ᠮᠠᠯᠴᠢᠨ ᠬᠦᠮᠦᠨ᠎ᠤ ᠰᠠᠢᠬᠠᠨ ᠰᠡᠳᠬᠢᠯ — 《 ᠮᠠᠯ᠎ᠤᠨ ᠰᠢᠨ᠎ᠠ 》
2026-03-27 17:02:12
ᠵᠣᠬᠢᠶᠠᠭ᠍ᠴᠢ᠄
ᠦᠨᠡᠨᠵᠢᠷᠭᠠᠯ ᠰᠠᠴᠡᠩᠭᠤᠸ᠎ᠠ
ᠣᠩᠱᠢᠭ᠍ᠰᠠᠨ ᠣᠳᠠᠭ᠎ᠠ᠄
★★★☆☆

2012 ᠣᠨ᠎ᠳᠤ ᠥᠪᠡᠷᠲᠡᠭᠡᠨ ᠵᠠᠰᠠᠬᠤ ᠣᠷᠣᠨ᠎ᠠᠴᠠ ᠬᠡᠰᠢᠭᠳᠡᠨ ᠬᠤᠰᠢᠭᠤᠨ᠎ᠤ ᠳᠠᠷᠬᠠᠠᠠᠠᠭᠤᠯᠠ ᠰᠤᠮᠤ ᠎ᠶᠢ 《ᠮᠠᠯ ᠰᠢᠨᠡᠯᠡᠭᠦᠯᠬᠦ ᠰᠣᠶᠣᠯ᠎ᠤᠨ ᠥᠯᠥᠭᠡᠶ》ᠭᠡᠵᠦ ᠴᠣᠯᠠᠯᠠᠪᠠ᠃ 2014 ᠣᠨ ᠎ᠤ ᠰᠡᠭᠦᠯᠴᠢ᠎ᠪᠡᠷ ᠰᠣᠶᠣᠯ᠎ᠤᠨ ᠶᠠᠮᠤᠨ᠎ᠠᠴᠠ 《 2014 - 2016 ᠣᠨ᠎ᠤ ᠳᠤᠮᠳᠠᠳᠤ ᠤᠯᠤᠰ ᠎ᠤᠨ ᠠᠷᠠᠳ᠎ᠤᠨ ᠰᠣᠶᠣᠯ ᠤᠷᠠᠯᠢᠭ᠋᠎ᠤᠨ ᠥᠯᠥᠭᠡᠶ》 ᠎ᠶ᠋ᠢᠨ ᠎ᠨᠠᠷᠡᠰ ᠎ᠤᠨ ᠵᠢᠭᠰᠠᠭᠠᠯᠳᠠ᠎ᠳᠤ ᠳᠠᠷᠬᠠᠠᠠᠠᠭᠤᠯᠠ ᠰᠤᠮᠤ᠎ᠡᠴᠡ ᠮᠡᠳᠡᠭᠦᠯᠦᠭᠰᠡᠨ《ᠮᠠᠯ ᠰᠢᠨᠡᠯᠡᠭᠦᠯᠬᠦ ᠨᠠᠶ᠋ᠢᠷ᠎ᠤᠨ ᠵᠠᠩ ᠳᠠᠳᠬᠠᠯ》ᠪᠠᠭᠳᠠᠵᠦ᠂ ᠳᠠᠷᠬᠠᠠᠠᠠᠭᠤᠯᠠ ᠰᠤᠮᠤ ᠵᠢᠩᠬᠢᠨᠢ᠎ᠪᠡᠷ《ᠳᠤᠮᠳᠠᠳᠤ ᠤᠯᠤᠰ᠎ᠤᠨ ᠠᠷᠠᠳ᠎ᠤᠨ ᠰᠣᠶᠣᠯ ᠤᠷᠠᠯᠢᠭ᠋᠎ᠤᠨ ᠥᠯᠥᠭᠡᠶ》 ᠬᠡᠮᠡᠨ ᠴᠣᠯᠠᠯᠠᠭᠳᠠᠵᠤ᠂ ᠠᠯᠳᠠᠷ ᠨᠡᠷ᠎ᠡ᠎ᠪᠠᠨ ᠳᠠᠭᠤᠷᠢᠰᠤᠭᠤᠯᠵᠤ ᠪᠠᠶ᠋ᠢᠭ᠎ᠠ ᠶᠤᠮ᠃

ᠮᠡᠳᠡᠬᠡᠵᠢ᠂ ᠮᠤᠨᠭᠭᠤᠯᠴᠤᠳ ᠴᠠᠭᠠᠨ ᠰᠠᠷ᠎ᠠ ᠵᠢ ᠤᠨᠴᠠᠯᠠᠨ ᠪᠡᠯᠬᠡᠯᠡᠳᠡᠭ᠃ ᠡᠬᠦᠨ᠎ᠳᠤ ᠠᠳᠠᠯ ᠠᠮᠢᠳᠤᠷᠡᠯ᠎ᠤᠨ ᠬᠢᠨᠢ ᠳᠦᠰᠢᠭ ᠬᠦᠷᠦᠨᠭᠭᠡ ᠪᠤᠯᠤᠭᠰᠠᠨ ᠮᠠᠯ ᠤᠨᠤᠭ᠎ᠠ ᠪᠡᠨ ᠴᠠᠭᠠᠨ ᠰᠠᠷ᠎ᠠ ᠵᠢᠨ ᠪᠡᠶᠡᠷ ᠵᠢᠡᠷ 《ᠰᠢᠨᠡᠯᠡᠬᠦᠯᠳᠡᠭ》 ᠶᠤᠰᠤ ᠵᠠᠩᠰᠢᠯ ᠨᠢ ᠦᠯᠡᠮᠵᠢ ᠤᠯᠠᠨ ᠰᠤᠶᠤᠯ ᠪᠤᠯᠪᠠᠰᠤᠨ᠎ᠤ ᠳᠤᠮᠳᠠᠬᠢ ᠤᠨᠴᠠᠭᠠᠢ ᠨᠢᠬᠡᠨ ᠦᠵᠡᠭᠳᠡᠯ ᠪᠢᠯᠡ᠃ ᠴᠠᠭᠠᠨ ᠰᠠᠷ᠎ᠠ ᠨᠢ ᠬᠠᠮᠤᠭ ᠪᠥᠬᠥᠳᠡ᠎ᠶᠢᠨ ᠰᠢᠨ᠎ᠡ᠎ᠡᠬᠢᠯᠡᠯ ᠎ᠤᠨ ᠰᠠᠶ᠋ᠢᠬᠠᠨ ᠵᠥᠩᠨᠡᠯᠲᠦ ᠴᠠᠭ ᠮᠥᠴᠡ ᠪᠣᠯᠬᠣᠷ ᠲᠠᠪᠤᠨ ᠬᠣᠰᠢᠭᠤ ᠮᠠᠯ᠎ᠤᠨ ᠦᠷᠡᠵᠢᠯᠲᠦ ᠰᠦᠷᠥᠭ᠎ᠢᠶᠡᠨ ᠴᠦ᠍ ᠢᠷᠥᠭᠡᠨ ᠵᠦᠨᠭᠨᠡᠵᠦ 《ᠡᠨᠭᠬᠦᠷᠡᠢᠯᠡᠨ ᠪᠠᠶᠠᠷᠯᠠᠭᠤᠯᠬᠤ》 ᠶᠣᠰᠣᠲᠠᠶ ᠭᠡᠵᠦ ᠮᠣᠩᠭᠣᠯᠴᠤᠳ ᠦᠵᠡᠳᠡᠭ ᠲᠤᠯᠠ ᠲᠠᠪᠤᠨ ᠬᠤᠰᠢᠭᠤ ᠮᠠᠯ ᠢ᠋ ᠪᠠᠨ ᠬᠦᠮᠤᠨ ᠠᠷᠠᠳ ᠲᠠᠢ ᠪᠠᠨ ᠠᠳᠠᠯᠢ ᠰᠢᠨᠡᠯᠡᠭᠦᠯᠬᠦ 《ᠮᠠᠯ ᠤ᠋ᠨ ᠰᠢᠨ᠎ᠡ ᠶ᠋ᠢᠨ ᠨᠠᠢᠷ》 ᠬᠢᠳᠡᠭ ᠪᠤᠯᠤᠭᠰᠠᠨ ᠪᠢᠵᠡ᠃


QQ20260327-170525.png


ᠲᠠᠪᠤᠨ ᠬᠤᠰᠢᠭᠤ ᠮᠠᠯ᠎ᠢᠶᠠᠨ ᠰᠢᠨᠡᠯᠡᠭᠦᠯᠬᠦ᠎ᠳᠦ ᠠᠢᠯ ᠬᠣᠲᠠ᠎ᠠᠴᠠ ᠵᠠᠶ᠋ᠢᠳᠠᠭᠤ ᠬᠥᠳᠡᠭᠡ ᠬᠡᠭᠡᠷ᠎ᠠ ᠭᠠᠷᠴᠤ᠂ ᠡᠪᠡᠰᠦ ᠪᠡᠯᠴᠢᠭᠡᠷ ᠰᠠᠶ᠋ᠢᠲᠠᠶ ᠲᠣᠬᠢᠯᠢᠭ᠋ ᠭᠠᠵᠠᠷ᠎ᠢ ᠰᠣᠩᠭᠣᠵᠤ ᠬᠢᠳᠡᠭ᠃ ᠮᠠᠯ ᠰᠢᠨᠡᠯᠡᠭᠦᠯᠬᠦ᠎ᠳᠦ ᠬᠤᠲᠠ ᠤᠰᠤᠨ ᠎ᠤ ᠠᠬᠠᠮᠠᠳ ᠲᠣᠮᠣᠭᠠᠲᠠᠳ ᠲᠦᠷᠦᠭᠦᠯᠡᠨ ᠵᠣᠬᠢᠶᠠᠨ ᠪᠠᠶ᠋ᠢᠭᠤᠯᠵᠤ᠂ ᠲᠠᠪᠤᠨ ᠬᠣᠰᠢᠭᠤ ᠮᠠᠯ᠎ᠢᠶᠠᠨ ᠵᠠᠬ᠎ᠠ ᠵᠠᠬ᠎ᠠ ᠡᠴᠡ ᠨᠢ ᠬᠣᠷᠢᠶᠠᠨ ᠤᠢᠷᠠᠳᠤᠭᠤᠯᠵᠦ ᠢᠷᠡᠭᠡᠳ ᠰᠦᠷᠦᠭ ᠪᠦᠷᠢ᠎ᠶᠢᠨ ᠮᠠᠩᠯᠠᠶ᠎ᠶᠢ ᠨᠢ ᠰᠢᠯᠢᠨ ᠪᠠᠷᠢᠵᠤ ᠮᠢᠯᠢᠶᠠᠬᠤ ᠪᠥᠭᠡᠳ ᠮᠠᠯᠴᠢᠳ ᠥᠩᠭᠡᠷᠡᠭᠰᠡᠨ ᠵᠢᠯ᠎ᠦᠨ ᠮᠠᠯ ᠠᠬᠤᠶ᠎ᠶᠢᠨ ᠲᠤᠷᠰᠢᠯᠭ᠎ᠠ ᠰᠤᠷᠭᠠᠮᠵᠢ᠎ᠪᠠᠨ ᠳ᠋ᠦᠩᠨᠡᠵᠦ᠂ ᠰᠢᠨ᠎ᠡ ᠨᠢᠭᠡᠨ ᠵᠢᠯ ᠳ᠋ᠡᠭᠡᠨ ᠮᠠᠯ ᠰᠦᠷᠦᠭ ᠥᠨᠢᠷ ᠥᠰᠥᠯᠲᠡ᠎ᠲᠠᠢ᠂ ᠭᠡᠮ ᠬᠢᠵᠢᠭ ᠬᠠᠯᠳᠠᠪᠤᠷᠢ ᠦᠭᠡᠢ ᠪᠠᠶ᠋ᠢᠬᠤ᠎ᠶᠢ ᠬᠥᠬᠡ ᠲᠩᠷᠢ᠎ᠳᠡᠭᠡᠨ ᠵᠠᠯᠪᠠᠷᠢᠨ ᠰᠦᠰᠦᠭᠯᠡᠵᠦ᠂ ᠮᠠᠯᠴᠢᠨ ᠲᠦᠮᠡᠨ᠎ᠢᠶᠡᠨ ᠪᠠᠶᠠᠰᠬᠠᠨ ᠤᠷᠮᠠᠰᠢᠭᠤᠯᠵᠤ ᠵᠣᠷᠢᠭ᠍ᠵᠢᠭᠤᠯᠳᠠᠭ᠃ ᠠᠵᠢᠷᠠᠭ᠎ᠠ᠎ᠶᠢ 《ᠲᠦᠮᠡᠨ ᠠᠳᠤᠭᠤᠨ᠎ᠤ ᠲᠦᠷᠦᠭᠦᠦ ᠪᠣᠯ᠂ ᠮᠢᠩᠭᠠᠨ ᠠᠳᠤᠭᠤᠨ᠎ᠤ ᠮᠠᠩᠯᠠᠶ ᠪᠣᠯ》᠂ ᠪᠤᠤᠷ᠎ᠠ᠎ᠶᠢ 《ᠠᠭᠤᠯᠠ ᠰᠢᠭ᠋ ᠪᠡᠶ᠎ᠠ᠎ᠲᠠᠢ ᠪᠣᠯ᠂ ᠬᠠᠳᠠ ᠰᠢᠭ᠋ ᠪᠣᠰᠣᠭ᠎ᠠ ᠪᠦᠬᠦ᠎ᠲᠠᠢ ᠪᠣᠯ》᠂ ᠪᠤᠬ᠎ᠠ᠎ᠶᠢ 《 ᠲᠦᠮᠡᠨ ᠦᠬᠡᠷ᠎ᠦᠨ ᠲᠦᠷᠦᠭᠦᠨ᠎ᠳᠦ ᠮᠥᠭᠡᠷᠡᠵᠦ ᠶᠠᠪᠤ᠂ ᠲᠥᠯ ᠮᠠᠯ ᠢ᠋ᠶ᠋ᠠᠷ᠎ᠢᠶᠠᠨ ᠲᠠᠯ᠎ᠠ᠎ᠶᠢ ᠳᠦᠭᠦᠷᠭᠡᠵᠦ ᠶᠠᠪᠤ》᠂ ᠬᠤᠴᠠ ᠤᠬᠤᠨ᠎ᠠ ᠎ᠶᠢ 《ᠲᠦᠯ ᠴᠢᠨᠢ ᠲᠦᠮᠡ ᠪᠣᠯ᠂ ᠲᠦᠮᠡ ᠪᠣᠮ᠎ᠢᠶᠠᠷ ᠦᠷᠡᠵᠢ᠂ ᠪᠤᠮ ᠪᠤᠮ᠎ᠢᠶᠠᠷ ᠥᠰᠤ》ᠭᠡᠬᠦᠴᠢᠯᠡᠨ ᠢᠷᠥᠭᠡᠵᠦ ᠮᠢᠯᠢᠶᠠᠳᠠᠭ ᠁

ᠪᠤᠳᠤᠵᠦ ᠦᠵᠡᠪᠡᠯ᠂ ᠡᠨᠡ ᠨᠢ ᠮᠡᠯᠴᠢᠨ ᠬᠦᠮᠦᠨ᠎ᠤ ᠰᠠᠢᠬᠠᠨ ᠰᠡᠳᠬᠢᠯ᠎ᠤᠨ ᠢᠯᠡᠷᠬᠡᠢᠯᠡᠯ ᠶᠤᠮ᠃ ᠮᠠᠯ᠂ ᠳᠠᠵᠢᠬᠡᠪᠦᠷᠢ᠂ ᠠᠳᠤᠭᠤᠰᠤ ᠵᠢ ᠬᠦᠷᠳᠡᠯ᠎ᠠ ᠬᠡᠷ᠎ᠪᠦᠯᠢ ᠵᠢᠨ ᠨᠢᠬᠡᠨ ᠬᠡᠰᠢᠬᠦᠨ ᠮᠡᠳᠦ ᠪᠤᠳᠤᠵᠦ ᠰᠠᠨᠠᠵᠦ ᠬᠠᠢᠷᠡᠯᠡᠵᠦ ᠶᠠᠪᠤᠳᠠᠭ ᠨᠢᠨᠭᠵᠢᠨ ᠰᠡᠳᠬᠢᠯ᠎ᠤᠨ ᠬᠢᠨᠢ ᠳᠤᠳᠤᠷᠬᠠᠢᠯᠠᠯ ᠶᠤᠮ᠃

ᠮᠠᠯ ᠎ᠤᠨ ᠵᠤ ᠳᠡᠨᠢᠬᠡᠷ ᠪᠤᠯ ᠮᠠᠯᠴᠢᠳ᠎ᠤᠨ ᠰᠡᠳᠬᠢᠯ ᠬᠠᠨᠠᠭᠠᠷ᠃ ᠮᠠᠯ ᠨᠢ ᠦᠨᠢᠷ ᠦᠰᠴᠤ᠂ ᠮᠠᠯᠴᠢᠳ᠎ᠤᠨ ᠮᠠᠨᠭᠨᠠᠢ ᠳᠠᠨᠢᠢᠵᠦ ᠪᠠᠢᠭ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号