ᠠᠷᠤ ᠬᠣᠷᠴᠢᠨ ᠬᠣᠰᠢᠭᠤᠨ᠎ᠤ ᠡᠪᠡᠰᠦᠨ᠎ᠦ ᠠᠵᠤ ᠥᠢᠯᠡᠰ᠎ᠦᠨ ᠠᠮᠢᠳᠤᠯᠢᠭ᠋ ᠥᠢᠯᠡᠳᠤᠯᠬᠡ ᠨᠢ ᠤᠮᠠᠷᠠᠲᠤ᠎ᠶᠢᠨ ᠠᠮᠢ ᠠᠬᠤᠶ᠎ᠶᠢᠨ ᠬᠡᠪᠡᠷᠡᠭ ᠣᠷᠣᠨ᠎ᠳᠤ ᠬᠠᠭᠤᠯᠪᠤᠷᠢᠯᠠᠵᠤ ᠪᠣᠯᠬᠤ᠂ ᠳᠡᠯᠭᠡᠷᠡᠭᠦᠯᠵᠦ ᠪᠣᠯᠬᠤ ᠵᠠᠰᠠᠯᠲᠠ ᠪᠠ ᠬᠥᠭᠵᠢᠯᠲᠡ᠎ᠶᠢᠨ ᠵᠠᠭᠪᠤᠷ᠎ᠢ ᠬᠠᠩᠭᠠᠬ᠍ᠰᠠᠨ ᠪᠠᠢᠨ᠎ᠠ᠃ ᠲᠡᠭᠦᠨ᠎ᠦ ᠥᠢᠯᠡᠳᠪᠤᠷᠢᠯᠡᠭᠰᠡᠨ ᠶᠡᠬᠡ ᠬᠡᠮᠵᠢᠶᠡᠨ᠎ᠦ ᠴᠢᠨᠠᠷ ᠰᠠᠶ᠋ᠢᠲᠠᠶ ᠲᠡᠵᠢᠭᠡᠯ ᠡᠪᠡᠰᠦ᠎ᠨᠢ ᠭᠠᠳᠠᠭᠠᠳᠤ᠎ᠠᠴᠠ ᠣᠷᠣᠭᠤᠯᠤᠭᠰᠠᠨ ᠬᠡᠰᠡᠭ ᠪᠤᠷᠤ ᠴᠠᠷᠭᠠᠰᠤ ᠵᠡᠷᠬᠡ ᠵᠢ ᠪᠦᠲᠦᠮᠵᠢᠲᠡᠶ ᠣᠷᠣᠯᠠᠵᠤ᠂ ᠮᠠᠨ᠎ᠤ ᠤᠯᠤᠰ᠎ᠤᠨ ᠡᠪᠡᠰᠦᠨ᠎ᠦ ᠠᠵᠤ ᠥᠢᠯᠡᠰ᠎ᠦᠨ ᠪᠡᠶ᠎ᠡ᠎ᠪᠡᠨ ᠳᠠᠭᠠᠭᠠᠵᠤ ᠡᠵᠡᠮᠳᠡᠵᠦ ᠪᠣᠯᠬᠤ ᠴᠢᠳᠠᠪᠤᠷᠢ᠎ᠶᠢ ᠲᠡᠭᠡᠭᠰᠢᠯᠡᠭᠥᠯᠥᠨ᠂ ᠡᠪᠡᠰᠦᠨ ᠲᠡᠵᠢᠬᠡᠯᠳᠤ ᠮᠠᠯ ᠠᠵᠤ ᠠᠬᠤᠶ ᠵᠢᠴᠢ ᠰᠦ᠎ᠶᠢᠨ ᠥᠢᠯᠡᠰ ᠦ᠋ᠨ ᠠᠮᠤᠷ ᠲᠦᠪᠰᠢᠨ᠎ᠢ ᠪᠠᠲᠤᠯᠠᠬᠤ᠎ᠳᠤ ᠢᠳᠡᠪᠬᠢᠲᠡᠶ ᠬᠤᠪᠢ ᠨᠡᠮᠡᠷᠢ ᠦᠵᠡᠭᠦᠯᠵᠦ᠂ ᠪᠥᠬᠥ ᠤᠯᠤᠰ᠎ᠤᠨ ᠡᠪᠡᠰᠦᠨ᠎ᠦ ᠥᠢᠯᠡᠰ᠎ᠦᠨ ᠬᠦᠷᠢᠶᠡᠨ᠎ᠳᠦ ᠴᠢᠬᠤᠯᠠ ᠵᠢᠱ᠌ᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠥᠢᠯᠡᠳᠤᠯ ᠭᠠᠷᠭᠠᠵᠠᠢ᠃

ᠠᠷᠤ ᠬᠣᠷᠴᠢᠨ ᠬᠣᠰᠢᠭᠤᠨ᠎ᠤ ᠡᠮᠦᠨ᠎ᠠ ᠪᠡᠶ᠎ᠠ ᠨᠢ ᠬᠤᠷᠢᠭᠠᠳ ᠵᠢᠯ᠎ᠦᠨ ᠡᠮᠦᠨ᠎ᠡ ᠭᠠᠩ ᠬᠠᠭᠰᠠᠷᠠᠭᠠᠨ ᠵᠡᠷᠭᠡ ᠬᠦᠨᠳᠦ ᠨᠣᠴᠢᠲᠠᠢ ᠪᠠᠶ᠋ᠢᠭᠠᠯᠢ᠎ᠶᠢᠨ ᠭᠠᠮᠰᠢᠭ᠋ ᠠ᠋ᠴᠠ ᠤᠷᠭᠤᠮᠠᠯ᠎ᠤᠨ ᠬᠤᠴᠢᠯᠭ᠎ᠠ᠎ᠶᠢᠨ ᠪᠦᠷᠬᠦᠴᠡ᠎ᠶᠢᠨ ᠨᠤᠷᠮ᠎ᠠ ᠨᠢᠭᠡ ᠦᠶ᠎ᠡ 10% ᠬᠦᠷᠬᠦ ᠦᠭᠡᠢ ᠪᠤᠯᠪᠠ᠃ ᠡᠳᠦᠭᠡ᠂ ᠡᠨᠳᠡᠬᠢ ᠠᠮᠢ ᠠᠬᠤᠢ᠎ᠶᠢᠨ ᠣᠷᠴᠢᠨ ᠲᠣᠭᠣᠷᠢᠨ ᠶᠡᠬᠡ ᠪᠡᠷ ᠰᠠᠶ᠋ᠢᠵᠢᠷᠠᠵᠤ᠂ ᠤᠷᠭᠤᠮᠠᠯ᠎ᠤᠨ ᠬᠤᠴᠢᠯᠭ᠎ᠠ᠎ᠶᠢᠨ ᠪᠦᠷᠬᠦᠴᠡ᠎ᠶᠢᠨ ᠨᠤᠷᠮ᠎ᠠ 90% ᠡᠴᠡ ᠳᠡᠭᠡᠭᠰᠢ ᠪᠤᠯᠵᠤ᠂ ᠵᠢᠯ᠎ᠦᠨ ᠲᠠᠸᠠᠷ᠎ᠤᠨ ᠡᠪᠡᠰᠦᠨ᠎ᠦ ᠭᠠᠷᠤᠯᠲᠠ 20 ᠲᠦᠮᠡᠨ ᠲᠣᠨ᠎ᠳᠤ ᠬᠦᠷᠴᠦ᠂ ᠪᠣᠳᠠᠲᠠᠢ ᠲᠠᠸᠠᠷ᠎ᠤᠨ ᠡᠪᠡᠰᠦᠨ᠎ᠦ ᠭᠠᠷᠤᠯᠲᠠ 65 ᠲᠦᠮᠡᠨ ᠲᠣᠨ᠎ᠳᠤ ᠬᠦᠷᠴᠦ᠂ ᠤᠯᠤᠰ᠎ᠤᠨ ᠳᠣᠲᠣᠭᠠᠳᠤ᠎ᠶᠢᠨ ᠵᠢᠯ᠎ᠦᠨ ᠴᠢᠨᠠᠷ ᠰᠠᠶ᠋ᠢᠲᠠᠢ ᠲᠠᠸᠠᠷ᠎ᠤᠨ ᠡᠪᠡᠰᠦᠨ᠎ᠦ ᠬᠠᠩᠭᠠᠯᠭ᠎ᠠ᠎ᠶᠢᠨ ᠶᠡᠷᠦᠩᠬᠡᠢ ᠬᠡᠮᠵᠢᠶᠡᠨ᠎ᠦ ᠲᠠᠪᠤᠨ᠎ᠤ ᠨᠢᠭᠡ ᠬᠤᠪᠢ᠎ᠶᠢ ᠡᠵᠡᠯᠡᠪᠡ᠃ ᠡᠭᠦᠨ᠎ᠦ ᠬᠠᠮᠲᠤ ᠬᠠᠮᠢᠶ᠎ᠠ ᠪᠦᠬᠦᠢ ᠠᠵᠤ ᠥᠢᠯᠡᠰ᠎ᠦᠨ ᠬᠥᠭᠵᠢᠯᠲᠡ᠎ᠶᠢ ᠴᠤ᠌ ᠲᠠᠢᠴᠢᠯᠠᠵᠠᠢ᠂ ᠵᠢᠱ᠌ᠢᠶᠡᠯᠡᠪᠡᠯ ᠰᠦ᠎ᠶᠢᠨ ᠥᠢᠯᠡᠰ᠂ ᠢᠳᠡᠭᠡᠨ᠎ᠤ ᠳᠦᠷᠦᠯ᠂ ᠬᠥᠮᠤᠷᠭᠡ ᠪᠡ ᠡᠳ᠋ ᠪᠠᠷᠠᠭᠠᠨ᠎ᠤ ᠭᠥᠢᠯᠬᠡᠬᠡ᠂ ᠵᠢᠭᠤᠯᠴᠢᠯᠠᠯ᠂ ᠡᠪᠡᠰᠦᠨ ᠦᠷ᠎ᠠ ᠵᠢᠨ ᠠᠵᠦ ᠦᠢᠯᠡᠰ᠂ ᠲᠥᠬᠥᠭᠡᠷᠦᠮᠵᠢ ᠲᠦᠷᠢᠶᠡᠰᠦᠯᠡᠬᠦ ᠵᠡᠷᠭᠡ ᠠᠵᠤ ᠥᠢᠯᠡᠰ᠎ᠦᠨ ᠬᠥᠭᠵᠢᠯᠲᠡ᠎ᠶᠢ ᠲᠠᠢᠴᠢᠯᠠᠪᠠ᠂ ᠪᠦᠬᠦᠶ᠋ᠢᠯᠡ ᠬᠦᠷᠢᠶᠡᠯᠡᠩ ᠲᠣᠭᠣᠷᠢᠭ᠋᠎ᠤᠨ ᠵᠢᠯ᠎ᠦᠨ ᠥᠢᠯᠡᠳᠭᠥᠨᠦ ᠥᠷᠲᠡᠭ᠎ᠨᠢ 12 ᠳ᠋ᠦᠩᠰᠢᠭᠤᠷ ᠲᠥᠭᠥᠷᠢᠭ᠎ᠡᠴᠡ ᠳᠡᠭᠡᠭᠰᠢ ᠪᠠᠶ᠋ᠢᠵᠤ᠂ ᠲᠤᠬᠠᠶ᠎ᠶᠢᠨ ᠭᠠᠵᠠᠷ᠎ᠤᠨ ᠮᠠᠯᠴᠢᠨ ᠲᠠᠷᠢᠶᠠᠴᠢᠨ᠎ᠤ ᠠᠵᠢᠯ ᠣᠯᠵᠤ ᠣᠷᠣᠯᠭ᠎ᠠ ᠡᠭᠦᠳᠬᠦ᠎ᠳᠦ ᠮᠠᠰᠢ ᠢᠯᠡᠷᠬᠡᠶ ᠥᠢᠯᠡᠳᠤᠯ ᠥᠵᠡᠭᠥᠯᠥᠨ᠂ ᠣᠶ᠋ᠢᠷ᠎ᠠ ᠬᠠᠪᠢ᠎ᠶᠢᠨ 10 ᠭᠠᠴᠠᠭ᠎ᠠ ᠲᠣᠰᠬᠣᠨ᠎ᠤ 200 ᠭᠠᠷᠤᠶ ᠡᠷᠦᠬᠡ᠎ᠶᠢᠨ 700 ᠭᠠᠷᠤᠶ ᠬᠥᠮᠦᠨ ᠠᠮᠠ᠎ᠶᠢ ᠳᠠᠶ᠋ᠢᠴᠢᠯᠠᠨ ᠶᠠᠳᠠᠭᠤ᠎ᠠᠴᠠ ᠠᠩᠭᠢᠵᠢᠷᠠᠭᠤᠯᠵᠤ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠦ ᠬᠦᠴᠦᠨ ᠨᠡᠮᠡᠷᠢᠯᠡᠭᠰᠡᠨ ᠪᠠᠢᠨ᠎ᠠ᠃ ᠡᠳᠡᠭᠡᠷ ᠨᠢ ᠠᠷᠤ ᠬᠤᠷᠴᠢᠨ ᠬᠤᠰᠢᠭᠤ ᠠᠮᠢ ᠠᠬᠤᠢ ᠶ᠋ᠢ ᠳᠡᠷᠢᠭᠦᠨ ᠳ᠋ᠤ᠌ ᠳᠠᠯᠪᠢᠵᠦ᠂ ᠡᠪᠡᠰᠦᠨ ᠤ᠋ ᠦᠢᠯᠡᠰ ᠢ᠋ ᠬᠦᠭᠵᠢᠬᠦᠯᠬᠦ ᠡᠷᠡᠰ ᠳᠤᠳᠤᠷᠬᠠᠢ ᠳᠦᠷᠦ ᠶ᠋ᠢᠨ ᠪᠤᠳᠤᠯᠭ᠎ᠠ ᠳᠤᠭᠳᠠᠭᠠᠭᠰᠠᠨ ᠲᠠᠢ ᠬᠤᠯᠪᠤᠭ᠎ᠠ ᠲᠠᠢ ᠶᠤᠮ᠃

ᠠᠷᠤ ᠬᠤᠷᠴᠢᠨ ᠬᠤᠰᠢᠭᠤ ᠨᠢ ᠨᠤᠲᠤᠭ ᠪᠡᠯᠴᠢᠭᠡᠷ᠎ᠦᠨ ᠠᠮᠢ ᠠᠬᠤᠶ᠎ᠶᠢᠨ ᠵᠠᠰᠠᠯᠲᠠ᠎ᠶᠢᠨ ᠬᠦᠴᠢᠷ ᠠᠰᠠᠭᠤᠳᠠᠯ᠎ᠳᠤ ᠴᠢᠭᠯᠡᠭᠦᠯᠦᠨ᠂ 《ᠤᠰᠤ᠎ᠪᠠᠷ ᠤᠨᠠᠯᠲᠠ᠎ᠶᠢ ᠲᠣᠭᠲᠠᠭᠠᠵᠤ᠂ ᠠᠮᠢ ᠠᠬᠤᠶ᠎ᠶᠢ ᠲᠡᠷᠢᠭᠦᠨ᠎ᠳᠦ ᠲᠠᠯᠪᠢᠬᠤ》᠎ᠶᠢ ᠪᠠᠷᠢᠮᠲᠠᠯᠠᠵᠤ᠂ ᠶᠡᠬᠡ ᠬᠡᠪᠴᠢᠶ᠎ᠡ᠎ᠪᠡᠷ ᠬᠥᠮᠦᠨ᠎ᠦ ᠬᠦᠴᠦ᠎ᠪᠡᠷ ᠴᠢᠨᠠᠷ ᠰᠠᠶ᠋ᠢᠲᠠᠶ ᠲᠡᠵᠢᠭᠡᠯ ᠡᠪᠡᠰᠦ ᠳᠠᠷᠢᠬᠤ᠎ᠶᠢ ᠠᠮᠢ ᠠᠬᠤᠶ᠎ᠶᠢ ᠵᠠᠰᠠᠨ ᠰᠡᠷᠭᠦᠭᠡᠬᠦ ᠭᠤᠤᠯ ᠬᠥᠳᠡᠯᠭᠡᠭᠦᠷ ᠪᠤᠯᠭᠠᠪᠠ᠃ 《ᠪᠠᠭ᠎ᠠ ᠲᠠᠯᠠᠪᠠᠶ᠎ᠪᠠᠷ ᠪᠥᠲᠥᠭᠡᠨ ᠪᠠᠶ᠋ᠢᠭᠤᠯᠵᠤ᠂ ᠶᠡᠬᠡ ᠲᠠᠯᠠᠪᠠᠶ᠎ᠪᠠᠷ ᠬᠠᠮᠠᠭᠠᠯᠠᠬᠤ》 ᠰᠢᠨ᠎ᠡ᠎ᠶᠢ ᠡᠭᠦᠳᠬᠦ ᠵᠠᠭᠪᠤᠷ᠎ᠢᠶᠠᠷ ᠳᠠᠮᠵᠢᠭᠤᠯᠤᠨ᠂ ᠨᠤᠲᠤᠭ ᠪᠡᠯᠴᠢᠭᠡᠷ᠎ᠦᠨ ᠡᠯᠡᠰᠦᠷᠬᠡᠭᠵᠢᠨ ᠮᠠᠭᠤᠳᠠᠬᠤ ᠬᠠᠨᠳᠤᠰᠢ᠎ᠶᠢ ᠠᠮᠵᠢᠯᠲᠠ᠎ᠲᠠᠢ ᠬᠤᠷᠢᠬ᠍ᠯᠠᠵᠡᠢ᠃ 2025 ᠣᠨ ᠪᠣᠯᠲᠠᠯ᠎ᠠ᠂ ᠪᠥᠬᠥ ᠬᠣᠰᠢᠭᠤᠨ᠎ᠤ ᠴᠢᠨᠠᠷ ᠰᠠᠶ᠋ᠢᠲᠠᠶ ᠡᠪᠡᠰᠦ ᠳᠠᠷᠢᠬᠤ ᠲᠠᠯᠠᠪᠠᠶ᠎ᠶᠢ 56 ᠲᠦᠮᠡᠨ ᠮᠤ᠌᠎ᠳᠦ ᠲᠣᠭᠲᠠᠪᠤᠷᠢᠵᠢᠭᠤᠯᠵᠤ᠂ ᠤᠷᠭᠤᠮᠠᠯ᠎ᠤᠨ ᠬᠤᠴᠢᠯᠭ᠎ᠠ᠎ᠶᠢᠨ ᠪᠦᠷᠬᠦᠴᠡ᠎ᠶᠢ 95%᠎ᠠ᠋ᠴᠠ ᠳᠡᠭᠡᠭᠰᠢ᠎ᠳᠦ ᠭᠥᠷᠬᠡᠨ᠂ ᠥᠩᠭᠡᠷᠡᠭᠰᠡᠨ᠎ᠦ ᠲᠠᠴᠢᠷᠳᠠᠭᠰᠠᠨ ᠨᠤᠲᠤᠭ ᠪᠡᠯᠴᠢᠭᠡᠷ ᠳᠠᠬᠢᠨ ᠠᠮᠢᠵᠢᠷᠠᠯ᠎ᠤᠨ ᠬᠦᠴᠦᠨ᠎ᠢᠶᠡᠷ ᠪᠢᠯᠬᠠᠵᠤ᠂ ᠮᠤ᠌ ᠪᠦᠷᠢ᠎ᠶᠢᠨ ᠡᠪᠡᠰᠦᠨ᠎ᠦ ᠳᠤᠮᠳᠠᠴᠢ ᠤᠨᠠᠯᠲᠠ᠎ᠶᠢ 800 ᠺᠢᠯᠤᠭ᠌ᠷᠡᠮ᠎ᠠᠴᠠ ᠳᠡᠭᠡᠭᠰᠢ ᠪᠤᠯᠭᠠᠵᠦ᠂ ᠵᠢᠯ᠎ᠦᠨ ᠴᠢᠨᠠᠷ ᠰᠠᠶ᠋ᠢᠲᠠᠶ ᠡᠪᠡᠰᠦᠨ᠎ᠦ ᠭᠠᠷᠤᠯᠲᠠ᠎ᠶᠢ ᠪᠠᠷᠤᠭ 60 ᠲᠦᠮᠡᠨ ᠲᠣᠨ᠎ᠳᠤ ᠬᠦᠷᠭᠡᠵᠦ᠂ ᠮᠠᠯ ᠪᠡᠯᠴᠢᠭᠡᠷ᠎ᠦᠨ ᠵᠥᠷᠢᠴᠡᠯ᠎ᠢ ᠪᠦᠲᠦᠮᠵᠢᠲᠡᠶ ᠨᠠᠮᠳᠠᠭᠤᠯᠤᠭᠰᠠᠨ᠎ᠢᠶᠠᠷ ᠪᠠᠷᠠᠬᠤ ᠥᠬᠡᠶ ᠠᠮᠢ ᠠᠬᠤᠶ᠎ᠶᠢᠨ ᠥᠷ᠎ᠡ ᠠᠰᠢᠭ᠋ ᠪᠣᠯᠤᠨ ᠠᠵᠤ ᠠᠬᠤᠶ᠎ᠶᠢᠨ ᠥᠷ᠎ᠡ ᠠᠰᠢᠭ᠋᠎ᠤᠨ ᠬᠠᠮᠵᠢᠯᠴᠠᠨ ᠬᠠᠮᠳᠤᠪᠡᠷ ᠠᠰᠢᠭ᠋ ᠭᠥᠷᠳᠡᠭᠥᠶᠢ ᠪᠡᠶᠡᠯᠡᠭᠥᠯᠵᠠᠢ᠃ ᠤᠯᠠᠭᠠᠨᠬᠠᠳᠠ᠎ᠶᠢᠨ ᠫᠥ ᠷᠦᠶ ᠮᠦ᠍ ᠲᠠᠷᠢᠶᠠᠯᠠᠡᠭ᠎ᠤᠨ ᠰᠢᠨᠵᠢᠯᠡᠭᠡ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠶᠢᠨ ᠠᠵᠢᠯᠲᠠᠨ ᠳᠡᠯᠭᠡᠷ ᠤ᠋ᠨ ᠬᠡᠯᠡᠬᠦ ᠪᠡᠷ᠄ ᠬᠤᠷᠢᠭᠠᠳ ᠵᠢᠯ᠎ᠦᠨ ᠡᠮᠦᠨ᠎ᠡ ᠡᠨᠳᠡ ᠡᠯᠡᠰᠦᠷᠬᠡᠭᠵᠢᠯ ᠶᠡᠬᠡᠳᠡᠢ᠂ ᠮᠤ᠌ ᠪᠦᠷᠢ᠎ᠶᠢᠨ ᠡᠪᠡᠰᠦᠨ᠎ᠦ ᠤᠨᠠᠯᠲᠠ 40 ᠺᠢᠯᠥᠭᠷᠡᠮ ᠬᠥᠷᠬᠥ ᠥᠬᠡᠶ ᠪᠠᠶ᠋ᠢᠪᠠ᠃ ᠪᠤᠷᠤ ᠴᠠᠷᠭᠠᠰᠤ ᠳᠠᠷᠢᠬᠤ᠎ᠪᠠᠷ ᠳᠡᠮᠵᠢᠨ᠂ ᠣᠲᠣ᠌ ᠮᠤ᠌ ᠪᠦᠷᠢ᠎ᠶᠢᠨ ᠤᠨᠠᠯᠲᠠ 1000 ᠺᠢᠯᠥᠭᠷᠡᠮ ᠣᠷᠴᠢᠮ ᠪᠣᠯᠵᠣ᠌ ᠨᠡᠮᠡᠭᠳᠡᠨ᠂ ᠭᠠᠵᠠᠷ ᠰᠢᠷᠣᠶ᠎ᠶᠢᠨ ᠳᠠᠭᠠᠭᠠᠴᠢᠯᠠᠯᠲᠠ᠎ᠶᠢᠨ ᠦᠨ᠎ᠡ ᠴᠦ᠍ ᠮᠤ᠌ ᠪᠦᠷᠢ 20 ᠲᠥᠭᠥᠷᠢᠭ ᠣᠷᠴᠢᠮ ᠪᠠᠶ᠋ᠢᠭ᠍ᠰᠠᠨ᠎ᠠᠴᠠ᠎ᠪᠠᠨ ᠣᠲᠣ᠌ ᠵᠠᠭᠤᠨ ᠲᠥᠭᠥᠷᠢᠭ ᠣᠷᠴᠢᠮ ᠪᠣᠯᠵᠣ᠌ ᠨᠡᠮᠡᠭᠳᠡᠵᠡᠢ᠂ ᠳᠣᠰ ᠭᠠᠵᠠᠷ᠎ᠤᠨ ᠮᠠᠯᠴᠢᠳ᠎ᠤᠨ ᠬᠥᠮᠦᠨ ᠳᠤᠮᠳᠠᠴᠢ᠎ᠶᠢᠨ ᠣᠷᠣᠯᠭ᠎ᠠ ᠴᠤ᠌ 5000 ᠲᠥᠭᠥᠷᠢᠭ ᠣᠷᠴᠢᠮ ᠪᠣᠯᠵᠣ᠌᠂ ᠠᠵᠤ ᠠᠬᠤᠶ᠋ᠢᠯᠠᠯ᠎ᠳᠤ ᠬᠥᠯᠥᠰᠥᠨ ᠠᠵᠢᠯ ᠬᠢᠭᠰᠡᠳ᠎ᠦᠨ ᠴᠡᠯᠢᠩ ᠭᠥᠯᠥᠰᠤ 4 ᠲᠦᠮᠡᠨ ᠲᠥᠭᠥᠷᠢᠭ ᠣᠷᠴᠢᠮ ᠪᠤᠯᠪᠠ᠃

ᠠᠷᠦ ᠬᠤᠷᠴᠢᠨ ᠬᠤᠰᠢᠭᠤ ᠠᠵᠤ ᠦᠢᠯᠡᠳᠪᠦᠷᠢᠵᠢᠯᠲᠡ᠎ᠶᠢᠨ ᠰᠡᠳᠬᠢᠴᠡ᠎ᠪᠡᠷ ᠡᠪᠡᠰᠦᠨ᠎ᠦ ᠠᠵᠤ ᠦᠢᠯᠡᠰ᠎ᠢ ᠲᠥᠯᠥᠪᠵᠢᠭᠦᠯᠵᠦ᠂ 《ᠰᠢᠨᠵᠢᠯᠡᠬᠦ ᠤᠬᠠᠭᠠᠨ ᠲᠸᠭ᠌ᠨᠢᠭ ᠮᠡᠷᠭᠡᠵᠢᠯ᠎ᠢᠶᠡᠷ ᠪᠦᠬᠦ ᠬᠡᠯᠬᠢᠶ᠎ᠡ᠎ᠪᠡᠷ ᠬᠥᠭᠵᠢᠭᠦᠯᠬᠦ》 ᠵᠢ ᠪᠠᠷᠢᠮᠳᠠᠯᠠᠨ᠂ ᠠᠵᠤ ᠦᠢᠯᠡᠰ᠎ᠦᠨ ᠡᠷᠴᠢᠮᠵᠢᠬᠦ᠂ ᠪᠠᠷᠢᠮᠵᠢᠶᠠᠵᠢᠬᠤ᠂ ᠨᠡᠷᠡᠲᠦ ᠲᠡᠮᠳᠡᠭᠵᠢᠬᠦ ᠲᠡᠢᠰᠢ ᠬᠡᠯᠪᠡᠷᠢ᠎ᠪᠡᠨ ᠬᠤᠪᠢᠷᠠᠭᠤᠯᠬᠤ᠎ᠶᠢ ᠠᠬᠢᠭᠤᠯᠪᠠ᠃ ᠨᠡᠶ᠋ᠢᠲᠡ 5000 ᠭᠠᠷᠤᠶ ᠲᠦᠮᠡᠨ ᠲᠥᠭᠥᠷᠢᠭ᠎ᠦᠨ ᠪᠠᠯᠠ ᠣᠷᠣᠭᠤᠯᠵᠤ᠂ ᠰᠠᠭᠤᠷᠢ ᠪᠡᠯᠡᠳᠬᠡᠮᠵᠢ ᠪᠣᠯᠤᠨ ᠰᠢᠨᠵᠢᠯᠡᠬᠦ ᠤᠬᠠᠭᠠᠨ ᠲᠸᠭ᠌ᠨᠢᠭ ᠮᠡᠷᠭᠡᠵᠢᠯ᠎ᠦᠨ ᠲᠤᠯᠭᠠᠭᠤᠷᠢᠯᠠᠬᠤ ᠴᠢᠳᠠᠪᠤᠷᠢ᠎ᠶᠢ ᠶᠡᠬᠡ ᠪᠡᠷ ᠲᠡᠭᠡᠭᠰᠢᠯᠡᠭᠥᠯᠪᠡ᠄ ᠪᠥᠬᠥ ᠤᠯᠤᠰ᠎ᠤᠨ ᠠᠩᠬᠠᠳᠠᠭ᠍ᠴᠢ ᠲᠠᠯ᠎ᠠ ᠨᠤᠲᠤᠭ ᠪᠣᠯᠤᠨ ᠡᠪᠡᠰᠦᠨ᠎ᠦ ᠥᠢᠯᠡᠰ᠎ᠦᠨ ᠮᠦᠽᠧᠶ᠎ᠶᠢ ᠪᠠᠶ᠋ᠢᠭᠤᠯᠵᠤ᠂ 147 ᠺᠢᠯᠣᠮᠧᠲᠷ ᠲᠤᠰᠬᠠᠶ ᠬᠡᠷᠡᠭᠯᠡᠬᠦ ᠲᠤᠰ᠎ᠤᠨ ᠵᠠᠮ᠎ᠢ ᠵᠠᠰᠠᠨ᠂ 160 ᠺᠢᠯᠣᠮᠧᠲᠷ ᠴᠠᠬᠢᠯᠭᠠᠨ ᠬᠦᠴᠦᠨ᠎ᠦ ᠲᠤᠰᠬᠠᠶ ᠱᠤᠭᠤᠮ᠎ᠢ ᠲᠠᠲᠠᠵᠤ᠂ 66 kv ᠬᠦᠴᠦᠳᠡᠯ ᠥᠭᠡᠷᠡᠴᠢᠯᠡᠬᠦ ᠥᠷᠲᠡᠭᠡ 1 ᠪᠠᠶ᠋ᠢᠭᠤᠯᠵᠤ᠂ ᠪᠥᠬᠥ ᠡᠯᠧᠮᠧᠨ᠋ᠲ᠎ᠦᠨ ᠠᠦ᠋ᠲ᠋ᠣᠴᠢᠯᠠᠠᠠᠰᠠᠨ ᠴᠠᠭ ᠠᠭᠤᠷ᠎ᠤᠨ ᠥᠷᠲᠡᠭᠡ 6᠎ᠶᠢ ᠪᠠᠶ᠋ᠢᠷᠢᠯᠠᠭᠤᠯᠤᠭᠰᠠᠨ ᠪᠥᠭᠡᠳ ᠳᠤᠮᠳᠠᠳᠤ ᠤᠯᠤᠰ᠎ᠤᠨ ᠣᠶ ᠰᠢᠭᠤᠶ᠎ᠶᠢᠨ ᠶᠡᠬᠡ ᠰᠤᠷᠭᠠᠭᠤᠯᠢ᠎ᠶᠢᠨ ᠡᠪᠡᠰᠦᠨ᠎ᠦ ᠥᠢᠯᠡᠰ᠎ᠦᠨ ᠳᠡᠭᠡᠳᠦ ᠰᠤᠷᠭᠠᠭᠤᠯᠢ᠎ᠲᠠᠢ ᠬᠠᠮᠲᠤ᠎ᠪᠠᠷ ᠲᠤᠷᠰᠢᠯᠲᠠ᠎ᠶᠢᠨ ᠥᠷᠲᠡᠭᠡ ᠪᠠ ᠫᠷᠤᠹᠸᠰᠰᠤᠷ᠎ᠤᠨ ᠠᠵᠢᠯᠯᠠᠬᠤ ᠥᠷᠳᠡᠬᠡᠶᠢ ᠪᠠᠢᠭᠤᠯᠤᠨ᠂ ᠰᠢᠨᠵᠢᠯᠡᠬᠦ ᠤᠬᠠᠭᠠᠨ᠎ᠤ ᠰᠤᠳᠤᠯᠭᠠᠨ᠎ᠤ ᠥᠨᠳᠤᠷ ᠲᠥᠪᠰᠢᠨ ᠳ᠋ᠤ᠌ ᠬᠦᠷᠭᠡᠪᠡ᠃

ᠡᠪᠡᠰᠤᠨ ᠳᠠᠯᠠᠪᠠᠢ᠎ᠳᠤ᠂ 1500 ᠰᠠᠭᠤᠷᠢ ᠲᠤᠮᠤ ᠬᠡᠯᠪᠡᠷᠢ᠎ᠶᠢᠨ ᠰᠦᠷᠴᠢᠨ ᠤᠰᠤᠯᠠᠬᠤ ᠮᠠᠰᠢᠨ᠂ 1000 ᠭᠠᠷᠤᠢ ᠢᠵᠢ ᠲᠠᠷᠢᠶᠠᠯᠠᠩ᠎ᠳᠤ ᠬᠡᠷᠡᠭᠯᠡᠬᠦ ᠮᠠᠰᠢᠨ ᠮᠧᠬᠠᠨᠢᠭ᠋ᠢ ᠪᠦᠬᠦ ᠶᠠᠪᠤᠴᠠ᠎ᠳᠤ ᠮᠠᠰᠢᠨᠴᠢᠯᠠᠨ ᠠᠵᠢᠯᠯᠠᠬᠤ᠎ᠶᠢ ᠪᠡᠶᠡᠯᠡᠭᠥᠯᠵᠦ᠂ ᠠᠵᠤ ᠦᠢᠯᠡᠰ᠎ᠦᠨ ᠬᠡᠯᠬᠢᠶᠡᠵᠢᠯ᠎ᠢ ᠲᠠᠰᠤᠷᠠᠯᠲᠠ ᠦᠭᠡᠢ ᠭᠦᠨᠵᠡᠭᠡᠶ᠋ᠢᠷᠡᠭᠦᠯᠪᠡ᠄ ᠤ᠌ᠤ᠌ ᠶᠠ ᠪᠦᠯᠦᠭᠯᠡᠯ᠎ᠦᠨ ᠲᠦᠮᠡᠨ ᠰᠠᠭᠠᠯᠢ᠎ᠶᠢᠨ ᠦᠨᠢᠶ᠎ᠡ ᠲᠡᠵᠢᠭᠡᠨ ᠦᠷᠡᠵᠢᠭᠦᠯᠬᠦ ᠲᠥᠷᠥᠯ ᠵᠦᠢᠯ᠎ᠢ ᠲᠡᠳᠡᠨ ᠣᠷᠣᠭᠤᠯᠵᠤ᠂ ᠪᠦᠬᠦ ᠬᠣᠰᠢᠭᠤᠨ᠎ᠤ ᠰᠠᠭᠠᠯᠢ᠎ᠶᠢᠨ ᠦᠨᠢᠶ᠎ᠡ᠂ ᠮᠢᠬᠠᠨ᠎ᠤ ᠦᠬᠡᠷ᠎ᠦᠨ ᠲᠣᠭ᠎ᠠ ᠲᠣᠯᠣᠭᠠᠢ᠎ᠶᠢ ᠢᠯᠡᠳᠲᠡ ᠨᠡᠮᠡᠭᠳᠡᠭᠦᠯᠪᠡ; ᠹᠧᠶ ᠾᠧ ᠤᠶᠤᠨᠴᠢᠯᠠᠭᠰᠠᠨ ᠠᠮᠢ ᠠᠬᠤᠶ᠎ᠶᠢᠨ ᠠᠵᠤ ᠥᠢᠯᠡᠰ᠎ᠦᠨ ᠬᠦᠷᠢᠶᠡᠯᠡᠩ᠎ᠢ ᠰᠠᠭᠤᠷᠢᠰᠢᠭᠤᠯᠵᠤ᠂ ᠰᠥᠶᠢᠨ ᠥᠢᠯᠡᠰ ᠦ᠋ᠨ ᠳᠡᠭᠡᠳᠦ ᠲᠠᠰᠵᠢᠯᠲᠠᠶᠢᠨ ᠬᠡᠯᠪᠡᠷᠢ᠎ᠪᠡᠨ ᠬᠤᠪᠢᠷᠠᠭᠤᠯᠬᠤ᠎ᠶᠢ ᠠᠬᠢᠭᠤᠯᠪᠠ; ᠡᠪᠡᠰᠦᠨ᠎ᠦ ᠪᠦᠲᠦᠭᠡᠭᠳᠡᠬᠦᠨ᠎ᠢ ᠡᠳ᠋ᠰᠢᠭᠦᠯᠬᠦ᠂ ᠮᠢᠬᠠᠨ᠎ᠤ ᠦᠬᠡᠷ ᠬᠣᠨᠢ᠎ᠶᠢ ᠪᠣᠷᠳᠣᠨ ᠲᠠᠷᠭᠤᠯᠠᠭᠤᠯᠬᠤ᠂ ᠢᠳᠡᠭᠡᠨ ᠪᠤᠯᠪᠠᠰᠤᠷᠠᠭᠤᠯᠬᠤ᠂ ᠬᠥᠮᠤᠷᠭᠡᠯᠡᠨ ᠬᠠᠳᠠᠭᠠᠯᠠᠬᠤ ᠡᠳ᠋ ᠪᠠᠷᠠᠭᠠᠨ᠎ᠤ ᠭᠥᠢᠯᠬᠡᠬᠡ ᠵᠡᠷᠭᠡ ᠢᠵᠢ ᠪᠥᠷᠢᠳᠤᠭ᠌ᠰᠡᠨ ᠠᠵᠤ ᠥᠢᠯᠡᠰ᠎ᠢ ᠵᠡᠷᠭᠡ ᠭᠥᠭᠵᠢᠭᠥᠯᠥᠨ᠂ 《ᠲᠠᠷᠢᠬᠤ — ᠲᠡᠵᠢᠭᠡᠨ ᠦᠷᠡᠵᠢᠭᠦᠯᠬᠦ — ᠡᠳ᠋ᠰᠢᠭᠦᠯᠬᠦ — ᠰᠣᠶᠣᠯ ᠵᠢᠭᠤᠯᠴᠢᠯᠠᠯ》᠎ᠤᠨ ᠭᠦᠨᠵᠡᠭᠡᠶ ᠠᠭᠤᠰᠤᠯᠴᠠᠭᠰᠠᠨ ᠪᠢᠲᠡᠭᠦᠦ ᠬᠡᠯᠬᠢᠶᠡᠵᠢᠯ᠎ᠢ ᠪᠤᠢ ᠪᠤᠯᠭᠠᠪᠠ᠃
ᠠᠵᠤ ᠦᠢᠯᠡᠰ᠎ᠦᠨ ᠬᠥᠭᠵᠢᠯᠲᠡ᠎ᠶᠢᠨ ᠡᠴᠦᠰ᠎ᠦᠨ ᠵᠣᠭᠰᠣᠴᠠ ᠪᠣᠯ ᠠᠷᠠᠳ᠎ᠢ ᠪᠠᠶᠠᠵᠢᠭᠤᠯᠬᠤ ᠶᠠᠪᠤᠳᠠᠯ ᠪᠣᠯᠤᠨ᠎ᠠ᠃ 《ᠠᠵᠤ ᠠᠬᠤᠶ᠋ᠢᠯᠠᠯ + ᠬᠤᠷᠰᠢᠶᠠᠵᠢᠯ + ᠲᠠᠷᠢᠶᠠᠴᠢᠨ ᠡᠷᠦᠬᠡ》᠎ᠶᠢᠨ ᠵᠠᠭᠪᠤᠷ᠎ᠢᠶᠠᠷ ᠳᠠᠮᠵᠢᠭᠤᠯᠤᠨ᠂ ᠮᠠᠯᠴᠢᠨ ᠲᠠᠷᠢᠶᠠᠴᠢᠨ᠎ᠤ ᠣᠷᠣᠯᠭ᠎ᠠ᠎ᠶᠢ ᠨᠡᠮᠡᠭᠳᠡᠭᠦᠯᠬᠦ ᠣᠯᠠᠨ ᠡᠰᠢᠲᠦ ᠲᠣᠭᠲᠠᠭᠤᠨ ᠠᠷᠭ᠎ᠠ ᠵᠠᠮ᠎ᠢ ᠡᠭᠥᠳᠪᠠ᠄ 3000 ᠭᠠᠷᠤᠢ ᠮᠠᠯᠴᠢᠨ ᠡᠷᠤᠬᠡ᠎ᠶᠢᠨ ᠨᠤᠲᠤᠭ ᠪᠡᠯᠴᠢᠭᠡᠷ᠎ᠦᠨ ᠭᠡᠷᠡᠭᠯᠡᠭᠥ ᠡᠷᠬᠡ᠎ᠶᠢ ᠰᠢᠯᠵᠢᠭᠦᠯᠬᠦ᠎ᠪᠡᠷ ᠳᠠᠮᠵᠢᠨ ᠵᠢᠯ ᠪᠦᠷᠢ ᠳᠤᠮᠳᠠᠴᠢ᠎ᠪᠠᠷ 4600 ᠲᠥᠭᠥᠷᠢᠭ᠎ᠦᠨ ᠣᠷᠣᠯᠭ᠎ᠠ ᠨᠡᠮᠡᠭᠳᠡᠪᠡ; 2000 ᠭᠠᠷᠤᠶ ᠮᠠᠯᠴᠢᠨ ᠡᠪᠡᠰᠦᠨ᠎ᠤ ᠥᠢᠯᠡᠰ᠎ᠦᠨ ᠠᠵᠢᠯᠴᠢᠨ ᠪᠣᠯᠵᠣ᠌᠂ ᠵᠢᠯ᠎ᠦᠨ ᠳᠤᠮᠳᠠᠴᠢ ᠴᠠᠯᠢᠩ᠎ᠤᠨ ᠴᠢᠨᠠᠷᠲᠠᠶ ᠣᠷᠣᠯᠭ᠎ᠠ᠎ᠨᠢ 4 ᠲᠦᠮᠡᠨ ᠲᠥᠭᠥᠷᠢᠭ᠎ᠲᠦ ᠬᠥᠷᠪᠡ; 335 ᠡᠷᠦᠬᠡ ᠡᠪᠡᠰᠦ ᠳᠠᠷᠢᠵᠤ᠂ ᠡᠷᠦᠬᠡ ᠪᠥᠷᠢ᠎ᠶᠢᠨ ᠳᠤᠮᠳᠠᠴᠢ ᠣᠷᠣᠯᠭ᠎ᠠ 2 ᠲᠦᠮᠡᠨ ᠲᠥᠭᠥᠷᠢᠭ᠎ᠢ ᠳᠠᠪᠠᠪᠠ; 1000 ᠭᠠᠷᠤᠶ ᠡᠷᠦᠬᠡ ᠭᠠᠵᠠᠷ ᠰᠢᠷᠣᠶ᠎ᠪᠠᠷ᠎ᠢᠶᠠᠨ ᠬᠤᠷᠰᠢᠶᠠᠵᠢᠯ᠎ᠳᠤ ᠬᠤᠪᠢ ᠣᠷᠣᠵᠤ᠂ ᠵᠢᠯ ᠪᠦᠷᠢ ᠳᠤᠮᠳᠠᠴᠢ᠎ᠪᠠᠷ 2800 ᠲᠥᠭᠥᠷᠢᠭ᠎ᠡᠴᠡ ᠳᠡᠭᠡᠭᠰᠢ ᠠᠰᠢᠭ᠋ ᠬᠤᠪᠢᠶᠠᠨ ᠤᠯᠪᠠ᠃ ᠡᠪᠡᠰᠦᠨ᠎ᠦ ᠠᠵᠤ ᠦᠢᠯᠡᠰ ᠨᠢ ᠨᠢᠭᠡᠨᠲᠡ ᠲᠤᠬᠠᠢ᠎ᠶᠢᠨ ᠭᠠᠵᠠᠷ᠎ᠤᠨ ᠤᠯᠠᠨ ᠲᠦᠮᠡᠨ᠎ᠢ ᠲᠠᠢ᠍ᠢᠴᠢᠯᠠᠨ ᠠᠵᠢᠯ ᠣᠯᠭᠣᠵᠤ ᠣᠷᠣᠯᠭ᠎ᠠ᠎ᠶᠢ ᠨᠢ ᠨᠡᠮᠡᠭᠳᠡᠭᠥᠯᠥᠨ᠂ ᠬᠠᠮᠲᠤ᠎ᠪᠠᠷ ᠪᠠᠶᠠᠵᠢᠨ ᠴᠢᠨᠡᠭᠡᠯᠢᠭᠵᠢᠬᠦ᠎ᠶᠢ ᠪᠡᠶᠡᠯᠡᠭᠦᠯᠬᠦ ᠪᠠᠲᠤ ᠲᠤᠯᠭᠠᠭᠤᠷᠢ ᠪᠣᠯᠤᠭᠰᠠᠨ ᠪᠠᠶ᠋ᠢᠨ᠎ᠠ᠃

ᠣᠶ᠋ᠢᠷ᠎ᠠ᠎ᠳᠤ᠂ ᠣᠯᠠᠨ ᠤᠯᠤᠰ᠎ᠤᠨ ᠬᠣᠯᠪᠣᠭᠠᠲᠤ ᠪᠠᠶ᠋ᠢᠭᠤᠯᠭ᠎ᠠ᠎ᠶᠢᠨ ᠠᠮᠤ ᠪᠤᠳᠠᠭ᠎ᠠ ᠪᠡ ᠭᠥᠳᠡᠬᠡ ᠠᠵᠤ ᠠᠬᠤᠢ᠎ᠶᠢᠨ ᠵᠣᠬᠢᠶᠠᠨ ᠪᠠᠶ᠋ᠢᠭᠤᠯᠤᠯᠲᠠ (FAO) 《ᠲᠣᠭᠠᠴᠢᠯᠠᠭᠰᠠᠨ ᠲᠠᠷᠢᠶᠠᠯᠠᠩ ᠬᠢᠭᠡᠳ ᠬᠥᠳᠡᠬᠡ ᠠᠵᠤ ᠠᠬᠤᠢ᠎ᠶᠢᠨ ᠢᠳᠡᠭᠡᠨ᠎ᠦ ᠰᠢᠰᠲᠧᠮ᠎ᠦᠨ ᠬᠡᠯᠪᠡᠷᠢ᠎ᠪᠡᠨ ᠦᠷᠭᠦᠯᠵᠢᠯᠡᠨ ᠬᠤᠪᠢᠷᠠᠭᠤᠯᠬᠤ ᠨᠡᠢᠳᠡᠯᠢᠭ ᠵᠢᠱ᠌ᠢᠶ᠎ᠡ》 ᠶ᠋ᠢ ᠪᠥᠬᠥ ᠪᠥᠮᠪᠥᠷᠴᠡᠭ᠎ᠲᠦ ᠵᠢᠩᠬᠢᠨᠢ᠎ᠪᠡᠷ ᠨᠡᠶ᠋ᠢᠲᠡᠯᠡᠪᠡ᠃ ᠡᠭᠥᠨ ᠳ᠋ᠤ᠌ ᠶᠢᠥ ᠷᠡᠨ ᠮᠠᠯ ᠠᠵᠤ ᠠᠬᠤᠢ᠎ᠶᠢᠨ 《ᠰᠢᠨᠵᠢᠯᠡᠬᠦ ᠤᠬᠠᠭᠠᠨ ᠲᠸᠭ᠌ᠨᠢᠭ ᠮᠡᠷᠭᠡᠵᠢᠯ᠎ᠢᠶᠡᠷ ᠤᠶᠤᠨᠴᠢ ᠡᠪᠡᠰᠦᠨ᠎ᠦ ᠦᠢᠯᠡᠰ᠎ᠢ ᠠᠬᠢᠭᠤᠯᠬᠤ》 ᠠᠮᠢᠳᠤᠯᠢᠭ ᠵᠢᠱ᠌ᠢᠶ᠎ᠡ ᠨᠢ ᠳᠤᠮᠳᠠᠳᠤ ᠤᠯᠤᠰ᠎ᠤᠨ ᠡᠪᠡᠰᠦᠨ᠎ᠦ ᠦᠢᠯᠡᠰ᠎ᠦᠨ ᠴᠤᠷ᠎ᠤᠨ ᠭᠠᠭᠴᠠ ᠨᠡᠶ᠋ᠢᠲᠡᠯᠢᠭ ᠵᠢᠱ᠌ᠢᠶ᠎ᠡ ᠪᠡᠷ ᠰᠤᠩᠭᠤᠬ᠍ᠳᠠᠬ᠍ᠰᠠᠨ ᠪᠠᠢᠨ᠎ᠠ᠃ ᠳᠤᠮᠳᠠᠳᠤ ᠤᠯᠤᠰ᠎ᠤᠨ ᠬᠠᠮᠤᠭ᠎ᠤᠨ ᠲᠤᠮᠤ ᠪᠤᠷᠤ ᠴᠠᠷᠭᠠᠰᠤ᠎ᠶᠢᠨ ᠬᠠᠩᠭᠠᠯᠭ᠎ᠠ᠎ᠶᠢᠨ ᠬᠤᠳᠠᠯᠳᠤᠭᠠᠴᠢᠨ ᠪᠣᠯᠤᠭᠰᠠᠨ᠎ᠤ ᠬᠤᠪᠢ᠎ᠳᠤ ᠶᠢᠦ ᠷᠠᠨ ᠮᠠᠯ ᠠᠵᠤ ᠠᠬᠤᠶ᠎ᠨᠢ ᠪᠥᠬᠥ ᠤᠯᠤᠰ᠎ᠲᠤ 15 ᠡᠪᠡᠰᠦᠨ᠎ᠦ ᠥᠢᠯᠡᠰ᠎ᠦᠨ ᠰᠠᠭᠤᠷᠢᠨ ᠲᠠᠢ ᠪᠠᠢᠵᠦ᠂ 24 ᠲᠦᠮᠡᠨ ᠮᠤ᠌ ᠡᠪᠡᠰᠤ ᠲᠠᠷᠢᠵᠦ ᠪᠠᠢᠳᠠᠭ᠃ ᠴᠤᠷ᠎ᠤᠨ ᠭᠠᠭᠴᠠ ᠨᠡᠶ᠋ᠢᠲᠡᠯᠢᠭ ᠵᠢᠱ᠌ᠢᠶ᠎ᠡ ᠪᠡᠷ ᠰᠤᠩᠭᠤᠬ᠍ᠳᠠᠬ᠍ᠰᠠᠨ ᠨᠢ 《ᠳᠤᠮᠳᠠᠳᠤ ᠤᠯᠤᠰ᠎ᠤᠨ ᠡᠪᠡᠰᠤᠨ᠎ᠤ ᠲᠥᠪ》 ᠪᠤᠯᠬᠤ ᠠᠷᠤ ᠬᠣᠷᠴᠢᠨ ᠬᠣᠰᠢᠭᠤᠨ᠎ᠳᠤ 5.5 ᠲᠦᠮᠡᠨ ᠮᠤ᠌ ᠰᠢᠯᠢᠳᠡᠭ ᠪᠤᠷᠤ ᠴᠠᠷᠭᠠᠰᠤ᠎ᠶᠢᠨ ᠰᠠᠭᠤᠷᠢᠨ᠎ᠲᠠᠢ ᠪᠠᠶ᠋ᠢᠵᠤ᠂ 《ᠳᠠᠷᠢᠵᠤ ᠲᠡᠵᠢᠭᠡᠬᠦ᠎ᠶᠢ ᠤᠶᠠᠯᠳᠤᠭᠤᠯᠬᠤ》 ᠬᠥᠭᠵᠢᠯᠲᠡ᠎ᠶᠢᠨ ᠵᠠᠭᠪᠤᠷ ᠪᠠ 《ᠪᠤᠷᠤ ᠴᠠᠷᠭᠠᠰᠤ + ᠪᠤᠷᠳᠤᠭᠠᠨ ᠳ᠋ᠤ᠌ ᠭᠡᠷᠡᠭᠯᠡᠭᠥ ᠡᠪᠡᠰᠦ》᠎ᠶᠢᠨ ᠬᠠᠩᠭᠠᠯᠭ᠎ᠠ᠎ᠶᠢᠨ ᠵᠠᠭᠪᠤᠷ᠎ᠢ ᠪᠠᠢᠭᠤᠯᠤᠨ᠂ ᠮᠠᠯ ᠠᠵᠤ ᠠᠬᠤᠢ᠎ᠶᠢᠨ ᠥᠷᠭᠥᠯᠵᠢᠯᠡᠭᠥ ᠭᠥᠭᠵᠢᠯᠳᠡ ᠳ᠋ᠤ᠌ ᠪᠠᠲᠤ ᠪᠠᠬᠢ ᠪᠠᠲᠤᠯᠠᠭ᠎ᠠ ᠬᠠᠩᠭᠠᠭᠰᠠᠨ ᠲᠠᠢ ᠨᠢᠭ᠍ᠳᠠ ᠬᠤᠯᠪᠤᠭ᠎ᠠ ᠲᠠᠢ ᠶᠤᠮ᠃

ᠠᠷᠤ ᠬᠤᠷᠴᠢᠨ ᠬᠤᠰᠢᠭᠤ ᠪᠡᠭᠡᠵᠢᠩ ᠲᠢᠶᠠᠨᠵᠢᠨ᠎ᠤ ᠰᠠᠯᠬᠢ ᠡᠯᠡᠰᠦᠨ᠎ᠦ ᠡᠬᠢ᠎ᠶᠢ ᠵᠠᠰᠠᠬᠤ᠂ ᠲᠠᠷᠢᠶᠠᠯᠠᠬᠤ᠎ᠶᠢ ᠵᠣᠭᠰᠣᠭᠠᠵᠤ ᠣᠢ ᠰᠢᠭᠤᠢ ᠡᠪᠡᠰᠦ ᠪᠡᠯᠴᠢᠭᠡᠷ᠎ᠢ ᠰᠡᠷᠭᠦᠭᠡᠬᠦ᠂ ᠭᠣᠣᠯᠳᠠᠯᠭᠠᠲᠤ ᠣᠷᠣᠨ ᠲᠣᠭᠣᠷᠢᠭ᠋᠎ᠤᠨ ᠨᠣᠭᠣᠭᠠᠷᠠᠭᠤᠯᠤᠯᠲᠠ᠂ ᠮᠣᠳᠣ᠌ ᠲᠠᠷᠢᠵᠤ ᠣᠶ᠋ᠢᠵᠢᠭᠤᠯᠬᠤ ᠵᠡᠷᠭᠡ ᠠᠮᠢ ᠠᠬᠤᠢ᠎ᠶᠢᠨ ᠢᠨᠵᠧᠨᠧᠷᠢᠩ᠎ᠢ 237 ᠲᠦᠮᠡᠨ ᠮᠤ᠌ ᠬᠡᠷᠡᠭᠵᠢᠭᠦᠯᠵᠦ᠂ ᠪᠦᠬᠦ ᠬᠣᠰᠢᠭᠤᠨ᠎ᠤ ᠣᠢ ᠰᠢᠭᠤᠢ᠎ᠶᠢᠨ ᠪᠦᠷᠬᠦᠴᠡ 34.7%᠎ᠳᠤ ᠬᠦᠷᠴᠦ᠂ ᠲᠠᠯ᠎ᠠ ᠨᠤᠲᠤᠭ᠎ᠤᠨ ᠤᠷᠭᠤᠮᠠᠯ᠎ᠤᠨ ᠪᠦᠷᠬᠦᠴᠡ 75.6%᠎ᠳᠤ ᠬᠦᠷᠴᠦ᠂ 2019 ᠣᠨ᠎ᠳᠤ ᠠᠷᠤ ᠬᠣᠷᠴᠢᠨ ᠬᠣᠰᠢᠭᠤ᠎ᠨᠢ ᠪᠦᠬᠦ ᠤᠯᠤᠰ᠎ᠤᠨ ᠨᠣᠭᠣᠭᠠᠷᠠᠭᠤᠯᠤᠯᠲᠠ᠎ᠶᠢᠨ ᠵᠥᠪᠯᠡᠯ᠎ᠡᠴᠡ 《ᠪᠦᠬᠦ ᠤᠯᠤᠰ᠎ᠤᠨ ᠨᠣᠭᠣᠭᠠᠷᠠᠭᠤᠯᠤᠯᠲᠠ᠎ᠶᠢᠨ ᠵᠢᠱ᠌ᠢᠶᠡᠴᠢ ᠬᠣᠰᠢᠭᠤ》᠎ᠪᠡᠷ ᠥᠨᠡᠯᠡᠭᠳᠡᠪᠡ᠃ ᠠᠷᠤ ᠬᠤᠷᠴᠢᠨ ᠬᠤᠰᠢᠭᠤ 70 ᠲᠦᠮᠡᠨ ᠮᠦ᠍ ᠴᠢᠨᠠᠷ ᠰᠠᠢᠳᠠᠢ ᠲᠡᠵᠢᠭᠡᠯ ᠡᠪᠡᠰᠦᠨ᠎ᠦ ᠰᠠᠭᠤᠷᠢᠨ᠎ᠤ ᠪᠦᠲᠦᠭᠡᠨ ᠪᠠᠢᠭᠤᠯᠤᠯᠲᠠ᠎ᠶᠢᠨ ᠢᠨᠵᠧᠨᠧᠷᠢᠩ᠎ᠢ ᠬᠡᠷᠡᠭᠵᠢᠭᠦᠯᠵᠦ᠂ ᠣᠷᠣᠨ ᠪᠦᠰᠡ᠎ᠶᠢᠨ ᠤᠷᠭᠤᠮᠠᠯ ᠬᠤᠴᠢᠯᠭ᠎ᠠ᠎ᠶᠢᠨ ᠪᠦᠷᠬᠦᠴᠡ᠎ᠨᠢ 10 ᠵᠢᠯ᠎ᠦᠨ ᠡᠮᠦᠨᠡᠬᠢ 10% ᠬᠦᠷᠬᠦ ᠦᠭᠡᠢ ᠪᠠᠢᠭᠰᠠᠨ᠎ᠠᠴᠠ ᠪᠡᠨ 90%᠎ᠠᠴᠠ ᠳᠡᠭᠡᠭᠰᠢ ᠪᠣᠯᠤᠨ ᠨᠡᠮᠡᠭᠳᠡᠵᠦ᠂ ᠠᠮᠢ ᠠᠬᠤᠢ ᠪᠣᠯᠤᠨ ᠠᠵᠤ ᠠᠮᠢᠳᠤᠷᠠᠯ᠎ᠢ ᠬᠠᠮᠲᠤᠳᠤᠨᠢ ᠬᠠᠷᠠᠭᠠᠯᠵᠠᠬᠤ᠂ ᠡᠯᠡᠰᠦ᠎ᠶᠢ ᠵᠠᠰᠠᠬᠤ ᠪᠣᠯᠤᠨ ᠪᠠᠶᠠᠵᠢᠨ ᠴᠢᠨᠡᠭᠡᠯᠢᠭᠵᠢᠬᠦ᠎ᠶᠢᠨ ᠬᠠᠮᠲᠤ ᠠᠰᠢᠭ᠋ ᠬᠦᠷᠲᠡᠬᠦ ᠰᠠᠶ᠋ᠢᠨ ᠰᠠᠶ᠋ᠢᠬᠠᠨ ᠪᠠᠢᠳᠠᠯ᠎ᠢ ᠪᠡᠶᠡᠯᠡᠭᠥᠯᠵᠡᠢ᠃
(ᠳᠤᠰ ᠨᠢᠭᠤᠷ᠎ᠤᠨ ᠬᠡᠷᠡᠯ ᠵᠢᠷᠤᠭ᠎ᠢ ᠠᠷᠦ ᠬᠤᠷᠴᠢᠨ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ ᠡᠴᠡ ᠬᠠᠨᠭᠭᠠᠪᠠ)