1 ᠰᠠᠷᠠᠶᠢᠨ 26 ᠤ ᠡᠳᠦᠷ ᠡᠴᠡ ᠡᠬᠢᠯᠡᠨ ᠪᠥᠬᠥ ᠤᠯᠤᠰᠤᠨ ᠲᠡᠮᠦᠷ ᠵᠠᠮ ᠰᠢᠨ᠎ᠡ ᠠᠶᠠᠯᠠᠯᠤᠨ
ᠵᠢᠷᠤᠭ ᠢ ᠬᠡᠷᠡᠭᠵᠢᠭᠦᠯᠦᠭᠰᠡᠨ ᠦ ᠳᠠᠷᠠᠭ᠎ᠠ᠂ ᠪᠠᠶᠠᠨᠨᠠᠭᠤᠷ᠂ ᠦᠬᠠᠢ ᠡᠴᠡ ᠪᠡᠭᠡᠵᠢᠩᠬᠦᠷᠬᠦ ᠬᠦᠳᠡᠯᠬᠡᠬᠦ ᠬᠦᠴᠦᠨᠳᠤ ᠭᠠᠯᠳᠤ ᠲᠡᠷᠭᠡ ᠠᠩᠬ᠎ᠠ ᠨᠡᠪᠲᠡᠷᠡᠪᠡ᠃ ᠲᠤᠰ ᠬᠣᠶᠠᠷ ᠭᠠᠵᠠᠷᠤᠨ ᠲᠡᠮᠦᠷ ᠵᠠᠮᠤᠨ
ᠠᠶᠠᠯᠠᠯ ᠨᠢ 《ᠥᠷᠯᠥᠭᠡ ᠮᠣᠷᠳᠠᠵᠤ ᠦᠳᠡᠳᠦ ᠬᠦᠷᠬᠦ》᠂《ᠲᠣᠬᠠᠢ ᠵᠢᠨ ᠡᠳᠦᠷ ᠲᠡᠭᠡᠨ ᠢᠷᠡᠵᠦ ᠪᠤᠴᠠᠬᠤ》 ᠵᠢ
ᠪᠡᠶᠡᠯᠡᠭᠦᠯᠵᠦ᠂ ᠪᠡᠭᠡᠵᠢᠩᠳᠦ ᠬᠦᠷᠬᠦ ᠴᠠᠭ ᠶᠡᠬᠡᠪᠡᠷ ᠪᠣᠭᠣᠨᠢᠰᠪᠠ᠃
ᠪᠠᠶᠠᠨᠨᠠᠭᠤᠷ᠂ ᠦᠬᠠᠢᠠᠴᠠ ᠪᠡᠭᠡᠵᠢᠩ ᠬᠦᠷᠬᠦ
ᠬᠦᠳᠡᠯᠬᠡᠬᠦ ᠬᠦᠴᠦᠨᠳᠤ ᠭᠠᠯᠲᠤ ᠲᠡᠷᠭᠡ ᠨᠡᠪᠲᠡᠷᠡᠭᠰᠡᠨᠦ ᠳᠠᠷᠠᠭ᠎ᠠ᠂ ᠬᠣᠶᠠᠷ ᠭᠠᠵᠠᠷᠠᠴᠠ
ᠪᠡᠭᠡᠵᠢᠩ ᠬᠦᠷᠬᠦ ᠴᠠᠭ ᠬᠠᠮᠤᠭᠤᠨ ᠬᠤᠷᠳᠤᠨᠳᠠᠭᠠᠨ 4 ᠴᠠᠭ 20 ᠮᠢᠨᠦ᠋ᠲ ᠪᠠ 5 ᠴᠠᠭ 07 ᠮᠢᠨᠦ᠋ᠲ
ᠪᠣᠯᠪᠠ᠃
ᠣᠳᠣᠬᠠᠨ ᠪᠣᠯᠲᠠᠯ᠎ᠠ ᠮᠠᠨᠤ ᠣᠷᠣᠨᠤ ᠬᠥᠬᠡᠬᠣᠲᠠ᠂
ᠪᠤᠭᠤᠲᠤ᠂ ᠤᠯᠠᠭᠠᠨᠬᠠᠳᠠ᠂ ᠲᠦᠩᠯᠢᠶᠣᠣ᠂ ᠦᠬᠠᠢ᠂ ᠪᠠᠶᠠᠨᠨᠠᠭᠤᠷ᠂ ᠤᠯᠠᠭᠠᠨᠴᠠᠪ ᠵᠡᠷᠭᠡ 7 ᠠᠢᠮᠠᠭ ᠬᠣᠲᠠᠶᠢᠨ ᠬᠢᠨ ᠪᠡᠭᠡᠵᠢᠩᠳᠦ ᠰᠢᠭᠤᠳ ᠬᠦᠷᠬᠦ
ᠲᠦᠷᠭᠡᠨ ᠤ ᠲᠡᠮᠦᠷ ᠵᠠᠮ ᠪᠠ ᠬᠦᠳᠡᠯᠬᠡᠬᠦ ᠬᠦᠴᠦᠨᠳᠤ ᠭᠠᠯᠲᠤ ᠲᠡᠷᠭᠡ ᠨᠡᠪᠲᠡᠷᠡᠭᠦᠯᠪᠡ᠃
2026 ᠣᠨᠤ ᠴᠠᠭᠠᠨ ᠰᠠᠷᠠᠶᠢᠨ ᠵᠥᠭᠡᠭᠡᠪᠦᠷᠢ ᠵᠢᠨ ᠣᠷᠭᠢᠯ
ᠬᠤᠭᠤᠴᠠᠭᠠᠨ ᠳ᠋ᠦ᠂ ᠡᠳᠦᠷ ᠪᠦᠷᠢ 53 ᠡᠭᠡᠯᠵᠢᠶᠢᠨ
ᠬᠦᠳᠡᠯᠬᠡᠬᠦ ᠬᠦᠴᠦᠨᠳᠤ ᠭᠠᠯᠲᠤ ᠲᠡᠷᠭᠡ ᠥᠪᠥᠷ ᠮᠣᠩᠭᠣᠯᠤᠨ ᠵᠡᠭᠦᠨ ᠪᠡᠶ᠎ᠡ ᠪᠠ ᠪᠠᠷᠠᠭᠤᠨ
ᠪᠡᠶ᠎ᠡ ᠶᠢᠨ ᠬᠣᠲᠠᠳ ᠠᠴᠠ ᠨᠡᠢᠰᠯᠡᠯ ᠵᠦᠭ ᠠᠶᠠᠯᠠᠬᠤ ᠪᠣᠯᠣᠨ᠎ᠠ᠃
ᠢᠷᠡᠯᠲᠡ ᠄
ᠲᠡᠭᠦᠯᠢᠯᠲᠡ ᠬᠠᠮ ᠵᠠᠭᠤᠴᠢᠯᠠᠭᠤᠷ