1 ᠰᠠᠷ᠎ᠠ ᠵᠢᠨ 26 ᠤ᠋ ᠡᠳᠤᠷ᠂ ᠥᠪᠡᠷᠲᠡᠭᠡᠨ ᠵᠠᠰᠠᠬᠤ ᠣᠷᠣᠨ᠎ᠤ
ᠬᠥᠭᠵᠢᠭᠦᠯᠦᠯᠲᠡ ᠪᠠ ᠥᠭᠡᠷᠡᠴᠢᠯᠡᠯᠲᠡ᠎ᠶᠢᠨ ᠵᠥᠪᠯᠡᠯ᠂ ᠥᠪᠡᠷᠲᠡᠭᠡᠨ ᠵᠠᠰᠠᠬᠤ ᠣᠷᠣᠨ᠎ᠤ ᠡᠳ᠋᠎ᠦᠨ
ᠵᠠᠰᠠᠭ᠎ᠤᠨ ᠲᠢᠩᠬᠢᠮ ᠬᠠᠮᠲᠤᠷᠠᠨ《ᠥᠪᠥᠷ ᠮᠣᠩᠭᠣᠯ᠎ᠤᠨ
ᠥᠪᠡᠷᠲᠡᠭᠡᠨ ᠵᠠᠰᠠᠬᠤ ᠣᠷᠣᠨ᠎ᠤ 2026 ᠣᠨ᠎ᠳᠤ ᠶᠡᠬᠡ ᠬᠡᠪᠴᠢᠶᠡᠨ᠎ᠦ ᠳᠤᠨᠤᠭ ᠲᠥᠬᠥᠭᠡᠷᠦᠮᠵᠢ᠎ᠶᠢ ᠰᠢᠨᠡᠳᠬᠡᠬᠦ᠌ ᠪᠠ ᠬᠡᠷᠡᠭᠯᠡᠭᠡᠨ᠎ᠦ ᠵᠦᠢᠯ᠎ᠢ ᠬᠠᠭᠤᠴᠢᠨ᠎ᠢᠶᠠᠷ ᠰᠢᠨ᠎ᠡ᠎ᠶᠢ ᠰᠣᠯᠢᠬᠤ
ᠲᠥᠷᠥ᠎ᠶᠢᠨ ᠪᠣᠳᠣᠯᠭ᠎ᠠ᠎ᠶᠢ ᠬᠡᠷᠡᠭᠵᠢᠭᠦᠯᠬᠦ᠌ ᠲᠤᠬᠠᠶ ᠮᠡᠳᠡᠭᠳᠡᠯ》 ᠳᠠᠷᠤᠮᠠᠯᠯᠠᠨ ᠲᠠᠷᠬᠠᠭᠠᠵᠤ᠂ ᠲᠥᠬᠥᠭᠡᠷᠦᠮᠵᠢ᠎ᠶᠢ ᠰᠢᠨᠡᠳᠬᠡᠬᠦ᠌᠂
ᠬᠡᠷᠡᠭᠯᠡᠭᠡᠨ ᠤ ᠵᠦᠢᠯ᠎ᠢ ᠬᠠᠭᠤᠴᠢᠨ᠎ᠢᠶᠠᠷ ᠰᠢᠨ᠎ᠡ᠎ᠶᠢ ᠰᠣᠯᠢᠬᠤ᠂ ᠡᠭᠡᠭᠦᠯᠦᠨ ᠬᠤᠷᠢᠶᠠᠵᠤ ᠠᠰᠢᠭᠯᠠᠬᠤ
ᠲᠤᠤᠷ ᠰᠦᠯᠵᠢᠶ᠎ᠡ᠎ᠶᠢᠨ ᠪᠦᠳᠦᠬᠡᠨ ᠪᠠᠶ᠋ᠢᠭᠤᠯᠤᠯᠲᠠ ᠵᠡᠷᠭᠡ ᠲᠠᠪᠤᠨ ᠶᠡᠬᠡ ᠲᠠᠯ᠎ᠠ ᠶᠢᠨ 24 ᠵᠦᠢᠯ᠎ᠦᠨ
ᠪᠣᠳᠠᠲᠠᠶ ᠠᠷᠭ᠎ᠠ ᠬᠡᠮᠵᠢᠶ᠎ᠡ ᠭᠠᠷᠭᠠᠵᠥ᠂ ᠬᠡᠳᠤ ᠣᠷᠳᠣ ᠬᠤᠭᠤᠴᠠᠭᠠᠨ᠎ᠤ ᠣᠨᠴᠠᠭᠠᠶ ᠤᠯᠤᠰ᠎ᠤᠨ ᠵᠢᠭᠡᠯᠡᠯᠭᠡ᠎ᠶᠢᠨ ᠪᠠᠯᠠ ᠮᠥᠩᠭᠥ ᠪᠡᠷ ᠳᠡᠮᠵᠢᠬᠦ᠌᠂ ᠤᠨᠤᠴᠠᠳᠠᠢ ᠪᠡᠷ ᠨᠥᠬᠥᠪᠥᠷᠢ ᠥᠭᠬᠦ᠌ ᠵᠡᠷᠭᠡ ᠠᠷᠭ᠎ᠠ ᠬᠡᠯᠪᠡᠷᠢ᠎ᠪᠡᠷ ᠳᠠᠮᠵᠢᠭᠤᠯᠤᠨ᠂ ᠠᠵᠤ ᠦᠢᠯᠡᠰ᠎ᠦᠨ ᠲᠠᠰ
ᠳᠡᠪᠰᠢᠬᠦ᠌ ᠪᠠ ᠬᠡᠷᠡᠭᠯᠡᠭᠡᠨ᠎ᠦ ᠶᠠᠰᠤ ᠴᠢᠨᠠᠷ᠎ᠢ ᠳᠡᠭᠡᠭᠰᠢᠯᠡᠭᠦᠯᠬᠦ᠌᠎ᠶᠢ ᠠᠬᠢᠭᠤᠯᠵᠤ᠂ ᠪᠥᠬᠥ᠌ ᠣᠷᠣᠨ᠎ᠤ
ᠬᠣᠲᠠ ᠬᠥᠳᠡᠭᠡ᠎ᠶᠢᠨ ᠰᠠᠭᠤᠭᠠᠯᠢ ᠠᠷᠠᠳ ᠬᠢᠭᠡᠳ ᠡᠯ᠎ᠡ ᠲᠥᠷᠥᠯ᠎ᠦᠨ ᠵᠠᠬ᠎ᠠ ᠳᠡᠯᠭᠡᠭᠦᠷ᠎ᠦᠨ ᠭᠤᠤᠯ
ᠴᠣᠭᠴᠠ᠎ᠳᠤ ᠠᠰᠢᠭ ᠬᠦᠷᠲᠡᠭᠡᠨ᠎ᠡ ᠬᠡᠪᠡ᠃
ᠶᠡᠬᠡ ᠬᠡᠪᠴᠢᠶᠡᠨ᠎ᠦ ᠳᠤᠨᠤᠭ ᠲᠥᠬᠥᠭᠡᠷᠦᠮᠵᠢ᠎ᠶᠢ ᠰᠢᠨᠡᠳᠬᠡᠬᠦ᠌ ᠲᠠᠯ᠎ᠠ᠎ᠪᠠᠷ᠂
ᠲᠥᠷᠥ᠎ᠶᠢᠨ ᠪᠣᠳᠣᠯᠭ᠎ᠠ᠎ᠶᠢᠨ ᠬᠠᠮᠤᠷᠬᠤ ᠬᠡᠪᠴᠢᠶ᠎ᠡ᠎ᠶᠢ ᠤᠯᠠᠮ ᠨᠢᠭᠡ ᠠᠯᠬᠤᠮ ᠥᠷᠭᠡᠳᠬᠡᠵᠦ᠍᠂ ᠠᠵᠤ
ᠦᠢᠯᠡᠳᠪᠦᠷᠢ᠂ ᠡᠨᠧᠷᠭᠢ ᠴᠠᠬᠢᠯᠭᠠᠨ ᠬᠦᠴᠦᠨ᠂ ᠡᠮᠴᠢᠯᠡᠭᠡ᠂ ᠰᠤᠷᠭᠠᠨ ᠬᠥᠮᠦᠵᠢᠯ ᠵᠡᠷᠭᠡ ᠤᠯᠠᠮᠵᠢᠯᠠᠯᠲᠤ᠌
ᠬᠦᠷᠢᠶ᠎ᠡ ᠴᠠᠷᠠᠭ᠎ᠠ᠎ᠶᠢᠨ ᠰᠠᠭᠤᠷᠢᠨ ᠳᠡᠭᠡᠷ᠎ᠡ᠂ ᠬᠠᠭᠤᠴᠢᠨ ᠰᠠᠭᠤᠭᠠᠯᠢ ᠲᠣᠭᠣᠷᠢᠭ᠎ᠲᠤ᠌ ᠴᠠᠬᠢᠯᠭᠠᠨ ᠱᠠᠲᠤ ᠤᠬᠰᠠᠷᠠᠬᠤ᠂ ᠨᠠᠰᠤᠵᠢᠯ᠎ᠤᠨ ᠪᠠᠶ᠋ᠢᠭᠤᠯᠤᠮᠵᠢ᠂ ᠭᠠᠯ ᠰᠡᠷᠭᠡᠶ᠋ᠢᠯᠡᠵᠦ᠍ ᠭᠠᠯ ᠤᠨᠲᠠᠷᠠᠭᠠᠬᠤ ᠠᠪᠤᠷᠠᠨ ᠲᠤᠰᠠᠯᠠᠬᠤ ᠲᠦᠭᠦᠭᠡᠷᠦᠮᠵᠢ᠂ ᠪᠠᠶ᠋ᠢᠴᠠᠭᠠᠨ ᠰᠢᠯᠭᠠᠵᠤ ᠬᠢᠨᠠᠨ ᠰᠢᠨᠵᠢᠬᠦ᠌
ᠵᠡᠷᠭᠡ ᠠᠷᠠᠳ᠎ᠤᠨ ᠠᠮᠢᠳᠤᠷᠠᠯ ᠬᠢᠭᠡᠳ ᠠᠮᠤᠷ ᠲᠦᠪᠰᠢᠨ᠎ᠦ ᠬᠦᠷᠢᠶ᠎ᠡ ᠴᠠᠷᠠᠭ᠎ᠠ᠎ᠶᠢ ᠰᠢᠨ᠎ᠡ᠎ᠪᠡᠷ
ᠨᠡᠮᠡᠭᠳᠡᠭᠦᠯᠬᠦ᠌᠎ᠶᠢᠨ ᠬᠠᠮᠲᠤ᠌᠂ ᠬᠤᠳᠠᠯᠳᠤᠭᠠᠨ᠎ᠤ ᠶᠡᠷᠦᠩᠬᠡᠶ᠋ᠢᠯᠡᠭᠰᠡᠨ ᠴᠣᠭᠴᠠ᠂ ᠲᠣᠮᠣ ᠬᠡᠯᠪᠡᠷᠢ᠎ᠶᠢᠨ
ᠬᠡᠲᠦ᠍ ᠳᠡᠯᠭᠡᠭᠦᠷ ᠵᠡᠷᠭᠡ ᠠᠬᠤᠢ ᠳᠠᠯᠠᠪᠠᠢ ᠵᠢᠨ ᠬᠡᠷᠡᠭᠯᠡᠭᠡ᠎ᠶᠢᠨ ᠬᠤᠳᠠᠯᠳᠤᠭᠠᠨ᠎ᠤ ᠲᠦᠭᠦᠭᠡᠷᠦᠮᠵᠢ᠎ᠶᠢ
ᠳᠡᠮᠵᠢᠬᠦ᠌ ᠬᠦᠷᠢᠶ᠎ᠡ ᠬᠡᠪᠴᠢᠶ᠎ᠡ᠎ᠳᠦ ᠣᠷᠣᠭᠤᠯᠪᠠ᠃ ᠬᠠᠭᠤᠴᠢᠨ ᠡᠵᠡᠩᠨᠡᠯᠲᠡ᠎ᠶᠢᠨ ᠪᠠᠷᠠᠭᠠᠨ᠎ᠤ ᠲᠡᠷᠭᠡ᠂
ᠰᠢᠨ᠎ᠡ ᠡᠨᠧᠷᠭᠢ᠎ᠶᠢᠨ ᠬᠣᠲᠠ᠎ᠶᠢᠨ ᠣᠯᠠᠨ ᠨᠡᠶ᠋ᠢᠲᠡ᠎ᠶᠢᠨ ᠮᠠᠰᠢᠨ ᠲᠡᠷᠭᠡ᠂ ᠬᠠᠭᠤᠴᠢᠨ ᠲᠠᠷᠢᠶᠠᠯᠠᠩ᠎ᠤᠨ
ᠮᠠᠰᠢᠨ ᠵᠡᠷᠭᠡ ᠭᠤᠤᠯᠳᠠᠯᠭ᠎ᠠ᠎ᠲᠠᠶ ᠲᠥᠷᠥᠯ ᠵᠦᠢᠯ᠎ᠳᠦ ᠴᠢᠭᠯᠡᠭᠦᠯᠦᠨ᠂ ᠤᠯᠤᠰ ᠡᠴᠡ ᠲᠣᠳᠣᠷᠬᠠᠶ᠋ᠢᠯᠠᠭᠰᠠᠨ
ᠪᠠᠷᠢᠮᠵᠢᠶ᠎ᠠ ᠶᠣᠰᠣᠭᠠᠷ ᠬᠡᠷᠡᠭᠯᠡᠭᠡ᠎ᠡᠴᠡ ᠭᠠᠷᠭᠠᠵᠤ ᠰᠢᠨᠡᠳᠬᠡᠬᠦ᠌᠎ᠶᠢ ᠠᠬᠢᠭᠤᠯᠤᠨ᠎ᠠ᠂ ᠡᠭᠦᠨ᠎ᠳᠦ
ᠬᠠᠭᠤᠴᠢᠨ ᠡᠵᠡᠩᠨᠡᠯᠲᠡ᠎ᠶᠢᠨ ᠪᠠᠷᠠᠭᠠᠨ᠎ᠤ ᠲᠡᠷᠭᠡ᠎ᠶᠢ ᠤᠷᠢᠳᠠᠪᠠᠷ ᠴᠠᠬᠢᠯᠭᠠᠨ ᠬᠥᠳᠡᠯᠭᠡᠭᠦᠷᠲᠦ᠍
ᠪᠠᠷᠠᠭᠠᠨ᠎ᠤ ᠲᠡᠷᠭᠡ ᠪᠣᠯᠭᠠᠨ ᠰᠢᠨᠡᠳᠬᠡᠵᠦ᠍᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ
ᠠᠬᠤᠶ ᠪᠠ ᠬᠥᠳᠡᠭᠡ ᠲᠣᠰᠬᠣᠨ ᠮᠠᠯᠵᠢᠬᠤ ᠣᠷᠣᠨ ᠤ ᠲᠢᠩᠬᠢᠮ᠎ᠡᠴᠡ ᠪᠣᠳᠠᠲᠠᠶ᠎ᠲᠠᠶ᠎ᠪᠠᠨ ᠤᠶᠠᠯᠳᠤᠭᠤᠯᠤᠨ 12
ᠲᠥᠷᠥᠯ᠎ᠦᠨ ᠲᠠᠷᠢᠶᠠᠯᠠᠩ ᠤᠨ ᠮᠠᠰᠢᠨ᠎ᠤ ᠨᠥᠬᠥᠪᠥᠷᠢ᠎ᠶᠢᠨ ᠲᠥᠷᠥᠯ ᠵᠦᠢᠯ᠎ᠢ ᠰᠢᠯᠢᠳᠡᠭᠵᠢᠭᠦᠯᠦ᠍ᠨᠠ᠃
ᠲᠥᠷᠥ᠎ᠶᠢᠨ ᠪᠣᠳᠣᠯᠭ᠎ᠠ ᠳᠤ ᠳᠤᠮᠳᠠ ᠪᠠᠭ᠎ᠠ ᠠᠵᠤ ᠠᠬᠤᠶ᠋ᠢᠯᠠᠯ᠎ᠤᠨ ᠲᠥᠷᠥᠯ ᠵᠦᠢᠯ᠎ᠢ ᠭᠤᠶᠤᠴᠢᠯᠠᠨ
ᠮᠡᠳᠡᠭᠦᠯᠵᠦ᠍ ᠪᠠᠯᠠ ᠣᠷᠣᠭᠤᠯᠬᠤ ᠪᠠᠷᠢᠮᠵᠢᠶ᠎ᠠ᠎ᠶᠢ ᠪᠠᠭᠤᠷᠠᠭᠤᠯᠵᠤ᠂ ᠲᠥᠷᠥᠯ ᠵᠦᠢᠯ᠎ᠢ ᠲᠥᠰᠦᠪᠯᠡᠨ
ᠨᠥᠭᠡᠴᠡᠯᠡᠬᠦ᠌᠂ ᠭᠤᠶᠤᠴᠢᠯᠠᠨ ᠮᠡᠳᠡᠭᠦᠯᠵᠦ᠍ ᠬᠢᠨᠠᠨ ᠬᠠᠷᠭᠤᠭᠤᠯᠬᠤ ᠵᠡᠷᠭᠡ ᠪᠥᠬᠥ᠌ ᠬᠡᠯᠬᠢᠶᠡᠨ᠎ᠦ
ᠬᠠᠮᠢᠶᠠᠷᠤᠯᠲᠠ᠎ᠶᠢ ᠴᠢᠩᠭᠠᠳᠬᠠᠵᠤ᠂ ᠪᠠᠯᠠ ᠮᠥᠩᠭᠥ᠎ᠶᠢᠨ ᠬᠡᠷᠡᠭᠯᠡᠯᠲᠡ᠎ᠶᠢᠨ ᠵᠢᠷᠤᠮᠵᠢᠭᠤᠨ ᠪᠥᠭᠡᠳ ᠥᠨᠳᠥᠷ
ᠪᠦᠲᠦᠮᠵᠢᠲᠡᠶ ᠪᠠᠶ᠋ᠢᠬᠤ᠎ᠶᠢ ᠦᠨᠡᠨ ᠬᠦ᠌ ᠪᠠᠲᠤᠯᠠᠨ᠎ᠠ᠃
ᠬᠡᠷᠡᠭᠯᠡᠭᠡᠨ ᠦ ᠵᠦᠢᠯ ᠤ᠋ᠨ ᠬᠠᠭᠤᠴᠢᠨ᠎ᠢᠶᠠᠷ ᠰᠢᠨ᠎ᠡ᠎ᠶᠢ ᠰᠣᠯᠢᠬᠤ ᠲᠥᠷᠥ᠎ᠶᠢᠨ
ᠪᠣᠳᠣᠯᠭ᠎ᠠ᠎ᠶᠢᠨ ᠬᠢᠯᠠᠰ ᠴᠡᠭ ᠤᠯᠠᠨ ᠪᠠᠢᠵᠦ᠂ ᠮᠠᠰᠢᠨ ᠲᠡᠷᠭᠡ᠂ ᠬᠡᠷ᠎ᠦᠨ ᠴᠠᠬᠢᠯᠭᠠᠨ ᠬᠡᠷᠡᠭᠰᠡᠯ᠂
ᠲᠣᠭᠠᠴᠢᠯᠠᠭᠰᠠᠨ ᠣᠶᠤᠨᠴᠢ ᠦᠢᠯᠡᠳᠬᠦᠨ ᠵᠡᠷᠭᠡ ᠭᠤᠷᠪᠠᠨ ᠶᠡᠬᠡ ᠨᠥᠬᠥᠪᠥᠷᠢ᠎ᠶᠢᠨ ᠡᠩᠨᠡᠭᠡ᠎ᠶᠢ ᠪᠣᠶ
ᠪᠣᠯᠭᠠᠪᠠ᠃ ᠮᠠᠰᠢᠨ ᠲᠡᠷᠭᠡᠨ᠎ᠦ ᠬᠦᠷᠢᠶᠡᠨ᠎ᠳᠦ᠂ ᠬᠤᠪᠢ ᠬᠥᠮᠦᠨ᠎ᠦ ᠰᠠᠭᠤᠳᠠᠯ᠎ᠤᠨ ᠮᠠᠰᠢᠨ ᠲᠡᠷᠭᠡ᠎ᠪᠡᠨ
ᠬᠡᠷᠡᠭᠯᠡᠭᠡᠨ᠎ᠡᠴᠡ ᠭᠠᠷᠭᠠᠵᠦ ᠰᠢᠨ᠎ᠡ ᠡᠨᠧᠷᠭᠢ᠎ᠶᠢᠨ ᠮᠠᠰᠢᠨ ᠲᠡᠷᠭᠡ ᠬᠤᠳᠠᠯᠳᠤᠨ ᠠᠪᠤᠪᠠᠯ ᠳᠡᠷᠬᠡᠨ ᠤ᠋ ᠦᠨ᠎ᠡ ᠵᠢᠨ 12% ᠤᠨ ᠨᠥᠬᠥᠪᠥᠷᠢ ᠣᠯᠵᠤ᠂ ᠬᠠᠮᠤᠭ ᠤ᠋ᠨ ᠥᠨᠳᠥᠷ᠎ᠲᠡᠬᠡᠨ 2 ᠲᠦᠮᠡᠨ ᠲᠥᠭᠥᠷᠢᠭ ᠤᠯᠵᠥ ᠪᠣᠯᠤᠨ᠎ᠠ; ᠰᠢᠨ᠎ᠡ ᠡᠨᠧᠷᠭᠢ᠎ᠶᠢᠨ ᠮᠠᠰᠢᠨ ᠲᠡᠷᠭᠡ ᠰᠣᠯᠢᠬᠤ ᠨᠥᠬᠥᠪᠥᠷᠢ ᠨᠢ ᠲᠡᠷᠭᠡᠨ᠎ᠦ ᠦᠨ᠎ᠡ ᠵᠢᠨ
8% ᠪᠠᠶ᠋ᠢᠵᠤ᠂ ᠬᠠᠮᠤᠭ ᠤ᠋ᠨ ᠥᠨᠳᠥᠷ᠎ᠲᠡᠬᠡᠨ 1.5 ᠲᠦᠮᠡᠨ ᠲᠥᠭᠥᠷᠢᠭ ᠤᠯᠵᠥ ᠪᠣᠯᠤᠨ᠎ᠠ; 2.0 ᠯᠢᠲ᠋ᠷ ᠵᠢᠴᠢ ᠲᠡᠭᠦᠨ᠎ᠡᠴᠡ ᠳᠣᠷᠣᠭᠰᠢᠬᠢ ᠰᠢᠲᠠᠭᠠᠯᠭ᠎ᠠ᠎ᠶᠢᠨ ᠰᠠᠭᠤᠳᠠᠯ᠎ᠤᠨ
ᠮᠠᠰᠢᠨ ᠲᠡᠷᠭᠡ ᠬᠤᠳᠠᠯᠳᠤᠨ ᠠᠪᠤᠪᠠᠯ᠂ ᠬᠡᠷᠡᠭᠯᠡᠭᠡᠨ᠎ᠡᠴᠡ ᠭᠠᠷᠭᠠᠬᠤ ᠨᠥᠬᠥᠪᠥᠷᠢ ᠨᠢ ᠮᠠᠰᠢᠨ ᠲᠡᠷᠭᠡᠨ᠎ᠦ ᠦᠨ᠎ᠡ᠎ᠶᠢᠨ 10% ᠪᠠᠢᠵᠥ᠂ ᠬᠠᠮᠤᠭ ᠤ᠋ᠨ ᠥᠨᠳᠥᠷ᠎ᠲᠡᠬᠡᠨ 1.5 ᠲᠦᠮᠡᠨ ᠲᠥᠭᠥᠷᠢᠭ ᠪᠤᠯᠤᠨ᠎ᠠ᠃ ᠲᠡᠷᠭᠡ ᠰᠣᠯᠢᠬᠤ ᠨᠥᠬᠥᠪᠥᠷᠢ᠎ᠨᠢ ᠮᠠᠰᠢᠨ ᠳᠡᠷᠭᠡᠨ᠎ᠤ ᠦᠨ᠎ᠡ ᠵᠢᠨ 6% ᠪᠠᠢᠵᠥ᠂ ᠬᠠᠮᠤᠭ ᠤ᠋ᠨ ᠥᠨᠳᠥᠷ ᠲᠡᠭᠡᠨ 1.3 ᠲᠦᠮᠡᠨ ᠲᠥᠭᠥᠷᠢᠭ ᠪᠠᠢᠵᠥ᠂ ᠬᠥᠮᠦᠨ ᠪᠦᠷᠢ ᠨᠢᠭᠡ ᠤᠳᠠᠭᠠᠨ᠎ᠤ ᠨᠥᠬᠥᠪᠥᠷᠢ ᠬᠦᠷᠲᠡᠵᠥ ᠪᠤᠯᠤᠨ᠎ᠠ᠃ ᠭᠡᠷ᠎ᠦᠨ ᠴᠠᠬᠢᠯᠭᠠᠨ ᠬᠡᠷᠡᠭᠰᠡᠯ ᠤ᠋ᠨ ᠲᠠᠯ᠎ᠠ᠎ᠪᠠᠷ᠂
ᠬᠥᠯᠳᠡᠭᠡᠭᠦᠷ᠂ ᠲᠧᠯᠸᠢᠰ ᠵᠡᠷᠭᠡ 6 ᠲᠥᠷᠥᠯ᠎ᠦᠨ ᠨᠢᠭᠡᠳᠦᠭᠡᠷ ᠳᠡᠰ᠎ᠤᠨ ᠡᠨᠧᠷᠭᠢ᠎ᠶᠢᠨ ᠠᠰᠢᠭᠯᠠᠮᠵᠢ᠎ᠲᠠᠶ
ᠦᠢᠯᠡᠳᠬᠦᠨ᠎ᠳᠦ ᠬᠠᠮᠤᠭ ᠡᠴᠦᠰ᠎ᠦᠨ ᠬᠤᠳᠠᠯᠳᠤᠬᠤ ᠦᠨ᠎ᠡ᠎ᠶᠢᠨ 15% ᠪᠠᠷ ᠨᠥᠬᠥᠪᠥᠷᠢᠯᠡᠵᠦ᠍᠂ ᠳᠠᠩ
ᠬᠡᠷᠡᠭᠰᠡᠯ ᠳ᠋ᠤ ᠬᠠᠮᠤᠭ ᠥᠨᠳᠥᠷ᠎ᠲᠡᠬᠡᠨ 1500 ᠲᠥᠭᠥᠷᠢᠭ᠂ ᠬᠥᠮᠦᠨ ᠪᠦᠷᠢᠳᠦ ᠲᠥᠷᠥᠯ ᠵᠦᠢᠯ
ᠪᠦᠷᠢᠳᠦ 1 ᠤᠳᠠᠭ᠎ᠠ ᠨᠥᠬᠥᠪᠥᠷᠢᠯᠡᠨ᠎ᠡ᠃ ᠲᠣᠭᠠᠴᠢᠯᠠᠭᠰᠠᠨ ᠣᠶᠤᠨᠴᠢ ᠦᠢᠯᠡᠳᠬᠦᠨ᠎ᠦ ᠳᠣᠲᠣᠷ᠎ᠠ᠂ ᠭᠠᠷ
ᠤᠲᠠᠰᠤ᠂ ᠬᠠᠪᠲᠠᠭᠠᠶ ᠺᠤᠮᠫᠢᠤᠲᠸᠷ ᠵᠡᠷᠭᠡ 4 ᠲᠥᠷᠥᠯ᠎ᠦᠨ ᠦᠢᠯᠡᠳᠬᠦᠨ᠎ᠳᠦ 15% ᠶᠢᠨ ᠨᠥᠬᠥᠪᠥᠷᠢ ᠥᠭᠴᠦ᠍᠂
ᠨᠢᠭᠡᠴᠢ ᠦᠨ᠎ᠡ᠎ᠶᠢ 6000 ᠲᠥᠭᠥᠷᠢᠭ᠎ᠡᠴᠡ ᠬᠡᠲᠦᠷᠡᠭᠦᠯᠬᠦ᠌ ᠥᠬᠡᠶ᠂ ᠲᠠᠩ ᠬᠡᠷᠡᠭᠰᠡᠯ᠎ᠳᠦ ᠬᠠᠮᠤᠭ᠎ᠤᠨ
ᠥᠨᠳᠥᠷ᠎ᠲᠡᠬᠡᠨ 500 ᠲᠥᠭᠥᠷᠢᠭ᠎ᠦᠨ ᠨᠥᠬᠥᠪᠥᠷᠢ ᠥᠭᠴᠦ᠍᠂ ᠣᠶᠤᠨᠴᠢ ᠬᠡᠷ᠎ᠦᠨ ᠬᠡᠷᠡᠭᠰᠡᠯ ᠵᠢᠴᠢ
ᠨᠠᠰᠤᠵᠢᠯᠲᠠ᠎ᠳᠤ ᠳᠣᠭᠢᠷᠠᠬᠤ ᠦᠢᠯᠡᠳᠬᠦᠨ ᠦ ᠨᠥᠬᠥᠪᠥᠷᠢ ᠥᠭᠬᠦ᠌ ᠲᠥᠷᠥᠯ ᠵᠦᠢᠯ᠎ᠢ ᠠᠰᠲᠤᠨᠢ
ᠲᠣᠳᠣᠷᠬᠠᠶ᠋ᠢᠯᠠᠨ᠎ᠠ᠃ ᠲᠥᠷᠥ᠎ᠶᠢᠨ ᠪᠣᠳᠣᠯᠭ᠎ᠠ᠎ᠳᠤ ᠪᠠᠯᠠ ᠮᠥᠩᠭᠥ᠎ᠶᠢ ᠤᠷᠢᠳᠴᠢᠯᠠᠨ ᠰᠠᠯᠭᠠᠨ ᠥᠭᠬᠦ᠌
ᠲᠦᠷᠢᠮ ᠢ ᠣᠨᠴᠠᠭᠠᠶ᠋ᠢᠯᠠᠨ ᠪᠠᠶ᠋ᠢᠭᠤᠯᠵᠤ᠂ ᠮᠠᠯᠵᠢᠬᠤ ᠲᠠᠷᠢᠶᠠᠯᠠᠬᠤ ᠣᠷᠣᠨ᠎ᠤ ᠰᠠᠭᠤᠭᠠᠯᠢ ᠠᠷᠠᠳ ᠤᠨ
ᠰᠦᠯᠵᠢᠶᠡᠨ ᠳᠡᠭᠡᠷ᠎ᠡ ᠪᠠ ᠠᠬᠤᠢ ᠳᠠᠯᠠᠪᠠᠢ ᠳ᠋ᠤ ᠳᠥᠭᠥᠮ ᠳᠥᠲᠡ᠎ᠪᠡᠷ ᠣᠷᠣᠯᠴᠠᠬᠤ᠎ᠶᠢ ᠪᠠᠲᠤᠯᠠᠵᠤ᠂ ᠪᠥᠬᠥ᠌ ᠣᠷᠣᠨ ᠪᠦᠰᠡ᠎ᠳᠦ
ᠨᠡᠶ᠋ᠢᠳᠡᠮ ᠠᠰᠢᠭ ᠬᠦᠷᠲᠡᠭᠡᠬᠦ᠌᠎ᠶᠢ ᠪᠡᠶᠡᠯᠡᠭᠦᠯᠦᠨ᠎ᠡ᠃
ᠡᠭᠡᠭᠦᠯᠦᠨ ᠬᠤᠷᠢᠶᠠᠵᠤ ᠠᠰᠢᠭᠯᠠᠬᠤ ᠰᠢᠰᠲ᠋ᠧᠮ᠎ᠦᠨ ᠪᠦᠳᠦᠬᠡᠨ ᠪᠠᠶ᠋ᠢᠭᠤᠯᠤᠯᠲᠠ ᠵᠢᠨ ᠳᠠᠯ᠎ᠠ ᠪᠡᠷ ᠵᠡᠷᠭᠡ᠎ᠪᠡᠷ ᠬᠦᠴᠦᠯᠡᠵᠦ᠍᠂
ᠳᠠᠬᠢᠨ ᠡᠭᠦᠰᠴᠦ᠍ ᠪᠣᠯᠬᠤ ᠡᠬᠢ ᠪᠠᠶᠠᠯᠢᠭ᠎ᠤᠨ ᠲᠤᠰᠢᠶᠠᠨ ᠥᠭᠬᠦ᠌ ᠴᠡᠭ᠂ ᠳᠠᠮᠵᠢᠭᠤᠯᠬᠤ ᠥᠷᠲᠡᠭᠡ᠂
ᠬᠤᠪᠢᠶᠠᠨ ᠢᠯᠭᠠᠬᠤ ᠲᠥᠪ ᠤ᠋ᠨ ᠭᠤᠷᠪᠠᠨ ᠱᠠᠲᠤᠨ᠎ᠤ ᠡᠭᠡᠭᠦᠯᠦᠨ ᠬᠤᠷᠢᠶᠠᠬᠤ ᠰᠢᠰᠲ᠋ᠧᠮ᠎ᠢ
ᠲᠡᠭᠦᠯᠳᠡᠷᠵᠢᠭᠦᠯᠵᠦ᠍᠂ ᠬᠠᠩᠭᠠᠨ ᠪᠣᠷᠣᠯᠠᠭᠤᠯᠬᠤ ᠬᠣᠷᠰᠢᠶ᠎ᠠ᠎ᠶᠢᠨ ᠲᠤᠤᠷ ᠰᠦᠯᠵᠢᠶ᠎ᠡ᠎ᠳᠦ ᠲᠦᠰᠢᠭᠯᠡᠨ
ᠦᠨᠳᠦᠰᠦᠨ ᠱᠠᠲᠤᠨ᠎ᠤ ᠡᠭᠡᠭᠦᠯᠦᠨ ᠬᠤᠷᠢᠶᠠᠬᠤ ᠬᠡᠪᠴᠢᠶ᠎ᠡ᠎ᠶᠢ ᠤᠷᠲᠤᠳᠬᠠᠵᠤ᠂ 《ᠢᠨᠲ᠋ᠧᠷ ᠰᠦᠯᠵᠢᠶ᠎ᠡ + ᠡᠭᠡᠭᠦᠯᠦᠨ ᠬᠤᠷᠢᠶᠠᠬᠤ》ᠵᠠᠭᠪᠤᠷ᠎ᠤᠨ ᠦᠢᠯᠡᠴᠢᠯᠡᠭᠡᠨ᠎ᠦ ᠲᠥᠷᠥᠯ ᠵᠦᠢᠯ ᠢ ᠥᠷᠭᠡᠳᠬᠡᠬᠦ᠌᠎ᠶᠢ
ᠵᠣᠷᠢᠭᠵᠢᠭᠤᠯᠤᠨ᠎ᠠ᠃ ᠲᠥᠪᠯᠡᠷᠡᠭᠦᠯᠦᠨ ᠵᠢᠷᠤᠮᠵᠢᠭᠤᠯᠤᠭᠰᠠᠨ ᠭᠠᠷ ᠳᠠᠮᠵᠢᠭᠰᠠᠨ ᠲᠠᠸᠠᠷ᠎ᠤᠨ ᠠᠷᠠᠯᠵᠢᠶᠠᠨ᠎ᠤ
ᠵᠠᠬ᠎ᠠ ᠳᠡᠯᠭᠡᠭᠦᠷ᠎ᠦᠨ ᠪᠠᠶ᠋ᠢᠭᠤᠯᠤᠯᠲᠠ᠎ᠶᠢ ᠳᠡᠮᠵᠢᠵᠦ᠍᠂ ᠬᠠᠭᠤᠴᠢᠨ ᠪᠠᠷᠠᠭ᠎ᠠ᠎ᠶᠢ ᠦᠨᠡᠯᠡᠨ ᠵᠢᠱ᠌ᠢᠵᠦ᠍
ᠬᠢᠨᠠᠨ ᠲᠣᠭᠲᠠᠭᠠᠬᠤ ᠳᠦᠷᠢᠮ᠎ᠢ ᠪᠦᠷᠢᠨᠰᠢᠭᠦᠯᠵᠦ᠍᠂ ᠬᠠᠶᠠᠭᠳᠠᠮᠠᠯ ᠬᠠᠭᠤᠴᠢᠨ ᠮᠠᠰᠢᠨ ᠴᠠᠬᠢᠯᠭᠠᠨ᠎ᠤ
ᠲᠥᠬᠥᠭᠡᠷᠦᠮᠵᠢ᠂ ᠮᠠᠰᠢᠨ ᠲᠡᠷᠭᠡᠨ ᠦ ᠰᠡᠯᠪᠢᠭ ᠲᠣᠨᠣᠭ᠎ᠢ ᠳᠠᠬᠢᠨ ᠦᠢᠯᠡᠳᠬᠦ᠌ ᠠᠵᠤ ᠦᠢᠯᠡᠰ᠎ᠦᠨ
ᠬᠥᠭᠵᠢᠯᠲᠡ᠎ᠶᠢ ᠠᠬᠢᠭᠤᠯᠵᠤ᠂ ᠳᠠᠬᠢᠯᠲᠠ ᠮᠠᠲ᠋ᠧᠷᠢᠶᠠᠯ᠎ᠢ ᠳᠡᠯᠭᠡᠷᠡᠭᠦᠯᠦᠨ ᠬᠡᠷᠡᠭᠯᠡᠬᠦ᠌ ᠬᠢᠭᠡᠳ
ᠮᠡᠷᠭᠡᠵᠢᠯ᠎ᠦᠨ ᠪᠣᠭᠣᠮᠲᠠ ᠰᠢᠪᠲᠤᠯᠬᠤ᠎ᠶᠢ ᠭᠣᠣᠯᠳᠠᠯᠭ᠎ᠠ᠎ᠲᠠᠶ ᠳᠡᠮᠵᠢᠨ᠎ᠠ᠃ ᠡᠭᠦᠨ᠎ᠦ ᠬᠠᠮᠲᠤ᠌
ᠪᠠᠷᠢᠮᠵᠢᠶ᠎ᠠ ᠪᠠᠷ ᠬᠥᠲᠥᠯᠬᠦ᠌ ᠶᠢ ᠴᠢᠩᠭᠠᠳᠬᠠᠵᠤ᠂ ᠡᠨᠧᠷᠭᠢ ᠠᠷᠪᠢᠯᠠᠵᠤ ᠨᠡᠭᠦᠷᠡᠰᠦᠲᠥ᠋ᠷᠥᠭᠴᠢ ᠶᠢ
ᠪᠠᠭᠠᠰᠬᠠᠬᠤ᠂ ᠣᠷᠴᠢᠨ ᠳᠤᠭᠤᠷᠢᠨ ᠢ᠋ ᠬᠠᠮᠠᠭᠠᠯᠠᠬᠤ ᠵᠡᠷᠭᠡ
ᠪᠠᠷᠢᠮᠵᠢᠶ᠎ᠠ᠎ᠶᠢ ᠴᠢᠩᠭ᠎ᠠ ᠬᠡᠷᠡᠭᠵᠢᠭᠦᠯᠵᠦ᠍᠂ ᠬᠠᠭᠤᠴᠢᠨ ᠢᠶᠠᠷ ᠰᠢᠨ᠎ᠡ᠎ᠶᠢ ᠣᠷᠣᠯᠠᠭᠤᠯᠬᠤ᠂
ᠡᠨᠧᠷᠭᠢ᠎ᠶᠢᠨ ᠠᠰᠢᠭᠯᠠᠮᠵᠢ᠎ᠶᠢᠨ ᠢᠯᠡᠳᠬᠡᠮᠵᠢ ᠲᠡᠮᠳᠡᠭ ᠢ ᠬᠠᠭᠤᠷᠮᠠᠭᠯᠠᠨ ᠵᠣᠬᠢᠶᠠᠬᠤ ᠵᠡᠷᠭᠡ ᠦᠢᠯᠡ ᠠᠵᠢᠯᠯᠠᠭ᠎ᠠ᠎ᠳᠤ ᠴᠢᠩᠭ᠎ᠠ ᠴᠣᠬᠢᠯᠲᠠ ᠥᠭᠬᠦᠨ᠎ᠠ᠃
ᠪᠠᠯᠠ ᠮᠥᠩᠭᠥ᠎ᠶᠢᠨ ᠪᠠᠲᠤᠯᠠᠭ᠎ᠠ᠎ᠶᠢᠨ ᠲᠠᠯ᠎ᠠ ᠪᠠᠷ᠂ ᠤᠯᠤᠰ᠎ᠤᠨ ᠬᠡᠳᠤ ᠣᠷᠳᠣ ᠬᠤᠭᠤᠴᠠᠭᠠᠨ᠎ᠤ ᠣᠨᠴᠠᠭᠠᠶ ᠵᠢᠭᠡᠯᠡᠯᠭᠡ᠎ᠶᠢᠨ ᠪᠠᠯᠠ ᠮᠥᠩᠭᠥ᠎ᠡᠴᠡ ᠭᠤᠤᠯᠯᠠᠬᠤ ᠳᠡᠮᠵᠢᠯᠭᠡ
ᠬᠠᠩᠭᠠᠵᠤ᠂ ᠬᠡᠷᠡᠭᠯᠡᠭᠡᠨ᠎ᠦ ᠵᠦᠢᠯ᠎ᠦᠨ ᠬᠠᠭᠤᠴᠢᠨ᠎ᠢᠶᠠᠷ ᠰᠢᠨ᠎ᠡ᠎ᠶᠢ ᠰᠣᠯᠢᠬᠤ ᠪᠠᠯᠠ ᠮᠥᠩᠭᠥ᠎ᠳᠦ ᠲᠥᠪ᠎ᠦᠨ
ᠪᠠ ᠣᠷᠣᠨ ᠨᠤᠲᠤᠭ᠎ᠤᠨ 95%᠄ 5% ᠪᠡᠷ ᠬᠠᠮᠲᠤ᠎ᠪᠠᠷ ᠡᠭᠦᠷᠭᠡᠯᠡᠬᠦ᠌ ᠲᠣᠭᠲᠠᠴᠠ᠎ᠶᠢ ᠬᠡᠷᠡᠭᠵᠢᠭᠦᠯᠵᠦ᠍᠂
ᠠᠶ᠋ᠢᠮᠠᠭ ᠬᠣᠲᠠ᠎ᠶᠢᠨ ᠪᠠᠶ᠋ᠢᠩᠭᠤ ᠰᠠᠭᠤᠭ᠎ᠠ ᠬᠥᠮᠦᠨ ᠠᠮᠠ᠂ GDP᠂ ᠬᠡᠷᠡᠭᠯᠡᠭᠡᠨ᠎ᠦ ᠰᠠᠭᠤᠷᠢ ᠵᠡᠷᠭᠡ ᠬᠦᠴᠦᠨ ᠵᠦᠢᠯ᠎ᠢᠶᠡᠷ
ᠵᠦᠶ ᠵᠣᠬᠢᠰᠲᠠᠶ ᠬᠤᠪᠢᠶᠠᠷᠢᠯᠠᠨ᠎ᠠ᠃ ᠥᠪᠡᠷᠲᠡᠭᠡᠨ ᠵᠠᠰᠠᠬᠤ ᠣᠷᠣᠨ ᠡᠴᠡ ᠪᠠᠯᠠ ᠮᠥᠩᠭᠥ᠎ᠶᠢᠨ ᠬᠥᠳᠡᠯᠦᠩᠭᠦᠶ ᠲᠣᠬᠢᠷᠠᠭᠤᠯᠤᠯᠲᠠ ᠬᠢᠭᠡᠳ ᠪᠥᠬᠥ᠌ ᠴᠤᠪᠤᠷᠠᠯ᠎ᠤᠨ ᠬᠢᠨᠠᠯᠲᠠ
ᠬᠠᠮᠢᠶᠠᠷᠤᠯᠲᠠ᠎ᠶᠢᠨ ᠲᠣᠭᠲᠠᠴᠠ᠎ᠶᠢ ᠪᠠᠶ᠋ᠢᠭᠤᠯᠵᠤ᠂ ᠬᠤᠳᠠᠯᠳᠤᠭᠠᠨ᠎ᠤ ᠶᠠᠪᠤᠳᠠᠯ᠂ ᠳᠣᠲᠣᠭᠠᠳᠤ ᠶᠢ
ᠬᠠᠮᠠᠭᠠᠯᠠᠬᠤ᠂ ᠭᠠᠶ᠋ᠢᠯᠢ᠎ᠶᠢᠨ ᠶᠠᠪᠤᠳᠠᠯ ᠵᠡᠷᠭᠡ ᠣᠯᠠᠨ ᠰᠠᠯᠠᠭ᠎ᠠ ᠮᠥᠴᠢᠷ᠎ᠦᠨ ᠲᠣᠭ᠎ᠠ ᠪᠠᠷᠢᠮᠲᠠ ᠶᠢ
ᠬᠠᠮᠲᠤ᠎ᠪᠠᠷ ᠭᠥᠷᠳᠡᠬᠦ᠌ ᠠᠷᠭ᠎ᠠ ᠵᠠᠮ᠎ᠢ ᠨᠡᠪᠲᠡᠷᠡᠭᠦᠯᠵᠦ᠍᠂ ᠰᠣᠯᠪᠢᠴᠠᠭᠤᠯᠤᠨ ᠰᠢᠯᠭᠠᠨ ᠪᠠᠲᠤᠯᠠᠬᠤ ᠪᠠᠷ
ᠳᠠᠮᠵᠢᠭᠤᠯᠤᠨ《ᠨᠦᠭᠦᠪᠦᠷᠢ ᠤᠷᠬᠠᠯᠠᠨ ᠮᠡᠭᠡᠯᠡᠭᠦ》᠎ᠶᠢ ᠰᠡᠷᠭᠡᠶ᠋ᠢᠯᠡᠵᠦ᠍᠂ ᠦᠯᠡᠳᠡᠪᠦᠷᠢ ᠪᠠᠯᠠ ᠮᠥᠩᠭᠥ᠎ᠶᠢ ᠵᠢᠯ᠎ᠦᠨ ᠰᠡᠭᠦᠯᠴᠢ᠎ᠡᠴᠡ ᠡᠮᠦᠨ᠎ᠡ ᠬᠣᠷᠢᠶᠠᠨ ᠠᠪᠴᠢᠷᠠᠵᠤ ᠨᠢᠭᠡᠳᠦᠯᠲᠡᠶ
ᠲᠥᠯᠥᠪᠵᠢᠬᠦᠯᠤᠨᠠ᠃
ᠢᠷᠡᠯᠲᠡ ᠄ ᠲᠥᠪ ᠷᠠᠳᠢᠣ᠋᠎ᠶᠢᠨ ᠰᠦᠯᠵᠢᠶ᠎ᠡ