ᠴᠢᠭᠤᠯᠭ᠎ᠠ ᠬᠤᠯᠪᠤᠭ᠎ᠠ ᠵᠢᠨ ᠴᠢᠬᠤᠯᠡ ᠦᠨᠡᠨ᠎ᠤ ᠤᠴᠢᠷ
2026-03-20 11:03:21
ᠵᠣᠬᠢᠶᠠᠭ᠍ᠴᠢ᠄
ᠦᠨᠡᠨᠵᠢᠷᠭᠠᠯ
ᠣᠩᠱᠢᠭ᠍ᠰᠠᠨ ᠣᠳᠠᠭ᠎ᠠ᠄
★★★☆☆

ᠬᠤᠯᠪᠤᠭ᠎ᠠ ᠬᠡᠮᠡᠬᠴᠢ ᠨᠢ ᠮᠤᠨᠭᠭᠤᠯ ᠦᠨᠳᠦᠰᠦᠳᠡᠨ᠎ᠤ ᠠᠮᠠᠨ ᠢᠷᠠᠭᠤ ᠨᠠᠢᠷᠠᠭ᠎ᠤᠨ ᠪᠡᠶᠡᠨ ᠰᠠᠩ᠎ᠤᠨ ᠬᠡᠷᠡᠯᠳᠤ ᠴᠠᠮᠬᠠᠭ ᠪᠤᠯᠬᠤ ᠶᠤᠮ᠃ ᠬᠦᠮᠦᠨ ᠬᠦᠮᠦᠨ᠎ᠤ ᠬᠤᠭᠤᠷᠤᠨᠳᠤᠬᠢ᠂ ᠡᠰᠡᠬᠦᠯ᠎ᠠ ᠬᠦᠮᠦᠨ ᠪᠡ ᠪᠠᠢᠭᠠᠯᠢ ᠵᠢᠨ ᠬᠤᠭᠤᠷᠤᠨᠳᠤᠬᠢ᠂ ᠶᠤᠰᠤ ᠵᠦᠢ ᠪᠡ ᠦᠶ᠎ᠠ ᠳᠤᠭᠳᠠᠯᠴᠠᠭᠠᠨ᠎ᠤ ᠳᠠᠯ᠎ᠠ ᠪᠡᠷ ᠁ᠬᠤᠯᠪᠤᠨ ᠦᠬᠦᠯᠡᠭᠰᠡᠨ ᠤᠶᠠᠨᠭᠭᠠᠯᠢᠭ ᠳᠠᠨᠭᠰᠤᠭ ᠰᠢᠯᠦᠬᠡᠰ ᠶᠤᠮ᠃ ᠳᠡᠬᠡᠷ᠎ᠠ ᠵᠠᠭᠤᠨ᠎ᠤ ᠳᠠᠪᠢ ᠵᠢᠷᠠᠭᠠᠳ ᠤᠨ᠎ᠢ ᠬᠤᠯᠪᠤᠭ᠎ᠠ ᠤᠷᠠᠯᠢᠭ᠎ᠤᠨ ᠰᠢᠵᠢᠷ ᠠᠯᠳᠠᠨ ᠦᠶ᠎ᠠ ᠬᠡᠳᠡᠭ᠃ ᠳᠤᠷᠵᠢᠷᠢᠨᠴᠢᠨ᠂ ᠮᠤᠤᠡᠦ᠋ᠬᠢᠨ᠂ ᠯᠤᠤᠽᠠᠷ᠂ ᠴᠤᠢᠵᠢᠺᠠᠸᠠ᠂ ᠵᠠᠭᠠᠨ᠎ᠠ᠂ ᠴᠤᠢᠪᠠᠩ᠂ ᠦᠰᠬᠦᠪᠤᠶᠡᠨ᠂ ᠫᠠᠵᠠᠢ ᠵᠡᠷᠬᠡ ᠦᠯᠢᠬᠡᠷ ᠬᠤᠯᠪᠤᠭᠠᠴᠢᠳ᠎ᠢ ᠳᠤᠷᠠᠳᠬᠤ᠎ᠳᠤ ᠴᠢᠬᠢᠨ᠎ᠤ ᠴᠢᠮᠡᠭ ᠪᠤᠯᠤᠭᠰᠠᠨ ᠦᠯᠢᠬᠡᠷ ᠬᠤᠯᠪᠤᠭ᠎ᠠ ᠵᠢᠨ ᠪᠦᠳᠦᠬᠡᠯ ᠨᠢ ᠴᠢ ᠪᠢᠳᠡᠨ᠎ᠤ ᠰᠡᠳᠬᠢᠯ᠎ᠢ ᠠᠷᠭᠠᠳᠠᠵᠦ᠂ ᠰᠤᠨᠤᠷ᠎ᠢ ᠪᠠᠶᠠᠰᠬᠠᠵᠦ᠂ ᠰᠠᠨᠠᠭ᠎ᠠ ᠵᠢ ᠳᠡᠯᠡᠳᠡᠭ ᠰᠢᠳᠢ ᠳᠡᠢ ᠃

ᠬᠤᠯᠪᠤᠭ᠎ᠠ ᠵᠢᠨ ᠳᠦᠷᠦᠯ᠎ᠳᠤ ᠦᠯᠢᠬᠡᠷᠳᠦ ᠬᠤᠯᠪᠤᠭ᠎ᠠ᠂ ᠴᠢᠭᠤᠯᠭ᠎ᠠ ᠬᠤᠯᠪᠤᠭ᠎ᠠ᠂ ᠳᠠᠭᠠᠷᠢᠯᠴᠠᠭ᠎ᠠ ᠬᠤᠯᠪᠤᠭ᠎ᠠ᠂ ᠳ᠋ᠠᠨᠭᠬᠠᠨ ᠬᠤᠯᠪᠤᠭ᠎ᠠ᠂ ᠳᠡᠦᠬᠡᠨ ᠬᠤᠯᠪᠤᠭ᠎ᠠ᠂ ᠠᠮᠠᠨ ᠬᠤᠯᠪᠤᠭ᠎ᠠ᠂ ᠤᠷᠭᠤᠭ᠎ᠠ ᠬᠤᠯᠪᠤᠭ᠎ᠠ ᠵᠡᠷᠬᠡ ᠪᠡᠷ ᠬᠤᠪᠢᠶᠠᠳᠠᠭ᠃ ᠳᠡᠷᠡ ᠨᠢ ᠰᠤᠷᠭᠠᠯ ᠴᠡᠬᠡᠷᠯᠡᠯ᠂ ᠢᠷᠦᠬᠡᠯ ᠮᠠᠭᠳᠠᠭᠠᠯ᠁᠎ᠤᠨ ᠰᠢᠨᠵᠢ ᠳᠡᠢ ᠪᠡᠷ ᠤᠰᠤ ᠨᠤᠳᠤᠭ ᠵᠢᠡᠨ ᠮᠠᠭᠳᠠᠨ ᠳᠠᠭᠤᠯᠠᠭᠰᠠᠨ᠂ ᠨᠡᠢᠬᠡᠮ ᠠᠮᠢᠳᠤᠷᠡᠯ᠎ᠢ ᠢᠯᠡᠴᠢᠯᠡᠨ ᠳᠠᠭᠠᠵᠢᠩᠨᠠᠭᠰᠠᠨ᠂ ᠬᠤᠱᠤᠩ ᠶᠦᠮᠦᠷᠯᠢᠭ᠂ ᠬᠠᠪᠤᠯᠢᠭ ᠤᠨᠤᠪᠴᠢᠳᠠᠢ᠂ ᠬᠦᠨ ᠤᠬᠠᠭᠠᠯᠢᠭ ᠦᠬᠡ ᠬᠡᠯᠡᠯᠬᠡ ᠪᠡᠷ ᠠᠳᠠᠯᠢᠳᠬᠠᠯ ᠵᠦᠢᠷᠯᠡᠯ᠎ᠢ ᠠᠰᠢᠭᠯᠠᠨ᠂ ᠦᠬᠡ ᠵᠢ ᠤᠷᠤᠯᠳᠤᠭᠤᠯᠵᠦ᠂ ᠤᠳᠬ᠎ᠠ ᠵᠢ ᠬᠦᠬᠡᠬᠡᠴᠡᠯᠳᠦᠬᠦᠯᠳᠡᠭ ᠤᠨᠴᠠᠯᠢᠭ ᠳᠠᠢ᠃  ᠴᠢᠭᠤᠯᠭ᠎ᠠ ᠬᠤᠯᠪᠤᠭ᠎ᠠ ᠭᠡᠬᠦ ᠡᠨᠡ ᠬᠦ᠌ ᠤᠷᠠᠯᠢᠭ᠎ᠤᠨ ᠳᠡᠰ ᠳᠡᠪᠰᠢᠯᠳᠡ ᠪᠤᠶᠤ ᠰᠢᠨᠡᠴᠢᠯᠡᠭᠰᠡᠨ ᠦᠵᠡᠭᠳᠡᠯ ᠨᠢ ᠬᠤᠯᠪᠤᠭ᠎ᠠ ᠤᠷᠠᠯᠢᠭ᠋᠎ᠤᠨ ᠴᠣ ᠰᠢᠨᠡᠭᠡᠨ ᠭᠡᠪ ᠵᠠᠬ᠍ᠪᠤᠷ ᠪᠠ ᠦᠨᠭᠭᠡ ᠳᠦᠷᠬᠦ᠎ᠵᠢ ᠪᠤᠢ ᠪᠤᠯᠭᠠᠭᠰᠠᠨ ᠵᠢᠡᠷ ᠵᠢᠡᠨ ᠤᠨᠴᠠᠯᠢᠭᠳᠠᠨ᠎ᠠ᠃ ᠨᠡᠷᠡᠳᠦ ᠳᠠᠭᠤᠷᠢᠯᠢᠭᠴᠢᠨ ᠳᠤᠷᠵᠢᠷᠢᠨᠴᠢᠨ ᠠᠭᠰᠠᠨ 1965 ᠤᠨ᠎ᠳᠤ ᠤᠯᠠᠭᠠᠨᠮᠦ᠋ᠴᠢᠷ᠎ᠤᠨ ᠪᠦᠬᠦ ᠤᠯᠤᠰ᠎ᠤᠨ ᠳᠤᠭᠤᠷᠢᠨ ᠳᠤᠭᠯᠠᠯᠳᠠ᠎ᠳᠤ 《ᠴᠢᠭᠤᠯᠭ᠎ᠠ ᠬᠤᠯᠪᠤᠭ᠎ᠠ》 ᠬᠡᠬᠦ ᠨᠡᠷ᠎ᠠ ᠵᠢ ᠳᠤᠷᠠᠳᠤᠭᠰᠠᠨ ᠪᠠᠢᠳᠠᠭ᠃ ᠳᠡᠬᠦᠨ᠎ᠤ ᠬᠡᠯᠡᠳᠡᠭ ᠵᠢᠡᠷ ᠪᠤᠯ 《ᠴᠢᠭᠤᠯᠭ᠎ᠠ ᠬᠤᠯᠪᠤᠭ᠎ᠠ ᠬᠡᠳᠡᠭ ᠨᠢ ᠤᠯᠠᠨ ᠬᠦᠮᠦᠨ ᠨᠢᠬᠡ ᠳᠤᠤᠷ᠎ᠠ ᠬᠤᠷᠡᠵᠦ ᠨᠢᠬᠡ ᠯᠡ ᠬᠤᠯᠪᠤᠭ᠎ᠠ ᠵᠢ ᠪᠦᠬᠦᠳᠡᠬᠡᠷ ᠬᠡᠯᠡᠨ᠎ᠠ ᠬᠡᠰᠡᠨ ᠰᠠᠨᠠᠭ᠎ᠠ》᠃ ᠬᠤᠯᠪᠤᠭ᠎ᠠ ᠪᠤᠯ ᠤᠭ ᠡᠴᠡ ᠪᠡᠨ ᠳᠤᠭᠯᠠᠯᠳᠠ ᠵᠢᠨ ᠴᠢᠨᠡᠷᠳᠡᠢ ᠤᠷᠠᠯᠢᠭ᠂ ᠡᠨᠡ ᠬᠦ᠌ ᠤᠨᠴᠠᠯᠢᠭ ᠨᠢ ᠴᠢᠭᠤᠯᠭ᠎ᠠ ᠬᠤᠯᠪᠤᠭ᠎ᠠ ᠵᠢ ᠨᠡᠷᠡᠢᠳᠦᠭᠰᠡᠨ ᠡᠴᠡ ᠰᠡᠬᠦᠯᠡᠷ ᠨᠡᠩ ᠳᠤᠪᠤᠢᠮ᠎ᠠ ᠪᠤᠯᠵᠦ᠂ ᠳᠠᠢᠰᠠᠨ᠎ᠤ ᠳᠤᠭᠯᠠᠯᠳᠠ᠎ᠳᠤ ᠶᠡᠨᠭᠵᠦ ᠪᠦᠷᠢ ᠵᠢᠨ ᠬᠤᠭᠤᠷ ᠬᠦᠭᠵᠢᠮ ᠯᠤᠬᠡ ᠬᠤᠷᠰᠢᠭᠤᠯᠤᠨ ᠬᠠᠪᠰᠤᠷᠭᠠᠵᠦ ᠬᠡᠯᠡᠬᠦ ᠪᠤᠯᠪᠡ᠃ ᠤᠨᠴᠠᠭᠠᠢᠯᠠᠨ᠂ ᠠᠬᠤᠢ ᠳᠠᠯᠠᠪᠠᠢ ᠵᠢᠨ ᠦᠵᠡᠭᠴᠢᠳ᠎ᠤᠨ ᠰᠡᠳᠬᠢᠯ᠎ᠤᠨ ᠬᠦᠭ᠎ᠢ ᠠᠯᠳᠠᠷᠠᠭᠠᠬᠤ᠂ ᠳᠤᠭᠳᠤᠯᠤᠭᠤᠯᠬᠤ᠂ ᠬᠦᠷ ᠬᠦᠭᠵᠢᠶᠡᠨ ᠳᠡᠢ ᠪᠤᠯᠭᠠᠬᠤ ᠳᠠᠯ᠎ᠠ ᠪᠡᠷ ᠶᠡᠬᠡᠬᠡᠨ ᠦᠷ᠎ᠠ ᠨᠦᠯᠦᠬᠡ ᠳᠡᠢ ᠠᠵᠢ᠃

ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠨᠢ 2014 ᠤᠨ᠎ᠳᠤ 《ᠳᠤᠮᠳᠠᠳᠤ ᠤᠯᠤᠰ᠎ᠤᠨ ᠴᠢᠭᠤᠯᠭ᠎ᠠ ᠬᠤᠯᠪᠤᠭᠠᠨ᠎ᠤ ᠰᠤᠶᠤᠯ᠎ᠤᠨ ᠦᠯᠦᠭᠡᠢ》ᠭᠡᠮᠡᠨ ᠨᠡᠷᠡᠢᠳᠦᠭᠳᠡᠵᠡᠢ᠃ ᠤᠷᠠᠯᠢᠭ ᠰᠤᠶᠤᠯ᠎ᠤᠨ ᠡᠴᠢᠨ᠎ᠠ ᠦᠷᠳᠡᠭ ᠨᠢ ᠶᠠᠭ ᠬᠦ᠌ ᠦᠪᠯᠡᠨ ᠤᠯᠠᠮᠵᠢᠯᠠᠵᠦ᠂ ᠳᠦᠬᠡᠬᠡᠨ ᠳᠡᠯᠬᠡᠷᠡᠬᠦᠯᠬᠦ᠎ᠳᠤ ᠪᠤᠢ᠃ ᠳᠠᠯᠠᠨ ᠬᠠᠷ᠎ᠠ᠎ᠶᠢᠨ ᠬᠤᠢᠮᠦᠷ ᠨᠤᠳᠤᠭ᠎ᠢ ᠡᠵᠡᠨᠭᠨᠡᠨ ᠰᠠᠭᠤᠭᠰᠠᠨ ᠳᠠᠷᠬᠠᠨ ᠮᠤᠤᠮᠢᠩᠭᠠᠨᠴᠤᠳ ᠤᠨ ᠵᠢᠯ᠎ᠦᠨ ᠤᠷᠳᠤ ᠠᠶᠠᠨ᠎ᠳᠤ ᠠᠳᠠᠯ ᠰᠤᠶᠤᠯ ᠵᠢᠡᠨ ᠪᠦᠳᠦᠬᠡᠭᠰᠡᠨ ᠠᠯᠢ ᠤᠯᠠᠨ ᠤᠯᠠ ᠮᠦᠷ ᠲᠠᠢ ᠨᠤᠳᠤᠭ ᠶᠤᠮ᠃ ᠠᠮᠢᠳᠤ ᠳᠡᠦᠬᠡᠨ ᠬᠠᠳᠠᠨ ᠵᠢᠷᠤᠭ ᠡᠴᠡ ᠠᠢᠪᠠᠭ᠎ᠠ ᠭᠤᠤᠯ᠎ᠤᠨ᠎ᠢᠶᠠᠨ ᠬᠦᠪᠡᠭᠡ᠎ᠶᠢ ᠳᠠᠭᠠᠬ᠍ᠰᠠᠨ ᠡᠷᠲᠡᠨ᠎ᠦ ᠬᠤᠳᠠ᠎ᠶᠢᠨ ᠬᠡᠷᠡᠮ᠂ ᠲᠡᠤᠭᠡ ᠦᠬᠦᠯᠡᠭᠰᠡᠨ ᠤᠯᠠᠨ ᠰᠦᠮ᠎ᠡ᠎ᠶᠢᠨ ᠪᠠᠭᠤᠷᠢ ᠡᠴᠡ ᠬᠠᠪᠤᠳᠤ ᠬᠠᠰᠠᠷ᠎ᠤᠨ ᠳᠠᠢᠯᠭ᠎ᠠ ᠳᠠᠬᠢᠯᠭ᠎ᠠ ᠬᠦᠷᠳᠡᠯ᠎ᠠ ᠁ ᠳᠠᠯᠠᠢ ᠶᠡᠬᠡ ᠦᠪ ᠰᠤᠶᠤᠯ ᠵᠢᠡᠨ ᠳᠠᠯᠠᠢᠴᠠ ᠶᠡᠬᠡᠳᠡᠢ ᠬᠦᠭᠵᠢᠬᠦᠯᠦᠨ ᠤᠯᠠᠮᠵᠢᠯᠠᠭᠰᠠᠭᠠᠷ ᠡᠳᠦᠬᠡ ᠵᠢ ᠬᠦᠷᠴᠡᠢ᠃ ᠡᠬᠦᠨᠴᠢᠯᠡᠨ᠂ 《ᠳᠤᠮᠳᠠᠳᠤ ᠤᠯᠤᠰ᠎ᠤᠨ ᠴᠢᠭᠤᠯᠭ᠎ᠠ ᠬᠤᠯᠪᠤᠭᠠᠨ᠎ᠤ ᠰᠤᠶᠤᠯ᠎ᠤᠨ ᠦᠯᠦᠭᠡᠢ》 ᠨᠢ ᠳᠠᠷᠬᠠᠨ ᠨᠤᠳᠤᠭ᠎ᠤᠨ ᠠᠪᠢᠶᠡᠰ ᠪᠢᠯᠢᠭᠳᠦ ᠳᠤᠷᠵᠢᠷᠢᠨᠴᠢᠨ ᠭᠤᠸᠠᠢ ᠵᠢᠨ ᠤᠷᠠᠯᠢᠭ᠎ᠰᠤᠶᠤᠯ᠎ᠤᠨ ᠳᠡᠦᠬᠡᠨ ᠭᠠᠪᠢᠶ᠎ᠠ ᠵᠢᠳᠬᠦᠯ᠎ᠤᠨ ᠬᠠᠷᠢᠭᠤ ᠳᠤᠰᠬᠠᠯ ᠳᠡᠳᠦᠢ ᠦᠬᠡᠢ ᠳᠠᠷᠬᠠᠨ ᠮᠤᠤᠮᠢᠨᠭᠭᠠᠨᠴᠤᠳ᠎ᠤᠨ ᠬᠠᠮᠳᠤ ᠵᠢᠨ ᠴᠢᠷᠮᠠᠢᠯᠭ᠎ᠠ ᠡᠴᠡ ᠰᠠᠯᠵᠦ ᠦᠯᠦ ᠴᠢᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号