ᠡᠯᠡᠰᠤ ᠨᠤᠭᠤᠭᠠᠷᠠᠯ᠎ᠠ · ᠠᠷᠠᠳ ᠪᠠᠶᠠᠵᠢ᠊ᠯ᠎ᠠ · 《ᠬᠠᠯᠬᠠᠪᠴᠢ》 ᠪᠠᠳᠤᠵᠢᠯ᠎ᠠ
2026-01-26 10:27:31
ᠵᠣᠬᠢᠶᠠᠭ᠍ᠴᠢ᠄
ᠰᠠᠷᠭᠠᠢ
ᠣᠩᠱᠢᠭ᠍ᠰᠠᠨ ᠣᠳᠠᠭ᠎ᠠ᠄
★★★☆☆

ᠤᠡᠭᠰᠢᠯᠭ᠎ᠠ᠎ᠵᠢᠨ ᠬᠦᠳᠤᠯᠤᠮᠵᠢ

ᠨᠤᠮᠢᠨ ᠨᠣᠭᠣᠭᠠᠨ ᠣᠷᠳᠣ ᠴᠠᠭᠠᠨ ᠬᠡᠷᠡᠮ ᠪᠣᠯ 《ᠤᠮᠠᠷᠠᠲᠤ ᠢ᠋ᠢᠨ ᠭᠤᠷᠪᠠᠨ ᠣᠷᠣᠨ》 ᠤ᠋ ᠢᠨᠵᠧᠨᠧᠷᠢᠩ ᠤ᠋ᠨ ᠭᠤᠤᠯ ᠦᠷ᠎ᠡ ᠪᠦᠲᠦᠭᠡᠯ ᠪᠠᠢᠵᠤ᠂ ᠤᠮᠠᠷᠠᠲᠤ ᠣᠷᠣᠨ ᠴᠢᠨᠠᠭ᠍ᠰᠢᠯᠠᠪᠠᠯ ᠨᠠᠩ ᠥᠷᠭᠡᠨ ᠠᠭᠤᠳᠠᠮ ᠣᠷᠣᠨ ᠪᠦᠰᠡ ᠢ᠋ᠢᠨ ᠠᠮᠢ ᠠᠬᠤᠶ ᠢ᠋ᠢᠨ ᠠᠮᠤᠷ ᠲᠦᠪᠱᠢᠨ ᠢ᠋ ᠬᠠᠮᠠᠭᠠᠯᠠᠵᠤ ᠪᠠᠢᠳᠠᠭ᠃ ᠥᠪᠥᠷ ᠮᠣᠩᠭᠣᠯ ᠡᠷᠴᠢ ᠵᠤᠷᠢᠭ ᠵᠢᠡᠨ ᠬᠦᠪᠴᠢᠯᠡᠨ᠂ ᠠᠯᠢ ᠤᠯᠠᠨ ᠮᠠᠨᠭᠬ᠎ᠡ ᠲᠤᠯᠤᠭᠠᠳ ᠲᠦ᠍ ᠨᠤᠭᠤᠭᠠᠨ ᠨᠦᠮᠦᠷᠬᠡ ᠨᠦᠮᠤᠷᠭᠡᠵᠤ᠂ ᠮᠠᠨ᠎ᠤ ᠤᠯᠤᠰ ᠤ᠋ᠨ ᠤᠮᠠᠷᠠᠲᠤ ᠢ᠋ᠢᠨ ᠠᠮᠢ ᠠᠬᠤᠶ ᠢ᠋ᠢᠨ ᠠᠮᠤᠷ ᠲᠦᠪᠱᠢᠨ ᠤ᠋ ᠬᠠᠯᠬᠠᠪᠴᠢ ᠢ᠋ᠢ ᠪᠠᠲᠤ ᠴᠣᠭ᠍ᠴᠠᠯᠠᠵᠤ ᠪᠤᠢ᠃


ᠦᠨᠭᠬᠡᠷᠡᠭᠰᠡᠨ ᠳ᠋ᠤ᠌ ᠬᠠᠯᠴᠠᠭᠠᠢ ᠨᠢᠴᠦᠬᠦᠨ ᠪᠠᠢᠭᠰᠠᠨ ᠡᠯᠡᠰᠦ ᠮᠠᠨᠭᠬᠠᠨ ᠳ᠋ᠤ᠌ ᠲᠡᠷᠪᠡᠯᠵᠢ᠂ ᠬᠠᠷᠭᠠᠨ᠎ᠡ᠂ ᠪᠤᠷᠭᠠᠰᠤ ᠪᠤᠳᠠᠯᠠᠨ ᠤᠷᠭᠤᠭᠠᠳ ᠤᠳᠤ ᠤᠯᠠᠨ ᠮᠠᠨᠭᠬ᠎ᠡ ᠲᠤᠯᠤᠭᠠᠳ ᠨᠤᠭᠤᠭᠠᠨ ᠨᠦᠮᠦᠷᠬᠡ ᠨᠦᠮᠤᠷᠴᠤ᠂ ᠤᠮᠠᠷᠠᠳᠤ ᠢ᠋ᠢᠨ ᠡᠬᠡ ᠭᠠᠵᠠᠷ ᠲᠦ᠍ ᠨᠤᠮᠢᠨ ᠲᠠᠪᠠᠯᠭᠠᠨ ᠬᠠᠶᠠᠯᠠᠨ᠎ᠡ᠃

《ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠢ᠋ᠢ ᠱᠢᠰᠲ᠋ᠧᠮ᠎ᠲᠡᠶ ᠪᠡᠷ ᠵᠠᠰᠠᠬᠤ ᠢ᠋ᠢ ᠨᠢᠭᠡᠳᠦᠯᠲᠡᠢ ᠲᠥᠯᠥᠪᠵᠢᠭᠦᠯᠬᠦ᠌᠎ᠬᠡᠷᠡᠭᠳᠡᠢ᠂ ᠡᠨᠳᠡ 〈ᠡᠯᠡᠰᠦ ᠮᠠᠨᠭᠬ᠎ᠡ〉 ᠭᠡᠰᠡᠨ ᠦᠭᠡ ᠢ᠋ᠢ ᠨᠡᠮᠡᠬᠦ᠌ ᠬᠡᠷᠡᠭᠳᠡᠢ》᠃ 2021 ᠣᠨ ᠤ᠋ ᠪᠦᠬᠦ᠌ ᠤᠯᠤᠰ ᠤ᠋ᠨ ᠬᠣᠶᠠᠷ ᠬᠤᠷᠠᠯ ᠤ᠋ᠨ ᠬᠤᠭᠤᠴᠠᠭᠠᠨ ᠳ᠋ᠤ᠌ ᠂ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ ᠤ᠋ᠨ ᠲᠥᠯᠥᠭᠡᠯᠡᠭ᠌ᠴᠢᠳ ᠤ᠋ᠨ ᠪᠦᠯᠬᠦᠮ ᠤ᠋ᠨ ᠬᠢᠨᠠᠨ ᠵᠦᠪᠯᠡᠬᠦ ᠳ᠋ᠤ᠌ ᠤᠷᠤᠯᠴᠠᠵᠤ ᠠᠮᠢ ᠠᠬᠤᠢ ᠢ᠋ᠢᠨ ᠵᠠᠰᠠᠯᠲᠠ ᠢ᠋ᠢᠨ ᠲᠤᠬᠠᠢ ᠶᠠᠷᠢᠬᠤ ᠳ᠋ᠠᠭᠠᠨ ᠲᠤᠰᠬᠠᠢᠯᠠᠨ ᠡᠯᠡᠰᠦ᠎ᠮᠠᠨᠭᠬ᠎ᠡ ᠢ᠋ᠢ ᠵᠠᠰᠠᠬᠤ ᠠᠰᠠᠭᠤᠳᠠᠯ ᠢ᠋ ᠣᠷᠣᠭᠤᠯᠪᠠ᠃ 2025 ᠣᠨ ᠤ᠋ 7 ᠰᠠᠷ᠎ᠠ ᠳ᠋ᠤ᠌᠂ ᠪᠠᠳᠠᠶ ᠢ᠋ᠢᠨ ᠵᠢᠷᠠᠨ᠂ ᠲᠩᠷᠢ ᠡᠯᠡᠰᠦ᠂ ᠤᠯᠠᠭᠠᠨᠪᠤᠬ᠎ᠠ ᠭᠤᠷᠪᠡᠨ ᠶᠡᠬᠡ ᠡᠯᠡᠰᠦᠨ ᠴᠦᠯ ᠤ᠋ᠨ ᠬᠦᠪᠡᠬᠡ ᠲᠠᠭᠠᠤ 1856 ᠺᠢᠯᠣᠮᠧᠲ᠋ᠷ ᠤ᠋ᠨ ᠡᠯᠡᠰᠦ ᠢ᠋ᠢ ᠲᠤᠭᠳᠠᠪᠤᠷᠢᠵᠢᠭᠤᠯᠬᠤ ᠬᠠᠯᠬᠠᠪᠴᠢ ᠪᠦᠰᠡ ᠤᠢᠵᠢᠭᠤᠯᠵᠤ᠂ ᠭᠤᠷᠪᠡᠨ ᠶᠡᠬᠡ ᠡᠯᠡᠰᠦᠨ ᠴᠦᠯ ᠤ᠋ᠨ ᠨᠡᠢᠯᠡᠵᠤ ᠵᠠᠯᠭᠠᠯᠳᠤᠬᠤ ᠢ᠋ᠢ ᠪᠦᠳᠦᠮᠵᠢᠳᠡᠢ ᠬᠤᠷᠢᠭᠯᠠᠪᠠ᠃ ᠡᠨᠡ ᠬᠦ᠌ ᠨᠤᠮᠢᠨ ᠨᠣᠭᠣᠭᠠᠨ ᠣᠷᠳᠣ ᠴᠠᠭᠠᠨ ᠬᠡᠷᠡᠮ ᠪᠣᠯ 《ᠤᠮᠠᠷᠠᠲᠤ ᠢ᠋ᠢᠨ ᠭᠤᠷᠪᠠᠨ ᠣᠷᠣᠨ》 ᠤ᠋ ᠢᠨᠵᠧᠨᠧᠷᠢᠩ ᠤ᠋ᠨ ᠭᠤᠤᠯ ᠦᠷ᠎ᠡ ᠪᠦᠲᠦᠭᠡᠯ ᠪᠠᠢᠵᠤ᠂ ᠤᠮᠠᠷᠠᠲᠤ ᠣᠷᠣᠨ ᠴᠢᠨᠠᠭ᠍ᠰᠢᠯᠠᠪᠠᠯ ᠨᠠᠩ ᠥᠷᠭᠡᠨ ᠠᠭᠤᠳᠠᠮ ᠣᠷᠣᠨ ᠪᠦᠰᠡ ᠢ᠋ᠢᠨ ᠠᠮᠢ ᠠᠬᠤᠶ ᠢ᠋ᠢᠨ ᠠᠮᠤᠷ ᠲᠦᠪᠱᠢᠨ ᠢ᠋ ᠬᠠᠮᠠᠭᠠᠯᠠᠵᠤ ᠪᠠᠢᠳᠠᠭ᠃

ᠬᠣᠷᠴᠢᠨ ᠤ᠋ ᠡᠯᠡᠰᠦᠷᠬᠡᠭ ᠭᠠᠵᠠᠷ᠂ ᠬᠤᠯᠠᠨ ᠱᠢᠷᠭ᠎ᠠ ᠲᠠᠭ᠎ᠠ ᠢ᠋ᠢᠨ ᠡᠯᠡᠰᠦᠷᠬᠡᠭ ᠭᠠᠵᠠᠷ ᠤ᠋ᠨ ᠰᠥᠨᠥᠭᠡᠯᠳᠡ ᠢ᠋ᠢᠨ ᠲᠠᠢᠯᠠᠯᠳᠤᠭᠠᠨ ᠤ᠋ ᠤᠷᠤᠨ ᠳ᠋ᠤ᠌ ᠦᠪᠤᠷ ᠮᠤᠨᠭᠭᠤᠯ ᠤ᠋ᠨ 9 ᠬᠣᠱᠢᠭᠤ ᠱᠢᠶᠠᠨ ᠨᠡᠭᠦᠳᠡᠯ ᠡᠯᠡᠰᠦᠷᠬᠡᠭ ᠭᠠᠵᠠᠷ ᠢ᠋ ᠪᠦᠬᠦᠨ ᠢ᠋ ᠵᠠᠰᠠᠵᠤ᠂ 2528 ᠺᠢᠯᠣᠮᠧᠲ᠋ᠷ ᠤ᠋ᠨ ᠡᠯᠡᠰᠦ ᠢ᠋ᠢ ᠳᠤᠭᠤᠯᠤᠭ᠍ᠰᠠᠨ ᠵᠠᠰᠠᠮᠠᠯ ᠵᠠᠮ ᠢ᠋ ᠰᠢᠨ᠎ᠡ ᠪᠡᠷ ᠦᠬᠡᠷᠡᠴᠢᠯᠡᠨ ᠪᠠᠢᠭᠤᠯᠪᠡ᠃ ᠡᡁᠸᠰᠢ ᠢ᠋ᠢᠨ ᠬᠤᠨᠭᠬᠢᠯ — ᠲᠠᠺᠯᠢᠮᠠᠺᠠᠠ ᠡᠯᠡᠰᠦᠨ ᠴᠦᠯ ᠤ᠋ᠨ ᠬᠦᠪᠡᠬᠡ ᠲᠠᠭᠠᠤ ᠢ᠋ᠢᠨ ᠬᠤᠷᠢᠭᠯᠠᠯᠳᠠ ᠢ᠋ᠢᠨ ᠲᠠᠢᠯᠠᠯᠳᠤᠭᠠᠨ ᠤ᠋ ᠤᠷᠤᠨ ᠳ᠋ᠤ᠌ ᠦᠪᠤᠷ ᠮᠤᠨᠭᠭᠤᠯ ᠪᠠᠳᠠᠢ ᠢ᠋ᠢᠨ ᠵᠢᠷᠡᠨ ᠪᠠ ᠲᠡᠭᠷᠢ ᠡᠯᠡᠰᠦ ᠢ᠋ᠢ ᠡᠮᠵᠢᠶᠡᠷᠢᠯᠡᠬᠦ 336.8 ᠺᠢᠯᠦᠮᠸᠲᠷ ᠤᠢ ᠡᠪᠡᠰᠤᠨ ᠤ᠋ ᠪᠦᠰᠡ ᠢ᠋ᠢ ᠪᠦᠳᠦᠬᠡᠨ ᠪᠠᠢᠭᠤᠯᠪᠡ᠃ ᠬᠠᠳᠤᠨ ᠭᠤᠤᠯ ᠤ᠋ᠨ 《ᠶᠡᠬᠡ ᠲᠤᠬᠤᠢ》 ᠢ᠋ᠢᠨ ᠪᠤᠭᠤᠮᠳᠠ ᠰᠢᠪᠳᠤᠯᠬᠤ ᠲᠠᠢᠯᠠᠯᠳᠤᠭᠠᠨ ᠤ᠋ ᠤᠷᠤᠨ ᠳ᠋ᠤ᠌ ᠦᠪᠤᠷ ᠮᠤᠨᠭᠭᠤᠯ ᠤ᠋ᠨ ᠬᠠᠳᠤᠨ ᠭᠤᠤᠯ ᠤ᠋ᠨ ᠬᠤᠶᠠᠷ ᠬᠦᠪᠡᠬᠡ ᠳ᠋ᠤ᠌ ᠪᠦᠳᠦᠬᠡᠨ ᠪᠠᠢᠭᠤᠯᠤᠭᠰᠠᠨ 620 ᠺᠢᠯᠤᠮᠸᠲ᠋ᠷ ᠤ᠋ᠨ ᠤᠢ ᠰᠢᠭᠤᠢ ᠪᠠ ᠨᠤᠳᠤᠭ ᠪᠡᠯᠴᠢᠬᠡᠷ ᠤ᠋ᠨ ᠬᠠᠮᠠᠭᠠᠯᠠᠯᠳᠡ ᠢ᠋ᠢᠨ ᠪᠦᠰᠡ ᠪᠦᠬᠦ ᠱᠤᠭᠤᠮ ᠢ᠋ᠢᠡᠷ ᠨᠡᠪᠳᠡᠷᠡᠪᠡ᠃

《ᠤᠮᠠᠷᠠᠲᠤ ᠢ᠋ᠢᠨ ᠭᠤᠷᠪᠡᠨ ᠤᠷᠤᠨ》 ᠤ᠋ ᠢᠨᠵᠧᠨᠧᠷᠢᠩ ᠤ᠋ᠨ ᠭᠣᠣᠯ ᠣᠷᠣᠨ᠎ᠳᠤ ᠪᠠᠢᠷᠢᠯᠠᠵᠤ ᠪᠠᠢᠭ᠎ᠠ ᠪᠠᠶᠠᠨᠨᠠᠭᠤᠷ ᠬᠣᠲᠠ ᠢ᠋ᠢᠨ ᠤᠷᠠᠳ ᠤ᠋ᠨ ᠳᠤᠮᠳᠠᠳᠤ ᠬᠣᠱᠢᠭᠤᠨ ᠤ᠋ ᠱᠢᠬ᠎ᠠ ᠭᠤᠤᠯ ᠪᠠᠯᠭᠠᠰᠤ ᠨᠠᠢᠯᠵᠠᠭᠤᠷ ᠬᠠᠷᠭᠠᠨ᠎ᠠ ᠢ᠋ᠢᠨ ᠣᠶ ᠢ᠋ᠢᠨ ᠠᠮᠢ ᠠᠬᠤᠶ ᠢ᠋ᠢᠨ ᠴᠢᠳᠠᠮᠵᠢ ᠮᠠᠭᠤᠳᠠᠭ᠍ᠰᠠᠨ ᠠᠰᠠᠭᠤᠳᠠᠯ᠎ᠳᠤ ᠴᠢᠭ᠌ᠯᠡᠭᠦᠯᠦᠨ᠂ 2025 ᠣᠨ᠎ᠳᠤ 《ᠠᠵᠤ ᠠᠬᠤᠢᠯᠠᠯ + ᠨᠠᠢᠯᠵᠠᠭᠤᠷ ᠬᠠᠷᠭᠠᠨ᠎ᠠ ᠢ᠋ᠢᠨ ᠪᠣᠳᠠ ᠮᠣᠳᠣᠨ ᠤ᠋ ᠭᠤᠤᠷᠰᠤ ᠢ᠋ᠢ ᠲᠡᠭᠰᠢᠯᠡᠬᠦ + ᠪᠣᠷᠳᠣᠭ᠎ᠠ ᠪᠣᠯᠪᠠᠰᠤᠷᠠᠭᠤᠯᠬᠤ + ᠲᠡᠵᠢᠭᠡᠨ ᠦᠷᠡᠵᠢᠭᠦᠯᠬᠦ᠌ + ᠮᠠᠯᠴᠢᠨ ᠲᠠᠷᠢᠶᠠᠴᠢᠨ ᠤ᠋ ᠠᠱᠢᠭ ᠲᠤᠰᠠ ᠢ᠋ᠢ ᠬᠣᠯᠪᠣᠬᠤ》 ᠶᠡᠷᠦᠩᠬᠡᠢᠯᠡᠭ᠌ᠰᠡᠨ ᠵᠠᠰᠠᠯᠲᠠ ᠢ᠋ᠢᠨ ᠵᠠᠭ᠍ᠪᠤᠷ ᠤ᠋ᠨ ᠱᠢᠨ᠎ᠡ ᠢ᠋ᠢ ᠡᠭᠦᠳᠦᠨ ᠰᠦᠪᠡᠭ᠌ᠴᠢᠯᠡᠪᠡ᠃ ᠨᠠᠢᠯᠵᠠᠭᠤᠷ ᠬᠠᠷᠭᠠᠨ᠎ᠡ ᠢ᠋ᠢᠨ ᠭᠤᠤᠷᠰᠤ ᠢ᠋ᠢ ᠲᠡᠭ᠌ᠰᠢᠯᠡᠨ ᠤᠷᠭᠤᠭᠤᠯᠵᠤ᠂ ᠤᠷᠭᠤᠮᠠᠯ ᠤ᠋ᠨ ᠬᠤᠴᠢᠯᠭ᠎ᠠ ᠢ᠋ᠢᠨ ᠪᠠᠢᠳᠠᠯ ᠢ᠋ ᠰᠠᠢᠵᠢᠷᠠᠭᠤᠯᠤᠨ᠂ ᠰᠠᠯᠬᠢ ᠢ᠋ᠢ ᠬᠠᠯᠬᠠᠯᠠᠨ ᠡᠯᠡᠰᠦ ᠢ᠋ᠢ ᠲᠣᠭ᠍ᠲᠠᠪᠤᠷᠢᠵᠢᠭᠤᠯᠤᠭ᠍ᠰᠠᠨ ᠦᠷ᠎ᠡ ᠪᠦᠲᠦᠭᠡᠯ ᠢ᠋ ᠪᠡᠬᠢᠵᠢᠭᠦᠯᠵᠤ᠂ ᠵᠠᠰᠠᠵᠤ ᠤᠭᠳᠤᠯᠤᠭᠰᠠᠨ ᠨᠠᠢᠯᠵᠠᠭᠤᠷ ᠬᠠᠷᠭᠠᠨ᠎ᠡ ᠢ᠋ᠢ ᠴᠢᠨᠠᠷ ᠰᠠᠢᠲᠠᠶ ᠪᠣᠷᠳᠣᠭ᠎ᠠ ᠪᠣᠯᠭᠠᠨ ᠬᠤᠪᠢᠷᠠᠭᠤᠯᠵᠤ᠂ ᠬᠠᠱᠢᠶᠠᠯᠠᠨ ᠲᠡᠵᠢᠭᠡᠬᠦ᠌ ᠢ᠋ᠢ ᠠᠬᠢᠭᠤᠯᠵᠤ᠂ ᠠᠮᠢ ᠠᠬᠤᠶ ᠢ᠋ᠢᠨ ᠵᠠᠰᠠᠯᠲᠠ ᠬᠢᠭᠡᠳ ᠠᠵᠤ ᠦᠶ᠋ᠯᠡᠰ ᠤ᠋ᠨ ᠬᠥᠭ᠌ᠵᠢᠯᠲᠡ ᠢ᠋ᠢᠨ ᠰᠠᠢᠨ ᠨᠥᠬᠥᠴᠡᠯ ᠢ᠋ ᠪᠦᠷᠢᠳᠦᠬᠦᠯᠪᠡ᠃ ᠰᠢᠬ᠎ᠡ ᠭᠤᠤᠯ ᠪᠠᠯᠭᠠᠰᠤ ᠢ᠋ᠢᠨ ᠪᠣᠳᠠ ᠮᠣᠳᠣᠨ ᠤ᠋ ᠭᠤᠤᠷᠰᠤ ᠢ᠋ᠢ ᠲᠡᠭᠰᠢᠯᠡᠬᠦ ᠲᠥᠷᠥᠯ ᠵᠦᠶ᠋ᠯ ᠢ᠋ ᠬᠡᠷᠡᠭ᠌ᠵᠢᠭᠦᠯᠦᠭᠰᠡᠨ ᠶᠡᠷᠦᠩᠬᠡᠶ ᠲᠠᠯᠠᠪᠠᠶ᠎ᠨᠢ 6 ᠲᠦᠮᠡᠨ ᠮᠥ᠍ ᠪᠠᠢᠵᠤ᠂ 9 ᠲᠣᠰᠭᠣᠨ ᠳᠤᠭᠤᠢᠯᠠᠩ᠎ᠳᠤ ᠬᠣᠯᠪᠣᠭ᠍ᠳᠠᠵᠤ᠂ ᠤᠳᠤ ᠪᠤᠯᠳᠠᠯ᠎ᠡ 2.2 ᠲᠦᠮᠡᠨ ᠮᠥ᠍ ᠪᠡᠶᠡᠯᠡᠭᠦᠯᠤᠬᠡᠳ ᠪᠠᠢᠨ᠎ᠡ᠃ ᠱᠢᠬ᠎ᠠ ᠭᠣᠣᠯ ᠪᠠᠯᠭᠠᠰᠤᠨ ᠤ᠋ ᠬᠠᠢᠨ ᠰᠦᠪᠡᠭ᠌ᠴᠢᠯᠡᠯᠳᠡ ᠪᠣᠯ ᠥᠪᠥᠷ ᠮᠣᠩᠭᠣᠯ ᠤ᠋ᠨ ᠪᠦᠬᠦ᠌ ᠣᠷᠣᠨ ᠪᠦᠰᠡ ᠢ᠋ᠢᠨ ᠱᠢᠰᠲ᠋ᠧᠮ᠎ᠲᠡᠶ ᠵᠠᠰᠠᠯᠲᠠ ᠢ᠋ᠢ ᠠᠬᠢᠭᠤᠯᠤᠭ᠍ᠰᠠᠨ ᠪᠤᠳᠠᠳᠤ ᠵᠢᠱ᠌ᠢᠶ᠎ᠡ ᠪᠤᠯᠬᠤ ᠶᠤᠮ᠃

ᠥᠪᠥᠷ ᠮᠣᠩᠭᠣᠯ᠎ᠨᠢ ᠮᠠᠨ ᠤ᠋ ᠤᠯᠤᠰ ᠤ᠋ᠨ ᠤᠮᠠᠷᠠᠲᠤ ᠢ᠋ᠢᠨ ᠴᠢᠬᠤᠯᠠ ᠠᠮᠢ ᠠᠬᠤᠶ ᠢ᠋ᠢᠨ ᠠᠮᠤᠷ ᠲᠦᠪᠱᠢᠨ ᠤ᠋ ᠬᠠᠯᠬᠠᠪᠴᠢ ᠪᠣᠯᠤᠭ᠍ᠰᠠᠨ ᠤ᠋ ᠬᠤᠪᠢ ᠳ᠋ᠤ᠌᠂ ᠪᠥᠬᠥ᠌ ᠣᠷᠣᠨ ᠤ᠋ ᠬᠦᠴᠦᠨ ᠢ᠋ ᠳᠠᠢᠴᠢᠯᠠᠨ 《ᠤᠮᠠᠷᠠᠲᠤ ᠢ᠋ᠢᠨ ᠭᠤᠷᠪᠡᠨ ᠤᠷᠤᠨ》 ᠤ᠋ ᠢᠨᠵᠧᠨᠧᠷᠢᠩ ᠤ᠋ᠨ ᠱᠢᠪᠲᠤᠯᠤᠯᠲᠠ ᠢ᠋ᠢᠨ ᠳᠠᠢᠯᠠᠯᠳᠤᠭᠠᠨ ᠪᠠ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠲᠠᠶ ᠳᠠᠢᠯᠠᠯᠳᠤᠭᠠᠨ ᠢ᠋ ᠰᠠᠢᠲᠤᠷ ᠬᠢᠵᠦ᠍᠂ 《ᠤᠮᠠᠷᠠᠲᠤ ᠢ᠋ᠢᠨ ᠭᠤᠷᠪᠡᠨ ᠤᠷᠤᠨ》 ᠤ᠋ ᠢᠨᠵᠧᠨᠧᠷᠢᠩ ᠢ᠋ ᠤᠯᠤᠰ ᠤ᠋ᠨ ᠴᠢᠬᠤᠯᠠ ᠶᠡᠬᠡ ᠪᠠᠢᠯᠳᠤᠬᠤ ᠪᠣᠳᠣᠯᠭ᠎ᠠ ᠪᠤᠯᠭᠠᠭᠰᠠᠨ ᠢ᠋ᠢᠡᠷ ᠠᠮᠢ ᠠᠬᠤᠶ ᠢ᠋ᠢᠨ ᠪᠣᠯᠪᠠᠰᠤᠨ ᠤ᠋ ᠪᠠᠢᠭᠤᠯᠤᠯᠲᠠ ᠢᠯᠡᠳᠳᠡ ᠦᠷ᠎ᠡ ᠪᠦᠲᠦᠮᠵᠢ ᠤᠯᠪᠠ᠃ 2025 ᠣᠨ ᠳ᠋ᠤ᠌᠂ ᠥᠪᠥᠷ ᠮᠣᠩᠭᠣᠯ 5062 ᠲᠦᠮᠡᠨ ᠮᠥ᠍ ᠢ᠋ᠢᠨ ᠠᠮᠢ ᠠᠬᠤᠶ ᠢ᠋ᠢᠨ ᠪᠥᠲᠥᠭᠡᠨ ᠪᠠᠢᠭᠤᠯᠤᠯᠲᠠ ᠢ᠋ᠢ ᠪᠡᠶᠡᠯᠡᠭᠦᠯᠵᠤ᠂ 2368 ᠲᠦᠮᠡᠨ ᠮᠥ᠍ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠢ᠋ᠢ ᠵᠠᠰᠠᠵᠤ᠂ ᠤᠢ ᠰᠢᠭᠤᠢ ᠪᠠ ᠨᠤᠳᠤᠭ ᠪᠡᠯᠴᠢᠬᠡᠷ ᠤ᠋ᠨ ᠲᠤᠰᠬᠠᠢ ᠪᠡᠯᠡ ᠮᠦᠨᠭᠬᠦ ᠢ᠋ᠢ 321.05 ᠳ᠋ᠦᠨᠭᠰᠢᠭᠤᠷ ᠲᠦᠬᠦᠷᠢᠭ ᠤᠯᠵᠤ᠂ ᠠᠮᠢ ᠠᠬᠤᠢ ᠢ᠋ᠢᠨ ᠪᠦᠳᠦᠬᠡᠨ ᠪᠠᠢᠭᠤᠯᠤᠯᠳᠡ ᠢ᠋ᠢᠨ ᠬᠡᠪᠴᠢᠶ᠎ᠡ᠂ ᠡᠯᠡᠰᠦᠷᠭᠡᠭᠵᠢᠯ ᠢ᠋ ᠰᠠᠷᠬᠡᠢᠯᠡᠨ ᠡᠯᠡᠰᠦ ᠢ᠋ᠢ ᠵᠠᠰᠠᠭᠰᠠᠨ ᠬᠡᠪᠴᠢᠶ᠎ᠡ᠂ ᠲᠤᠰᠬᠠᠢ ᠪᠡᠯᠡ ᠮᠦᠨᠭᠬᠦ ᠢ᠋ᠢᠨ ᠬᠡᠮᠵᠢᠶ᠎ᠡ ᠪᠡᠷ ᠴᠦᠮ ᠪᠥᠬᠥ᠌ ᠤᠯᠤᠰ ᠲᠦ᠍ ᠲᠦᠷᠦᠬᠦᠯᠡᠪᠡ᠃ ᠣᠶ ᠱᠢᠭᠤᠶ ᠢ᠋ᠢᠨ ᠪᠦᠷᠬᠦᠴᠡ ᠢ᠋ᠢᠨ ᠨᠣᠷᠮ᠎ᠠ᠂ ᠨᠤᠲᠤᠭ ᠪᠡᠯᠴᠢᠭᠡᠷ ᠤ᠋ᠨ ᠤᠷᠭᠤᠮᠠᠯ ᠤ᠋ᠨ ᠬᠤᠴᠢᠯᠭ᠎ᠠ ᠢ᠋ᠢᠨ ᠪᠦᠷᠬᠦᠴᠡ ᠢ᠋ᠢᠨ ᠬᠡᠮᠵᠢᠶ᠎ᠡ ᠴᠦ᠍ 《ᠬᠤᠤᠰ ᠳᠡᠭᠡᠭ᠌ᠰᠢᠯᠡᠯᠲᠡ》 ᠢ᠋ᠢ ᠪᠡᠶᠡᠯᠡᠭᠦᠯᠪᠡ᠃

ᠤᠯᠠᠭᠠᠨᠰᠤᠬᠠᠢ ᠵᠢᠨ ᠨᠤᠭᠤ ᠭᠠᠵᠠᠷ ᠤ᠋ᠨ ᠬᠠᠮᠠᠭᠠᠯᠠᠯᠲᠠ ᠢ᠋ᠢᠨ ᠲᠦᠷᠦᠯ ᠵᠦᠢᠯ ᠱᠢᠯᠭᠠᠨ ᠪᠠᠢᠴᠠᠭᠠᠯᠲᠠ ᠢ᠋ᠢ ᠥᠩᠭᠡᠷᠡᠭᠡᠬᠦ᠌ ᠢ᠋ᠢ ᠳᠠᠭᠠᠯᠳᠤᠨ᠂ 《ᠭᠤᠷᠪᠠᠨ ᠨᠠᠭᠤᠷ》 ᠤ᠋ᠨ ᠵᠠᠰᠠᠯᠲᠠ ᠱᠠᠳᠤᠴᠢ ᠴᠢᠨᠠᠷᠲᠠᠢ ᠵᠠᠩᠭᠢᠯᠠᠭ᠎ᠠ ᠢ᠋ᠢᠨ ᠦᠷ᠎ᠡ ᠪᠦᠲᠦᠮᠵᠢ ᠤᠯᠪᠠ᠃ ᠬᠥᠯᠥᠨ ᠨᠠᠭᠤᠷ ᠲᠦ᠍ 2 ᠲᠦᠮᠡ ᠭᠠᠷᠤᠶ ᠬᠤᠨ ᠭᠠᠯᠠᠭᠤ ᠨᠡᠬᠦᠵᠤ ᠪᠠᠭᠤᠳᠠᠯᠯᠠᠨ᠂ ᠡᠨᠳᠡᠬᠢ ᠨᠢ ᠮᠠᠨ ᠤ᠋ ᠤᠯᠤᠰ ᠤ᠋ᠨ ᠬᠤᠨ ᠭᠠᠯᠠᠭᠤ ᠤᠷᠤᠰᠢᠨ ᠤᠷᠤᠨᠭᠨᠠᠬᠤ ᠬᠠᠮᠤᠭ ᠤ᠋ᠨ ᠲᠣᠮᠣ ᠠᠮᠤᠭᠤᠯᠠᠨᠭ᠌ ᠪᠠᠭᠤᠴᠡ ᠪᠤᠯᠪᠠ᠃ ᠪᠦᠬᠦ ᠤᠷᠤᠨ ᠤ᠋ ᠭᠤᠤᠯᠳᠠᠯᠭ᠎ᠠ ᠲᠠᠢ ᠤᠰᠤᠨ ᠴᠤᠭᠴᠡ ᠢ᠋ᠢᠨ ᠭᠠᠵᠠᠷ ᠤ᠋ᠨ ᠭᠠᠳᠠᠷᠭᠤ ᠳ᠋ᠡᠬᠢ ᠤᠰᠤᠨ ᠤ᠋ ᠰᠢᠯᠢᠳᠡᠭ ᠰᠠᠢᠨ ᠴᠢᠨᠠᠷ ᠪᠦᠬᠦᠢ ᠬᠠᠷᠢᠴᠡᠯ ᠨᠢ 75.4% ᠳ᠋ᠤ᠌ ᠬᠦᠷᠴᠤ᠂ ᠬᠠᠳᠤᠨ ᠭᠤᠤᠯ ᠤ᠋ᠨ ᠦᠪᠤᠷ ᠮᠤᠨᠭᠭᠤᠯ ᠳ᠋ᠡᠬᠢ ᠬᠡᠰᠡᠭ ᠤ᠋ᠨ ᠭᠤᠤᠯ ᠤᠷᠤᠰᠬᠠᠯ ᠤ᠋ᠨ ᠤᠰᠤᠨ ᠤ᠋ ᠴᠢᠨᠠᠷ 5 ᠵᠢᠯ ᠲᠠᠷᠠᠭᠠᠯᠠᠨⅡᠲᠦᠷᠦᠯ ᠳ᠋ᠤ᠌ ᠲᠤᠭᠳᠠᠪᠤᠷᠢᠵᠢᠪᠠ᠃

ᠨᠤᠮᠢᠨ ᠤᠰᠤ ᠬᠥᠬᠡᠮᠳᠦᠭ ᠠᠭᠤᠯᠠ ᠢ᠋ᠢ ᠬᠡᠷᠬᠢᠨ ᠠᠯᠳᠠᠠ ᠠᠭᠤᠯᠠ ᠮᠥᠩᠭᠥᠨ ᠬᠠᠢᠷᠬᠠᠨ ᠪᠤᠯᠭᠠᠬᠤ ᠶᠠᠪᠤᠴᠠ ᠳ᠋ᠤ᠌ ᠦᠪᠤᠷ ᠮᠤᠨᠭᠭᠤᠯ ᠠᠮᠢ ᠠᠬᠤᠢ ᠢ᠋ᠢᠨ ᠠᠵᠤ ᠤᠢᠯᠡᠰᠵᠢᠯᠳᠡ ᠢ᠋ᠢ ᠶᠡᠬᠡ ᠪᠡᠷ ᠠᠬᠢᠭᠤᠯᠵᠤ᠂ ᠠᠮᠢ ᠠᠬᠤᠢ ᠢ᠋ᠢᠨ ᠪᠦᠳᠦᠬᠡᠭᠳᠡᠬᠦᠨ ᠤ᠋ ᠦᠷᠳᠡᠭ ᠢ᠋ ᠪᠡᠶᠡᠯᠡᠬᠦᠯᠬᠦ ᠲᠤᠭᠳᠠᠴᠡ ᠢ᠋ᠢ ᠲᠦᠷᠬᠡᠳᠬᠡᠨ ᠲᠡᠬᠦᠯᠳᠡᠷᠵᠢᠬᠦᠯᠵᠤ᠂ ᠠᠮᠢ ᠠᠬᠤᠢ ᠢ᠋ᠢᠨ ᠡᠬᠢ ᠪᠠᠶᠠᠯᠢᠭ ᠢ᠋ ᠠᠵᠤ ᠠᠬᠤᠢ ᠢ᠋ᠢᠨ ᠠᠰᠢᠭ ᠪᠤᠯᠭᠠᠨ ᠬᠤᠪᠢᠷᠠᠭᠤᠯᠬᠤ ᠠᠷᠭ᠎ᠠ ᠵᠠᠮ ᠢ᠋ ᠲᠠᠰᠤᠷᠠᠯᠳᠡ ᠦᠬᠡᠢ ᠦᠷᠬᠡᠳᠬᠡᠨ᠂ ᠤᠯᠠᠨ ᠲᠦᠮᠡᠨ ᠳ᠋ᠤ᠌ ᠠᠮᠢ ᠠᠬᠤᠢ ᠢ᠋ᠢᠨ ᠠᠰᠢᠭ ᠢ᠋ ᠬᠦᠷᠳᠡᠬᠡᠪᠡ᠃ 2025 ᠤᠨ ᠤ᠋ 4 ᠰᠠᠷ᠎ᠠ ᠳ᠋ᠤ᠌᠂ ᠪᠥᠬᠥ᠌ ᠤᠯᠤᠰ ᠤ᠋ᠨ ᠲᠦᠷᠦᠬᠦᠤ ᠪᠦᠯᠦᠭ 《ᠡᠪᠡᠰᠦᠨ ᠪᠢᠯᠧᠲ》 ᠤ᠋ᠨ ᠪᠠᠷᠢᠴᠠᠭᠠᠳᠤ ᠵᠢᠭᠡᠯᠡᠯᠭᠡ ᠢ᠋ᠢ ᠪᠤᠭᠤᠲᠤ ᠬᠣᠲᠠ ᠢ᠋ᠢᠨ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤ ᠠᠮᠵᠢᠯᠳᠡ ᠲᠠᠢ ᠲᠠᠷᠬᠠᠭᠠᠵᠤ᠂ 120 ᠲᠦᠮᠡᠨ ᠲᠥᠭᠥᠷᠢᠭ ᠤ᠋ᠨ ᠢᠲᠡᠭᠡᠮᠵᠢᠲᠦ ᠵᠢᠭᠡᠯᠡᠯᠭᠡ ᠪᠡᠷ ᠮᠠᠯᠴᠢᠳ ᠤ᠋ᠨ ᠭᠠᠷ᠎ᠲᠠᠬᠢ ᠨᠤᠲᠤᠭ ᠪᠡᠯᠴᠢᠭᠡᠷ ᠤ᠋ᠨ ᠳᠠᠭᠠᠭᠠᠴᠢᠯᠠᠯᠲᠠ ᠢ᠋ᠢᠨ ᠡᠷᠬᠡ ᠢ᠋ᠢ ᠡᠳ᠋ ᠬᠦᠷᠦᠨᠭᠬᠡᠵᠢᠬᠦᠯᠪᠡ᠃ 11 ᠰᠠᠷ᠎ᠠ ᠳ᠋ᠤ᠌᠂ ᠠᠩᠬᠠᠳᠠᠭ᠍ᠴᠢ ᠲᠠᠴᠢᠷᠳᠠᠭᠰᠠᠨ ᠨᠤᠲᠤᠭ ᠪᠡᠯᠴᠢᠭᠡᠷ ᠤ᠋ᠨ 10 ᠲᠦᠮᠡᠨ ᠲᠣᠨ ᠤ᠋ ᠨᠡᠭᠦᠷᠡᠰᠦᠲᠥ᠋ᠷᠥᠭ᠌ᠴᠢ ᠬᠤᠷᠠᠮᠳᠤᠭᠤᠯᠬᠤ ᠠᠷᠠᠯᠵᠢᠶ᠎ᠠ ᠠᠮᠵᠢᠯᠲᠠ ᠲᠠᠢ ᠪᠦᠳᠦᠵᠤ᠂ ᠥᠷᠭᠡᠨ ᠠᠭᠤᠳᠠᠮ ᠨᠤᠲᠤᠭ ᠪᠡᠯᠴᠢᠭᠡᠷ ᠤ᠋ᠨ ᠨᠡᠭᠦᠷᠡᠰᠦᠲᠥ᠋ᠷᠥᠭ᠌ᠴᠢ᠎ᠬᠤᠷᠠᠮᠳᠤᠭᠤᠯᠬᠤ ᠴᠢᠳᠠᠪᠤᠷᠢ ᠠᠩᠬ᠎ᠠ ᠤᠳᠠᠭ᠎ᠠ ᠲᠣᠳᠣᠷᠬᠠᠶ ᠵᠠᠬ᠎ᠠ ᠳᠡᠯᠭᠡᠭᠦᠷ ᠤ᠋ᠨ ᠦᠨ᠎ᠡ ᠬᠠᠩᠰᠢ ᠲᠠᠢ ᠪᠣᠯᠪᠠ᠃ ᠬᠣᠶᠠᠳᠤᠭᠠᠷ ᠡᠭᠡᠯᠵᠢ ᠢ᠋ᠢᠨ ᠤᠯᠤᠰ ᠤ᠋ᠨ ᠠᠮᠢ ᠠᠬᠤᠶ ᠢ᠋ᠢᠨ ᠪᠦᠳᠦᠭᠡᠭᠳᠡᠬᠦᠨ ᠤ᠋ ᠥᠷᠲᠡᠭ ᠢ᠋ ᠪᠡᠶᠡᠯᠡᠭᠦᠯᠬᠦ᠌ ᠲᠣᠭ᠍ᠲᠠᠴᠠ ᠢ᠋ᠢᠨ ᠲᠤᠷᠱᠢᠯᠲᠠ ᠢ᠋ᠢᠨ ᠴᠡᠭ ᠤ᠋ᠨ ᠨᠡᠷᠡᠰ᠎ᠲᠦ᠍ ᠬᠥᠯᠥᠨ ᠪᠣᠢᠷ ᠬᠣᠲᠠ ᠠᠮᠵᠢᠯᠲᠠ᠎ᠲᠠᠶ ᠪᠠᠷ ᠰᠣᠩᠭᠣᠭ᠍ᠳᠠᠵᠤ᠂ ᠬᠦᠯᠦᠨ ᠪᠤᠢᠷ ᠬᠤᠳᠠ ᠢ᠋ᠢᠨ 7000 ᠭᠠᠷᠤᠶ ᠳ᠋ᠦᠩᠱᠢᠭᠤᠷ ᠲᠥᠭᠥᠷᠢᠭ ᠤ᠋ᠨ ᠠᠮᠢ ᠠᠬᠤᠶ ᠢ᠋ᠢᠨ ᠡᠳ᠋ ᠪᠠᠶᠠᠯᠢᠭ ᠤ᠋ᠨ ᠥᠷᠲᠡᠭ ᠢ᠋ ᠬᠤᠪᠢᠷᠠᠭᠤᠯᠤᠨ ᠤᠯᠤᠰ ᠤ᠋ᠨ ᠲᠠᠰ ᠤ᠋ᠨ ᠲᠤᠷᠱᠢᠯᠲᠠ ᠵᠢ ᠠᠬᠢᠭᠤᠯᠬᠤ ᠱᠢᠨ᠎ᠡ ᠱᠠᠲᠤᠨ᠎ᠳᠤ ᠤᠷᠤᠭ᠍ᠰᠠᠨ ᠢ᠋ ᠬᠠᠷᠠᠭᠤᠯᠪᠠ᠃

ᠦᠪᠤᠷ ᠮᠤᠨᠭᠭᠤᠯ ᠤ᠋ᠨ ᠤᠢ ᠰᠢᠭᠤᠢ ᠳ᠋ᠤ᠌ ᠪᠠᠰᠠ ᠦᠷᠳᠡᠭ ᠢ᠋ ᠬᠤᠪᠢᠷᠠᠭᠤᠯᠤᠭᠰᠠᠨ ᠤᠯᠠᠨ ᠬᠤᠪᠢᠷᠠᠯᠳᠡ ᠲᠠᠢ ᠪᠤᠯᠪᠠ᠃ ᠥᠪᠥᠷ ᠮᠣᠩᠭᠣᠯ ᠤ᠋ᠨ ᠨᠡᠭᠡᠭᠡᠨ ᠬᠥᠭ᠌ᠵᠢᠭᠦᠯᠵᠦ᠍ ᠨᠥᠭᠡᠴᠡᠯᠡᠭ᠌ᠰᠡᠨ ᠣᠶ ᠱᠢᠭᠤᠶ ᠢ᠋ᠢᠨ ᠨᠡᠭᠦᠷᠡᠰᠦᠲᠥ᠋ᠷᠥᠭ᠌ᠴᠢ᠎ᠬᠤᠷᠠᠮᠳᠤᠭᠤᠯᠬᠤ ᠲᠥᠷᠥᠯ ᠵᠦᠶ᠋ᠯ ᠤ᠋ᠨ ᠲᠣᠭ᠎ᠠ ᠬᠡᠮᠵᠢᠶ᠎ᠡ ᠪᠥᠬᠥ᠌ ᠤᠯᠤᠰ ᠲᠦ᠍ ᠲᠦᠷᠦᠬᠦᠯᠡᠵᠤ᠂ ᠨᠡᠭᠦᠷᠡᠰᠦᠲᠥ᠋ᠷᠥᠭ᠌ᠴᠢ᠎ᠬᠤᠷᠠᠮᠳᠤᠭᠤᠯᠤᠭᠰᠠᠨ ᠥᠷᠲᠡᠭ 1.3 ᠳ᠋ᠦᠩᠱᠢᠭᠤᠷ ᠲᠥᠭᠥᠷᠢᠭ ᠢ᠋ ᠳᠠᠪᠠᠪᠠ᠃ 30 ᠬᠣᠱᠢᠭᠤ ᠱᠢᠶᠠᠨ ᠪᠣᠯᠤᠨ ᠬᠦᠷᠢᠶᠡᠯᠡᠩ ᠲᠣᠭᠣᠷᠢᠭ ᠢ᠋ ᠬᠠᠮᠤᠷᠤᠭ᠍ᠰᠠᠨ ᠨᠡᠭᠦᠷᠡᠰᠦᠲᠥ᠋ᠷᠥᠭ᠌ᠴᠢ ᠢ᠋ᠢᠨ ᠭᠠᠳᠠᠭᠰᠢᠯᠠᠭᠤᠯᠤᠯᠳᠡ ᠣᠷᠭᠢᠯ᠎ᠬᠡᠮᠵᠢᠭᠳᠡᠯ ᠳ᠋ᠤ᠌ ᠬᠦᠷᠬᠦ᠌ ᠲᠤᠷᠱᠢᠯᠲᠠ ᠢ᠋ᠢᠨ ᠴᠡᠭ ᠤ᠋ᠨ ᠠᠵᠢᠯᠯᠠᠭ᠎ᠠ ᠢ᠋ᠢ ᠵᠡᠷᠭᠡ ᠪᠡᠷ ᠦᠷᠨᠢᠬᠦᠯᠪᠡ᠃ 《ᠨᠤᠮᠢᠨ ᠤᠰᠤ ᠬᠥᠬᠡᠮᠳᠦᠭ ᠠᠭᠤᠯᠠ ᠪᠤᠯ ᠠᠯᠳᠠᠠ ᠠᠭᠤᠯᠠ ᠮᠥᠩᠭᠥᠨ ᠬᠠᠢᠷᠬᠠᠨ ᠮᠦᠨ》 ᠭᠡᠬᠦ᠌ ᠣᠢᠯᠠᠭᠠᠭ᠍ᠳᠠᠬᠤᠨ ᠢ᠋ ᠭᠦᠨᠵᠡᠭᠡᠶ ᠦᠶ᠋ᠯᠡᠳᠦᠯᠭᠡᠵᠢᠭᠦᠯᠵᠦ᠍᠂ ᠬᠠᠷᠠᠴᠢᠨ ᠬᠤᠰᠢᠭᠤ ᠡᠯᠪᠡᠭ ᠪᠠᠶᠠᠯᠢᠭ ᠣᠢᠲᠤ ᠭᠠᠵᠠᠷ ᠤ᠋ᠨ ᠡᠬᠢ ᠪᠠᠶᠠᠯᠢᠭ ᠪᠠ ᠠᠮᠢ ᠠᠬᠤᠶ ᠢ᠋ᠢᠨ ᠵᠢᠮ᠎ᠡ ᠶᠤᠰᠤ ᠳ᠋ᠤ᠌ ᠰᠠᠭᠤᠷᠢᠯᠠᠨ᠂ ᠲᠤᠬᠠᠶ ᠢ᠋ᠢᠨ ᠭᠠᠵᠠᠷ ᠤ᠋ᠨ ᠪᠠᠢᠳᠠᠯ᠎ᠳ᠋ᠠᠭᠠᠨ ᠲᠣᠬᠢᠷᠠᠭᠤᠯᠤᠨ ᠣᠶ ᠲᠦ᠍ᠳᠤᠷᠠᠬᠢ ᠲᠠᠷᠢᠮᠠᠯ᠂ ᠣᠶ ᠲᠦ᠍ᠳᠤᠷᠠᠬᠢ ᠲᠡᠵᠢᠭᠡᠨ ᠦᠷᠡᠵᠢᠭᠦᠯᠬᠦ᠌᠂ ᠣᠶ ᠰᠢᠭᠤᠢ ᠢ᠋ᠢᠨ ᠪᠦᠳᠦᠭᠡᠭᠳᠡᠬᠦᠨ ᠢ᠋ ᠡᠳ᠋ᠱᠢᠭᠦᠯᠬᠦ᠌ ᠪᠠ ᠣᠶ ᠱᠢᠭᠤᠶ ᠢ᠋ᠢᠨ ᠡᠷᠡᠭᠦᠯᠵᠢᠯ ᠰᠤᠪᠢᠯᠠᠯᠲᠠ ᠵᠢᠭᠤᠯᠴᠢᠯᠠᠯ ᠢ᠋ᠢᠡᠷ ᠭᠤᠤᠯ ᠪᠣᠯᠭᠠᠭ᠍ᠰᠠᠨ ᠣᠶ ᠱᠢᠭᠤᠶ ᠢ᠋ᠢᠨ ᠠᠵᠤ ᠠᠬᠤᠶ ᠵᠢ ᠶᠡᠬᠡ ᠪᠡᠷ ᠬᠥᠭ᠌ᠵᠢᠭᠦᠯᠵᠦ᠍᠂ ᠠᠮᠢ ᠠᠬᠤᠶ ᠵᠢ ᠬᠠᠮᠠᠭᠠᠯᠠᠬᠤ ᠪᠠ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠵᠢ ᠵᠡᠷᠭᠡ ᠪᠡᠷ ᠬᠥᠭ᠌ᠵᠢᠭᠦᠯᠬᠦ᠌ ᠴᠢᠨᠠᠷ ᠰᠠᠢᠲᠠᠶ ᠬᠥᠭ᠌ᠵᠢᠯᠲᠡ ᠢ᠋ᠢᠨ ᠱᠢᠨ᠎ᠡ ᠠᠷᠭ᠎ᠠ ᠵᠠᠮ ᠢ᠋ ᠠᠮᠵᠢᠯᠲᠠ᠎ᠲᠠᠶ ᠰᠦᠪᠡᠭ᠌ᠴᠢᠯᠡᠨ ᠭᠠᠷᠭᠠᠵᠤ᠂ ᠪᠥᠬᠥ᠌ ᠬᠣᠱᠢᠭᠤᠨ ᠤ᠋ ᠣᠶ ᠱᠢᠭᠤᠶ ᠢ᠋ᠢᠨ ᠠᠵᠤ ᠠᠬᠤᠶ ᠢ᠋ᠢᠨ ᠶᠡᠷᠦᠩᠬᠡᠢᠯᠡᠭ᠌ᠰᠡᠨ ᠦᠶ᠋ᠯᠡᠳᠬᠦᠨ ᠤ᠋ ᠥᠷᠲᠡᠭ 25 ᠳ᠋ᠦᠩᠱᠢᠭᠤᠷ ᠲᠥᠭᠥᠷᠢᠭ ᠢ᠋ ᠳᠠᠪᠠᠪᠠ᠃

2025 ᠣᠨ ᠳ᠋ᠤ᠌ ᠥᠪᠥᠷ ᠮᠣᠩᠭᠣᠯ ᠰᠠᠯᠬᠢ ᠢ᠋ᠢ ᠬᠠᠯᠬᠠᠯᠠᠨ ᠡᠯᠡᠰᠦ ᠢ᠋ᠢ ᠬᠤᠷᠢᠭᠯᠠᠬᠤ ᠠᠵᠢᠯᠯᠠᠭ᠎ᠠ ᠢ᠋ᠢ ᠦᠷᠨᠢᠬᠦᠯᠵᠤ᠂ ᠠᠮᠢ ᠠᠬᠤᠢ ᠢ᠋ᠢᠨ ᠪᠦᠳᠦᠬᠡᠨ ᠪᠠᠢᠭᠤᠯᠤᠯᠳᠡ ᠳ᠋ᠤ᠌ ᠤᠶᠤᠨ ᠤᠬᠠᠭᠠᠨ ᠢ᠋ᠢᠡᠨ ᠰᠢᠪᠬᠠᠨ᠂ ᠢᠮᠠᠬᠤ ᠢ᠋ᠢᠨ ᠲᠡᠳᠤᠢ ᠭᠠᠵᠠᠷ ᠢ᠋ ᠴᠦ᠍ ᠠᠮᠢᠵᠢᠷᠠᠯ ᠤ᠋ᠨ ᠬᠦᠴᠦᠨ ᠢ᠋ᠢᠡᠷ ᠪᠢᠯᠬᠠᠭᠤᠯᠵᠤ᠂ ᠠᠮᠢ ᠠᠬᠤᠢ ᠢ᠋ᠢᠨ ᠦᠭᠬᠢᠶᠡᠮᠤᠷ ᠬᠡᠰᠢᠭ ᠢ᠋ ᠬᠥᠭ᠌ᠵᠢᠯᠲᠡ ᠢ᠋ᠢᠨ ᠬᠥᠳᠡᠯᠭᠡᠬᠦ᠌ ᠬᠦᠴᠦᠨ ᠪᠣᠯᠭᠠᠪᠠ᠃ ᠮᠠᠨ᠎ᠤ ᠤᠯᠤᠰ ᠤ᠋ᠨ ᠤᠮᠠᠷᠠᠲᠤ ᠢ᠋ᠢᠨ ᠠᠮᠢ ᠠᠬᠤᠶ ᠢ᠋ᠢᠨ ᠠᠮᠤᠷ ᠲᠦᠪᠱᠢᠨ ᠤ᠋ ᠬᠠᠯᠬᠠᠪᠴᠢ ᠢ᠋ᠢ ᠪᠠᠲᠤ ᠴᠣᠭ᠍ᠴᠠᠯᠠᠬᠤ ᠪᠣᠯ ᠠᠯᠤᠰ ᠢᠷᠡᠭᠡᠳᠦᠶ ᠳ᠋ᠤ᠌ ᠬᠣᠯᠪᠣᠭ᠍ᠳᠠᠬᠤ᠂ ᠬᠠᠷᠢᠭᠤᠴᠠᠯᠭ᠎ᠠ ᠡᠭᠦᠷᠭᠡᠯᠡᠯ ᠢ᠋ᠢᠡᠨ ᠱᠢᠯᠭᠠᠬᠤ ᠪᠣᠭᠣᠮᠲᠠ ᠱᠢᠪᠲᠤᠯᠬᠤ ᠳᠠᠢᠯᠠᠯᠳᠤᠭᠠᠨ ᠪᠣᠯᠤᠨ᠎ᠠ᠂ ᠥᠪᠥᠷ ᠮᠣᠩᠭᠣᠯ ᠶᠠᠭ ᠦᠨᠡᠨ ᠪᠤᠳᠠᠳᠤ ᠠᠵᠢᠯᠯᠠᠭ᠎ᠠ ᠪᠠᠷ ᠢ᠋ᠢᠡᠨ ᠡᠨᠡ ᠬᠦ᠌ ᠪᠣᠬᠢᠷᠲᠤᠯ ᠥᠬᠡᠶ ᠠᠶᠠᠨ᠎ᠳ᠋ᠠᠭᠠᠨ ᠡᠷᠡᠮᠡᠬᠡᠢᠯᠡᠨ ᠤᠷᠤᠭᠰᠢᠯᠠᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号