ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠤ᠋ᠨ ᠲᠦᠷᠦᠯ ᠲᠡᠮᠳᠡᠭ ᠤ᠋ᠨ ᠦᠷᠳᠡᠭ 44.66%ᠪᠡᠷ ᠨᠡᠮᠡᠭᠳᠡᠵᠡᠢ
2026-01-05 11:24:24
ᠵᠣᠬᠢᠶᠠᠭ᠍ᠴᠢ᠄
​ ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠯᠤᠰ ᠤ᠋ᠨ ᠦᠮᠴᠢᠯᠡᠯᠳᠦ ᠡᠳ᠋ ᠬᠦᠷᠦᠩᠭᠡ ᠶ᠋ᠢᠨ ᠬᠢᠨᠠᠯᠳᠠ ᠬᠠᠮᠢᠶᠠᠷᠤᠯᠳᠠ ᠶ᠋ᠢᠨ ᠵᠦᠪᠯᠡᠯ ᠡᠴᠡ ᠤᠢᠯᠠᠭᠠᠭᠰᠠᠨ ᠶ᠋ᠢᠡᠷ᠂ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ  ᠠᠷᠠᠯᠵᠢᠶᠠᠨ ᠤ᠋  ᠲᠦᠪ ᠤᠢᠷ᠎ᠠ ᠳ᠋ᠤ 《ᠦᠪᠦᠷ ᠮᠤᠩᠭᠤᠯ ᠤ᠋ᠨ ᠨᠡᠷᠡᠳᠦ ᠲᠦᠷᠦᠯ ᠲᠡᠮᠳᠡᠭᠳᠦ (ᠵᠠᠭᠤᠨ ᠬᠦᠴᠦᠷᠬᠡᠭ)》 ᠶ᠋ᠢᠨ ᠠᠯᠳᠠᠷ ᠢ᠋ ᠳᠠᠬᠢᠨᠳᠠ ᠬᠦᠷᠳᠡᠵᠦ᠂ ᠲᠦᠷᠦᠯ ᠲᠡᠮᠳᠡᠭ ᠤ᠋ᠨ ᠦᠷᠳᠡᠭ ᠨᠢ ᠨᠢᠳᠤᠨᠤᠨ ᠤ᠋ 7.41 ᠳ᠋ᠦᠩᠰᠢᠭᠤᠷ  ᠲᠦᠭᠦᠷᠢᠭ ᠪᠠᠢᠭᠰᠠᠨ ᠡᠴᠡ ᠡᠨᠡ ᠵᠢᠯ 10.72 ᠳ᠋ᠦᠩᠰᠢᠭᠤᠷ ᠲᠦᠭᠦᠷᠢᠭ ᠪᠤᠯᠵᠤ ᠨᠡᠮᠡᠭᠳᠡᠨ᠂ 44.66% ᠪᠡᠷ ᠨᠡᠮᠡᠭᠳᠡᠭᠰᠡᠨ ᠪᠠᠢᠨ᠎ᠠ᠃

ᠤᠢᠯᠠᠭᠠᠭᠰᠠᠨ ᠶ᠋ᠢᠡᠷ᠂ 《ᠦᠪᠦᠷ ᠮᠤᠩᠭᠤᠯ ᠤ᠋ᠨ ᠨᠡᠷᠡᠳᠦ ᠲᠦᠷᠦᠯ ᠲᠡᠮᠳᠡᠭᠳᠦ(ᠵᠠᠭᠤᠨ ᠬᠦᠴᠦᠷᠬᠡᠭ)》 ᠶ᠋ᠢᠨ ᠢᠷᠠᠭᠤ ᠠᠯᠳᠠᠷ ᠢ᠋ ᠬᠤᠶᠠᠷᠳᠠ ᠬᠦᠷᠳᠡᠵᠦ ᠪᠠᠢᠭ᠎ᠠ  ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠪᠠᠢᠭᠤᠯᠤᠮᠵᠢ ᠪᠤᠯᠤᠭᠰᠠᠨ ᠤ᠋ ᠬᠤᠪᠢ ᠳ᠋ᠤ  ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠨᠢᠭᠡᠨᠳᠡ ᠪᠦᠬᠦ ᠤᠯᠤᠰ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠠᠵᠢᠯ ᠲᠦᠷᠦᠯ ᠤ᠋ᠨ ᠰᠢᠯᠢᠳᠡᠭ ᠬᠡᠪ ᠳᠠᠭᠤᠷᠢᠶᠠᠯ ᠪᠤᠯᠪᠠ᠃ ᠲᠤᠰ ᠲᠦᠪ ᠨᠢ 《ᠲᠡᠷᠢᠭᠦᠨ ᠵᠡᠷᠭᠡ ᠶ᠋ᠢᠨ ᠲᠦᠷᠦᠯ ᠲᠡᠮᠳᠡᠭ ᠢ᠋ ᠴᠤᠭᠴᠠᠯᠠᠬᠤ》 ᠪᠡᠷ ᠬᠠᠷᠠᠯᠳᠠ ᠪᠤᠯᠭᠠᠨ᠂ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠶ᠋ᠢᠡᠷ ᠭᠤᠤᠯ ᠲᠦᠷᠦᠯ ᠲᠡᠮᠳᠡᠭ ᠪᠤᠯᠭᠠᠵᠤ᠂ ᠤᠯᠤᠰ ᠤ᠋ᠨ ᠦᠮᠴᠢᠯᠡᠯᠳᠦ ᠦᠮᠴᠢᠯᠡᠯ ᠤ᠋ᠨ ᠡᠷᠬᠡ᠂ ᠮᠦᠩᠭᠦᠨ ᠭᠦᠢᠯᠭᠡᠭᠡᠨ ᠤ᠋ ᠡᠳ᠋ ᠬᠦᠷᠦᠩᠭᠡ᠂ ᠮᠠᠯᠵᠢᠬᠤ ᠲᠠᠷᠢᠶᠠᠯᠠᠬᠤ ᠤᠷᠤᠨ ᠤ᠋ ᠦᠮᠴᠢᠯᠡᠯ ᠤ᠋ᠨ ᠡᠷᠬᠡ ᠂ ᠢᠯᠠ ᠲᠤᠳᠤᠷᠬᠠᠢ ᠬᠤᠳᠠᠯᠳᠤᠨ ᠠᠪᠤᠯᠳᠠ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠦᠮᠴᠢᠯᠡᠯ ᠤ᠋ᠨ ᠡᠷᠬᠡ᠂ ᠳ᠋ᠠᠢᠲ᠋ᠠ ᠶ᠋ᠢᠨ ᠠᠷᠠᠯᠵᠢᠶ᠎ᠠ ᠵᠡᠷᠭᠡ 16 ᠲᠤᠰᠬᠠᠢᠵᠢᠭᠰᠠᠨ ᠴᠢᠬᠤᠯᠠ ᠬᠦᠴᠦᠨ ᠵᠦᠢᠯ ᠤ᠋ᠨ ᠬᠤᠪᠢᠶᠠᠷᠢ ᠳᠠᠪᠴᠠᠩ ᠵᠢᠴᠢ ᠡᠯ᠎ᠠ ᠠᠢᠮᠠᠭ ᠬᠤᠳᠠ ᠶ᠋ᠢᠨ ᠬᠤᠪᠢᠶᠠᠷᠢ ᠲᠦᠪ ᠤ᠋ᠨ ᠲᠦᠷᠦᠯ ᠲᠡᠮᠳᠡᠭ ᠢ᠋ ᠳᠠᠢᠴᠢᠯᠠᠨ ᠳᠠᠭᠠᠭᠤᠯᠤᠭᠰᠠᠨ 《ᠨᠢᠭᠡ ᠪᠡᠷ ᠭᠤᠤᠯᠯᠠᠵᠤ ᠤᠯᠠᠨ ᠡᠰᠢᠴᠢᠯᠡᠭᠰᠡᠨ᠂ ᠪᠦᠬᠦ ᠤᠷᠤᠨ ᠪᠦᠰᠡ ᠶ᠋ᠢ ᠬᠠᠮᠤᠷᠤᠭᠰᠠᠨ》 ᠲᠦᠷᠦᠯ ᠲᠡᠮᠳᠡᠭ ᠤ᠋ᠨ ᠪᠦᠲᠦᠴᠡ ᠶ᠋ᠢ ᠪᠠᠢᠭᠤᠯᠵᠤ᠂ ᠦᠮᠴᠢᠯᠡᠯ ᠤ᠋ᠨ ᠡᠷᠬᠡ ᠶ᠋ᠢᠨ ᠠᠵᠢᠯ ᠲᠦᠷᠦᠯ ᠤ᠋ᠨ ᠦᠪᠡᠷᠮᠢᠴᠡ ᠤᠨᠴᠠᠯᠢᠭ ᠪᠠ ᠴᠠᠭ ᠦᠶ᠎ᠠ ᠶ᠋ᠢᠨ ᠠᠭᠤᠯᠤᠭᠳᠠᠬᠤᠨ ᠢ᠋  ᠵᠡᠷᠭᠡ ᠳ᠋ᠤᠨᠢ  ᠪᠦᠷᠢᠯᠳᠦᠭᠦᠯᠪᠠ᠃

ᠤᠢᠷ᠎ᠠ ᠶ᠋ᠢᠨ ᠭᠤᠷᠪᠠᠨ ᠵᠢᠯ ᠳ᠋ᠤ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠨᠡᠢᠳᠡ 3.3 ᠲᠦᠮᠡ ᠭᠠᠷᠤᠢ ᠬᠤᠪᠢ ᠨᠦᠭᠡᠴᠡ ᠡᠳ᠋ ᠬᠦᠷᠦᠩᠭᠡ ᠶ᠋ᠢ ᠠᠮᠢᠯᠠᠭᠤᠯᠵᠤ᠂ ᠠᠷᠠᠯᠵᠢᠶᠠᠨ ᠤ᠋ ᠪᠡᠯᠡ ᠮᠦᠩᠬᠦ ᠨᠢ 870 ᠳ᠋ᠦᠩᠰᠢᠭᠤᠷ ᠲᠦᠭᠦᠷᠢᠭ ᠢ᠋ ᠳᠠᠪᠠᠵᠤ᠂ ᠳᠤᠮᠳᠠᠴᠢ ᠪᠡᠷ 19% ᠶ᠋ᠢᠨ ᠦᠷᠳᠡᠭ ᠨᠡᠮᠡᠭᠳᠡᠯ ᠢ᠋ ᠪᠡᠶᠡᠯᠡᠭᠦᠯᠦᠨ᠂ ᠤᠯᠤᠰ ᠤ᠋ᠨ ᠦᠮᠴᠢᠯᠡᠯᠳᠦ ᠡᠳ᠋ ᠬᠦᠷᠦᠩᠭᠡ ᠶ᠋ᠢᠨ ᠦᠷᠳᠡᠭ ᠢ᠋ ᠪᠠᠳᠤᠯᠠᠵᠤ ᠦᠷᠳᠡᠭ ᠢ᠋ ᠨᠡᠮᠡᠭᠳᠡᠭᠦᠯᠬᠦ᠂ ᠡᠯ᠎ᠠ ᠲᠦᠷᠦᠯ ᠤ᠋ᠨ ᠦᠮᠴᠢᠯᠡᠯ ᠤ᠋ᠨ ᠡᠷᠬᠡ ᠶ᠋ᠢᠨ ᠦᠨᠳᠦᠷ ᠪᠦᠲᠦᠮᠵᠢᠳᠠᠢ ᠪᠡᠷ ᠭᠦᠢᠯᠭᠡᠭᠡᠨ ᠳ᠋ᠤ ᠤᠷᠤᠯᠴᠠᠬᠤ ᠳ᠋ᠤ ᠡᠷᠴᠢᠮᠳᠠᠢ ᠲᠤᠯᠭᠠᠭᠤᠷᠢᠯᠠᠯ ᠬᠠᠩᠭᠠᠭᠰᠠᠨ ᠪᠦᠭᠡᠳ ᠵᠠᠬ᠎ᠠ ᠳᠡᠯᠭᠡᠭᠦᠷᠴᠢᠯᠡᠭᠰᠡᠨ ᠠᠷᠭ᠎ᠠ ᠪᠠᠷᠢᠯ ᠶ᠋ᠢᠡᠷ ᠤᠷᠤᠨ ᠪᠦᠰᠡ ᠶ᠋ᠢᠨ ᠠᠵᠤ ᠠᠬᠤᠢ ᠶ᠋ᠢᠨ ᠬᠦᠭᠵᠢᠯᠳᠡ ᠶ᠋ᠢᠨ ᠬᠦᠳᠡᠯᠭᠡᠬᠦ ᠡᠨᠧᠷᠬᠢ ᠶ᠋ᠢ ᠪᠦᠲᠦᠮᠵᠢᠳᠠᠢ ᠪᠠᠳᠠᠷᠠᠭᠤᠯᠵᠤ᠂ ᠬᠠᠩᠭᠠᠯᠭ᠎ᠠ ᠬᠡᠷᠡᠭᠴᠡᠭᠡ ᠶ᠋ᠢ ᠵᠤᠯᠭᠠᠭᠤᠯᠬᠤ᠂ ᠡᠬᠢ ᠪᠠᠶᠠᠯᠢᠭ ᠤ᠋ᠨ ᠤᠷᠴᠢᠯ ᠢ᠋ ᠰᠢᠯᠤᠭᠤᠳᠬᠠᠬᠤ ᠴᠢᠬᠤᠯᠠ ᠭᠦᠬᠦᠷᠭᠡ ᠬᠤᠯᠪᠤᠭᠠᠰᠤ ᠪᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号