ᠪᠤᠭᠤᠲᠤ ᠡᠴᠡ ᠢᠷᠭᠠᠢ ᠬᠦᠷᠬᠦ ᠲᠦᠷᠭᠡᠨ᠎ᠤ ᠲᠡᠮᠦᠷ ᠵᠠᠮ ᠲᠠᠭᠠᠤ ᠬᠤᠳᠠ ᠵᠢᠨ ᠵᠢᠭᠤᠯᠴᠢᠯᠠᠯ᠎ᠤᠨ ᠬᠤᠯᠪᠤᠭ᠎ᠠ ᠲᠦᠷᠦᠬᠦᠬᠡᠨ ᠪᠤᠭᠤᠳᠤ ᠬᠤᠳᠠ ᠳ᠋ᠤ ᠪᠠᠢᠭᠤᠯᠤᠬᠳᠠᠵᠦ᠂ ᠲᠦᠷᠭᠡᠨ᠎ᠤ ᠲᠠᠮᠤᠷ ᠵᠠᠮ ᠲᠠᠭᠠᠤ 7 ᠬᠤᠳᠠ ᠵᠢᠨ ᠬᠢᠨ ᠨᠢᠭᠡ ᠲᠢᠩᠬᠢᠮ ᠳ᠋ᠤ ᠴᠤᠬᠯᠠᠷᠠᠭᠠᠳ᠂ ᠦᠪᠦᠷ ᠮᠤᠩᠭᠤᠯ ᠨᠢᠩᠰᠢᠶᠠ ᠵᠢᠴᠢ ᠨᠡᠩ ᠦᠷᠭᠡᠨ ᠤᠷᠤᠨ ᠲᠤᠭᠤᠷᠢᠭ᠎ᠤᠨ ᠰᠤᠶᠤᠯ ᠵᠢᠭᠤᠯᠴᠢᠯᠠᠯ᠎ᠢ ᠠᠭᠤᠰᠤᠯᠴᠠᠭᠤᠯᠤᠨ ᠬᠦᠭᠵᠢᠬᠦᠯᠬᠦ ᠰᠢᠨ᠎ᠠ ᠠᠯᠬᠤᠮ᠎ᠢ ᠠᠯᠬᠤᠬᠰᠠᠨ ᠪᠠᠢᠨ᠎ᠠ᠃
ᠪᠤᠭᠤᠲᠤ ᠡᠴᠡ ᠢᠷᠭᠠᠢ ᠬᠦᠷᠬᠦ ᠲᠦᠷᠭᠡᠨ᠎ᠤ ᠲᠡᠮᠦᠷ ᠵᠠᠮ ᠪᠤᠯ ᠦᠪᠦᠷ ᠮᠤᠩᠭᠤᠯ ᠪᠤᠯᠤᠨ ᠨᠢᠩᠰᠢᠶᠠ ᠵᠢ ᠬᠤᠯᠪᠤᠬᠰᠠᠨ 《ᠵᠠᠮ ᠬᠠᠷᠢᠯᠴᠠᠭᠠᠨ᠎ᠤ ᠲᠤᠮᠤ ᠰᠤᠳᠠᠰᠤ》 ᠪᠠᠢᠵᠦ᠂ ᠪᠤᠭᠤᠳᠤ᠂ ᠢᠷᠭᠠᠢ᠂ ᠱᠢ ᠽᠦᠢ ᠱᠠᠨ᠂ ᠪᠠᠶᠠᠠᠨᠠᠭᠤᠷ᠂ ᠦᠬᠠᠢ᠂ ᠠᠯᠠᠱᠠ᠂ ᠤᠷᠳᠤᠰ ᠵᠡᠷᠭᠡ 7 ᠭᠠᠵᠠᠷ᠎ᠢ ᠬᠤᠯᠪᠤᠵᠦ᠂ 《ᠬᠤᠶᠠᠷ ᠴᠠᠭ᠎ᠤᠨ ᠠᠵᠤ ᠠᠬᠤᠢ ᠵᠢᠨ ᠲᠤᠭᠤᠷᠢᠬ》 ᠢ᠋ ᠪᠦᠷᠢᠯᠳᠦᠭᠦᠯᠵᠠᠢ᠃ ᠡᠨᠡ ᠨᠢ ᠴᠠᠭ ᠬᠤᠭᠤᠴᠠᠭᠠᠨ᠎ᠤ ᠲᠠᠯ᠎ᠠ ᠪᠡᠷ ᠠᠶᠠᠨ᠎ᠤ ᠴᠠᠭ᠎ᠢ ᠪᠤᠭᠤᠨᠢᠰᠬᠠᠬᠰᠠᠨ ᠵᠢᠡᠷ ᠦᠯᠦ ᠪᠡᠷᠠᠮ᠂ ᠬᠦᠭᠵᠢᠯᠳᠡ ᠵᠢᠨ ᠰᠡᠳᠬᠢᠴᠠ ᠵᠢᠨ ᠲᠠᠯ᠎ᠠ ᠪᠡᠷ ᠠᠭᠤᠰᠤᠯᠴᠠᠨ ᠲᠠᠰ ᠲᠡᠪᠰᠢᠵᠦ᠂ ᠵᠠᠮ ᠲᠠᠭᠠᠤ ᠰᠢᠯᠢᠳᠡᠭ ᠡᠬᠢ ᠪᠠᠶᠠᠯᠢᠭ᠎ᠢ ᠨᠡᠢᠳᠬᠡᠨ᠂ ᠵᠢᠭᠤᠯᠴᠢᠯᠠᠯ᠎ᠤᠨ ᠵᠠᠬ᠎ᠠ ᠲᠡᠯᠭᠡᠭᠦᠷ᠎ᠢ ᠬᠠᠮᠳᠤ ᠪᠡᠷ ᠨᠡᠭᠡᠭᠡᠵᠦ᠂ ᠪᠠᠷᠠᠭᠤᠨ ᠬᠤᠢᠳᠤ ᠤᠷᠤᠨ᠎ᠤ ᠠᠶᠠᠯᠠᠯ ᠵᠢᠭᠤᠯᠴᠢᠯᠠᠯ᠎ᠤᠨ ᠵᠠᠮ᠎ᠢ ᠨᠡᠭᠡᠭᠡᠬᠦ ᠠᠵᠠ ᠲᠤᠬᠢᠶᠠᠯ᠎ᠢ ᠠᠪᠴᠢᠷᠠᠪᠠ᠃
ᠪᠤᠭᠤᠲᠤ ᠡᠴᠡ ᠢᠷᠭᠠᠢ ᠬᠦᠷᠬᠦ ᠲᠦᠷᠭᠡᠨ᠎ᠤ ᠲᠡᠮᠦᠷ ᠵᠠᠮ ᠨᠡᠪᠲᠡᠷᠡᠭᠰᠡᠨ ᠳᠤᠬᠢᠶᠠᠯ᠎ᠢ ᠠᠰᠢᠬᠯᠠᠨ᠂ ᠦᠪᠦᠷ ᠮᠤᠩᠭᠤᠯ ᠨᠢᠩᠰᠢᠶᠠ ᠬᠤᠶᠠᠷ ᠭᠠᠵᠠᠷ ᠪᠠᠷᠠᠭᠤᠨ ᠬᠤᠢᠳᠤ ᠵᠢᠨ ᠤᠷᠤᠨ ᠪᠦᠰᠡ ᠵᠢᠨ ᠤᠨᠴᠠᠯᠢᠭ ᠪᠤᠯᠤᠨ ᠡᠬᠢ ᠪᠠᠶᠠᠯᠢᠭ᠎ᠤᠨ ᠲᠠᠪᠠᠭᠤᠯᠢᠭ ᠲᠤ᠌ ᠲᠦᠰᠢᠭᠯᠡᠨ᠂ 《ᠲᠠᠯ᠎ᠠ ᠨᠤᠳᠤᠭ + ᠡᠯᠡᠰᠦ ᠮᠠᠩᠬ᠎ᠠ》᠂ 《ᠲᠡᠤᠬᠡ + ᠠᠮᠢ ᠠᠬᠤᠢ》᠂ 《ᠠᠵᠤ ᠦᠢᠯᠡᠳᠪᠦᠷᠢ + ᠬᠦᠮᠦᠨ ᠰᠤᠶᠤᠯ》 ᠵᠡᠷᠭᠡ ᠤᠯᠠᠨ ᠡᠰᠢᠳᠤ ᠤᠷᠤᠨ ᠪᠦᠰᠡ ᠠᠯᠤᠰᠯᠠᠬᠰᠠᠨ ᠵᠢᠭᠤᠯᠴᠢᠯᠠᠯ᠎ᠤᠨ ᠰᠢᠯᠢᠳᠡᠭ ᠵᠠᠮ᠎ᠢ ᠨᠡᠭᠡᠭᠡᠵᠠᠢ᠃ ᠵᠢᠭᠤᠯᠴᠢᠯᠠᠭᠰᠠᠳ ᠲᠦᠷᠭᠡᠨ᠎ᠤ ᠲᠡᠮᠦᠷ ᠵᠠᠮ ᠳ᠋ᠤ ᠰᠠᠭᠤᠭᠠᠳ᠂ ᠲᠠᠯ᠎ᠠ ᠨᠤᠳᠤᠭ ᠡᠯᠡᠰᠤ ᠮᠠᠩᠬ᠎ᠠ ᠵᠢ ᠲᠤᠭᠤᠯᠵᠦ᠂ ᠪᠠᠷᠠᠭᠤᠨ ᠬᠤᠢᠳᠤ ᠵᠢᠨ ᠡᠴᠢᠨ᠎ᠠ ᠭᠠᠢᠬᠠᠮᠰᠢᠭᠲᠤ ᠨᠤᠳᠤᠭ ᠤᠰᠤ᠂ ᠬᠦᠮᠦᠨ ᠰᠤᠶᠤᠯ᠎ᠢ ᠪᠡᠶᠡᠴᠢᠯᠡᠨ ᠤᠢᠯᠠᠭᠠᠬᠤ ᠪᠤᠯᠤᠨ᠎ᠠ᠃ ᠡᠭᠦᠨ᠎ᠤ ᠤᠯᠠᠮ ᠵᠢᠡᠷ ᠤᠷᠤᠨ ᠪᠦᠰᠡ ᠵᠢᠨ ᠵᠢᠭᠤᠯᠴᠢᠯᠠᠯ᠎ᠤᠨ ᠲᠤᠷᠪᠢᠯᠢᠭ ᠬᠦᠭᠵᠢᠯᠳᠡ ᠵᠢ ᠲᠠᠢᠴᠢᠯᠠᠬᠤ ᠪᠡᠷ ᠦᠯᠦ ᠪᠠᠷᠠᠮ᠂ ᠪᠦᠬᠦ ᠤᠯᠤᠰ᠎ᠤᠨ ᠵᠢᠭᠤᠯᠴᠢᠯᠠᠯ᠎ᠤᠨ ᠦᠢᠯᠡᠰ᠎ᠤᠨ ᠤᠷᠤᠨ ᠪᠦᠰᠡ ᠵᠢᠨ ᠬᠠᠮᠵᠢᠯᠴᠠᠭ᠎ᠠ ᠳ᠋ᠤ ᠰᠢᠨ᠎ᠠ ᠬᠦᠴᠦᠨ ᠨᠡᠮᠡᠷᠢᠯᠡᠬᠦ ᠪᠤᠯᠤᠨ᠎ᠠ᠃