《ᠴᠢᠨᠳᠠᠭᠠᠨ ᠴᠠᠭᠠᠨ ᠮᠤᠷᠢᠨ᠎ᠤ ᠴᠤᠯᠠ》 ᠡᠴᠡ ᠴᠢᠩ ᠤᠶᠠᠨᠭᠭ᠎ᠠ ᠵᠢᠨ ᠳᠦᠷᠡᠯᠬᠡ ᠴᠤᠤᠷᠢᠶᠠᠳᠤᠨ᠎ᠠ
2026-03-20 10:59:25
ᠵᠣᠬᠢᠶᠠᠭ᠍ᠴᠢ᠄
​ᠦᠵᠦᠮ᠎ᠠ
ᠣᠩᠱᠢᠭ᠍ᠰᠠᠨ ᠣᠳᠠᠭ᠎ᠠ᠄
★★★☆☆

ᠭᠤᠷᠪᠠᠨ ᠱᠠᠳᠤᠨ᠎ᠤ ᠬᠤᠯᠪᠤᠭᠠᠯᠠᠯ ᠲᠤᠰᠬᠠᠢ ᠰᠡᠳᠦᠪᠲᠦ ᠮᠡᠳᠡᠭᠡᠯᠡᠯ 8


ᠰᠠᠢᠬᠠᠨ ᠨᠤᠳᠤᠭ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠪᠠᠨ ᠰᠤᠶᠤᠯ ᠲᠡᠤᠭᠡ᠎ᠶᠢᠨ ᠲᠤᠬᠠᠢ ᠦᠬᠦᠯᠡᠬᠦ᠎ᠳᠦ  ᠳᠤᠰ ᠨᠤᠳᠤᠭ᠎ᠤᠨ ᠰᠤᠶᠤᠯ᠎ᠤᠨ ᠲᠡᠮᠳᠡᠭ ᠪᠤᠯᠤᠬ᠍ᠰᠠᠨ ᠴᠢᠭᠤᠯᠭ᠎ᠠ ᠬᠤᠯᠪᠤᠭ᠎ᠠ᠎ᠶᠢ ᠲᠤᠷᠠᠳᠬᠤ ᠦᠬᠡᠢ ᠦᠩᠭᠡᠷᠡᠵᠦ ᠪᠤᠯᠬᠤ ᠦᠬᠡᠢ ᠪᠢᠯᠡ᠃ ᠨᠤᠳᠤᠭ᠎ᠤᠨ ᠥᠪᠡᠷᠮᠢᠴᠡ ᠤᠨᠴᠠᠯᠢᠭ᠋ ᠪᠦᠬᠦᠢ ᠰᠣᠶᠣᠯ᠎ᠤᠨ ᠢᠮ ᠲᠠᠮᠠᠭ᠎ᠠ᠎ᠶᠢ ᠬᠦᠨ ᠬᠠᠷᠠᠭᠤᠯᠤᠬ᠍ᠰᠠᠨ ᠴᠢᠭᠤᠯᠭ᠎ᠠ ᠬᠤᠯᠪᠤᠭ᠎ᠠ ᠨᠢ ᠰᠢᠨ᠎ᠡ᠎ᠶᠢ ᠡᠭᠦᠳᠬᠦ ᠪᠠ ᠤᠯᠠᠮᠵᠢᠯᠠᠨ ᠵᠠᠯᠭᠠᠮᠵᠢᠯᠠᠬᠤ ᠣᠨᠴᠠᠯᠢᠭ᠋᠎ᠢ ᠬᠤᠤᠰᠯᠠᠨ ᠪᠦᠷᠢᠳᠦᠭᠦᠯᠵᠦ᠂ ᠥᠪᠡᠷᠮᠢᠴᠡ ᠰᠤᠳᠤᠨ ᠷᠢᠳᠢ ᠰᠢᠳᠢ᠎ᠪᠡᠷ᠎ᠢᠶᠡᠨ ᠴᠠᠭ ᠦᠶ᠎ᠡ ᠣᠷᠣᠨ ᠵᠠᠢ᠎ᠶᠢᠨ ᠶᠡᠭᠡ ᠰᠤᠷᠢᠭ᠎ᠠ᠎ᠶᠢ ᠳᠠᠪᠠᠨ ᠲᠤᠭᠤᠯᠵᠤ᠂ ᠴᠢᠭᠤᠯᠭ᠎ᠠ ᠬᠤᠯᠪᠤᠭᠠᠨ ᠦ᠌ ᠲᠦᠯᠦᠭᠡᠯᠡᠬᠦ ᠪᠦᠳᠦᠭᠡᠯ ᠪᠤᠯᠤᠬ᠍ᠰᠠᠨ 《ᠴᠢᠨᠳᠠᠭᠠᠨ ᠴᠠᠭᠠᠨ ᠮᠤᠷᠢᠨ᠎ᠤ ᠴᠤᠯᠠ》 ᠨᠢ ᠰᠢᠨ᠎ᠡ ᠴᠠᠭ ᠦᠶ᠎ᠡ᠎ᠳᠦ ᠰᠢᠨ᠎ᠡ ᠭᠡᠷᠡᠯ ᠭᠢᠯᠪᠠᠭ᠎ᠠ᠎ᠪᠠᠨ ᠰᠠᠴᠤᠷᠠᠭᠤᠯᠵᠤ ᠪᠠᠢᠨ᠎ᠠ᠃


QQ20260320-105003.png


《ᠵᠠᠩᠭᠠᠷ》᠂ ᠴᠢᠭᠤᠯᠭ᠎ᠠ ᠬᠤᠯᠪᠤᠭ᠎ᠠ 《ᠴᠢᠨᠳᠠᠭᠠᠨ ᠴᠠᠭᠠᠨ ᠮᠤᠷᠢᠨ᠎ᠤ ᠴᠤᠯᠠ 》 ᠵᠡᠷᠭᠡ ᠤᠯᠠᠨ᠎ᠳᠤ ᠲᠠᠨᠢᠬ᠍ᠳᠠᠵᠤ ᠲᠦᠮᠡᠨ᠎ᠳᠦ ᠳᠠᠭᠤᠯᠠᠬ᠍ᠳᠠᠬ᠍ᠰᠠᠨ ᠤᠷᠠᠯᠢᠭ᠋᠎ᠤᠨ ᠪᠦᠳᠦᠭᠡᠯ᠎ᠢ ᠲᠡᠯᠭᠡᠨ ᠶᠠᠷᠢᠬᠤ᠎ᠳᠤ ᠳᠠᠷᠬᠠᠨ ᠮᠤᠤᠮᠢᠨᠭᠭᠠᠨ ᠨᠤᠳᠤᠭ᠎ᠤᠨ ᠨᠢᠭᠡᠨ ᠡᠷᠬᠢᠮ ᠬᠦᠮᠦᠨ᠎ᠢ ᠲᠤᠷᠠᠳᠬᠤ ᠴᠢᠬᠤᠯᠠ ᠲᠠᠢ ᠪᠤᠯᠳᠠᠭ ᠪᠢᠯᠡ᠃ ᠲᠡᠷᠡ ᠪᠤᠯ ᠲᠡᠷᠦᠢ 《ᠴᠢᠭᠤᠯᠭ᠎ᠠ ᠬᠤᠯᠪᠤᠭ᠎ᠠ》 ᠎ᠵᠢ ᠰᠢᠨ᠎ᠠ ᠪᠡᠷ ᠵᠤᠬᠢᠶᠡᠨ ᠪᠦᠳᠦᠬᠡᠭᠰᠡᠨ — ᠮᠤᠩᠭᠤᠯ ᠦᠨᠳᠦᠰᠦᠳᠡᠨ᠎ᠦ ᠠᠯᠲᠠᠷᠳᠤ ᠲᠠᠭᠤᠷᠢᠯᠢᠬ᠍ᠴᠢᠨ ᠳᠣᠷᠵᠢᠷᠢᠨᠴᠢᠨ ᠠᠭᠰᠠᠨ ᠪᠤᠯᠬᠤ ᠶᠤᠮ᠃ ᠠᠪᠢᠶᠠᠰᠳᠤ ᠬᠤᠯᠪᠤᠭᠠᠴᠢᠨ ᠳᠣᠷᠵᠢᠷᠢᠨᠴᠢᠨ 1947 ᠤᠨ᠎ᠳᠤ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠬᠦᠩ᠎ᠦᠨ ᠰᠤᠮᠤ (ᠤᠳᠤ᠎ᠶᠢᠨ ᠳᠠᠷᠬᠠᠨ ᠰᠤᠮᠤᠨ᠎ᠤ ᠬᠠᠰᠢᠶᠠᠳᠤ ᠭᠠᠴᠠᠭ᠎ᠠ) ᠳ᠋ᠤ᠌ ᠠᠪᠤ ᠰᠠᠩᠵᠡᠢᠮᠢᠳᠤᠪ᠂ ᠡᠵᠢ ᠲᠤᠭᠤᠢᠴᠠᠭᠠᠨ᠎ᠤ ᠪᠠᠨ ᠬᠤᠶᠠᠳᠤᠭᠠᠷ ᠬᠦᠪᠡᠭᠦᠨ ᠪᠤᠯᠤᠨ ᠵᠠᠶᠠᠭᠠᠵᠠᠢ᠃ ᠲᠦᠷᠪᠡᠨ ᠤᠳᠠᠰᠤᠳᠤ ᠬᠤᠭᠤᠷ ᠬᠤᠭᠤᠷᠳᠠᠳᠠᠭ ᠠᠪᠤ᠂ ᠠᠷᠠᠳ᠎ᠤᠨ ᠲᠠᠭᠤᠤ ᠰᠠᠢᠬᠠᠨ ᠲᠠᠭᠤᠯᠠᠳᠠᠭ ᠡᠵᠢ᠎ᠶᠢᠨ᠎ᠢᠶᠡᠨ ᠠᠪᠢᠶᠠᠰ᠎ᠢ ᠦᠪᠯᠡᠵᠦ ᠲᠦᠷᠦᠭᠰᠡᠨ ᠲᠡᠷᠡ ᠪᠡᠷ 1955 ᠤᠨ᠎ᠳᠤ ᠰᠤᠶᠤᠯ᠎ᠤᠨ ᠮᠦᠷ ᠡᠬᠢᠯᠡᠨ ᠬᠦᠭᠡᠭᠡᠵᠦ᠂ 1963 ᠤᠨ᠎ᠳᠤ 17 ᠨᠠᠰᠤᠳᠠᠢ ᠳ᠋ᠠᠭᠠᠨ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠤᠯᠠᠭᠠᠨᠮᠦ᠋ᠴᠢᠷ᠎ᠲᠤ ᠰᠢᠯᠭᠠᠨ ᠤᠷᠤᠵᠤ ᠤᠷᠠᠯᠢᠭ᠋᠎ᠤᠨ ᠵᠠᠮ᠎ᠢᠶᠠᠨ ᠡᠬᠢᠯᠡᠭᠦᠯᠦᠭᠰᠡᠨ ᠪᠢᠯᠡ᠃


QQ20260320-105719.png


ᠪᠠᠭ᠎ᠠ ᠡᠴᠡ ᠪᠠᠨ ᠬᠤᠭᠤᠯᠠᠢ ᠰᠠᠢᠳᠠᠢ᠂ ᠤᠷᠠᠯᠢᠭ᠋᠎ᠲᠤ ᠠᠪᠢᠶᠠᠰ ᠳᠠᠢ ᠪᠠᠢᠬ᠍ᠰᠠᠨ᠎ᠤ ᠤᠯᠠᠮ ᠡᠴᠡ 1964 ᠤᠨ᠎ᠳᠤ ᠦᠪᠦᠷ ᠮᠤᠩᠭᠤᠯ᠎ᠤᠨ ᠰᠢᠭᠤᠳ ᠬᠠᠷᠢᠶ᠎ᠠ ᠤᠯᠠᠭᠠᠨᠮᠦ᠋ᠴᠢᠷ᠎ᠤᠨ ᠬᠠᠮᠤᠭ ᠠᠩᠬᠠᠨ᠎ᠤ ᠬᠡᠰᠢᠭᠦᠨ᠎ᠢᠶᠡᠷ ᠰᠤᠩᠭᠤᠬ᠍ᠳᠠᠵᠤ᠂ ᠲᠦᠴᠢ ᠭᠠᠷᠤᠢ ᠵᠢᠯ᠎ᠦᠨ ᠬᠢᠨᠢ ᠤᠷᠠᠯᠢᠭ᠋᠎ᠤᠨ ᠠᠯᠳᠠᠨ ᠮᠦᠴᠡ᠎ᠨᠦᠭᠦᠳ ᠠᠬᠢᠨ ᠳᠠᠪᠳᠠᠬ᠍ᠳᠠᠰᠢ ᠦᠬᠡᠢ᠎ᠪᠡᠷ ᠤᠨ ᠴᠠᠭ᠎ᠤᠨ᠎ᠢᠶᠠᠨ ᠬᠦᠷᠳᠦᠨ᠎ᠳᠦ ᠪᠢᠴᠢᠭᠳᠡᠭᠰᠡᠨ ᠶᠤᠮ᠃ ᠲᠡᠷᠡ ᠬᠤᠭᠤᠷᠴᠢᠨ᠂ ᠲᠠᠭᠤᠴᠢᠨ᠂ ᠪᠦᠵᠢᠭᠴᠢᠨ᠂ ᠰᠢᠯᠦᠭᠴᠢᠨ᠂ ᠱᠤᠬ᠍ᠴᠢᠨ᠂ ᠵᠦᠴᠦᠭᠡᠴᠢᠨ ᠭᠡᠳ ᠶᠠᠭ ᠯᠡ ᠳᠤᠬᠠᠢ᠎ᠶᠢᠨ ᠴᠠᠭ ᠦᠶ᠎ᠡ᠎ᠶᠢᠨ ᠨᠢᠭᠡ᠎ᠳᠦ ᠮᠡᠷᠭᠡᠰᠢᠵᠦ᠂ ᠤᠯᠠᠨ᠎ᠳᠦ ᠴᠢᠳᠠᠪᠤᠷᠢᠵᠢᠬᠤ ᠤᠯᠠᠭᠠᠨᠮᠦ᠋ᠴᠢᠷ᠎ᠤᠨ ᠰᠤᠳᠤᠨ ᠭᠡᠰᠢᠭᠦᠨ ᠪᠠᠢᠬ᠍ᠰᠠᠨ ᠪᠢᠯᠡ᠃ ᠶᠤᠰᠤᠳᠠᠢ ᠯᠡ ᠯᠢᠭᠳᠡᠨ ᠭᠤᠸᠠᠢ᠎ᠶᠢᠨ ᠪᠢᠴᠢᠭᠰᠡᠨ ᠰᠢᠭ《ᠳᠠᠭᠤᠯᠠᠵᠤ ᠪᠦᠵᠢᠭᠯᠡᠬᠦ᠂ ᠬᠦᠭᠵᠢᠮᠳᠡᠬᠦ ᠪᠠ ᠳᠤᠬ᠍ᠯᠠᠬᠤ ᠵᠡᠷᠭᠡ᠎ᠳᠦ ᠪᠦᠷ ᠲᠦᠷᠦᠯᠬᠢ᠎ᠶᠢᠨ ᠰᠠᠭᠤᠷᠢ ᠨᠦᠭᠦᠴᠡᠯ ᠲᠠᠢ᠎ᠶᠢᠨ ᠲᠡᠭᠡᠷ᠎ᠡ ᠰᠤᠷᠢᠨᠵᠢᠨ ᠴᠡᠭᠡᠵᠢ᠂ ᠰᠤᠳᠤᠨ ᠤᠬᠠᠭᠠᠨ᠂ ᠠᠯᠳᠠᠨ ᠬᠤᠭᠤᠯᠠᠢ ᠲᠠᠢ ᠮᠦᠷᠳᠡᠭᠡᠨ ᠪᠡᠶ᠎ᠡ ᠬᠠᠷᠠᠭ᠎ᠠ᠂ ᠵᠢᠰᠦ ᠴᠢᠷᠠᠢ ᠨᠢ ᠴᠤ᠌ ᠲᠦᠪᠯᠡᠭᠦᠨ ᠰᠠᠢᠬᠠᠨ ᠮᠤᠩᠭᠤᠯ ᠡᠷ᠎ᠡ᠎ᠶᠢᠨ ᠰᠢᠨᠵᠢ ᠲᠡᠭᠦᠰ ᠪᠦᠷᠢᠳᠦᠭᠰᠡᠨ ᠲᠤᠯᠠ ᠴᠤᠬᠤᠮ ᠨᠢᠭᠡᠨ ᠲᠡᠭᠷᠢ ᠡᠴᠡ ᠵᠠᠶᠠᠭᠠᠳᠠᠢ ᠤᠷᠠᠯᠢᠭ᠋᠎ᠤᠨ ᠬᠦᠮᠦᠨ ᠭᠡᠮᠡᠷ》 ᠪᠠᠢᠪᠠ ᠃


QQ20260320-105759.png


ᠳᠤᠷᠵᠢᠷᠢᠨᠴᠢᠨ ᠭᠤᠸᠠᠢ ᠬᠤᠯᠪᠤᠭᠠᠨ᠎ᠤ ᠤᠷᠠᠯᠢᠭ᠋᠎ᠲᠤ ᠮᠡᠷᠭᠡᠰᠢᠵᠦ᠂ ᠨᠢᠭᠡ ᠪᠤᠶᠤ ᠬᠤᠶᠠᠷ ᠬᠦᠮᠦᠨ᠎ᠦ ᠬᠤᠭᠤᠷᠳᠠᠨ ᠶᠠᠷᠢᠳᠠᠭ ᠪᠠᠢᠬ᠍ᠰᠠᠨ ᠤᠯᠠᠮᠵᠢᠯᠠᠯᠳᠤ  ᠬᠤᠯᠪᠤᠭᠠᠨ ᠤ᠋  ᠬᠡᠪ  ᠮᠠᠶᠢᠭ᠋ ᠲᠤ᠌ ᠰᠢᠨᠡᠴᠢᠯᠡᠯᠳᠡ  ᠬᠢᠵᠦ᠂ ᠲᠡᠭᠡᠷ᠎ᠡ  ᠵᠠᠭᠤᠨ᠎ᠤ  ᠵᠢᠷᠠᠭᠠᠳ  ᠤᠨ  ᠡᠴᠡ ᠡᠬᠢᠯᠡᠨ《ᠴᠢᠭᠤᠯᠭ᠎ᠠ ᠬᠤᠯᠪᠤᠭ᠎ᠠ》 ᠬᠡᠮᠡᠬᠦ ᠴᠤ ᠰᠢᠨ᠎ᠡ ᠦᠯᠢᠭᠡᠷ ᠬᠤᠯᠪᠤᠭ᠎ᠠ᠎ᠶᠢᠨ ᠬᠡᠪ ᠮᠠᠶᠢᠭ᠋᠎ᠢ ᠡᠭᠦᠳᠦᠨ ᠪᠦᠳᠦᠭᠡᠵᠦ᠂ ᠦᠵᠡᠭᠴᠢ ᠤᠯᠠᠨ᠎ᠤ ᠦᠷᠭᠡᠨ ᠳᠠᠭᠠᠰᠢᠶᠠᠯ᠎ᠢ ᠤᠯᠵᠤ ᠭᠠᠢᠬᠠᠰᠢᠷᠠᠭᠤᠯᠤᠬ᠍ᠰᠠᠨ ᠪᠢᠯᠡ᠃ ᠳᠤᠬᠠᠢᠯᠠᠪᠠᠯ᠂ ᠤᠯᠠᠮᠵᠢᠯᠠᠯᠲᠤ 《ᠬᠤᠯᠪᠤᠭ᠎ᠠ 》 ᠎ᠶ᠋ᠢᠨ ᠦᠨᠳᠦᠰᠦᠨ ᠬᠡᠮᠨᠡᠯ᠎ᠦᠨ ᠪᠦᠲᠦᠴᠡ ᠪᠠ ᠬᠡᠯᠪᠡᠷᠢ ᠳᠡᠭᠡᠷ᠎ᠡ ᠤᠯᠠᠨ ᠬᠦᠮᠦᠨ ᠬᠠᠮᠳᠤ ᠪᠡᠷ ᠬᠡᠯᠡᠵᠦ ᠲᠤᠬ᠍ᠯᠠᠬᠤ᠂ ᠪᠤᠰᠤᠳ ᠬᠦᠭᠵᠢᠮ᠎ᠦᠨ ᠬᠠᠪᠰᠤᠷᠤᠯ ᠲᠠᠢ᠂ ᠠᠶ᠎ᠠ ᠲᠠᠭᠤᠨ᠎ᠤ ᠬᠤᠪᠢᠷᠠᠯᠲᠠ ᠲᠠᠢ᠂ ᠶᠠᠷᠢᠬᠤ ᠲᠠᠭᠤᠯᠠᠬᠤ ᠬᠦᠭᠵᠢᠮᠳᠡᠬᠦ᠎ᠶᠢ ᠤᠶᠠᠨ ᠬᠠᠳᠠᠨ᠎ᠢᠶᠠᠷ ᠤᠶᠠᠯᠳᠤᠭᠤᠯᠵᠤ᠂᠎ᠠᠷᠠᠳ᠎ᠤᠨ ᠲᠠᠭᠤᠤ ᠤᠷᠠᠯᠢᠭ᠋᠎ᠤᠨ ᠠᠷᠭ᠎ᠠ ᠪᠠᠷᠢᠯ ᠪᠤᠯᠤᠨ ᠳᠠᠷᠬᠠᠨ ᠮᠤᠤᠮᠢᠨᠭᠭᠠᠨ᠎ᠤ᠎ᠨᠤᠳᠤᠭ᠎ᠤᠨ ᠠᠶᠠᠯᠭᠤ᠂ ᠠᠷᠠᠳ᠎ᠤᠨ ᠵᠦᠢᠷ ᠰᠡᠴᠡᠨ ᠦᠭᠡ ᠪᠠ ᠠᠷᠠᠳ᠎ᠤᠨ ᠵᠠᠩ ᠦᠢᠯᠡ᠎ᠶᠢ ᠭᠦᠨᠵᠡᠭᠡᠢ ᠠᠭᠤᠰᠬᠠᠬ᠍ᠰᠠᠨ ᠲᠠᠭᠤᠷᠢᠯᠢᠭ᠋᠎ᠤᠨ ᠰᠢᠨ᠎ᠡ ᠬᠡᠯᠪᠡᠷᠢ ᠵᠢ ᠡᠬᠦᠳᠴᠠᠢ᠃

ᠡᠨᠡ ᠨᠤᠳᠤᠭ᠎ᠤᠨ ᠠᠭᠤᠯᠠ ᠤᠰᠤ ᠪᠠᠨ ᠬᠠᠷᠠᠵᠤ ᠦᠰᠦᠭᠰᠡᠨ ᠲᠠᠷᠬᠠᠨ ᠨᠤᠳᠤᠭ᠎ᠤᠨ ᠠᠪᠢᠶᠠᠰᠯᠢᠭ᠋ ᠬᠦᠤ ᠳᠣᠷᠵᠢᠷᠢᠨᠴᠢᠨ ᠭᠤᠸᠠᠢ ᠤᠷᠠᠯᠢᠭ᠋ ᠰᠤᠶᠤᠯ᠎ᠤᠨ ᠮᠦᠷ᠎ᠢᠶᠡᠷ ᠲᠦᠴᠢ ᠭᠠᠷᠤᠢ ᠵᠢᠯ ᠵᠢᠳᠭᠦᠨ ᠲᠡᠮᠡᠤᠯᠬᠦ᠎ᠳ᠋ᠡᠬᠡᠨ ᠡᠬᠡ ᠨᠤᠳᠤᠭ᠂  ᠡᠯᠢᠭᠡᠨ ᠬᠠᠢᠷᠠᠳᠠᠢ ᠡᠵᠢ ᠠᠪᠤ᠂ ᠠᠷᠢᠭᠤᠨ ᠴᠢᠭ᠌ᠡᠴᠢ ᠪᠠᠭᠠᠳᠤᠷᠯᠢᠭ᠋ ᠲᠠᠭᠤᠯᠠᠯ᠎ᠢᠶᠠᠨ ᠮᠠᠬ᠍ᠳᠠᠨ ᠲᠠᠭᠤᠯᠠᠵᠤ ᠠᠯᠢ ᠤᠯᠠᠨ ᠪᠦᠳᠦᠭᠡᠯ ᠲᠤᠭᠤᠷᠪᠢᠬ᠍ᠰᠠᠨ᠎ᠤ ᠲᠤᠳᠤᠷ᠎ᠠ ᠠᠷᠠᠳ ᠤᠯᠠᠨ᠎ᠳᠠᠭᠠᠨ ᠬᠠᠮᠤᠭ ᠦᠷᠭᠡᠨ ᠲᠠᠭᠠᠰᠢᠶᠠᠬ᠍ᠳᠠᠬ᠍ᠰᠠᠨ ᠪᠦᠳᠦᠭᠡᠯ ᠨᠢ ᠤᠳᠤ ᠴᠤ᠌ ᠭᠡᠰᠡᠨ ᠤᠯᠠᠨ᠎ᠤ ᠲᠤᠮᠳᠠ ᠲᠠᠭᠤᠯᠠᠬ᠍ᠳᠠᠬ᠍ᠰᠠᠭᠠᠷ ᠪᠠᠢᠭ᠎ᠠ 《ᠴᠢᠨᠳᠠᠭᠠᠨ ᠴᠠᠭᠠᠨ ᠮᠤᠷᠢᠨ᠎ᠤ ᠴᠤᠯᠠ》ᠪᠤᠯᠬᠤ ᠶᠤᠮ᠃ ᠬᠦᠮᠦᠨ ᠵᠤᠨ᠎ᠦ ᠰᠡᠳᠬᠢᠯ᠎ᠳᠦ ᠬᠦᠷᠤᠭ᠌ᠰᠡᠨ ᠰᠣᠡᠭ᠌ᠭᠤᠳᠠᠭ ᠤᠷᠠᠨ ᠪᠦᠲᠦᠬᠡᠯ ᠪᠤᠯᠬᠤ 《ᠴᠢᠨᠳᠠᠭᠠᠨ ᠴᠠᠭᠠᠨ ᠮᠤᠷᠢᠨ᠎ᠤ  ᠴᠤᠯᠠ》 ᠨᠢ ᠮᠤᠩᠭᠤᠯ ᠮᠤᠷᠢᠨ᠎ᠤ ᠭᠠᠢᠬᠠᠮᠰᠢᠬ᠍ᠳᠤ ᠰᠠᠢᠬᠠᠨ ᠲᠦᠯᠦᠪ ᠰᠢᠨᠵᠢ᠎ᠶᠢ ᠮᠠᠬ᠍ᠳᠠᠨ ᠰᠢᠯᠦᠭᠯᠡᠭᠰᠡᠨ᠎ᠢᠶᠡᠷ᠎ᠢᠶᠡᠨ ᠠᠷᠠᠳ ᠲᠦᠮᠡᠨ᠎ᠦ ᠰᠡᠳᠬᠢᠯ᠎ᠳᠦ ᠬᠦᠷᠴᠦ᠂1999 ᠤᠨ᠎ᠳᠤ ᠲᠦᠪ ᠲᠸᠯᠸᠢᠰ᠎ᠦᠨ ᠴᠠᠭᠠᠨ ᠰᠠᠷ᠎ᠠ᠎ᠶᠢᠨ ᠦᠳᠡᠰᠢᠯᠡᠭᠡ᠎ᠶᠢᠨ ᠰᠢᠯᠢᠳᠡᠭ ᠱᠠᠩᠨᠠᠯ᠂ 2000 ᠤᠨ᠎ᠳᠤ ᠲᠤᠮᠳᠠᠳᠤ ᠤᠯᠤᠰ᠎ᠤᠨ ᠳᠠᠭᠤᠷᠢᠯᠢᠭ᠋᠎ᠤᠨ 《ᠮᠦᠳᠠᠨ ᠱᠠᠩᠨᠠᠯᠳᠤ ᠤᠷᠤᠯᠳᠤᠭᠠᠨ》 ᠎ᠤ᠋ ᠲᠤᠬ᠍ᠯᠠᠯᠳᠠ᠎ᠶᠢᠨ ᠱᠠᠩᠨᠠᠯ᠎ᠢ ᠬᠦᠷᠳᠡᠵᠦ᠂ ᠳᠤᠤᠺᠢᠤ᠋᠎ᠶᠢᠨ ᠤᠯᠠᠨ ᠤᠯᠤᠰ᠎ᠤᠨ ᠭᠠᠳᠠᠭᠠᠳᠤ ᠬᠡᠯᠡᠨ᠎ᠦ ᠰᠤᠷᠭᠠᠭᠤᠯᠢ᠎ᠶᠢᠨ ᠵᠢᠭᠠᠬᠤ ᠮᠡᠲᠸᠷᠢᠶᠡᠯ᠎ᠳᠦ ᠰᠢᠯᠢᠭᠳᠡᠨ ᠤᠷᠤᠬ᠍ᠰᠠᠨ ᠪᠠᠢᠨ᠎ᠠ᠃

ᠤᠨ ᠴᠠᠭ᠎ᠤᠨ ᠬᠦᠷᠳᠦ ᠬᠠᠷᠪᠤᠬ᠍ᠰᠠᠨ ᠰᠣᠮᠣ᠌ ᠰᠢᠭ᠋᠂ ᠬᠠᠰᠢᠯᠭ᠎ᠠ ᠪᠠᠨ ᠰᠡᠳᠡᠯᠦᠭᠰᠡᠨ ᠦᠶᠡᠷ ᠰᠢᠭ ᠪᠢᠳᠠᠨ᠎ᠤ ᠲᠡᠷᠭᠡᠳᠡᠭᠦᠷ ᠤᠷᠤᠰᠤᠨ ᠦᠩᠭᠡᠷᠡᠵᠦ᠂ ᠡᠨᠡ ᠡᠷᠬᠢᠮ ᠬᠦᠮᠦᠨ ᠮᠠᠨᠢ ᠪᠢᠳᠠᠨ ᠡᠴᠡ ᠬᠤᠯᠠᠳᠤᠨ ᠤᠳᠤᠭᠰᠠᠨ ᠴᠤ᠌ ᠲᠡᠭᠦᠨ᠎ᠦ ᠲᠦᠴᠢ ᠰᠢᠬᠠᠭᠤ ᠵᠢᠯ᠎ᠦᠨ ᠡᠮᠦᠨ᠎ᠡ ᠪᠢᠴᠢᠭᠰᠡᠨ 《ᠴᠢᠨᠳᠠᠭᠠᠨ ᠴᠠᠭᠠᠨ ᠮᠤᠷᠢᠨ᠎ᠤ ᠴᠤᠯᠠ》 ᠭᠡᠬᠦ ᠪᠦᠳᠦᠭᠡᠯ ᠨᠢ ᠤᠨ ᠴᠠᠭ᠎ᠤᠨ᠎ᠢᠶᠠᠨ ᠬᠦᠷᠳᠦᠨ᠎ᠳᠦ ᠦᠪᠡᠷ᠎ᠦᠨ ᠭᠡᠰᠡᠨ ᠰᠤᠳᠤᠨ ᠭᠡᠪ ᠨᠠᠮᠪᠠ᠎ᠪᠠᠷ᠎ᠢᠶᠠᠨ ᠵᠤᠬᠢᠴᠠᠨ ᠡᠷᠬᠢᠵᠦ᠂ ᠠᠷᠠᠳ᠎ᠤᠨ ᠲᠠᠭᠤᠤ ᠰᠢᠭ᠋ ᠤᠷᠳᠤᠬᠠᠨ ᠠᠮᠢ ᠨᠠᠰᠤ ᠲᠠᠢ ᠪᠤᠯᠵᠤ᠂ ᠠᠬᠠᠮᠠᠳ ᠨᠢᠭᠡ ᠦᠶ᠎ᠡ᠎ᠶᠢᠨ ᠬᠢᠨ᠎ᠦ ᠠᠯᠳᠠᠯ ᠦᠬᠡᠢ ᠮᠡᠳᠡᠳᠡᠭ ᠤᠷᠠᠨ ᠪᠦᠳᠦᠭᠡᠯ ᠪᠦᠭᠡᠳ ᠵᠠᠯᠠᠭᠤ ᠨᠢᠭᠡ ᠦᠶ᠎ᠡ᠎ᠶᠢᠨ ᠬᠢᠨ ᠴᠤ᠌ ᠭᠡᠰᠡᠨ ᠡᠷᠡᠨ ᠦᠶ᠎ᠡ᠎ᠶᠢᠨ᠎ᠢᠶᠡᠨ ᠬᠦᠭ ᠠᠶᠠᠰ᠎ᠲᠤ ᠵᠤᠬᠢᠴᠠᠭᠤᠯᠤᠨ ᠲᠠᠭᠤᠯᠠᠵᠤ᠂ 《ᠹᠧᠩ ᠬᠤᠸᠠᠩ ᠴᠤᠸᠠᠨ ᠴᠢ》᠂ 《ᠲᠤᠯᠭᠠᠳᠠᠨ》 ᠬᠠᠮᠳᠤᠯᠢᠭ᠋᠎ᠤᠨ ᠬᠢᠨ ᠰᠢᠨᠡᠴᠢᠯᠡᠨ ᠲᠠᠭᠤᠯᠠᠬ᠍ᠰᠡᠠ᠎ᠢᠶᠠᠷ ᠭᠠᠬ᠍ᠴᠠ ᠬᠦ᠌ ᠮᠤᠩᠭᠤᠯᠴᠤᠳ ᠲᠡᠳᠦᠢ ᠦᠬᠡᠢ ᠮᠠᠰᠢ ᠤᠯᠠᠨ ᠰᠦᠯᠵᠢᠶᠡᠴᠢᠳ ᠳᠤᠰ ᠲᠠᠭᠤᠤ᠎ᠶᠢ ᠲᠠᠭᠤᠯᠠᠬᠤ ᠬᠠᠯᠠᠭᠤᠨ ᠦᠷᠨᠢᠯ  ᠭᠠᠷᠴᠦ᠂ ᠰᠦᠯᠵᠢᠶᠡᠨ ᠲᠡᠭᠡᠷ᠎ᠡ ᠡᠨᠡ ᠬᠦ᠌ ᠲᠠᠭᠤᠨ᠎ᠤ ᠡᠬᠢᠨ᠎ᠦ ᠠᠶ᠎ᠠ ᠡᠭᠡᠰᠢᠭᠯᠡᠬᠦ ᠲᠠᠢ ᠵᠡᠷᠭᠡ ᠦᠨᠢᠷ ᠤᠯᠠᠭᠤᠯᠠ ᠪᠠᠨ ᠲᠠᠭᠤᠯᠠᠯᠳᠤᠨ ᠪᠠᠶᠠᠰᠤᠯᠳᠤᠳᠠᠭ ᠪᠢᠴᠢᠯᠭᠡ ᠮᠠᠰᠢ ᠤᠯᠠᠨ ᠬᠠᠷᠠᠬ᠍ᠳᠠᠳᠠᠭ ᠪᠢᠯᠡ᠃

2013ᠤᠨ᠎ᠳᠤ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠨᠢ《ᠲᠤᠷᠵᠢᠷᠢᠨᠴᠢᠨ᠎ᠤ ᠤᠷᠠᠨ ᠪᠦᠳᠦᠭᠡᠯ᠎ᠦᠨ ᠦᠳᠡᠰᠢᠯᠡᠭᠡ》᠂ 《ᠪᠦᠬᠦ ᠤᠷᠤᠨ᠎ᠤ ᠲᠤᠷᠵᠢᠷᠢᠨᠴᠢᠨ ᠬᠤᠨᠳᠠᠭᠠᠳᠤ ᠴᠢᠭᠤᠯᠭ᠎ᠠ ᠬᠤᠯᠪᠤᠭ᠎ᠠ ᠵᠢᠨ ᠤᠷᠤᠯᠳᠤᠭᠠᠨ》 ᠵᠡᠷᠭᠡ᠎ᠶᠢ ᠠᠮᠵᠢᠯᠲᠠ ᠲᠠᠢ ᠡᠷᠬᠢᠯᠡᠨ ᠶᠠᠪᠤᠬ᠍ᠳᠠᠭᠤᠯᠵᠤ᠂ 2014 ᠤᠨ᠎ᠳᠤ 《ᠳᠤᠮᠳᠠᠳᠤ ᠤᠯᠤᠰ᠎ᠤᠨ ᠴᠢᠭᠤᠯᠭ᠎ᠠ ᠬᠤᠯᠪᠤᠭᠠᠨ᠎ᠤ ᠰᠤᠶᠤᠯ᠎ᠤᠨ ᠦᠯᠦᠭᠡᠢ 》 ᠭᠡᠮᠡᠨ ᠨᠡᠷᠡᠢᠳᠦᠭᠳᠡᠭᠰᠡᠨ ᠡᠴᠡ ᠪᠡᠨ ᠬᠤᠢᠰᠢ ᠴᠦᠭᠡᠨ ᠪᠤᠰᠤ ᠤᠳᠠᠭᠠᠨ᠎ᠤ ᠴᠢᠭᠤᠯᠭ᠎ᠠ ᠬᠤᠯᠪᠤᠭᠠᠨ᠎ᠤ ᠤᠷᠤᠯᠳᠤᠭᠠᠨ᠂ ᠪᠤᠯᠪᠠᠰᠤᠷᠠᠯ᠎ᠤᠨ ᠠᠩᠬᠢ ᠵᠡᠷᠭᠡ᠎ᠶᠢ ᠵᠤᠬᠢᠶᠠᠨ ᠪᠠᠢᠭᠤᠯᠵᠤ᠂ ᠲᠡᠭᠡᠷ᠎ᠡ ᠱᠠᠳᠤᠨ ᠡᠴᠡ ᠲᠤᠰᠬᠠᠢ ᠮᠡᠷᠭᠡᠵᠢᠯ᠎ᠦᠨ ᠪᠠᠬ᠍ᠰᠢ ᠵᠠᠯᠠᠨ ᠤᠯᠠᠭᠠᠨᠮᠦ᠋ᠴᠢᠷ᠎ᠤᠨ ᠲᠤᠬ᠍ᠯᠠᠬ᠍ᠴᠢᠳ᠎ᠲᠤ᠌ ᠬᠤᠯᠪᠤᠭ᠎ᠠ ᠵᠢᠭᠠᠯᠭᠠᠵᠤ᠂ ᠤᠯᠠᠭᠠᠨᠮᠦ᠋ᠴᠢᠷ᠎ᠤᠨ ᠬᠢᠨ ᠡᠯ᠎ᠡ ᠤᠳᠠᠭᠠᠨ᠎ᠤ ᠲᠤᠰᠬᠠᠢ ᠲᠤᠬ᠍ᠯᠠᠯᠲᠠ᠎ᠳᠦ ᠲᠠᠰᠤᠷᠠᠯᠳᠠ ᠦᠬᠡᠢ ᠴᠢᠭᠤᠯᠭ᠎ᠠ ᠬᠤᠯᠪᠤᠭ᠎ᠠ ᠪᠠᠨ ᠦᠵᠡᠭᠴᠢ ᠲᠦᠮᠡᠨ᠎ᠳᠦ ᠰᠤᠨᠢᠷᠬᠠᠭᠤᠯᠵᠤ᠂ ᠲᠤᠷᠵᠢᠷᠢᠨᠴᠢᠨ ᠭᠤᠸᠠᠢ᠎ᠶᠢᠨ ᠤᠳᠬᠠᠨ ᠱᠠᠪᠢ᠂ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠴᠢᠭᠤᠯᠭ᠎ᠠ ᠬᠤᠯᠪᠤᠭᠠᠨ᠎ᠤ ᠦᠪᠯᠡᠨ ᠵᠠᠯᠭᠠᠮᠵᠢᠯᠠᠬ᠍ᠴᠢ ᠰᠢᠨᠠᠰᠤᠶᠤᠯ᠂ ᠤᠯᠠᠭᠠᠨᠮᠦ᠋ᠴᠢᠷ᠎ᠤᠨ ᠲᠤᠬ᠍ᠯᠠᠬ᠍ᠴᠢ᠂ ᠴᠢᠭᠤᠯᠭ᠎ᠠ ᠬᠤᠯᠪᠤᠭᠠᠨ᠎ᠤ ᠪᠠᠬᠠᠳᠠᠨ ᠡᠩᠭᠡ᠂ ᠪᠦᠷᠢᠨᠪᠠᠶᠠᠷ ᠵᠡᠷᠭᠡ ᠬᠦᠮᠦᠰ ᠮᠠᠨᠢ ᠡᠳᠡᠭᠡᠷ ᠵᠢᠯ᠎ᠦᠨ ᠲᠤᠷᠰᠢ ᠴᠢᠭᠤᠯᠭ᠎ᠠ ᠬᠤᠯᠪᠤᠭᠠᠨ᠎ᠤ ᠦᠯᠦᠬᠡᠢ ᠨᠤᠳᠤᠭ ᠪᠤᠯᠤᠬ᠍ᠰᠠᠨ ᠳᠠᠷᠬᠠᠨ ᠮᠤᠤᠮᠢᠩᠭᠠᠨ᠎ᠤ ᠪᠠᠨ ᠴᠢᠭᠤᠯᠭ᠎ᠠ ᠬᠤᠯᠪᠤᠭᠠᠨ᠎ᠤ ᠤᠯᠠᠮᠵᠢᠯᠠᠨ ᠬᠦᠭᠵᠢᠭᠦᠯᠬᠦ ᠦᠢᠯᠡᠰ᠎ᠲᠦ ᠦᠪᠡᠷ᠎ᠦᠨ ᠬᠦᠴᠦᠨ ᠴᠢᠳᠠᠯ᠎ᠢᠶᠠᠨ ᠡᠷᠭᠦᠭᠰᠡᠭᠡᠷ ᠢᠷᠡᠭᠰᠡᠨ ᠪᠢᠯᠡ᠃ ᠤᠷᠴᠢᠮ᠎ᠤᠨ ᠬᠤᠶᠠᠷ ᠵᠢᠯ ᠡᠴᠡ ᠠᠬᠠᠮᠠᠳ ᠤᠷᠠᠯᠢᠬ᠍ᠴᠢᠳ ᠰᠢᠨᠡᠰᠦᠶᠤᠯ ᠵᠡᠷᠭᠡ ᠬᠦᠮᠦᠰ᠎ᠦᠨ ᠴᠢᠷᠮᠠᠢᠯᠭ᠎ᠠ᠎ᠪᠠᠷ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠦᠨᠳᠦᠰᠦᠲᠡᠨ᠎ᠦ ᠬᠡᠷᠡᠭ ᠡᠷᠬᠢᠯᠡᠬᠦ ᠵᠥᠪᠯᠡᠯ᠂ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠰᠣᠶᠣᠯ᠎ᠤᠨ ᠣᠷᠳᠣᠨ᠂ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠳᠠᠭᠤᠷᠢᠯᠢᠭ᠋᠎ᠤᠨ ᠨᠡᠢᠭᠡᠮᠯᠢᠭ ᠵᠡᠷᠭᠡ  ᠪᠠᠢᠭᠤᠯᠭ᠎ᠠ ᠨᠢᠭᠡᠴᠢ ᠬᠠᠮᠳᠤᠷᠠᠨ ᠴᠢᠭᠤᠯᠭ᠎ᠠ ᠬᠤᠯᠪᠤᠭ᠎ᠠ ᠭᠡᠬᠦ ᠡᠨᠡ ᠬᠦ᠌ ᠰᠣᠩᠭᠣᠳᠠᠭ ᠤᠷᠠᠯᠢᠭ᠋᠎ᠢ ᠰᠤᠷᠭᠠᠭᠤᠯᠢ᠎ᠶᠢᠨ ᠬᠦᠷᠢᠶᠡᠨ᠎ᠳᠦ ᠬᠦᠨᠵᠡᠭᠡᠢᠷᠡᠭᠦᠯᠵᠦ᠂ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠭᠤᠷᠪᠠᠳᠤᠭᠠᠷ ᠪᠠᠭ᠎ᠠ ᠰᠤᠷᠭᠠᠭᠤᠯᠢ᠎ᠳᠤ 《ᠪᠣᠳᠠᠰ᠎ᠤᠨ ᠪᠤᠰᠤ ᠰᠤᠶᠤᠯ᠎ᠤᠨ ᠦᠪ》ᠢ᠋ ᠰᠤᠷᠭᠠᠭᠤᠯᠢ᠎ᠶᠢᠨ ᠬᠦᠷᠢᠶᠡᠨ᠎ᠳᠦ ᠤᠷᠤᠭᠤᠯᠬᠤ ᠠᠵᠢᠯᠯᠠᠭ᠎ᠠ ᠪᠡᠷ ᠳᠠᠮᠵᠢᠭᠤᠯᠤᠨ᠂ ᠭᠡᠤᠭᠡᠳ ᠪᠠᠭᠠᠴᠤᠳ᠎ᠲᠤ ᠦᠨᠳᠦᠰᠦᠳᠡᠨ᠎ᠦ ᠥᠪ ᠰᠤᠶᠤᠯ᠎ᠢᠶᠡᠨ ᠰᠤᠷᠴᠦ ᠮᠡᠳᠡᠬᠦ᠂ ᠬᠠᠢᠷᠠᠯᠠᠨ ᠬᠠᠮᠠᠭᠠᠯᠠᠬᠤ ᠪᠠ ᠤᠯᠠᠮᠵᠢᠯᠠᠨ ᠵᠠᠯᠭᠠᠮᠵᠢᠯᠠᠬᠤ᠎ᠤᠬᠠᠮᠰᠠᠷᠳᠤ ᠰᠡᠳᠬᠢᠯᠭᠡ᠎ᠶᠢ ᠪᠤᠢ ᠪᠤᠯᠭᠠᠵᠤ᠂ ᠵᠠᠯᠠᠭᠤᠴᠤᠳ ᠪᠠᠭᠠᠴᠤᠳ᠎ᠤᠨ ᠤᠯᠠᠮᠵᠢᠯᠠᠯᠲᠤ ᠰᠣᠶᠣᠯ᠎ᠢ ᠮᠡᠳᠡᠷᠡᠬᠦ ᠪᠠ ᠣᠮᠣᠭ ᠪᠠᠬᠠᠳᠤᠯᠲᠤ ᠰᠡᠳᠬᠢᠯᠭᠡ᠎ᠶᠢ ᠬᠥᠮᠥᠵᠢᠭᠦᠯᠬᠦ᠎ᠳᠦ ᠴᠢᠬᠤᠯᠠ ᠠᠴᠢ ᠬᠣᠯᠪᠣᠭᠳᠠᠯ ᠤᠯᠭᠤᠬ᠍ᠰᠠᠨ ᠪᠠᠢᠨ᠎ᠠ᠃ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠴᠢᠭᠤᠯᠭ᠎ᠠ ᠬᠤᠯᠪᠤᠭᠠᠨ᠎ᠤ ᠦᠪᠯᠡᠨ ᠤᠯᠠᠮᠵᠢᠯᠠᠬ᠍ᠴᠢ ᠰᠢᠨᠠᠰᠤᠶᠤᠯ ᠭᠤᠸᠠᠢ ᠦᠪᠡᠷ᠎ᠦᠨ ᠪᠡᠶ᠎ᠡ᠎ᠪᠡᠷ᠎ᠢᠶᠡᠨ ᠭᠡᠤᠭᠡᠳ᠎ᠤᠳ᠎ᠲᠤ ᠴᠢᠭᠤᠯᠭ᠎ᠠ ᠬᠤᠯᠪᠤᠭ᠎ᠠ ᠵᠢᠭᠠᠵᠤ᠂ ᠤᠳᠤ ᠪᠤᠯᠬᠤ᠎ᠳᠤ ᠬᠤᠷᠢ  ᠰᠢᠬᠠᠭᠤ  ᠭᠡᠤᠭᠡᠳ᠎ᠤᠳ 《ᠴᠢᠨᠳᠠᠭᠠᠨ ᠴᠠᠭᠠᠨ ᠮᠤᠷᠢᠨ᠎ᠤ ᠴᠤᠯᠠ》 ᠬᠡᠭᠦ ᠬᠤᠯᠪᠤᠭ᠎ᠠ᠎ᠶᠢ  ᠲᠠᠭᠤᠯᠠᠵᠤ ᠴᠢᠳᠠᠬᠤ  ᠪᠤᠯᠤᠬ᠍ᠰᠠᠨ ᠪᠦᠭᠡᠳ ᠬᠤᠰᠢᠭᠤᠨ᠎ᠤ  ᠪᠡᠨ 2026 ᠤᠨ᠎ᠦ 《ᠤᠤᠭᠠᠯ ᠰᠤᠶᠤᠯ》ᠠᠷᠠᠳ᠎ᠤᠨ ᠤᠷᠠᠯᠢᠭ᠋᠎ᠤᠨ ᠪᠦᠯᠬᠦᠮ᠎ᠡᠴᠡ ᠲᠠᠭᠠᠭᠠᠴᠢᠯᠠᠬ᠍ᠰᠠᠨ ᠤᠯᠠᠭᠠᠨ ᠮᠤᠷᠢᠨ ᠵᠢᠯ᠎ᠦᠨ ᠴᠠᠭᠠᠨ ᠰᠠᠷ᠎ᠠ᠎ᠶᠢᠨ ᠦᠳᠡᠰᠢᠯᠡᠭᠡ᠎ᠳᠦ ᠤᠷᠤᠯᠴᠠᠵᠤ᠂ ᠦᠵᠡᠭᠴᠢ ᠤᠯᠠᠨ᠎ᠤ ᠬᠠᠯᠠᠭᠤᠨ ᠲᠠᠭᠠᠰᠢᠶᠠᠯ᠎ᠢ ᠤᠯᠤᠬ᠍ᠰᠠᠨ ᠪᠠᠢᠨ᠎ᠠ᠃

《ᠤᠷᠢᠳᠤᠬᠢ ᠬᠦᠮᠦᠨ᠎ᠦ ᠲᠠᠷᠢᠬ᠍ᠰᠠᠨ ᠮᠤᠳᠤ᠎ᠬᠤᠢᠴᠢ᠎ᠶᠢᠨ ᠬᠦᠮᠦᠰ ᠲᠤ᠌ ᠰᠡᠬᠦᠳᠡᠷ ᠪᠤᠯᠤᠨ᠎ᠠ》ᠬᠡᠳᠡᠭᠴᠢᠯᠡᠨ ᠨᠤᠳᠤᠭ᠎ᠤᠨ ᠲᠤᠮᠤᠬ᠍ᠳᠤ ᠤᠷᠠᠯᠢᠬ᠍ᠴᠢᠨ ᠲᠤᠷᠵᠢᠷᠢᠨᠴᠢᠨ ᠭᠤᠸᠠᠢ᠎ᠶᠢᠨ ᠪᠢᠳᠠᠨ᠎ᠳᠤ ᠦᠯᠡᠳᠡᠭᠡᠵᠦ ᠦᠭᠬᠦᠭᠰᠡᠨ ᠡᠨᠡ ᠶᠡᠭᠡ ᠰᠤᠶᠤᠯ᠎ᠤᠨ ᠦᠪ᠎ᠦᠨ ᠴᠡᠴᠡᠷᠯᠢᠭ᠎ᠲᠦ ᠭᠡᠳᠦᠨ ᠦᠶ᠎ᠡ᠎ᠶᠢᠨ ᠬᠦᠮᠦᠰ ᠵᠤᠭᠠᠴᠠᠨ ᠵᠢᠷᠭᠠᠵᠤ᠂ ᠴᠢᠭᠤᠯᠭ᠎ᠠ ᠬᠤᠯᠪᠤᠭᠠᠨ᠎ᠤ ᠪᠡᠨ ᠷᠢᠳᠢ ᠰᠢᠳᠢ᠎ᠪᠡᠷ ᠲᠠᠭᠤᠯᠠᠨ ᠪᠠᠶᠠᠰᠴᠦ᠂ ᠤᠳᠤ ᠪᠡᠷ ᠠᠬᠠᠮᠠᠳ᠂ ᠲᠤᠮᠳᠠ ᠨᠠᠰᠤ᠂ ᠵᠠᠯᠠᠭᠤ ᠪᠠᠭᠠᠴᠤᠳ ᠭᠡᠳ ᠦᠶ᠎ᠡ ᠦᠶ᠎ᠡ᠎ᠶᠢᠨ ᠬᠦᠮᠦᠰ ᠮᠠᠨᠢ 《ᠴᠢᠨᠳᠠᠭᠠᠨ ᠴᠠᠭᠠᠨ ᠮᠤᠷᠢᠨ᠎ᠤ ᠴᠤᠯᠠ》ᠪᠠᠨ ᠲᠠᠭᠤᠯᠠᠨ᠂ ᠬᠤᠰᠢᠭᠤ ᠨᠠᠭᠠᠳᠤᠮ᠎ᠤᠨ ᠠᠭᠤᠳᠠᠮ ᠲᠠᠯᠠᠪᠠᠢ ᠡᠴᠡ ᠬᠤᠨᠳᠠᠭ᠎ᠠ ᠮᠦᠷᠭᠦᠭᠦᠯᠦᠭᠰᠡᠨ ᠪᠠᠶᠠᠷ᠎ᠤᠨ ᠰᠢᠷᠡᠭᠡ ᠬᠦᠷᠳᠡᠯ᠎ᠡ᠂ ᠪᠡᠶ᠎ᠡ ᠪᠤᠯᠪᠠᠰᠤᠷᠠᠳᠠᠭ ᠴᠡᠴᠡᠷᠯᠢᠭ ᠡᠴᠡ ᠰᠤᠷᠭᠠᠭᠤᠯᠢ᠎ᠶᠢᠨ ᠬᠦᠷᠢᠶᠡᠨ᠎ᠦ ᠵᠠᠪᠰᠠᠷᠯᠠᠭ᠎ᠠ᠎ᠶᠢᠨ ᠲᠠᠮᠢᠷ ᠬᠦᠷᠳᠡᠯ᠎ᠡ 《ᠴᠢᠨᠳᠠᠭᠠᠨ ᠴᠠᠭᠠᠨ ᠮᠤᠷᠢᠨ᠎ᠤ ᠴᠤᠯᠠ》 ᠪᠠᠨ ᠬᠠᠩᠬᠢᠨᠠᠭᠤᠯᠤᠨ᠂ ᠨᠠᠶᠠ ᠬᠦᠷᠦᠭᠰᠡᠨ ᠪᠤᠭᠤᠷᠤᠯᠴᠤᠳ ᠨᠢ ᠵᠠᠯᠠᠭᠤ ᠨᠠᠰᠤ ᠪᠠᠨ ᠲᠤᠷᠠᠰᠤᠨ᠂ ᠲᠤᠷᠵᠢᠷᠢᠨᠴᠢᠨ ᠭᠤᠸᠠᠢ᠎ᠶᠢᠨ ᠬᠤᠭᠤᠷ᠎ᠢᠶᠠᠨ ᠬᠦᠭᠯᠡᠭᠡᠳ ᠳᠠᠭᠤᠯᠠᠳᠠᠭ ᠪᠠᠢᠬ᠍ᠰᠠᠨ᠎ᠢ ᠨᠢ ᠨᠢᠳᠦᠨ᠎ᠳᠦ ᠦᠵᠡᠭᠳᠡᠳᠡᠯ᠎ᠡ ᠬᠠᠭᠤᠴᠢᠯᠠᠵᠤ᠂ ᠨᠠᠢ᠍ᠮᠠᠨ ᠨᠠᠰᠤᠳᠠᠢ ᠪᠠᠭᠠᠴᠤᠤᠯ ᠨᠢ ᠴᠦ᠍ ᠪᠠᠬ᠍ᠰᠢ᠎ᠶᠢᠨ ᠵᠢᠭᠠᠬ᠍ᠰᠠᠨ ᠲᠠᠭᠤᠤ ᠬᠡᠮᠡᠨ ᠲᠠᠭᠠᠨ ᠪᠠᠶᠠᠰᠤᠨ᠎ᠠ᠃

ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ ᠨᠢ ᠦᠷᠭᠦᠯᠵᠢᠯᠡᠨ ᠴᠢᠭᠤᠯᠭ᠎ᠠ ᠬᠤᠯᠪᠤᠭᠠᠨ᠎ᠤ ᠤᠯᠠᠮᠵᠢᠯᠠᠯ ᠪᠠ ᠬᠥᠭᠵᠢᠯᠲᠡ᠎ᠳᠤ ᠠᠷᠭ᠎ᠠ ᠵᠠᠮ ᠬᠠᠢᠨ ᠰᠦᠪᠡᠭᠴᠢᠯᠡᠵᠦ᠂ ᠤᠷᠤᠨ ᠨᠤᠳᠤᠭ᠎ᠤᠨ ᠨᠡᠷ᠎ᠡ᠎ᠶᠢᠨ ᠬᠠᠭᠤᠳᠠᠰᠤ ᠪᠤᠯᠤᠬ᠍ᠰᠠᠨ ᠴᠢᠭᠤᠯᠭ᠎ᠠ ᠬᠤᠯᠪᠤᠭ᠎ᠠ ᠪᠠᠨ ᠨᠡᠩ ᠤᠯᠠᠨ ᠬᠥᠮᠥᠰ᠎ᠲᠦ ᠤᠢᠯᠠᠭᠠᠭᠤᠯᠤᠨ ᠲᠠᠨᠢᠭᠤᠯᠵᠤ᠂ ᠨᠡᠩ ᠦᠨᠳᠦᠷ ᠲᠠᠪᠴᠠᠩ᠎ᠳᠤ ᠡᠷᠭᠦᠨ ᠭᠠᠷᠭᠠᠵᠤ᠂ ᠴᠢᠭᠤᠯᠭ᠎ᠠ ᠬᠤᠯᠪᠤᠭ᠎ᠠ ᠬᠡᠮᠡᠬᠦ ᠰᠤᠳᠤᠨ ᠤᠷᠠᠯᠢᠭ᠋᠎ᠢᠶᠠᠨ 《ᠪᠦᠲᠦᠭᠡᠯᠴᠢ ᠴᠢᠨᠠᠷᠲᠠᠢ᠎ᠪᠠᠷ ᠤᠯᠠᠷᠢᠭᠤᠯᠬᠤ᠂ ᠰᠢᠨ᠎ᠡ᠎ᠶᠢ ᠡᠭᠦᠳᠬᠦ ᠴᠢᠨᠠᠷᠲᠠᠢ᠎ᠪᠠᠷ ᠬᠥᠭᠵᠢᠭᠦᠯᠬᠦ 》 ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠤᠨ ᠠᠮᠢᠳᠤᠯᠢᠭ᠋ ᠦᠢᠯᠡᠳᠦᠯᠭᠡ ᠪᠣᠯᠭᠠᠬᠤ᠎ᠳᠤ ᠬᠦᠴᠦᠨ ᠴᠢᠳᠠᠯ᠎ᠢᠶᠠᠨ ᠡᠷᠭᠦᠭᠰᠡᠭᠡᠷ ᠪᠠᠢᠬᠤ ᠪᠤᠯᠤᠨ᠎ᠠ᠃

ᠳᠤᠰ ᠨᠢᠭᠤᠷ᠎ᠤᠨ ᠬᠡᠷᠡᠯ ᠵᠢᠷᠤᠭ᠎ᠢ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ᠎ᠤᠨ ᠰᠤᠷᠪᠤᠯᠵᠢᠯᠠᠭᠴᠢ ᠪᠤᠶᠠᠨᠳᠦ᠋ᠬᠦᠷᠡᠩ ᠡᠷᠬᠢᠮᠳᠤ ᠬᠠᠨᠭᠭᠠᠪᠠ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号