡᠭᠡᠨᠦ ᠳᠡᠭᠡᠵᠢᠪᠡᠨ ᠠᠪᠴᠤ ᠣᠴᠢᠭᠠᠳ ᠲᠣᠯᠣᠭᠠᠨ ᠲᠣᠭᠣᠭ᠎ᠠ ᠲᠣᠭᠣᠭᠠᠯᠠᠵᠤ᠂ ᠰᠦ ᠲᠠᠢ ᠴᠠᠢ ᠴᠢᠨᠠᠬᠤ᠂ ᠠᠮᠤᠰᠤ ᠬᠢᠬᠦ ᠪᠤᠶᠤ ᠬᠡᠭᠡᠷᠡᠶᠢᠨ ᠱᠥᠯᠥ ᠪᠤᠴᠠᠯᠭᠠᠵᠤ᠂ ᠠᠭᠤᠯᠠ ᠤᠰᠤᠨ ᠤ ᠪᠠᠨ ᠡᠵᠡᠨ ᠰᠠᠬᠢᠭᠤᠯᠰᠤᠨ᠂ ᠨᠠᠪᠲᠠᠭ ᠰᠠᠪᠳᠠᠭᠲᠠᠭᠠᠨ ᠡᠷᠭᠦᠵᠦ᠂ ᠢᠷᠡᠬᠦ ᠰᠢᠨ᠎ᠡ ᠵᠢᠯᠦᠨ ᠬᠤᠷ᠎ᠠ ᠪᠣᠷᠣᠭᠠᠨ ᠡᠯᠪᠡᠭ᠂ ᠮᠠᠯ ᠰᠦᠷᠦᠭ ᠥᠨᠢᠷ ᠥᠰᠬᠦᠶᠢ ᠨᠠᠮᠠᠨᠴᠢᠯᠠᠨ ᠳᠠᠭᠠᠳᠬᠠᠬᠤ ᠵᠢᠨ ᠳᠠᠭᠠᠤ ᠮᠠᠯ ᠰᠢᠨᠡᠯᠡᠭᠦᠯᠬᠦ ᠨᠠᠶ᠋ᠢᠷ ᠵᠢᠡᠨ ᠬᠢᠵᠦ᠂ ᠳᠠᠭᠤᠤ ᠬᠤᠭᠤᠷ ᠡᠭᠦᠰᠭᠡᠨ᠂ ᠡᠷᠠᠶᠢᠨ ᠭᠤᠷᠪᠠᠨ ᠨᠠᠭᠠᠳᠤᠮ ᠶᠠᠪᠤᠭᠳᠠᠭᠤᠯᠵᠤ ᠬᠥᠭᠵᠢᠨ ᠪᠠᠶᠠᠰᠤᠯᠴᠠᠳᠠᠭ ᠪᠠᠢᠨ᠎ᠠ᠃ ᠨᠠᠢᠷ ᠤ᠋ᠨ ᠬᠤᠢᠮᠦᠷ ᠲᠤ᠌ ᠲᠤᠰ ᠭᠠᠴᠠᠭᠠᠨᠤ ᠠᠬᠠᠮᠠᠳ ᠮᠠᠯᠴᠢᠨ᠂ ᠵᠢᠱ᠌ᠢᠶᠡᠴᠢ ᠮᠠᠯᠴᠢᠳ ᠨᠠᠶ᠋ᠢᠷᠲᠤ ᠮᠣᠷᠢᠯᠠᠨ ᠰᠠᠭᠠᠲᠠᠭᠰᠠᠨ ᠵᠣᠴᠢᠳᠲᠠᠢ ᠬᠠᠮᠲᠤ ᠰᠠᠭᠤᠯᠴᠠᠵᠦ᠂ ᠰᠢᠨ᠎ᠡ ᠵᠢᠯᠦᠨ ᠵᠣᠯᠭᠠᠯᠲᠠᠶᠢᠨ ᠬᠠᠳᠠᠭᠢᠶᠠᠨ ᠳᠡᠯᠭᠡᠨ ᠪᠠᠷᠢᠵᠤ ᠠᠮᠤᠷ ᠮᠡᠨᠳᠦ ᠡᠷᠢᠨ᠂ ᠲᠦᠯ ᠲᠤᠰᠴᠦ ᠮᠡᠨᠳᠤ ᠤᠨᠳᠤᠷᠤᠭᠤᠯᠬᠤ ᠲᠤᠬᠠᠢ ᠵᠣᠭᠣᠭ ᠳᠡᠯᠭᠡᠨ᠎ᠡ᠃ 《ᠡᠪᠤᠯ ᠬᠠᠪᠤᠷ ᠤ᠋ᠨ ᠴᠠᠰᠤ ᠶᠡᠭᠡ᠂ ᠲᠦᠯ ᠲᠤᠰᠬᠤ ᠫᠸᠩ ᠰᠠᠷᠠᠪᠴᠢ ᠪᠠᠨ ᠰᠠᠢᠳᠤᠷ ᠪᠡᠬᠢᠯᠡᠬᠦ ᠴᠢᠬᠤᠯᠠᠳᠠᠢ᠂ ᠨᠢᠳᠤᠨᠤᠨ ᠪᠤᠷᠤᠭᠠᠨ ᠬᠤᠷ᠎ᠠ ᠰᠠᠢᠨ ᠡᠴᠡ ᠡᠨᠡ ᠭᠡᠰᠡᠭ ᠪᠠᠯᠴᠢᠭᠡᠷ ᠬᠠᠳᠤᠯᠠᠩ ᠤ᠋ᠨ ᠤᠷᠭᠤᠯᠳᠠ ᠴᠤ᠌ ᠰᠠᠢᠨ᠂ ᠬᠠᠩᠰᠢ ᠪᠤᠯᠳᠠᠯ᠎ᠠ ᠦᠭᠡᠷ ᠬᠤᠨᠢ ᠪᠠᠨ ᠲᠡᠵᠢᠭᠡᠬᠦ ᠳ᠋ᠥ ᠡᠪᠡᠰᠤ ᠪᠤᠷᠳᠤᠭ᠎ᠠ ᠲᠤᠳᠠᠭᠳᠠᠬᠤ ᠪᠠᠢᠳᠠᠯ ᠭᠠᠷᠬᠤ ᠦᠭᠡᠢ》ᠭᠡᠵᠦ ᠨᠠᠢᠷ ᠤ᠋ᠨ ᠲᠠᠯᠠᠪᠠᠢ ᠶ᠋ᠢᠨ ᠮᠠᠯᠴᠢᠳ ᠵᠤᠭᠤᠭᠳᠠᠨ᠎ᠠ᠃
ᠡᠨᠡ ᠬᠦ᠌ ᠬᠥᠩᠭᠡᠷ ᠭᠠᠴᠠᠭᠠᠨ ᠤ᠋ 16 ᠳ᠋ᠤᠭᠠᠷ ᠬᠤᠭᠤᠴᠠᠭᠠᠨᠤ ᠮᠠᠯᠤᠨ ᠰᠢᠨᠡᠶᠢᠨ ᠨᠠᠶ᠋ᠢᠷᠨᠢ ᠭᠠᠴᠠᠭᠠᠨᠤ ᠪᠠᠨ ᠵᠢᠱ᠌ᠢᠶᠡᠴᠢ ᠮᠠᠯᠴᠢᠨ ᠢ᠋ ᠰᠢᠯᠭᠠᠷᠠᠭᠤᠯᠵᠦ ᠱᠠᠩᠨᠠᠬᠤ᠂ ᠬᠦᠴᠦᠲᠦ ᠪᠥᠬᠡᠶᠢᠨ ᠪᠠᠷᠢᠯᠳᠤᠭᠠᠨ᠂ ᠠᠯᠤᠰᠤᠨ ᠮᠣᠷᠢᠨᠤ ᠤᠷᠤᠯᠳᠤᠭᠠᠨ᠂ ᠮᠣᠩᠭᠣᠯ ᠰᠢᠳᠠᠷ᠎ᠠ ᠶ᠋ᠢᠨ ᠤᠷᠤᠯᠳᠤᠭᠠᠨ᠂ ᠡᠮᠡᠭ᠌ᠲᠠᠢᠴᠤᠳᠦᠨ ᠳᠡᠭᠡᠰᠦ ᠲᠠᠲᠠᠬᠤ ᠤᠷᠤᠯᠳᠤᠭᠠᠨ᠂ ᠱᠠᠭ᠎ᠠ ᠳᠤᠭᠯᠠᠬᠤ ᠤᠷᠤᠯᠳᠤᠭᠠᠨ ᠵᠡᠷᠭᠡ ᠡᠯᠪᠡᠭ ᠠᠭᠤᠯᠭᠠᠪᠠᠷ ᠡᠷᠬᠢᠯᠡᠨ ᠶᠠᠪᠤᠭᠳᠠᠵᠦ᠂ ᠮᠠᠯ ᠰᠢᠨᠡᠯᠡᠭᠦᠯᠬᠦ ᠨᠠᠢᠷ ᠲᠠᠭᠠᠨ ᠤᠯᠠᠮ ᠢᠯᠡᠭᠦᠦ ᠬᠦᠭ᠌ᠵᠢᠶᠠᠨ ᠨᠠᠷᠭᠢᠶᠠᠨ ᠨᠡᠮᠡᠷᠢᠯᠡᠭᠰᠡᠨ ᠪᠠᠢᠨ᠎ᠠ᠃《ᠲᠠᠪᠤᠨ ᠬᠤᠰᠢᠭᠤ ᠮᠠᠯ ᠪᠤᠯ ᠮᠠᠯᠴᠢᠨ ᠬᠦᠮᠤᠨᠤ ᠠᠮᠢᠨ ᠰᠠᠬᠢᠶ᠎ᠠ᠂ ᠮᠠᠯ ᠠᠬᠤᠢ ᠪᠠᠢᠬᠤ ᠦᠭᠡᠢ ᠪᠤᠯ ᠮᠠᠯᠴᠢᠨ ᠬᠦᠮᠤᠨᠤ ᠠᠮᠢᠳᠤᠷᠠᠯ ᠬᠠᠮᠢᠭ᠎ᠠ ᠠ᠋ᠴᠠ ᠢᠷᠡᠬᠦ ᠪᠤᠢ᠂ ᠵᠢᠯ ᠴᠠᠭᠠᠨ ᠰᠠᠷ᠎ᠠ ᠪᠤᠯᠤᠭᠰᠠᠭᠠᠷ ᠲᠠᠪᠤᠨ ᠬᠤᠰᠢᠭᠤ ᠮᠠᠯ ᠢ᠋ᠶ᠋ᠠᠨ ᠰᠢᠨᠡᠯᠡᠬᠦᠯᠬᠦ ᠨᠢ ᠴᠤ᠌ ᠵᠦᠢᠳᠠᠢ》 ᠭᠡᠵᠦ ᠮᠠᠯ ᠤ᠋ᠨ ᠰᠢᠨ᠎ᠡ ᠶ᠋ᠢᠨ ᠨᠠᠢᠷ ᠤ᠋ᠨ ᠲᠤᠯᠤᠭᠠᠨ ᠲᠤᠭᠤᠭᠠᠨ ᠳ᠋ᠥ ᠬᠤᠭᠤᠯᠠ ᠪᠤᠳᠠᠭ᠎ᠠ ᠪᠠᠵᠠᠭᠠᠬᠤ ᠠᠵᠢᠯ ᠳ᠋ᠥ ᠤᠷᠤᠯᠴᠠᠭᠰᠠᠨ ᠭᠦᠩᠭᠡᠷ ᠭᠠᠴᠠᠭᠠᠨ ᠤ ᠮᠠᠯᠴᠢᠨ ᠡᠷᠳᠡᠨᠢᠪᠤᠯᠠᠭ ᠮᠠᠯ ᠰᠦᠷᠦᠭ ᠢ᠋ᠶ᠋ᠠᠨ ᠵᠢᠭᠠᠵᠦ ᠬᠡᠯᠡᠨ᠎ᠡ᠃
ᠡᠷᠲᠡ ᠳᠡᠭᠡᠳᠦ ᠦᠶ᠎ᠡᠶᠢᠨ ᠶᠣᠰᠣ᠌ ᠵᠠᠩᠰᠢᠯ ᠣᠳᠣ᠌ ᠬᠡᠳᠦᠶ᠋ᠢᠪᠡᠷ ᠨᠡᠯᠢᠶᠡᠳ ᠳᠥᠭᠥᠮᠴᠢᠯᠡᠭᠳᠡᠨ ᠥᠭᠡᠷᠡᠴᠢᠯᠡᠭᠳᠡᠵᠦ ᠪᠠᠶ᠋ᠢᠭ᠎ᠠ ᠪᠣᠯᠪᠠᠴᠤ ᠬᠥᠩᠭᠡᠷ ᠭᠠᠴᠠᠭᠠᠨ ᠤ ᠬᠢᠨ ᠶᠣᠰᠣ᠌ ᠵᠠᠩᠰᠢᠯ ᠢᠶᠠᠨ ᠤᠯᠠᠮᠵᠢᠯᠠᠨ ᠭᠦᠢᠴᠡᠳᠭᠡᠵᠦ᠂ ᠦᠷᠡᠵᠢᠯᠲᠦ ᠰᠦᠷᠦᠭᠦᠨᠢᠶᠡᠨ ᠬᠡᠰᠢᠭ ᠪᠤᠶᠠᠨᠢ ᠬᠤᠷᠤᠶ᠋ᠢᠯᠠᠨ ᠳᠠᠯᠠᠯᠤᠭᠰᠠᠭᠠᠷ ᠪᠠᠶ᠋ᠢᠭ᠎ᠠ ᠶᠤᠮ᠃ ᠡᠨᠡᠬᠦ ᠵᠠᠩ ᠵᠠᠩᠰᠢᠯ ᠢ᠋ᠶ᠋ᠠᠨ ᠲᠡᠭᠡᠳᠤᠯᠡᠨ ᠰᠢᠳᠤᠵᠦ ᠲᠡᠯᠭᠡᠷᠡᠭᠦᠯᠦᠭᠰᠡᠨ ᠠ᠋ᠴᠠ ᠤᠳᠤᠬᠠᠨ ᠳ᠋ᠥ᠂ ᠬᠡᠰᠢᠭᠳᠡᠨ ᠬᠤᠰᠢᠭᠤᠨᠤ ᠲᠠᠷᠠᠠᠠᠠᠠᠠᠭᠤᠯᠠ ᠰᠤᠮᠤᠨᠤ ᠤᠯᠢᠶᠠᠰᠤᠳᠠᠢ ᠭᠠᠴᠠᠭ᠎ᠠ᠂ ᠪᠠᠶᠠᠨᠪᠤᠯᠠᠭ ᠭᠠᠴᠠᠭ᠎ᠠ᠂ ᠨᠠᠷᠠᠰᠤ ᠭᠠᠴᠠᠭ᠎ᠠ ᠵᠡᠷᠭᠡ ᠤᠯᠠᠨ ᠭᠠᠴᠠᠭ᠎ᠠ ᠪᠤᠯᠤᠨ ᠪᠠᠶᠠᠨᠴᠠᠭᠠᠨ ᠰᠤᠮᠤᠨᠤ ᠪᠠᠶᠠᠩᠭᠤᠥᠯ ᠭᠠᠴᠠᠭ᠎ᠠ᠂ ᠬᠠᠳᠠᠨᠪᠤᠯᠠᠭ ᠭᠠᠴᠠᠭ᠎ᠠ᠂ ᠡᠩᠭᠡᠷᠪᠤᠯᠠᠭ ᠭᠠᠴᠠᠭ᠎ᠠ ᠴᠠᠭᠠᠨ ᠰᠠᠷ᠎ᠠ ᠠ᠋ᠴᠠ ᠪᠢᠯᠢᠭ ᠤ᠋ᠨ ᠤᠯᠠᠷᠢᠯ ᠤ᠋ᠨ ᠬᠤᠶᠠᠷ ᠰᠠᠷ᠎ᠠ ᠶ᠋ᠢᠨ ᠡᠬᠢ ᠬᠦᠷᠳᠡᠯ᠎ᠠ ᠲᠤᠭᠳᠠᠮᠠᠯ ᠪᠤᠰᠤ ᠬᠤᠭᠤᠴᠠᠭ᠎ᠠ ᠲᠠᠢ ᠮᠠᠯ ᠰᠢᠨᠡᠯᠡᠭᠦᠯᠬᠦ ᠨᠠᠢᠷ ᠬᠢᠵᠦ᠂ ᠮᠠᠯᠴᠢᠳ ᠢ᠋ᠶ᠋ᠠᠨ ᠤᠷᠮᠠᠰᠢᠭᠤᠯᠵᠦ ᠵᠤᠷᠢᠭ᠍ᠵᠢᠭᠤᠯᠤᠨ᠂ ᠰᠢᠨ᠎ᠡ ᠨᠢᠭᠡ ᠵᠢᠯ ᠳᠡᠭᠡᠨ ᠮᠠᠯ ᠰᠦᠷᠦᠭ ᠤ᠋ᠨ ᠦᠨᠢᠷ ᠦᠰᠤᠯᠳᠠ ᠶ᠋ᠢ ᠵᠦᠩᠨᠡᠨ ᠪᠡᠯᠭᠡᠰᠢᠶᠡᠨᠠ᠃
( ᠳᠤᠰ ᠨᠢᠭᠤᠷᠤᠨ ᠬᠡᠷᠡᠯ ᠵᠢᠷᠤᠭᠢ ᠬᠡᠰᠢᠭᠳᠡᠨ ᠬᠤᠰᠢᠭᠤᠨᠤ ᠬᠠᠮ ᠵᠠᠭᠤᠴᠢᠯᠠᠭᠤᠷᠤᠨ ᠳᠦᠪ ᠡᠴᠡ ᠬᠠᠨᠭᠭᠠᠪᠠ)