ᠬᠡᠰᠢᠭᠳᠡᠨ ᠬᠤᠰᠢᠭᠤ ᠨᠢ ᠵᠢᠭᠤᠯᠴᠢᠯᠠᠯ ᠤ᠋ᠨ ᠣᠷᠴᠢᠨ ᠲᠣᠭᠣᠷᠢᠨ ᠬᠢᠭᠡᠳ ᠦᠢᠯᠡᠴᠢᠯᠡᠭᠡᠨ ᠦ᠌ ᠪᠠᠷᠢᠮᠵᠢᠶᠠᠵᠢᠭ᠍ᠰᠠᠨ ᠬᠢᠷᠢ ᠲᠦᠪᠰᠢᠨ ᠢ᠋ ᠲᠣᠭᠲᠠᠭᠤᠨ ᠢ᠋ᠶ᠋ᠠᠷ ᠳᠡᠭᠡᠭᠰᠢᠯᠡᠭᠦᠯᠵᠦ᠂ ᠡᠯ᠎ᠡ ᠲᠥᠷᠥᠯ ᠦ᠋ᠨ ᠠᠰᠠᠭᠤᠳᠠᠯ ᠢ᠋ 700 ᠭᠠᠷᠤᠢ ᠴᠡᠭᠴᠡᠯᠡᠨ ᠰᠠᠢᠵᠢᠷᠠᠭᠤᠯᠵᠤ᠂ 《ᠭᠤᠷᠪᠠ ᠳ᠋ᠤ᠌ ᠭᠦᠨᠵᠡᠭᠡᠢᠷᠡᠵᠦ ᠭᠤᠷᠪᠠ ᠶ᠋ᠢ ᠴᠡᠪᠡᠷᠯᠡᠬᠦ》 ᠲᠠᠷᠤᠢ ᠦᠵᠡᠮᠵᠢ᠎ᠶᠢᠨ ᠣᠷᠣᠨ᠎ᠳᠤ ᠬᠦᠨᠵᠡᠭᠡᠢᠷᠡᠬᠦ᠂ ᠭᠠᠴᠠᠭ᠎ᠠ ᠰᠤᠮᠤᠨ᠎ᠳᠤ ᠬᠦᠨᠵᠡᠭᠡᠢᠷᠡᠬᠦ᠂ ᠵᠢᠭᠤᠯᠴᠢᠯᠠᠯ᠎ᠤᠨ ᠵᠠᠰᠠᠮᠠᠯ ᠵᠠᠮ᠎ᠳᠤ ᠬᠦᠨᠵᠡᠭᠡᠢᠷᠡᠬᠦ᠂ ᠬᠣᠭ ᠨᠣᠪᠰᠢ᠎ᠶᠢ ᠴᠡᠪᠡᠷᠯᠡᠬᠦ᠂ ᠪᠠᠷᠢᠯᠭ᠎ᠠ᠎ᠠᠴᠠ ᠵᠥᠷᠢᠴᠡᠭᠰᠡᠨ ᠠᠵᠢᠯᠯᠠᠭ᠎ᠠ᠎ᠶᠢ ᠴᠡᠪᠡᠷᠯᠡᠬᠦ᠂ ᠨᠤᠲᠤᠭ ᠪᠡᠯᠴᠢᠭᠡᠷ᠎ᠢ ᠡᠪᠳᠡᠬᠦ ᠬᠠᠤᠯᠢ᠎ᠠᠴᠠ ᠵᠥᠷᠢᠴᠡᠭᠰᠡᠨ ᠠᠵᠢᠯᠯᠠᠭ᠎ᠠ᠎ᠶᠢ ᠴᠡᠪᠡᠷᠯᠡᠬᠦ ᠲᠠᠯ᠎ᠠ ᠨᠤᠲᠤᠭ ᠤ᠋ᠨ ᠠᠷᠢᠭᠤᠨ ᠴᠡᠪᠡᠷ ᠤ᠋ᠨ ᠰᠠᠢᠨ ᠳᠤᠷ᠎ᠠ ᠶ᠋ᠢᠨ ᠦᠢᠯᠡᠴᠢᠯᠡᠭᠡ ᠶ᠋ᠢ ᠠᠬᠢᠭᠤᠯᠵᠤ᠂ ᠪᠦᠬᠦ ᠬᠣᠲᠠ ᠶ᠋ᠢᠨ ᠠᠩᠬᠠᠳᠠᠭ᠍ᠴᠢ ᠮᠣᠷᠢ ᠤᠨᠤᠬᠤ ᠳᠤᠬᠠᠢ ᠵᠢᠭᠤᠯᠴᠢᠯᠠᠯ ᠤ᠋ᠨ ᠲᠦᠷᠢᠮᠵᠢᠭᠰᠡᠨ ᠪᠢᠴᠢᠭ ᠮᠠᠲᠧᠷᠢᠶᠠᠯ ᠢ᠋ ᠰᠢᠨᠡᠴᠢᠯᠡᠨ ᠲᠣᠭᠲᠠᠭᠠᠵᠤ᠂ ᠪᠠᠷᠢᠮᠵᠢᠶᠠᠵᠢᠭ᠍ᠰᠠᠨ ᠮᠤᠷᠢ ᠤᠨᠤᠬᠤ ᠲᠠᠯᠠᠪᠠᠢ 21 ᠶ᠋ᠢ ᠪᠠᠢᠭᠤᠯᠪᠠ᠃

ᠦᠵᠡᠮᠵᠢ ᠶ᠋ᠢᠨ ᠣᠷᠣᠨ ᠤ᠋ ᠬᠣᠯᠪᠣᠭᠠᠯᠠᠨ ᠬᠥᠭᠵᠢᠬᠦ ᠶ᠋ᠢ ᠦᠷᠭᠦᠯᠵᠢᠯᠡᠨ ᠭᠦᠨᠵᠡᠭᠡᠢᠷᠡᠭᠦᠯᠵᠦ᠂ ᠳᠥᠷᠪᠡᠨ ᠶᠡᠬᠡ ᠦᠵᠡᠮᠵᠢ ᠶ᠋ᠢᠨ ᠣᠷᠣᠨ ᠤ᠋ ᠴᠤᠭᠯᠠᠷᠠᠯ ᠪᠤᠯᠤᠭᠰᠠᠨ ᠤᠯᠠᠭᠠᠨᠪᠤᠳᠤᠩ — ᠬᠤᠰᠤᠲᠤ ᠬᠦᠷᠢᠶ᠎ᠡ (1660 ᠲᠡᠭᠰᠢ ᠳᠥᠷᠪᠡᠯᠵᠢᠨ ᠺᠢᠯᠣᠮᠧᠲᠷ)᠂ ᠰᠢᠷᠠᠮᠦ᠋ᠷᠡᠨ ᠤ᠋ ᠶᠡᠬᠡ ᠬᠠᠪᠴᠢᠯ (1628 ᠲᠡᠭᠰᠢ ᠳᠥᠷᠪᠡᠯᠵᠢᠨ ᠺᠢᠯᠣᠮᠧᠲᠷ)᠂ ᠳᠠᠯᠠᠢᠨᠠᠭᠤᠷ (650 ᠲᠡᠭᠰᠢ ᠳᠥᠷᠪᠡᠯᠵᠢᠨ ᠺᠢᠯᠣᠮᠧᠲᠷ)᠂ ᠠᠰᠬᠠᠲᠤ — ᠬᠤᠩᠭᠤ ᠶ᠋ᠢᠨ ᠳᠠᠪᠠᠭ᠎ᠠ(1850 ᠲᠡᠭᠰᠢ ᠳᠥᠷᠪᠡᠯᠵᠢᠨ ᠺᠢᠯᠣᠮᠧᠲᠷ) ᠢ᠋ ᠡᠮᠬᠢᠯᠡᠨ ᠨᠡᠢᠯᠡᠭᠦᠯᠵᠦ ᠡᠮᠬᠢ ᠵᠢᠷᠤᠮ ᠲᠠᠶ ᠪᠠᠷ ᠠᠬᠢᠭᠤᠯᠵᠤ᠂ ᠶᠡᠷᠦᠩᠬᠡᠶ ᠪᠠᠯᠠ ᠣᠷᠣᠭᠤᠯᠤᠯᠲᠠ ᠨᠢ 32 ᠳ᠋ᠦᠩᠰᠢᠭᠤᠷ ᠲᠥᠭᠥᠷᠢᠭ ᠤ᠋ᠨ ᠰᠢᠷᠠᠮᠥ᠋ᠷᠡᠨ ᠤ᠋ ᠶᠡᠬᠡ ᠬᠠᠪᠴᠢᠯ ᠤ᠋ᠨ ᠠᠮᠢ ᠠᠬᠤᠶ ᠶ᠋ᠢᠨ ᠵᠢᠭᠤᠯᠴᠢᠯᠠᠯ ᠤ᠋ᠨ ᠣᠷᠣᠨ ᠤ᠋ ᠲᠥᠷᠥᠯ ᠵᠦᠶ᠋ᠯ ᠢ᠋ ᠪᠠᠷᠢᠯᠭ᠎ᠠ ᠡᠬᠢᠯᠡᠭᠦᠯᠦᠨ ᠪᠥᠲᠥᠭᠡᠨ ᠪᠠᠢᠭᠤᠯᠵᠤ᠂ ᠬᠤᠩᠭᠤ ᠶ᠋ᠢᠨ ᠳᠠᠪᠠᠭ᠎ᠠ ᠶ᠋ᠢᠨ 2029 ᠦᠷᠳᠡᠭᠡ᠂ ᠳᠠᠷᠬᠠᠠᠠᠠᠭᠤᠯᠠ ᠠ᠋ᠴᠠ ᠳᠠᠭᠠᠴᠠ ᠬᠦᠷᠬᠦ ᠱᠤᠭᠤᠮ ᠤ᠋ᠨ 1 ᠳ᠋ᠦ᠍ᠭᠡᠷ ᠦᠷᠳᠡᠭᠡ ᠵᠡᠷᠭᠡ ᠶ᠋ᠢ ᠪᠥᠬᠥ ᠲᠠᠯ᠎ᠠ ᠪᠠᠷ ᠡᠬᠢᠯᠡᠬᠦᠯᠪᠡ᠃ ᠵᠢᠭᠤᠯᠴᠢᠯᠠᠯ ᠤ᠋ᠨ ᠦᠶ᠋ᠯᠡᠰ ᠦ᠋ᠨ ᠬᠡᠯᠪᠡᠷᠢ ᠪᠠᠢᠳᠠᠯ ᠲᠠᠰᠤᠷᠠᠯᠲᠠ ᠥᠬᠡᠶ ᠪᠠᠶᠠᠯᠢᠭ᠍ᠵᠢᠵᠤ᠂ 《ᠳᠠᠷᠬᠠᠠᠠᠠᠭᠤᠯᠠ ᠠ᠋ᠴᠠ ᠳᠠᠭᠠᠴᠠ ᠬᠦᠷᠬᠦ ᠱᠤᠭᠤᠮ》᠂ 《ᠭᠠᠯᠳᠠᠰᠦᠲᠠᠢ ᠷᠠᠰᠢᠶᠠᠨ ᠠ᠋ᠴᠠ ᠠᠰᠠᠭ᠍ᠲᠦ ᠬᠦᠷᠬᠦ ᠱᠤᠭᠤᠮ》 ᠨᠢ ᠲᠤᠢᠯ ᠤ᠋ᠨ ᠶᠡᠬᠡ ᠨᠦᠯᠦᠭᠡᠯᠡᠬᠦ ᠭᠦᠴᠦᠨ ᠲᠠᠢ ᠦᠪᠡᠷ ᠢ᠋ᠶ᠋ᠠᠨ ᠮᠠᠰᠢᠨ ᠵᠢᠯᠣᠭᠣᠳᠴᠤ ᠵᠢᠭᠤᠯᠴᠢᠯᠠᠬᠤ ᠨᠠᠷᠠᠲᠤ ᠲᠡᠮᠳᠡᠭᠳᠤ ᠪᠣᠯᠵᠣ᠌᠂ ᠳᠡᠰ ᠠ᠋ᠴᠠ ᠳᠠᠪᠠᠭᠰᠠᠨ ᠮᠠᠰᠢᠨ ᠲᠡᠷᠭᠡᠨ ᠦ᠌ ᠦᠪᠡᠳᠡᠭᠰᠢ ᠴᠤᠭᠯᠠᠭᠠᠨ᠂ ᠲᠤᠭ᠍ᠰᠢᠨ ᠠᠷᠢᠶᠠᠳᠠᠨ ᠤ᠋ ᠬᠦᠷᠢᠶᠡᠯᠡᠩ ᠵᠡᠷᠭᠡ ᠵᠢ ᠭᠦᠨᠵᠡᠭᠡᠢ ᠡᠷᠬᠢᠯᠡᠵᠦ᠂ ᠪᠡᠶᠡᠴᠢᠯᠡᠨ ᠣᠢᠯᠠᠭᠠᠬᠤ ᠬᠡᠷᠡᠭᠯᠡᠭᠡᠨ ᠦ᠌ ᠲᠠᠯᠠᠪᠤᠷ ᠲᠠᠰᠤᠷᠠᠯᠲᠠ ᠥᠬᠡᠶ ᠪᠣᠶ ᠪᠣᠯᠪᠠ᠃

ᠪᠥᠬᠥ ᠵᠢᠯ ᠳ᠋ᠦ᠍ ᠵᠢᠭᠤᠯᠴᠢᠯᠠᠭᠴᠢᠳ ᠢ᠋ 650 ᠲᠦᠮᠡᠨ ᠬᠥᠮᠦᠨ ᠤᠳᠠᠭ᠎ᠠ ᠭᠥᠯᠢᠶᠡᠨ ᠠᠪᠴᠤ᠂ ᠵᠢᠭᠤᠯᠴᠢᠯᠠᠯ ᠤ᠋ᠨ ᠶᠡᠷᠦᠩᠬᠡᠢᠯᠡᠭᠰᠡᠨ ᠣᠷᠣᠯᠭ᠎ᠠ ᠶ᠋ᠢ 77.4 ᠳ᠋ᠦᠩᠰᠢᠭᠤᠷ ᠲᠥᠭᠥᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ᠋ ᠬᠢ ᠡᠴᠡ ᠲᠣᠰ ᠲᠣᠰ 10.2% ᠪᠠ 10.4% ᠪᠠᠷ ᠨᠡᠮᠡᠭᠳᠡᠪᠡ᠃ ᠥᠪᠡᠷᠲᠡᠭᠡᠨ ᠵᠠᠰᠠᠬᠤ ᠣᠷᠣᠨ ᠤ᠋ ᠠᠩᠬᠠᠳᠠᠭ᠍ᠴᠢ ᠪᠦᠯᠦᠭ ᠤ᠋ᠨ ᠵᠢᠭᠤᠯᠴᠢᠯᠠᠯ ᠤ᠋ᠨ ᠨᠡᠷᠡᠲᠦ ᠬᠤᠰᠢᠭᠤ ᠪᠡᠷ ᠦᠨᠡᠯᠡᠭᠳᠡᠵᠦ᠂ ᠨᠢᠴᠦᠬᠦᠨ ᠲᠤᠷᠪᠢᠯ ᠠᠭᠤᠯᠠ ᠶ᠋ᠢᠨ ᠦᠵᠡᠮᠵᠢ ᠶ᠋ᠢᠨ ᠣᠷᠣᠨ᠂ ᠬᠤᠰᠦ᠎ᠲᠦ ᠬᠦᠷᠢᠶ᠎ᠡ ᠦᠵᠡᠮᠵᠢ ᠶ᠋ᠢᠨ ᠣᠷᠣᠨ ᠢ᠋ ᠠᠮᠵᠢᠯᠲᠠ ᠲᠠᠶ ᠪᠠᠷ ᠤᠯᠤᠰ ᠤ᠋ᠨ 4A᠂ 3A ᠲᠡᠰ ᠤ᠋ᠨ ᠦᠵᠡᠮᠵᠢ ᠶ᠋ᠢᠨ ᠣᠷᠣᠨ ᠪᠣᠯᠭᠠᠨ ᠲᠡᠰ ᠳᠡᠪᠰᠢᠭᠦᠯᠵᠦ᠂ ᠬᠦᠨᠴᠦᠭᠲᠦ ᠲᠣᠰᠬᠣᠨ ᠨᠢ ᠥᠪᠡᠷᠲᠡᠭᠡᠨ ᠵᠠᠰᠠᠬᠤ ᠣᠷᠣᠨ ᠤ᠋ ᠬᠥᠳᠡᠭᠡ ᠲᠣᠰᠬᠣᠨ ᠤ᠋ ᠵᠢᠭᠤᠯᠴᠢᠯᠠᠯ ᠤ᠋ᠨ ᠭᠣᠣᠯᠳᠠᠯᠭ᠎ᠠ ᠲᠠᠶ ᠲᠣᠰᠬᠣᠨ ᠢ᠋ᠶ᠋ᠠᠷ ᠦᠨᠡᠯᠡᠭᠳᠡᠵᠦ᠂ ᠲᠢᠶᠠᠨ ᠮᠦ᠍ ᠬᠠᠯᠠᠭᠤᠨ ᠷᠠᠰᠢᠶᠠᠨ ᠤ᠋ ᠵᠢᠵᠢᠭ ᠪᠠᠯᠭᠠᠰᠤ ᠨᠢ ᠪᠦᠬᠦ ᠤᠯᠤᠰ ᠤ᠋ᠨ 《ᠬᠠᠮᠤᠭ ᠰᠠᠢᠨ ᠬᠠᠯᠠᠭᠤᠨ ᠷᠠᠰᠢᠶᠠᠨ ᠤ᠋ ᠵᠢᠭᠤᠯᠴᠢᠯᠠᠯ ᠤ᠋ᠨ ᠵᠤᠷᠢᠯᠳᠠ᠎ᠲᠦ ᠤᠷᠤᠨ》 ᠤ᠋ ᠵᠢᠨ ᠲᠠᠩ ᠱᠠᠩᠨᠠᠯ ᠬᠦᠷᠲᠡᠵᠦ᠂ ᠤᠯᠤᠰ ᠪᠠᠢᠭᠤᠯᠤᠭᠳᠠᠭᠰᠠᠨ ᠪᠠᠶᠠᠷ᠂ ᠨᠠᠶ᠋ᠮᠠᠨ ᠰᠠᠷ᠎ᠠ ᠶ᠋ᠢᠨ ᠲᠡᠷᠭᠡᠯ ᠪᠠᠶᠠᠷ ᠤ᠋ᠨ ᠬᠤᠭᠤᠴᠠᠭᠠᠨ ᠳ᠋ᠤ᠌ ᠲᠥᠩ ᠴᠧᠩ ᠲᠠᠪᠴᠠᠩ ᠤ᠋ᠨ ᠵᠣᠴᠢᠳ ᠤ᠋ᠨ ᠪᠠᠭᠤᠳᠠᠯ ᠤ᠋ᠨ ᠵᠠᠬᠢᠶᠠᠯᠠᠭ᠎ᠠ ᠶ᠋ᠢᠨ ᠨᠡᠮᠡᠭᠳᠡᠯ ᠤ᠋ᠨ ᠬᠡᠮᠵᠢᠶ᠎ᠡ ᠪᠦᠬᠦ ᠤᠯᠤᠰ ᠲᠤ᠌ 3 ᠳ᠋ᠤᠭᠠᠷ ᠲᠤ᠌ ᠣᠷᠣᠵᠤ᠂ 《ᠴᠢᠯᠦᠭᠡᠲᠦ ᠠᠶᠠᠯᠠᠯ ᠬᠡᠰᠢᠭᠲᠡᠨ》 ᠦ᠌ ᠲᠦᠷᠦᠯ ᠲᠡᠮᠲᠡᠭ᠎ᠤᠨ ᠨᠥᠯᠥᠭᠡᠯᠡᠬᠦ ᠬᠦᠴᠦᠨ ᠦᠷᠭᠦᠯᠵᠢᠯᠡᠨ ᠳᠡᠭᠡᠭᠰᠢᠯᠡᠪᠡ᠃

ᠠᠷᠪᠠᠨ ᠲᠦᠷᠪᠡᠳᠤᠭᠡᠷ ᠲᠠᠪᠤᠨ ᠵᠢᠯ᠎ᠤᠨ ᠲᠦᠯᠦᠪᠵᠢᠬᠦᠯᠬᠡ᠎ᠶᠢᠨ ᠬᠤᠭᠤᠴᠠᠭᠠᠨ ᠳ᠋ᠤ᠌ ᠨᠡᠢᠲᠡ 97 ᠳ᠋ᠦᠩᠰᠢᠭᠤᠷ ᠲᠥᠭᠥᠷᠢᠭ ᠦ᠋ᠨ ᠪᠡᠯᠡ ᠣᠷᠣᠭᠤᠯᠵᠤ᠂ 30 ᠰᠤᠶᠤᠯ ᠵᠢᠭᠤᠯᠴᠢᠯᠠᠯ ᠤ᠋ᠨ ᠭᠣᠣᠯᠳᠠᠯᠭ᠎ᠠ ᠲᠠᠶ ᠲᠥᠷᠥᠯ ᠵᠦᠢᠯ ᠢ᠋ ᠬᠡᠷᠡᠭᠵᠢᠭᠦᠯᠪᠡ᠃ 4 ᠲᠣᠮᠣ᠌ ᠰᠣᠶᠣᠯ ᠵᠢᠭᠤᠯᠴᠢᠯᠠᠯ ᠤ᠋ᠨ IP ᠲᠠᠷᠤᠢ 《ᠤᠯᠠᠭᠠᠨᠪᠦᠲᠦᠩ᠎ᠦᠨ ᠲᠠᠯ᠎ᠠ ᠨᠤᠲᠤᠭ᠎ᠤᠨ ᠳᠠᠭᠤᠤ ᠬᠥᠭᠵᠢᠮ᠎ᠦᠨ ᠤᠯᠠᠷᠢᠯ》 《ᠲᠡᠯᠡᠢᠨᠠᠭᠤᠷᠤᠨ ᠡᠪᠦᠯ᠎ᠦᠨ ᠤᠯᠠᠷᠢᠯ ᠤ᠋ᠨ ᠵᠢᠭᠠᠰᠤ ᠠᠩᠨᠠᠬᠤ ᠵᠢᠭᠤᠯᠴᠢᠯᠠᠯ》 《ᠠᠯᠲᠠᠨ ᠨᠠᠮᠤᠷ ᠮᠥᠩᠭᠥᠨ ᠡᠪᠦᠯ᠎ᠦᠨ ᠬᠡᠷᠡᠯ ᠵᠢᠷᠤᠭ᠎ᠤᠨ ᠤᠷᠤᠯᠳᠤᠭᠠᠨ》《ᠬᠡᠰᠢᠭᠲᠡᠨ᠎ᠢᠶᠡᠷ ᠵᠢᠭᠤᠯᠴᠢᠯᠠᠬᠤ》 ᠶ᠋ᠢᠨ ᠨᠥᠯᠥᠭᠡᠯᠡᠬᠦ ᠬᠦᠴᠦᠨ ᠢ᠋ ᠵᠢᠯ ᠳᠠᠷᠠᠭᠠᠯᠠᠨ ᠦᠷᠭᠡᠳᠬᠡᠵᠦ᠂ 《ᠴᠢᠯᠦᠭᠡᠲᠦ ᠠᠶᠠᠯᠠᠯ ᠬᠡᠰᠢᠭᠲᠡᠨ》 ᠵᠢᠭᠤᠯᠴᠢᠯᠠᠯ ᠤ᠋ᠨ ᠳᠦᠷᠦᠯ ᠳᠡᠮᠳᠡᠭ ᠨᠡᠷ᠎ᠡ ᠠᠯᠳᠠᠷᠰᠢᠵᠦ᠂ ᠵᠢᠭᠤᠯᠴᠢᠯᠠᠯ ᠤ᠋ᠨ ᠬᠥᠮᠦᠨ ᠤᠳᠠᠭ᠎ᠠ᠂ ᠶᠡᠷᠦᠩᠬᠡᠢᠯᠡᠭᠰᠡᠨ ᠣᠷᠣᠯᠭ᠎ᠠ ᠵᠢᠯ ᠳᠤᠮᠳᠠᠴᠢ ᠪᠠᠷ ᠲᠣᠰ ᠲᠣᠰ 10.8% ᠪᠠ 10.6% ᠪᠡᠷ ᠨᠡᠮᠡᠭᠳᠡᠪᠡ᠃《ᠵᠢᠷᠤᠮᠵᠢᠭᠤᠯᠬᠤ᠂ ᠨᠢᠭᠡᠳᠬᠡᠬᠦ᠂ ᠰᠠᠢᠵᠢᠷᠠᠭᠤᠯᠬᠤ》 ᠬᠥᠭᠵᠢᠯᠲᠡ᠎ᠶᠢᠨ ᠰᠡᠳᠬᠢᠮᠵᠢ᠎ᠶᠢ ᠪᠠᠷᠢᠮᠲᠠᠯᠠᠵᠤ᠂ 《ᠬᠣᠭᠣᠯᠠ ᠤᠮᠳᠠ ᠬᠣᠨᠣᠭ ᠪᠠᠭᠤᠳᠠᠯ ᠠᠶᠠᠯᠠᠯ ᠵᠢᠭᠤᠯᠴᠢᠯᠠᠯ ᠠᠷᠠᠯᠵᠢᠶ᠎ᠠ ᠬᠤᠳᠠᠯᠲᠤᠭ᠎ᠠ ᠵᠤᠭ᠎ᠠ ᠴᠡᠩᠭᠡᠯ》 ᠤ᠋ᠨ ᠪᠦᠬᠦ ᠵᠦᠢᠯ ᠪᠦᠬᠦ ᠶᠠᠪᠤᠴᠠ᠎ᠶᠢ ᠬᠠᠮᠤᠷᠤᠭᠰᠠᠨ ᠶᠡᠷᠦᠩᠬᠡᠶ᠋ᠢᠯᠡᠭᠰᠡᠨ ᠴᠢᠨᠠᠷᠲᠠᠢ ᠵᠢᠭᠤᠯᠴᠢᠯᠠᠯ᠎ᠤᠨ ᠲᠦᠷᠦᠯ ᠲᠡᠮᠳᠡᠭ᠎ᠢ ᠬᠦᠴᠦᠨ ᠢ᠋ᠶ᠋ᠠᠨ ᠲᠦᠪᠯᠡᠷᠡᠭᠦᠯᠦᠨ ᠴᠢᠷᠮᠡᠢᠨ ᠡᠭᠦᠳᠴᠦ᠂ ᠪᠦᠬᠦ ᠬᠤᠲᠠ ᠴᠢᠨᠠᠭᠰᠢᠯᠠᠪᠠᠯ ᠪᠦᠬᠦ ᠣᠷᠣᠨ᠎ᠤ ᠵᠢᠭᠤᠯᠴᠢᠯᠠᠯ᠎ᠤᠨ ᠠᠵᠤ ᠦᠢᠯᠡᠰ᠎ᠤᠨ ᠡᠮᠦᠨ᠎ᠡ᠎ᠨᠢ ᠶᠠᠪᠤᠵᠤ᠂ ᠦᠯᠢᠭᠡᠷ ᠳᠠᠭᠤᠷᠢᠶᠠᠯ ᠪᠣᠯᠵᠤ᠂ ᠬᠡᠪ ᠳᠠᠭᠤᠷᠢᠶᠠᠯ ᠦᠵᠡᠭᠦᠯᠵᠦ᠂ ᠬᠡᠰᠢᠭᠲᠡᠨ ᠬᠣᠰᠢᠭᠤᠨ᠎ᠤ ᠵᠢᠭᠤᠯᠴᠢᠯᠠᠯ ᠤᠨ ᠠᠮᠤᠷ ᠲᠦᠪᠰᠢᠨ ᠵᠢᠴᠢ ᠵᠢᠭᠤᠯᠴᠢᠯᠠᠯ᠎ᠤᠨ ᠦᠢᠯᠡᠰ᠎ᠢ ᠵᠢᠷᠤᠮᠵᠢᠭᠤᠯᠤᠨ ᠴᠡᠭᠴᠡᠯᠡᠨ ᠵᠠᠰᠠᠬᠤ ᠲᠤᠰᠬᠠᠢ ᠠᠵᠢᠯᠯᠠᠭ᠎ᠠ᠂ ᠬᠡᠰᠢᠭᠲᠡᠨ ᠬᠣᠰᠢᠭᠤᠨ᠎ᠤ 《ᠲᠠᠯ᠎ᠠ ᠨᠤᠲᠤᠭ᠎ᠤᠨ ᠠᠷᠢᠭᠤᠨ ᠴᠡᠪᠡᠷ ᠢ᠋ ᠬᠠᠮᠠᠭᠠᠯᠠᠬᠤ》 ᠲᠤᠰᠬᠠᠢ ᠠᠵᠢᠯᠯᠠᠭ᠎ᠠ᠂ ᠵᠢᠭᠤᠯᠴᠢᠯᠠᠭᠴᠢᠳ ᠲᠤ᠌ ᠮᠣᠷᠢ ᠤᠨᠤᠭᠤᠯᠬᠤ ᠠᠵᠢᠯᠯᠠᠭ᠎ᠠ ᠶ᠋ᠢ ᠲᠤᠰᠬᠠᠢ ᠲᠦᠷᠦᠯ ᠢ᠋ᠶ᠋ᠠᠷ ᠴᠡᠭᠴᠡᠯᠡᠨ ᠵᠠᠰᠠᠬᠤ ᠠᠵᠢᠯᠯᠠᠭ᠎ᠠ ᠭᠤᠷᠪᠠᠨ ᠶᠡᠬᠡ ᠲᠤᠰᠬᠠᠢ ᠠᠵᠢᠯᠯᠠᠭ᠎ᠠ᠎ᠶᠢ ᠪᠠᠢᠩᠭᠤᠵᠢᠭᠤᠯᠤᠨ ᠥᠷᠨᠢᠭᠦᠯᠵᠦ᠂ ᠤᠯᠠᠭᠠᠨᠪᠤᠳᠤᠩ — ᠬᠤᠰᠤᠲᠤ ᠬᠦᠷᠢᠶ᠎ᠡ᠂ ᠰᠢᠷᠠᠮᠦ᠋ᠷᠡᠨ ᠤ᠋ ᠶᠡᠬᠡ ᠬᠠᠪᠴᠢᠯ᠂ ᠳᠠᠯᠠᠢᠨᠠᠭᠤᠷ᠂ ᠠᠰᠬᠠᠲᠤ — ᠬᠤᠩᠭᠤ ᠶ᠋ᠢᠨ ᠳᠠᠪᠠᠭ᠎ᠠ ᠳᠥᠷᠪᠡᠨ ᠶᠡᠬᠡ ᠦᠵᠡᠮᠵᠢ᠎ᠶᠢᠨ ᠣᠷᠣᠨ᠎ᠤ ᠴᠤᠭᠯᠠᠷᠠᠯ᠎ᠢᠶᠠᠷ ᠬᠥᠳᠡᠯᠭᠡᠭᠦᠷ ᠪᠣᠯᠭᠠᠨ᠂ 《ᠳᠤᠮᠳᠠᠳᠤ ᠤᠯᠤᠰ᠎ᠤᠨ ᠤᠮᠠᠷᠠᠲᠤ ᠬᠢᠯᠢ ᠶ᠋ᠢᠨ ᠦᠵᠡᠮᠵᠢ᠎ᠶᠢᠨ ᠶᠡᠬᠡ ᠵᠠᠮ》 ᠵᠢᠡᠷ ᠰᠤᠳᠠᠰᠤ ᠪᠣᠯᠭᠠᠵᠤ᠂ ᠦᠵᠡᠮᠵᠢ᠎ᠶᠢᠨ ᠣᠷᠣᠨ᠎ᠤ ᠴᠤᠭᠯᠠᠷᠠᠯ᠎ᠢ ᠹᠢᠽᠢᠺ᠎ᠦᠨ ᠴᠤᠭᠯᠠᠷᠠᠯ᠎ᠡᠴᠡ ᠴᠢᠳᠠᠮᠵᠢ ᠪᠡᠨ ᠬᠠᠷᠢᠯᠴᠠᠨ ᠨᠥᠬᠥᠪᠦᠷᠢᠯᠡᠬᠦ᠂ ᠬᠣᠯᠪᠤᠭᠠᠯᠠᠨ ᠬᠥᠭᠵᠢᠬᠦ ᠳᠠᠰᠢ ᠲᠠᠰ ᠳᠡᠪᠰᠢᠭᠦᠯᠬᠦ᠎ᠶᠢ ᠠᠬᠢᠭᠤᠯᠤᠨ᠎ᠠ᠃ ᠳᠡᠭᠡᠳᠦ ᠲᠠᠰ᠎ᠤᠨ ᠠᠮᠠᠷᠠᠯᠲᠠ᠂ ᠭᠦᠨᠵᠡᠭᠡᠢ ᠪᠡᠶᠡᠴᠢᠯᠡᠯ ᠣᠢᠯᠠᠭᠠᠯᠲᠠ᠂ ᠣᠶᠤᠨᠴᠢ ᠵᠢᠭᠤᠯᠴᠢᠯᠠᠯ᠂ ᠳᠣᠣᠷ᠎ᠠ ᠠᠭᠠᠷ᠎ᠤᠨ ᠨᠢᠰᠦᠯᠲᠡ ᠵᠡᠷᠭᠡ ᠡᠵᠡᠩᠨᠡᠯᠲᠡ᠎ᠶᠢᠨ ᠪᠠᠢᠳᠠᠯ᠎ᠢ ᠬᠥᠭᠵᠢᠭᠦᠯᠵᠦ᠂ 2030 ᠣᠨ ᠪᠣᠯᠬᠤ᠎ᠳᠤ᠂ ᠵᠢᠯ᠎ᠳᠦ ᠤᠯᠤᠰ᠎ᠤᠨ ᠳᠣᠲᠣᠭᠠᠳᠤ ᠭᠠᠳᠠᠭᠠᠳᠤ᠎ᠶᠢᠨ ᠵᠢᠭᠤᠯᠴᠢᠯᠠᠭ᠍ᠴᠢᠳ᠎ᠢ 1000 ᠲᠦᠮᠡᠨ ᠬᠥᠮᠥᠨ ᠤᠳᠠᠭ᠎ᠠ ᠡᠴᠠ ᠳᠡᠭᠡᠭᠰᠢ ᠭᠥᠯᠢᠶᠡᠨ ᠠᠪᠬᠤ᠎ᠶᠢ ᠪᠡᠶᠡᠯᠡᠭᠦᠯᠵᠦ᠂ ᠵᠢᠭᠤᠯᠴᠢᠯᠠᠯ᠎ᠤᠨ ᠶᠡᠷᠦᠩᠬᠡᠢᠯᠡᠭᠰᠡᠨ ᠣᠷᠣᠯᠭ᠎ᠠ᠎ᠶᠢ 100 ᠳ᠋ᠦᠩᠰᠢᠭᠤᠷ ᠲᠥᠭᠥᠷᠢᠭ᠎ᠡᠴᠡ ᠳᠡᠭᠡᠭᠰᠢ ᠳᠠᠪᠠᠭᠤᠯᠬᠤ᠎ᠪᠠᠷ ᠴᠢᠷᠮᠠᠢᠵᠦ ᠪᠠᠢᠨ᠎ᠠ᠃
2026 ᠣᠨ ᠳ᠋ᠤ᠌ ᠬᠡᠰᠢᠭᠳᠡᠨ ᠬᠤᠰᠢᠭᠤ ᠨᠢ ᠣᠳᠣ᠌ ᠦᠶ᠎ᠡ᠎ᠶᠢᠨ ᠦᠢᠯᠡᠴᠢᠯᠡᠭᠡᠨ᠎ᠤ ᠦᠢᠯᠡᠰ᠎ᠢ ᠲᠦᠷᠭᠡᠳᠬᠡᠨ ᠬᠦᠭᠵᠢᠬᠦᠯᠬᠦ᠎ᠶᠢ ᠰᠠᠢᠳᠦᠷ ᠠᠳᠬᠤᠬᠤ ᠪᠡᠷ ᠪᠤᠢ᠃ ᠤᠳᠤ ᠦᠶ᠎ᠡ᠎ᠶᠢᠨ ᠬᠤᠳᠠᠯᠳᠤᠭᠠᠨ᠎ᠤ ᠲᠤᠭᠲᠠᠯᠴᠠᠭ᠎ᠠ ᠶ᠋ᠢᠨ ᠪᠠᠶ᠋ᠢᠭᠤᠯᠤᠯᠲᠠ ᠪᠠ ᠵᠢᠭᠤᠯᠴᠢᠯᠠᠯ᠎ᠤᠨ ᠦᠢᠯᠡᠰ᠎ᠤᠨ ᠴᠢᠨᠠᠷ ᠰᠠᠶ᠋ᠢᠲᠠᠢ ᠬᠥᠭᠵᠢᠯᠲᠡ᠎ᠶᠢᠨ ᠲᠣᠭᠤᠷᠢᠨ᠎ᠳᠤ᠂ ᠬᠡᠷᠡᠭᠯᠡᠭᠡ᠎ᠶᠢ ᠶᠡᠬᠡ ᠪᠡᠷ ᠬᠥᠭᠵᠢᠭᠡᠵᠦ᠂ ᠵᠢᠭᠤᠯᠴᠢᠯᠠᠯ᠎ᠤᠨ ᠠᠵᠤ ᠠᠬᠤᠢ᠎ᠶᠢ ᠳᠡᠭᠡᠭᠰᠢᠯᠡᠭᠦᠯᠵᠦ᠂ ᠦᠢᠯᠡᠴᠢᠯᠡᠭᠡᠨ᠎ᠤ ᠦᠢᠯᠡᠰ᠎ᠤᠨ ᠰᠠᠶ᠋ᠢᠵᠢᠷᠠᠯᠲᠠ᠎ᠲᠠᠢ ᠬᠥᠭᠵᠢᠬᠦ᠎ᠶᠢ ᠠᠬᠢᠭᠤᠯᠤᠨ᠎ᠠ᠃ ᠰᠤᠶᠤᠯ ᠵᠢᠭᠤᠯᠴᠢᠯᠠᠯ ᠤ᠋ᠨ ᠠᠵᠤ ᠦᠢᠯᠡᠰ᠎ᠤᠨ《ᠲᠣᠭᠠᠨ᠎ᠤ ᠬᠤᠪᠢᠷᠠᠯᠲᠠ》 ᠡᠴᠡ 《ᠴᠢᠨᠠᠷ᠎ᠤᠨ ᠬᠤᠪᠢᠷᠠᠯᠲᠠ》 ᠳᠡᠢᠰᠢ ᠠᠬᠢᠬᠤ᠎ᠶᠢ ᠲᠦᠷᠭᠡᠳᠬᠡᠨ᠎ᠡ᠃ ᠭᠤᠷᠪᠠᠨ ᠶᠡᠭᠡ ᠲᠤᠰᠬᠠᠶ ᠠᠵᠢᠯᠯᠠᠭ᠎ᠠ ᠲᠠᠷᠤᠢ ᠬᠡᠰᠢᠭᠲᠡᠨ ᠬᠣᠰᠢᠭᠤᠨ᠎ᠤ ᠵᠢᠭᠤᠯᠴᠢᠯᠠᠯ᠎ᠤᠨ ᠠᠮᠤᠷ ᠲᠦᠪᠰᠢᠨ ᠵᠢᠴᠢ ᠵᠢᠭᠤᠯᠴᠢᠯᠠᠯ᠎ᠤᠨ ᠦᠢᠯᠡᠰ ᠢ ᠵᠢᠷᠤᠮᠵᠢᠭᠤᠯᠤᠨ ᠴᠡᠭᠴᠡᠯᠡᠨ ᠵᠠᠰᠠᠬᠤ ᠲᠤᠰᠬᠠᠢ ᠠᠵᠢᠯᠯᠠᠭ᠎ᠠ᠂ ᠬᠡᠰᠢᠭᠲᠡᠨ ᠬᠣᠰᠢᠭᠤᠨ᠎ᠤ 《ᠲᠠᠯ᠎ᠠ ᠨᠤᠲᠤᠭ᠎ᠤᠨ ᠠᠷᠢᠭᠤᠨ ᠴᠡᠪᠡᠷ ᠢ᠋ ᠬᠠᠮᠠᠭᠠᠯᠠᠬᠤ》 ᠲᠤᠰᠬᠠᠢ ᠠᠵᠢᠯᠯᠠᠭ᠎ᠠ᠂ ᠬᠡᠰᠢᠭᠲᠡᠨ ᠬᠣᠰᠢᠭᠤᠨ᠎ᠤ 《ᠮᠣᠷᠢᠳᠠᠢ ᠠᠵᠢᠯᠯᠠᠭ᠎ᠠ》 ᠶ᠋ᠢ ᠲᠤᠰᠬᠠᠢ ᠲᠦᠷᠦᠯ ᠢ᠋ᠶ᠋ᠠᠷ ᠴᠡᠭᠴᠡᠯᠡᠨ ᠵᠠᠰᠠᠬᠤ ᠠᠵᠢᠯᠯᠠᠭ᠎ᠠ ᠶ᠋ᠢ ᠭᠦᠨᠵᠡᠭᠡᠶ ᠥᠷᠨᠢᠭᠦᠯᠵᠦ᠂ ᠰᠠᠯᠠᠭ᠎ᠠ ᠮᠥᠴᠢᠷ ᠠᠯᠤᠰᠯᠠᠨ ᠬᠠᠮᠲᠤ ᠪᠡᠷ ᠬᠠᠤᠯᠢ ᠬᠡᠷᠡᠭᠵᠢᠭᠦᠯᠬᠦ ᠲᠣᠭᠲᠠᠴᠠ᠎ᠶᠢ ᠲᠡᠭᠦᠯᠳᠡᠷᠵᠢᠭᠦᠯᠦᠨ᠂ ᠳᠤᠷ᠎ᠠ᠎ᠪᠠᠷ᠎ᠢᠶᠠᠨ ᠪᠠᠶ᠋ᠢᠭᠤᠯᠤᠭᠰᠠᠨ᠂ ᠵᠠᠮ ᠬᠠᠷᠢᠯᠴᠠᠭ᠎ᠠ ᠲᠦᠭᠵᠢᠷᠡᠭᠰᠡᠨ᠂ ᠲᠣᠭᠲᠠᠭᠠᠯ᠎ᠠᠴᠠ ᠵᠥᠷᠢᠴᠡᠨ ᠮᠣᠷᠢ ᠤᠨᠤᠭᠤᠯᠬᠤ ᠵᠡᠷᠭᠡ ᠲᠣᠪᠤᠶ᠋ᠢᠮ᠎ᠠ ᠠᠰᠠᠭᠤᠳᠠᠯ᠎ᠢ ᠰᠢᠰᠲᠧᠮ᠎ᠲᠠᠢ᠎ᠪᠠᠷ ᠴᠡᠭᠴᠡᠯᠡᠨ ᠵᠠᠰᠠᠨ᠎ᠠ᠃ ᠰᠣᠶᠣᠯ ᠵᠢᠭᠤᠯᠴᠢᠯᠠᠯ᠎ᠤᠨ 《ᠬᠠᠲᠠᠭᠤ ᠲᠣᠨᠤᠭ》 ᠤ᠋ᠨ ᠬᠢᠷᠢ ᠲᠦᠪᠰᠢᠨ᠎ᠢ ᠳᠡᠭᠡᠭᠰᠢᠯᠡᠭᠦᠯᠵᠦ᠂ ᠰᠢᠷᠠᠮᠥ᠋ᠷᠡᠨᠤ ᠶᠡᠭᠡ ᠬᠠᠪᠴᠢᠯ᠎ᠤᠨ ᠠᠮᠢ ᠠᠬᠤᠶ᠎ᠶᠢᠨ ᠵᠢᠭᠤᠯᠴᠢᠯᠠᠯ᠎ᠤᠨ ᠣᠷᠣᠨ᠎ᠤ ᠪᠥᠲᠥᠭᠡᠨ ᠪᠠᠶ᠋ᠢᠭᠤᠯᠤᠯᠲᠠ᠎ᠶᠢ ᠲᠦᠷᠭᠡᠳᠬᠡᠨ ᠠᠬᠢᠭᠤᠯᠵᠤ᠂ ᠠᠰᠬ᠎ᠠ᠎ᠲᠦ ᠶ᠋ᠢᠨ ᠪᠠᠷᠠᠭᠤᠨ ᠡᠭᠦᠳᠡᠨ᠎ᠤ ᠨᠢᠭᠡᠳᠦᠭᠡᠷ ᠬᠤᠭᠤᠴᠠᠭ᠎ᠠ᠂ ᠬᠤᠩᠭᠤ᠎ᠶᠢᠨ ᠳᠠᠪᠠᠭ᠎ᠠ᠎ᠶᠢᠨ 2029 ᠥᠷᠲᠡᠭᠡ᠂ ᠳᠠᠷᠬᠠᠠᠠᠠᠭᠤᠯᠠ ᠠ᠋ᠴᠠ ᠳᠠᠭᠠᠴᠠ ᠬᠦᠷᠬᠦ ᠱᠤᠭᠤᠮ᠎ᠤᠨ 1 ᠳ᠋ᠤᠭᠡᠷ ᠥᠷᠲᠡᠭᠡ ᠵᠡᠷᠭᠡ ᠲᠥᠷᠥᠯ ᠵᠦᠢᠯ᠎ᠢ ᠪᠠᠶ᠋ᠢᠭᠤᠯᠤᠨ ᠠᠰᠢᠭ᠍ᠯᠠᠯᠲᠠ᠎ᠳᠤ ᠣᠷᠣᠭᠤᠯᠬᠤ᠎ᠶᠢ ᠬᠦᠴᠦᠯᠡᠨ ᠠᠬᠢᠭᠤᠯᠵᠤ᠂ ᠠᠪᠳᠠᠷ᠎ᠠ᠎ᠲᠦ ᠦᠵᠡᠮᠵᠢ᠎ᠶᠢᠨ ᠣᠷᠣᠨ᠎ᠤ ᠶᠠᠰᠤ ᠴᠢᠨᠠᠷ᠎ᠢ ᠲᠠᠰ ᠳᠡᠪᠰᠢᠭᠦᠯᠬᠦ᠂ ᠪᠢᠷᠠᠭᠤ ᠠ᠋ᠴᠠ ᠤᠯᠠᠭᠠᠠᠪᠤᠲᠤᠩ ᠬᠦᠷᠬᠦ ᠦᠨᠲᠦᠷ ᠬᠤᠷᠲᠤᠴᠠᠲᠦ ᠵᠠᠰᠠᠮᠠᠯ ᠵᠠᠮ ᠳᠠᠭᠠᠤ᠎ᠶᠢᠨ ᠨᠡᠭᠡᠭᠡᠨ ᠬᠥᠭᠵᠢᠭᠦᠯᠦᠯᠲᠡ ᠵᠡᠷᠭᠡ ᠭᠤᠤᠯᠳᠠᠯᠭ᠎ᠠ᠎ᠲᠠᠢ ᠲᠥᠷᠥᠯ ᠵᠦᠢᠯ᠎ᠢ ᠡᠮᠬᠢ ᠵᠢᠷᠤᠮ᠎ᠲᠠᠢ ᠬᠡᠷᠡᠭᠵᠢᠭᠦᠯᠵᠦ᠂ 《ᠤᠮᠠᠷᠠᠲᠤ ᠬᠢᠯᠢ᠎ᠶᠢᠨ ᠦᠵᠡᠮᠵᠢ᠎ᠶᠢᠨ ᠶᠡᠬᠡ ᠵᠠᠮ》 ᠳᠠᠭᠠᠤ᠎ᠶᠢᠨ ᠭᠤᠤᠯᠳᠠᠯᠭ᠎ᠠ᠎ᠲᠠᠢ ᠣᠷᠣᠨ ᠪᠦᠰᠡ᠎ᠶᠢᠨ ᠬᠤᠳᠠᠯᠳᠤᠭᠠᠨ᠎ᠤ ᠢᠵᠢ ᠪᠥᠷᠢᠳᠦᠭᠦᠯᠬᠦ᠎ᠶᠢ ᠲᠡᠭᠦᠯᠳᠡᠷᠵᠢᠭᠦᠯᠦᠨ᠂ 4 ᠵᠢᠭᠤᠯᠴᠢᠯᠠᠯ᠎ᠤᠨ ᠥᠷᠲᠡᠭᠡ᠂ 12 ᠳᠡᠭᠡᠳᠦ ᠲᠠᠰ᠎ᠤᠨ ᠠᠷᠠᠳ᠎ᠤᠨ ᠪᠠᠭᠤᠴᠠ᠎ᠶᠢ ᠰᠢᠨ᠎ᠡ᠎ᠪᠠᠷ ᠪᠠᠶ᠋ᠢᠭᠤᠯᠵᠤ᠂ 《ᠦᠵᠡᠭᠦᠯᠭᠡ》 《ᠰᠥᠨᠢ᠎ᠶᠢᠨ ᠵᠢᠭᠤᠯᠴᠢᠯᠠᠯ》 ᠵᠡᠷᠭᠡ ᠣᠨᠴᠠᠯᠢᠭ᠍ᠲᠤ ᠡᠵᠡᠩᠨᠡᠯᠲᠡ᠎ᠶᠢᠨ ᠪᠠᠶ᠋ᠢᠳᠠᠯ᠎ᠢ ᠪᠣᠶ ᠪᠣᠯᠭᠠᠵᠤ᠂ ᠵᠢᠭᠤᠯᠴᠢᠯᠠᠭ᠍ᠴᠢᠳ ᠢ᠋ 《ᠡᠮᠦᠨ᠎ᠡ ᠠ᠋ᠴᠠ ᠤᠮᠠᠷᠠᠰᠢ》 ᠵᠠᠯᠭᠠᠨ ᠵᠢᠭᠤᠯᠴᠢᠯᠠᠭᠤᠯᠬᠤ ᠦᠢᠯᠡᠴᠢᠯᠡᠭᠡᠨ᠎ᠤ ᠴᠢᠳᠠᠪᠤᠷᠢ᠎ᠶᠢ ᠪᠥᠬᠦ ᠲᠠᠯ᠎ᠠ᠎ᠪᠠᠷ ᠳᠡᠭᠡᠭᠰᠢᠯᠡᠭᠦᠯᠦᠨ᠎ᠡ᠃
ᠰᠣᠶᠣᠯ ᠵᠢᠭᠤᠯᠴᠢᠯᠠᠯ᠎ᠤᠨ ᠲᠦᠷᠦᠯ ᠲᠡᠮᠳᠡᠭ᠎ᠢ ᠦᠷᠭᠦᠯᠵᠢᠯᠡᠨ ᠪᠠᠳᠠᠷᠠᠭᠤᠯᠵᠦ᠂《ᠴᠢᠯᠦᠭᠡᠲᠦ ᠠᠶᠠᠯᠠᠯ ᠬᠡᠰᠢᠭᠲᠡᠨ》᠎ᠳᠤ ᠠᠩᠬᠠᠷᠤᠯ᠎ᠢᠶᠠᠨ ᠲᠥᠪᠯᠡᠷᠡᠭᠦᠯᠦᠨ᠂ ᠳᠠᠯᠠᠶ᠋ᠢᠨᠠᠭᠤᠷᠤᠨ ᠡᠪᠦᠯ᠎ᠤᠨ ᠤᠯᠠᠷᠢᠯ ᠤ᠋ᠨ ᠵᠢᠭᠠᠰᠦ ᠠᠩᠨᠠᠬᠤ᠂ ᠲᠠᠯ᠎ᠠ ᠨᠤᠲᠤᠭ᠎ᠤᠨ ᠳᠠᠭᠤᠤ ᠬᠥᠭᠵᠢᠮ᠎ᠤᠨ ᠤᠯᠠᠷᠢᠯ ᠵᠡᠷᠭᠡ ᠭᠤᠤᠯᠳᠠᠯᠭ᠎ᠠ ᠲᠠᠢ ᠰᠣᠶᠣᠯ ᠵᠢᠭᠤᠯᠴᠢᠯᠠᠯ᠎ᠤᠨ IP᠎ᠶᠢ ᠶᠠᠰᠤ ᠴᠢᠨᠠᠷ᠎ᠢ ᠳᠡᠭᠡᠭᠰᠢᠯᠡᠭᠦᠯᠦᠨ ᠲᠠᠰ ᠳᠡᠪᠰᠢᠭᠦᠯᠵᠦ᠂ ᠬᠡᠷᠡᠭᠯᠡᠭᠡᠨ᠎ᠤ ᠪᠠᠶ᠋ᠢᠳᠠᠯ᠎ᠢ ᠲᠠᠰᠤᠷᠠᠯᠲᠠ ᠥᠬᠡᠶ ᠪᠠᠶᠠᠯᠢᠭ᠍ᠵᠢᠭᠤᠯᠤᠨ᠎ᠠ᠃ ᠰᠣᠶᠣᠯ ᠵᠢᠭᠤᠯᠴᠢᠯᠠᠯ ᠲᠠᠮᠢᠷ ᠲᠠᠷᠢᠶᠠᠯᠠᠩ ᠬᠤᠳᠠᠯᠳᠤᠭ᠎ᠠ᠎ᠶᠢ ᠠᠭᠤᠰᠤᠯᠴᠠᠭᠤᠯᠤᠨ ᠬᠥᠭᠵᠢᠭᠦᠯᠬᠦ ᠠᠵᠢᠯᠯᠠᠭ᠎ᠠ᠎ᠶᠢ ᠶᠡᠬᠡᠪᠡᠷ ᠬᠡᠷᠡᠭᠵᠢᠭᠦᠯᠵᠦ᠂ ᠬᠡᠩᠬᠡᠷᠭᠡ᠎ᠲᠦ ᠲᠣᠰᠬᠤᠨ ᠢ᠋ ᠠᠭᠤᠰᠤᠯᠴᠠᠨ ᠭᠦᠭᠵᠢᠭᠦᠯᠬᠦ ᠲᠥᠷᠥᠯ ᠵᠦᠢᠯ᠎ᠤᠨ ᠪᠥᠲᠥᠭᠡᠨ ᠪᠠᠶ᠋ᠢᠭᠤᠯᠤᠯᠲᠠ᠎ᠶᠢ ᠲᠦᠷᠭᠡᠳᠬᠡᠨ᠂ ᠲᠢᠶᠠᠨ᠎ᠲᠠᠢ ᠶᠦᠩ᠂ ᠪᠠᠭ᠎ᠠ ᠬᠤᠩ ᠱᠠᠨᠽᠢ᠂ ᠬᠤᠪᠢ᠎ᠲᠦ ᠵᠢᠨ ᠠᠭᠤᠰᠤᠯᠴᠠᠨ ᠬᠥᠭᠵᠢᠬᠦ ᠵᠢᠱ᠌ᠢᠶ᠎ᠡ ᠦᠵᠡᠭᠦᠯᠬᠦ ᠣᠷᠣᠨ᠎ᠢ ᠪᠣᠶ ᠪᠣᠯᠭᠠᠵᠤ᠂ ᠰᠣᠶᠣᠯ ᠵᠢᠭᠤᠯᠴᠢᠯᠠᠯ᠎ᠤᠨ ᠠᠵᠢᠯᠯᠠᠭ᠎ᠠ᠂ ᠲᠠᠮᠢᠷ᠎ᠤᠨ ᠤᠷᠤᠯᠳᠤᠭᠠᠨ᠎ᠢ ᠡᠷᠭᠢᠯᠡᠵᠦ᠂ ᠮᠠᠯ ᠤᠨ ᠠᠰᠢᠭ᠋ ᠰᠢᠮ᠎ᠡ᠎ᠲᠠᠷᠢᠶᠠᠯᠠᠩ᠎ᠤᠨ ᠪᠦᠲᠦᠭᠡᠭᠳᠡᠬᠦᠨ᠎ᠤ ᠳᠡᠯᠭᠡᠨ ᠪᠤᠷᠤᠯᠠᠭᠤᠯᠭ᠎ᠠ ᠪᠡᠷ ᠬᠤᠭᠤᠯᠠ ᠤᠮᠳᠠ᠂ ᠬᠤᠨᠤᠭ ᠪᠠᠭᠤᠳᠠᠯ ᠤ᠋ᠨ ᠬᠡᠷᠡᠭᠯᠡᠭᠡ᠎ᠶᠢᠨ ᠨᠡᠮᠡᠭᠳᠡᠯ᠎ᠢ ᠳᠠᠶ᠋ᠢᠴᠢᠯᠠᠨ᠎ᠠ᠃ ᠪᠦᠬᠦ ᠵᠢᠯ᠎ᠤᠨ ᠬᠦᠯᠢᠶᠡᠨ ᠠᠪᠤᠭᠰᠠᠨ ᠵᠢᠭᠤᠯᠴᠢᠯᠠᠭᠴᠢᠳ ᠢ᠋ 715 ᠲᠦᠮᠡᠨ ᠬᠥᠮᠦᠨ ᠤᠳᠠᠭ᠎ᠠ᠂ ᠵᠢᠭᠤᠯᠴᠢᠯᠠᠯ᠎ᠤᠨ ᠶᠡᠷᠦᠩᠬᠡᠶ᠋ᠢᠯᠡᠭᠰᠡᠨ ᠣᠷᠣᠯᠭ᠎ᠠ ᠶ᠋ᠢ 85 ᠳ᠋ᠦᠩᠰᠢᠭᠤᠷ ᠲᠥᠭᠦᠷᠢᠭ᠎ᠲᠤ ᠬᠦᠷᠭᠡᠵᠦ᠂ ᠠᠳᠠᠯᠢ ᠬᠤᠭᠤᠴᠠᠭᠠᠨ᠎ᠤ᠎ᠬᠢ᠎ᠠᠴᠠ ᠲᠤᠰᠪᠤᠷᠢ 10% ᠠ᠋ᠴᠠ ᠳᠡᠭᠡᠭᠰᠢ ᠳ᠋ᠤ᠌ ᠬᠦᠷᠭᠡᠬᠦ ᠪᠡᠷ ᠴᠢᠷᠮᠡᠢᠬᠤ ᠪᠤᠯᠤᠨ᠎ᠠ᠃
(ᠳᠤᠰ ᠨᠢᠭᠤᠷ᠎ᠤᠨ ᠬᠡᠷᠡᠯ ᠵᠢᠷᠤᠭ᠎ᠢ ᠬᠡᠰᠢᠭᠳᠡᠨ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ᠎ᠡᠴᠡ ᠬᠠᠨᠭᠭᠠᠪᠠ)