ᠡᠪᠣᠯ ᠎ᠤᠨ ᠣᠯᠡᠷᠢᠯ ᠎ᠤᠨ ᠬᠦᠯᠦᠨ ᠨᠠᠭᠤᠷ
2026-01-30 11:48:47
ᠵᠣᠬᠢᠶᠠᠭ᠍ᠴᠢ᠄
ᠰᠣᠨᠳᠣᠷ ᠵᠠᠩ ᠱᠦ᠍ ᠯᠢᠶᠠᠩ ᠸᠠᠩ ᠵᠢᠶᠦ᠋ᠨ ᠬᠤᠣ ᠢᠵᠢᠯ
ᠣᠩᠱᠢᠭ᠍ᠰᠠᠨ ᠣᠳᠠᠭ᠎ᠠ᠄
★★★☆☆

ᠭᠦᠭᠡᠭᠡ ᠡᠪᠣᠯ ᠎ᠤᠨ ᠬᠦᠯᠦᠨ ᠪᠣᠢᠷ ᠎ᠤᠨ ᠲᠠᠯ᠎ᠠ ᠨᠣᠳᠤᠭ ᠴᠠᠰᠦ ᠮᠦᠰᠦᠨ᠎ᠳᠤ ᠬᠤᠴᠠᠭ᠍ᠳᠠᠵᠦ᠍᠂ ᠭᠠᠵᠠᠷ ᠲᠡᠯᠡᠭᠡᠢ ᠴᠠᠰᠣᠳᠦ ᠴᠠᠭᠠᠨ ᠶᠢᠷᠳᠢᠨᠴᠦ᠍ ᠪᠣᠯᠵᠦ᠍ ᠨᠠᠷᠠᠨ᠎ᠤ ᠭᠡᠷᠡᠯ᠎ᠳᠤ ᠮᠦᠡᠭ᠌ᠭᠦᠨ ᠬᠢᠯᠪᠠᠭ᠎ᠠ ᠬᠢᠯᠪᠡᠭᠠᠨ᠎ᠠ᠃ ᠡᠨᠡ ᠦᠶ᠎ᠡ᠎ᠳᠤ ᠲᠣᠮᠳᠠᠳᠦ ᠣᠯᠣᠰ᠎ᠤᠨ ᠲᠦᠷᠪᠡᠨ ᠲᠣᠮᠣ ᠴᠡᠩᠭᠡᠭ ᠣᠰᠣᠨ ᠎ᠤ ᠨᠠᠭᠤᠷ᠎ᠤᠨ ᠨᠢᠭᠡ᠂ ᠮᠦᠨ ᠴᠦ᠍ ᠦᠪᠣᠷ ᠮᠣᠩᠭᠤᠯ᠎ᠤᠨ ᠬᠠᠮᠤᠭ᠎ᠤᠨ ᠲᠣᠮᠣ ᠨᠠᠭᠤᠷ ᠭᠡᠮᠡᠭ᠌ᠳᠡᠳᠡᠭ ᠬᠦᠯᠦᠨ ᠨᠠᠭᠤᠷ᠎ᠨᠢ — 40 ᠭᠷᠠᠳᠦ᠋ᠰ᠎ᠤᠨ ᠴᠠᠭ ᠠᠭᠠᠷ᠎ᠲᠤ ᠡᠵᠡᠯᠡᠬᠦ᠌ ᠲᠠᠯᠠᠪᠠᠢ ᠪᠠ ᠮᠦᠰᠦᠯᠳᠡ᠎ᠶ᠋ᠢᠨ ᠭᠦᠨ᠎ᠤ ᠭᠡᠮᠵᠢᠶ᠎ᠡ᠎ᠪᠠᠷ᠎ᠢᠶᠠᠨ ᠲᠣᠮᠳᠠᠳᠦ ᠣᠯᠣᠰ᠎ᠤᠨ ᠬᠠᠮᠤᠭ᠎ᠤᠨ ᠲᠣᠮᠣ ᠮᠦᠰᠦ ᠪᠣᠯᠣᠨ ᠭᠦᠯᠳᠡᠵᠦ᠍᠂ ᠣᠮᠠᠷᠠᠳᠦ ᠣᠷᠣᠨ᠎ᠤ ᠬᠢᠯᠢ ᠬᠢᠵᠠᠭᠠᠷ᠎ᠲᠤ ᠭᠤᠴᠦ᠍ ᠭᠠᠢᠬᠠᠮᠱᠢᠭ᠍ᠳᠦ ᠪᠠᠢᠭᠠᠯᠢ᠎ᠶ᠋ᠢᠨ ᠦᠵᠡᠮᠵᠢ᠎ᠪᠠᠷ᠎ᠢᠶᠠᠨ ᠪᠦᠬᠦ᠌ ᠣᠯᠣᠰ᠎ᠤᠨ ᠡᠯ᠎ᠡ ᠭᠠᠵᠠᠷ᠎ᠤᠨ ᠵᠢᠭᠤᠴᠢᠯᠠᠭ᠍ᠰᠡᠳ ᠪᠠ ᠭᠡᠷᠡᠯ ᠵᠢᠷᠤᠭ᠎ᠤᠨ ᠪᠠᠭ᠍ᠠᠳᠣᠳ᠎ᠤᠨ ᠠᠩᠬᠠᠷᠣᠯ᠎ᠢ ᠳᠡᠳᠡᠨ᠎ᠡ᠃




QQ20260130-114704.png


QQ20260130-114713.png


ᠬᠦᠯᠦᠨ ᠨᠠᠭᠤᠷ ᠎ᠤᠨ ᠡᠵᠡᠯᠡᠬᠦ᠌ ᠲᠠᠯᠠᠪᠠᠢ᠎ᠨᠢ 2237 ᠎ᠠᠴᠠ 2339 ᠲᠡᠭ᠌ᠰᠢ ᠲᠦᠷᠪᠡᠯᠵᠢᠨ ᠺᠢᠯᠦᠮᠧᠲᠷ ᠪᠠᠢᠵᠦ᠍᠂ ᠡᠪᠣᠯ ᠎ᠤᠨ ᠡᠬᠢᠨ ᠰᠠᠷ᠎ᠠ᠎ᠠᠴᠠ ᠡᠬᠢᠯᠡᠨ ᠵᠢᠯ ᠪᠦᠷᠢ 6 ᠰᠠᠷ᠎ᠠ᠎ᠶ᠋ᠢᠨ ᠭᠦᠯᠳᠡᠯᠳᠡ᠎ᠶ᠋ᠢᠨ ᠬᠤᠭᠤᠴᠠᠭ᠎ᠠ᠎ᠲᠠᠢ᠃ ᠮᠦᠰᠦᠨ᠎ᠤ ᠭᠦᠨ᠎ᠤ ᠲᠣᠮᠳᠡᠴᠢ ᠭᠡᠮᠵᠢᠶ᠎ᠡ᠎ᠨᠢ 1.2 ᠮᠧᠲᠷ ᠪᠠᠢᠵᠦ᠍᠂ ᠬᠠᠮᠤᠭ ᠭᠦᠨ ᠭᠡᠰᠡᠭ᠎ᠳᠡᠭᠡᠨ 2 ᠮᠧᠲᠷ ᠭᠦᠯᠳᠡᠳᠡᠭ᠃ ᠮᠦᠰᠦᠨ ᠲᠠᠪᠠᠯᠭᠠᠨ᠎ᠤ ᠴᠣᠬᠢᠯᠳᠡ᠎ᠠᠴᠠ ᠨᠠᠷᠢᠯᠢᠭ ᠭᠡ᠎ᠲᠠᠢ ᠰᠡᠢᠯᠦᠮᠡᠯ ᠮᠡᠳᠦ ᠮᠦᠰᠦᠨ ᠭᠠᠳᠠᠷᠠᠭᠤ ᠢᠯᠡᠷᠡᠴᠦ᠍᠂ ᠨᠠᠷᠠᠨ᠎ᠤ ᠲᠣᠰᠣᠯᠳᠡ᠎ᠳᠤ ᠠᠯᠮᠠᠰ ᠴᠢᠯᠠᠭᠤ ᠮᠡᠳᠦ ᠦᠡᠭ᠌ᠭᠡ ᠦᠡᠭ᠌ᠭᠡ᠎ᠶ᠋ᠢᠨ ᠭᠡᠷᠡᠯ ᠲᠣᠸᠠᠯᠠᠭᠤᠯᠣᠨ᠂ ᠨᠠᠷᠠ ᠮᠠᠨᠳᠣᠬᠤ ᠪᠠ ᠨᠠᠷᠠ ᠵᠢᠷᠭᠠᠬᠤ᠎ᠳᠤ ᠲᠣᠯᠣᠩ᠎ᠤᠨ ᠦᠡᠭ᠌ᠭᠡ᠎ᠶ᠋ᠢ ᠣᠢᠯᠭᠠᠨ᠂ ᠴᠠᠰᠣ ᠮᠦᠰᠦᠨ᠎ᠤ ᠶᠢᠷᠳᠢᠨᠴᠦ᠍᠎ᠳᠤ ᠭᠠᠢᠬᠠᠮᠱᠢᠭ᠍ᠳᠦ ᠦᠵᠡᠮᠵᠢ᠎ᠶ᠋ᠢ ᠬᠦᠮᠦᠰ᠎ᠤᠨ ᠮᠡᠯᠮᠡᠢ᠎ᠳᠤ ᠲᠣᠯᠢᠳᠠᠭᠤᠯᠣᠨ᠎ᠠ᠃ ᠣᠮᠠᠷᠠᠳᠦ ᠣᠷᠣᠨ᠎ᠤ ᠬᠠᠮᠤᠭ᠎ᠤᠨ ᠴᠢᠬᠤᠯᠠ ᠠᠮᠢ ᠠᠬᠤᠢ᠎ᠶ᠋ᠢᠨ ᠬᠠᠯᠬᠠᠪᠴᠢ ᠪᠣᠯᠣᠭ᠍ᠰᠡᠨ᠎ᠤ ᠬᠤᠪᠢ᠎ᠳᠤ᠂ ᠬᠦᠯᠦᠨ ᠨᠠᠭᠤᠷ᠎ᠤᠨ ᠮᠦᠰᠦᠵᠢᠭ᠌ᠰᠡᠨ ᠭᠠᠳᠠᠷᠭᠤ᠎ᠨᠢ ᠭᠤᠴᠦ᠍ ᠰᠠᠢᠬᠠᠨ ᠪᠠᠢᠭᠠᠯᠢ᠎ᠶ᠋ᠢᠨ ᠦᠵᠡᠮᠵᠢ ᠪᠣᠯᠣᠭ᠍ᠰᠡᠨ᠎ᠢᠶᠠᠷ ᠪᠠᠷᠠᠬᠤ ᠦᠭᠡᠢ ᠴᠠᠭ ᠠᠭᠠᠷ᠎ᠢ ᠲᠣᠬᠢᠷᠠᠭᠤᠯᠬᠤ᠂ ᠲᠠᠯ᠎ᠠ ᠨᠣᠳᠤᠭ᠎ᠤᠨ ᠠᠮᠢ ᠠᠬᠤᠢ᠎ᠶ᠋ᠢ ᠲᠡᠩᠴᠡᠱᠢᠷᠠᠭᠦᠯᠬᠦ᠌᠎ᠳᠤ ᠣᠷᠣᠯᠠᠵᠦ᠍ ᠪᠣᠯᠣᠰᠢ ᠦᠭᠡᠢ ᠦᠢᠯᠡᠳᠦᠯ᠎ᠢᠶᠠᠨ ᠪᠠᠳᠠᠷᠠᠭᠤᠯᠣᠭ᠍ᠰᠠᠭᠠᠷ ᠢᠷᠡᠵᠡᠢ᠃

   

ᠰᠢᠨ᠎ᠡ ᠪᠠᠷᠭᠤ ᠵᠡᠬᠦᠨ ᠬᠤᠰᠢᠭᠤᠨ᠎ᠤ ᠬᠠᠮ ᠵᠠᠭᠤᠴᠢᠯᠠᠭᠤᠷ᠎ᠤᠨ ᠲᠦᠪ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号