1 ᠰᠠᠷ᠎ᠠ᠎ᠶᠢᠨ 27᠎ᠤ ᠡᠳᠦᠷ ᠰᠤᠷᠭᠠᠨ ᠬᠥᠮᠦᠵᠢᠯ᠎ᠦᠨ ᠶᠠᠮᠤᠨ 2025 ᠣᠨ᠎ᠤ ᠪᠥᠬᠥ
ᠤᠯᠤᠰ ᠤᠨ ᠵᠠᠯᠠᠭᠤᠴᠤᠳ ᠪᠠᠭᠠᠴᠤᠳ ᠤᠨ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ ᠵᠢᠨ ᠣᠨᠴᠠᠯᠢᠭ᠍ᠲᠤ
ᠰᠤᠷᠭᠠᠭᠤᠯᠢ ᠶᠢᠨ ᠬᠢᠨᠠᠨ ᠲᠣᠭᠲᠠᠭᠠᠭᠰᠠᠨ ᠦᠷ᠎ᠡ ᠳ᠋ᠦᠩ᠎ᠦᠨ ᠲᠤᠬᠠᠢ ᠢᠯᠡ ᠨᠡᠢᠲᠡᠯᠡᠪᠡ᠂ ᠡᠭᠦᠨ ᠳᠦ ᠥᠪᠥᠷ
ᠮᠣᠩᠭᠣᠯ ᠤᠨ 39 ᠰᠤᠷᠭᠠᠭᠤᠯᠢ ᠰᠣᠩᠭᠣᠭᠳᠠᠨ ᠣᠷᠣᠵᠠᠢ᠃
2025 ᠣᠨ᠎ᠤ ᠪᠥᠬᠥ ᠤᠯᠤᠰ᠎ᠤᠨ ᠵᠠᠯᠠᠭᠤᠴᠤᠳ ᠪᠠᠭᠠᠴᠤᠳ᠎ᠤᠨ ᠰᠤᠷᠭᠠᠭᠤᠯᠢ᠎ᠶᠢᠨ
ᠬᠦᠷᠢᠶᠡᠨ᠎ᠦ ᠬᠥᠯ ᠪᠥᠮᠪᠥᠭᠡ᠎ᠶᠢᠨ ᠣᠨᠴᠠᠯᠢᠭ᠍ᠲᠤ ᠰᠤᠷᠭᠠᠭᠤᠯᠢ᠎ᠶᠢᠨ ᠬᠢᠨᠠᠨ ᠲᠣᠭᠲᠠᠭᠠᠭᠰᠠᠨ ᠦᠷ᠎ᠡ
ᠳ᠋ᠦᠩ᠎ᠦᠨ ᠲᠤᠬᠠᠢ ᠢᠯᠡ ᠨᠡᠢᠲᠡᠯᠡᠯ
《ᠳᠤᠮᠳᠠᠳᠤ ᠤᠯᠤᠰ᠎ᠤᠨ ᠬᠥᠯ ᠪᠥᠮᠪᠥᠭᠡ᠎ᠶᠢᠨ ᠥᠭᠡᠷᠡᠴᠢᠯᠡᠯᠲᠡ ᠬᠥᠭᠵᠢᠯᠲᠡ ᠵᠢᠨ
ᠶᠡᠷᠦᠩᠬᠡᠢ ᠲᠥᠰᠥᠯ》᠎ᠢ ᠲᠤᠭᠤᠰᠢᠯᠠᠭᠤᠯᠤᠨ
ᠨᠠᠢᠳᠠᠪᠤᠷᠢᠵᠢᠭᠤᠯᠬᠤ ᠵᠢᠨ ᠲᠥᠯᠥᠭᠡ᠂ ᠰᠤᠷᠭᠠᠨ ᠬᠥᠮᠦᠵᠢᠯ᠎ᠦᠨ ᠶᠠᠮᠤᠨ 2025 ᠣᠨ᠎ᠤ ᠪᠥᠬᠥ ᠤᠯᠤᠰ᠎ᠤᠨ
ᠵᠠᠯᠠᠭᠤᠴᠤᠳ ᠪᠠᠭᠠᠴᠤᠳ᠎ᠤᠨ ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠣᠨᠴᠠᠯᠢᠭ᠍ᠲᠤ
ᠰᠤᠷᠭᠠᠭᠤᠯᠢ᠎ᠶᠢ ᠰᠢᠯᠢᠨ ᠰᠣᠩᠭᠣᠬᠤ ᠠᠵᠢᠯ᠎ᠢ ᠵᠣᠬᠢᠶᠠᠨ ᠪᠠᠢᠭᠤᠯᠤᠨ ᠥᠷᠨᠢᠭᠦᠯᠪᠡ᠃ 《ᠪᠥᠬᠥ ᠤᠯᠤᠰ᠎ᠤᠨ ᠵᠢᠱ᠌ᠢᠶ᠎ᠡ ᠦᠵᠡᠭᠦᠯᠬᠦ ᠴᠢᠨᠠᠷᠲᠠᠢ ᠣᠨᠴᠠᠯᠢᠭ᠍ᠲᠤ
ᠰᠤᠷᠭᠠᠭᠤᠯᠢ ᠶᠢ ᠡᠭᠦᠳᠦᠨ ᠪᠠᠶ᠋ᠢᠭᠤᠯᠬᠤ ᠠᠵᠢᠯ᠎ᠢ ᠥᠷᠨᠢᠭᠦᠯᠬᠦ ᠲᠤᠬᠠᠢ ᠰᠤᠷᠭᠠᠨ ᠬᠥᠮᠦᠵᠢᠯ᠎ᠦᠨ ᠶᠠᠮᠤᠨ ᠤ
ᠠᠯᠪᠠᠨ ᠲᠢᠩᠬᠢᠮ᠎ᠦᠨ ᠮᠡᠳᠡᠭᠳᠡᠯ》 ᠤᠨ
ᠱᠠᠭᠠᠷᠳᠠᠯᠭ᠎ᠠ᠎ᠶᠢ ᠦᠨᠳᠦᠰᠦᠯᠡᠨ᠂ ᠬᠣᠯᠪᠣᠭᠳᠠᠯ ᠪᠦᠬᠦᠢ ᠰᠤᠷᠭᠠᠭᠤᠯᠢ᠎ᠶᠢᠨ ᠪᠡᠶ᠎ᠡ᠎ᠪᠡᠨ ᠳᠠᠭᠠᠭᠠᠵᠤ
ᠭᠤᠶᠤᠴᠢᠯᠠᠨ ᠮᠡᠳᠡᠭᠦᠯᠬᠦ᠂ ᠲᠤᠰᠬᠠᠢ ᠮᠡᠷᠭᠡᠵᠢᠯᠲᠡᠨ᠎ᠢᠶᠡᠷ ᠬᠢᠨᠠᠨ ᠲᠣᠭᠲᠠᠭᠠᠯᠭᠠᠬᠤ᠂ ᠮᠤᠵᠢ᠎ᠶᠢᠨ
ᠱᠠᠲᠤᠨ᠎ᠤ ᠰᠤᠷᠭᠠᠨ ᠬᠥᠮᠦᠵᠢᠯ᠎ᠦᠨ ᠵᠠᠰᠠᠭ ᠵᠠᠬᠢᠷᠭᠠᠨ᠎ᠤ ᠰᠠᠯᠠᠭ᠎ᠠ ᠮᠥᠴᠢᠷ᠎ᠡᠴᠡ ᠬᠢᠨᠠᠨ ᠬᠠᠷᠭᠤᠭᠤᠯᠵᠤ
ᠪᠠᠲᠤᠯᠠᠨ ᠲᠠᠨᠢᠯᠴᠠᠭᠤᠯᠬᠤ᠂ ᠨᠡᠢᠭᠡᠮ᠎ᠳᠤ ᠢᠯᠡ ᠨᠡᠢᠲᠡᠯᠡᠬᠦ᠂ ᠲᠤᠰᠬᠠᠢ ᠮᠡᠷᠭᠡᠵᠢᠯᠲᠡᠨ ᠳᠠᠬᠢᠨ ᠬᠢᠨᠠᠬᠤ
ᠵᠡᠷᠭᠡ ᠲᠠᠰ ᠳᠠᠷᠠᠭᠠᠯᠠᠯ᠎ᠢᠶᠠᠷ ᠳᠡᠮᠵᠢᠨ᠂ 2025 ᠣᠨ᠎ᠤ ᠪᠥᠬᠥ ᠤᠯᠤᠰ᠎ᠤᠨ ᠵᠠᠯᠠᠭᠤᠴᠤᠳ ᠪᠠᠭᠠᠴᠤᠳ᠎ᠤᠨ
ᠰᠤᠷᠭᠠᠭᠤᠯᠢ᠎ᠶᠢᠨ ᠬᠦᠷᠢᠶᠡᠨ᠎ᠦ ᠬᠥᠯ ᠪᠥᠮᠪᠥᠭᠡ᠎ᠶᠢᠨ ᠣᠨᠴᠠᠯᠢᠭ᠍ᠲᠤ ᠰᠤᠷᠭᠠᠭᠤᠯᠢ ᠵᠢ 4928 ᠬᠢᠨᠠᠨ ᠲᠣᠭᠲᠠᠭᠠᠬᠤ᠎ᠪᠠᠷ
ᠪᠤᠯᠪᠠ᠃ ᠡᠳᠦᠭᠡ ᠢᠯᠡ ᠨᠡᠢᠲᠡᠯᠡᠶ᠎ᠡ᠂ ᠢᠯᠡ ᠨᠡᠢᠲᠡᠯᠡᠬᠦ ᠬᠤᠭᠤᠴᠠᠭ᠎ᠠ ᠨᠢ 2026 ᠣᠨ᠎ᠤ 1 ᠰᠠᠷ᠎ᠠ᠎ᠶᠢᠨ
27᠎ᠤ ᠡᠳᠦᠷ᠎ᠡᠴᠡ 2026 ᠣᠨ᠎ᠤ 2 ᠰᠠᠷ᠎ᠠ᠎ᠶᠢᠨ 2᠎ᠤᠨ ᠡᠳᠦᠷ ᠬᠦᠷᠲᠡᠯ᠎ᠡ᠃
ᠢᠯᠡ ᠨᠡᠢᠲᠡᠯᠡᠬᠦ ᠬᠤᠭᠤᠴᠠᠭᠠᠨ᠎ᠳᠤ᠂ ᠬᠡᠷᠪᠡ ᠣᠨᠳᠣᠣ ᠰᠠᠨᠠᠯ᠎ᠲᠠᠢ ᠪᠠᠢᠪᠠᠯ᠂
ᠪᠢᠴᠢᠭ᠎ᠦᠨ ᠬᠡᠯᠪᠡᠷᠢ᠎ᠪᠡᠷ ᠪᠠᠢᠳᠠᠯ ᠢ᠋ ᠲᠤᠰᠬᠠᠭᠠᠷᠠᠢ (
ᠵᠠᠬᠢᠳᠠᠯ ᠬᠦᠷᠦᠭᠰᠡᠨ ᠡᠳᠦᠷ᠎ᠦᠨ ᠰᠢᠤᠳᠠᠨ᠎ᠤ ᠲᠠᠮᠠᠭ᠎ᠠ᠎ᠪᠠᠷ ᠪᠠᠷᠢᠮᠵᠢᠶ᠎ᠠ ᠪᠣᠯᠭᠠᠨ᠎ᠠ )᠃ ᠪᠠᠢᠳᠠᠯ ᠢ
ᠲᠤᠰᠬᠠᠬᠤ ᠳ᠋ᠠᠭᠠᠨ ᠡᠷᠬᠡᠪᠰᠢ ᠪᠤᠰᠤᠳᠴᠢ ᠦᠨᠡᠨ ᠪᠣᠳᠠᠲᠠᠢ ᠪᠠᠢᠬᠤ ᠬᠡᠷᠡᠭᠲᠡᠢ᠂ ᠨᠢᠭᠡᠴᠢ ᠶᠢᠨ ᠨᠡᠷ᠎ᠡ᠎ᠪᠡᠷ
ᠪᠠᠢᠳᠠᠯ᠎ᠢ ᠲᠤᠰᠬᠠᠭᠰᠠᠨ ᠮᠠᠲᠧᠷᠢᠶᠠᠯ᠎ᠳᠤ ᠨᠢᠭᠡᠴᠢ᠎ᠶᠢᠨ ᠠᠯᠪᠠᠨ ᠲᠠᠮᠠᠭ᠎ᠠ ᠶᠢ ᠳᠠᠷᠤᠬᠤ ᠴᠢᠬᠤᠯᠠᠲᠠᠢ᠂
ᠬᠤᠪᠢ ᠬᠥᠮᠥᠨ᠎ᠦ ᠨᠡᠷ᠎ᠡ᠎ᠪᠡᠷ ᠪᠠᠢᠳᠠᠯ ᠢ ᠲᠤᠰᠬᠠᠭᠰᠠᠨ ᠮᠠᠲᠧᠷᠢᠶᠠᠯ᠎ᠳᠤ ᠦᠨᠡᠨ ᠨᠡᠷ᠎ᠡ᠎ᠪᠡᠨ
ᠪᠢᠴᠢᠬᠦ᠎ᠶᠢᠨ ᠬᠠᠮᠲᠤ ᠬᠦᠴᠦᠨ ᠪᠦᠬᠦᠢ ᠬᠠᠷᠢᠯᠴᠠᠬᠤ ᠠᠷᠭ᠎ᠠ ᠮᠠᠶᠢᠭ᠋᠎ᠢᠶᠠᠨ ᠬᠠᠩᠭᠠᠬᠤ ᠬᠡᠷᠡᠭᠲᠡᠢ᠂
ᠬᠤᠭᠤᠴᠠᠭ᠎ᠠ ᠬᠡᠲᠦᠷᠡᠭᠰᠡᠨ ᠪᠤᠶᠤ ᠨᠡᠷ᠎ᠡ᠎ᠪᠡᠨ ᠪᠤᠷᠤᠭᠤᠯᠠᠨ ᠲᠤᠰᠬᠠᠪᠠᠯ ᠭᠥᠯᠢᠶᠡᠨ ᠠᠪᠴᠤ
ᠰᠢᠢᠳᠪᠦᠷᠢᠯᠡᠬᠦ ᠦᠭᠡᠢ᠃
ᠢᠮᠧᠯ᠄ xiaozuban@moe.edu.cn
ᠬᠠᠶᠢᠭ᠋᠄ ᠪᠡᠭᠡᠵᠢᠩ
ᠬᠣᠲᠠ᠎ᠶᠢᠨ ᠰᠢ
ᠴᠧᠩ ᠲᠣᠭᠣᠷᠢᠭ᠋᠎ᠤᠨ ᠳᠠ ᠮᠦ᠍ ᠼᠠᠩ
ᠭᠤᠳᠤᠮᠵᠢ᠎ᠶᠢᠨ 35 ᠳ᠋ᠤᠭᠠᠷ ᠨᠣᠮᠧᠷ ᠰᠤᠷᠭᠠᠨ
ᠬᠥᠮᠦᠵᠢᠯ᠎ᠦᠨ ᠶᠠᠮᠤᠨ᠎ᠤ ᠪᠡᠶ᠎ᠡ᠎ᠶᠢᠨ ᠲᠠᠮᠢᠷ ᠡᠷᠡᠭᠦᠯ ᠬᠠᠮᠠᠭᠠᠯᠠᠯ ᠬᠢᠭᠡᠳ ᠤᠷᠠᠯᠢᠭ᠋᠎ᠤᠨ ᠰᠤᠷᠭᠠᠨ ᠬᠥᠮᠦᠵᠢᠯ᠎ᠦᠨ
ᠵᠤᠷᠭᠠᠨ᠂ ᠰᠢᠤᠳᠠᠨ ᠨᠣᠮᠧᠷ᠄100816᠃
ᠰᠤᠷᠭᠠᠨ ᠬᠥᠮᠦᠵᠢᠯ᠎ᠦᠨ ᠶᠠᠮᠤᠨ᠎ᠤ ᠠᠯᠪᠠᠨ ᠲᠢᠩᠬᠢᠮ
2026 ᠣᠨ᠎ᠤ 1 ᠰᠠᠷ᠎ᠠ᠎ᠶᠢᠨ 27 ᠤ ᠡᠳᠦᠷ
ᠢᠷᠡᠯᠲᠡ ᠄ ᠰᠤᠷᠭᠠᠨ ᠬᠦᠮᠦᠵᠢᠯ᠎ᠤᠨ ᠶᠠᠮᠤᠨ᠎ᠤ ᠠᠯᠪᠠᠨ ᠰᠦᠯᠵᠢᠶ᠎ᠡ