ᠪᠤᠭᠤᠲᠤ ᠪᠤᠭᠤᠮᠳᠠ ᠤᠯᠠᠨ ᠠᠷᠭ᠎ᠠ ᠬᠡᠮᠵᠢᠶ᠎ᠡ ᠠᠪᠴᠤ ᠲᠤᠷᠭᠠᠨ ᠵᠠᠮ᠎ᠤᠨ ᠨᠠᠢᠵᠠ ᠵᠢᠨ ᠲᠤᠭᠤᠷᠢᠭ ᠵᠢᠡᠨ ᠦᠷᠭᠡᠳᠬᠡᠵᠦ ᠪᠤᠢ
2026-01-05 11:27:00
ᠵᠣᠬᠢᠶᠠᠭ᠍ᠴᠢ᠄
ᠸ ·ᠭᠡᠷᠡᠯᠳᠤ
ᠣᠩᠱᠢᠭ᠍ᠰᠠᠨ ᠣᠳᠠᠭ᠎ᠠ᠄
★★★☆☆

 2025 ᠤᠨ᠎ᠦ  ᠲᠦᠷᠦᠬᠦᠦ 11 ᠰᠠᠷ᠎ᠠ  ᠳ᠋ᠤ᠂ ᠪᠤᠭᠤᠲᠤ  ᠵᠢᠨ ᠭᠠᠳᠠᠭᠠᠳᠤ ᠠᠷᠠᠯᠵᠢᠶᠠᠨ᠎ᠤ ᠨᠠᠢᠵᠠ ᠵᠢᠨ ᠲᠤᠭᠤᠷᠢᠭ ᠦᠷᠬᠦᠯᠵᠢᠯᠡᠨ ᠦᠷᠭᠡᠳᠤᠨ ᠰᠢᠨᠡᠳᠴᠦ᠂ ᠠᠷᠠᠯᠵᠢᠶᠠᠨ᠎ᠤ  ᠠᠨᠳᠠ ᠵᠢᠨ ᠬᠢᠨᠢ ᠲᠤᠮᠳᠠ ᠤᠯᠠᠨ ᠲᠤᠮᠳᠠᠳᠤ ᠠᠽᠢᠶ᠎ᠠ ᠪᠤᠯᠤᠨ ᠪᠠᠷᠠᠭᠤᠨ ᠠᠽᠢᠶ᠎ᠠ ᠵᠢᠨ ᠤᠯᠠᠨ ᠤᠯᠤᠰ ᠨᠡᠮᠡᠭᠳᠡᠵᠦ᠂ ᠪᠤᠯᠤᠳ ᠮᠠᠲᠧᠷᠢᠶᠠᠯ᠂ ᠢᠮᠠᠭᠠᠨ ᠨᠤᠤᠯᠤᠭᠤᠷ᠎ᠤᠨ ᠪᠦᠳᠦᠭᠡᠭᠳᠡᠭᠦᠨ᠂ ᠮᠠᠰᠢᠨ ᠲᠡᠷᠭᠡᠨ᠎ᠤ ᠰᠡᠯᠪᠢᠭ ᠲᠤᠨᠤᠭ᠂ ᠪᠤᠯᠪᠠᠰᠤᠷᠠᠭᠤᠯᠤᠬᠰᠠᠨ ᠢᠳᠡᠭᠡᠨ ᠵᠡᠷᠭᠡ 《 ᠪᠤᠭᠤᠲᠤ ᠵᠢᠨ ᠦᠢᠯᠡᠳᠬᠡᠯ》᠂ 《ᠨᠢᠭᠡ ᠪᠦᠰᠡ  ᠨᠢᠭᠡ  ᠵᠠᠮ》 ᠵᠢᠡᠷ  ᠲᠠᠮᠵᠢᠨ ᠭᠠᠳᠠᠭᠠᠳᠤ  ᠳ᠋ᠤ  ᠭᠠᠷᠴᠠᠢ᠃

2025 ᠤᠨ᠎ᠦ ᠲᠦᠷᠦᠬᠦᠤ 11 ᠰᠠᠷ᠎ᠠ ᠳ᠋ᠤ᠂ ᠪᠤᠭᠤᠲᠤ ᠪᠤᠭᠤᠮᠳᠠ ᠵᠢᠨ ᠪᠤᠯᠤᠳ ᠮᠠᠲᠧᠷᠢᠶᠠᠯ᠂ ᠢᠮᠠᠭᠠᠨ ᠨᠤᠤᠯᠤᠭᠤᠷ᠎ᠤᠨ ᠪᠦᠳᠦᠭᠡᠭᠳᠡᠭᠦᠨ ᠵᠢᠴᠢ ᠮᠠᠰᠢᠨ ᠲᠡᠷᠭᠡᠨ᠎ᠤ ᠰᠡᠯᠪᠢᠭ ᠲᠤᠨᠤᠭ ᠵᠡᠷᠭᠡ ᠳ᠋ᠤ ᠭᠠᠷ᠎ᠤᠨ ᠦᠰᠦᠭ ᠵᠢᠷᠤᠨ ᠤᠯᠭᠤᠬᠰᠠᠨ ᠠᠽᠢᠶ᠎ᠠ ᠲᠢᠪ᠎ᠤᠨ ᠪᠤᠰᠤᠳ ᠤᠯᠤᠰ᠎ᠲᠦ᠍ ᠴᠢᠭᠯᠡᠭᠦᠯᠦᠭᠰᠡᠨ ᠤᠤᠯ ᠭᠠᠷᠤᠯᠳᠠ ᠵᠢᠨ ᠭᠠᠵᠠᠷ᠎ᠤᠨ ᠦᠨᠡᠮᠯᠡᠯ 1669 ᠬᠤᠪᠢ ᠵᠢ ᠲᠠᠪᠠᠵᠦ᠂ ᠦᠨᠡᠮᠯᠡᠯ  ᠳᠡᠭᠡᠷ᠎ᠡ  ᠭᠠᠷ ᠎ᠤᠨ ᠦᠰᠦᠭ ᠵᠢᠷᠤᠬᠰᠠᠨ ᠦᠷᠳᠡᠭ ᠨᠢ 23.07 ᠳ᠋ᠦᠩᠰᠢᠭᠤᠷ ᠲᠦᠭᠦᠷᠢᠭ ᠲᠤ᠌ ᠬᠦᠷᠪᠡ᠃ ᠡᠨᠡ ᠨᠢ ᠪᠤᠭᠤᠳᠤ ᠪᠤᠭᠤᠮᠳᠠ 《ᠤᠶᠤᠨᠴᠢ ᠪᠤᠭᠤᠮᠳᠠ ᠪᠡᠷ ᠤᠯᠤᠰ ᠵᠢᠡᠨ ᠬᠦᠴᠦᠷᠭᠡᠭᠵᠢᠬᠦᠯᠬᠦ》 ᠠᠵᠢᠯᠯᠠᠭ᠎ᠠ ᠪᠡᠷ ᠭᠠᠷᠳᠠᠴᠠ ᠪᠤᠯᠭᠠᠨ᠂ ᠬᠢᠯᠢ ᠵᠢᠨ ᠪᠤᠭᠤᠮᠳᠠ ᠵᠢᠨ ᠬᠤᠳᠠᠯᠳᠤᠭ᠎ᠠ ᠡᠷᠬᠢᠯᠠᠬᠦ ᠤᠷᠴᠢᠨ ᠨᠦᠬᠦᠴᠡᠯ᠎ᠢ ᠦᠷᠬᠦᠯᠵᠢᠯᠠᠨ ᠰᠢᠯᠢᠳᠡᠭᠵᠢᠬᠦᠯᠵᠦ᠂ ᠲᠦᠷᠤ ᠵᠢᠨ ᠪᠤᠳᠤᠯᠭ᠎ᠠ ᠵᠢᠨ ᠬᠠᠷᠠᠭᠠᠯᠵᠠᠯ᠎ᠢ ᠠᠵᠤ ᠠᠬᠤᠢᠯᠠᠯ ᠳ᠋ᠤ ᠤᠨᠤᠪᠴᠢᠳᠠᠢ ᠡᠳ᠋ᠯᠡᠭᠦᠯᠦᠭᠰᠡᠨ᠎ᠤ ᠠᠮᠢᠳᠤᠯᠢᠭ ᠦᠢᠯᠡᠳᠦᠯᠭᠡ  ᠪᠤᠯᠬᠤ ᠶᠤᠮ᠃

《ᠦᠩᠬᠡᠷᠡᠭᠰᠡᠨ ᠳ᠋ᠤ ᠲᠤᠮᠳᠠᠳᠤ ᠠᠽᠢᠶ᠎ᠠ ᠳ᠋ᠤ ᠭᠠᠷᠭᠠᠬᠤ ᠪᠠᠷᠠᠭᠠᠨ᠎ᠤ ᠪᠤᠭᠤᠮᠳᠠ ᠦᠩᠭᠡᠷᠡᠬᠦ ᠶᠠᠪᠤᠴᠠ ᠨᠢ ᠶᠠᠷᠰᠢᠬᠳᠠᠢ ᠪᠠᠢᠭᠰᠠᠨ᠂ ᠤᠳᠤ ᠪᠤᠭᠤᠮᠳᠠ ᠡᠴᠡ ᠤᠷᠢᠳᠴᠢᠯᠡᠨ ᠰᠢᠯᠭᠠᠨ ᠪᠠᠢᠴᠠᠭᠠᠬᠤ᠂ ᠲᠦᠪᠯᠡᠷᠡᠭᠦᠯᠦᠨ ᠬᠢᠨᠠᠵᠦ ᠭᠠᠷ ᠎ᠦᠨ ᠦᠰᠦᠭ ᠵᠢᠷᠤᠬᠤ ᠵᠡᠷᠭᠡ ᠠᠷᠭ᠎ᠠ ᠬᠡᠮᠵᠢᠶ᠎ᠡ ᠠᠪᠴᠦ᠂ ᠤᠤᠯ ᠭᠠᠷᠤᠯᠳᠠ ᠵᠢᠨ ᠭᠠᠵᠠᠷ᠎ᠤᠨ ᠦᠨᠡᠮᠯᠡᠯ᠎ᠢ ᠦᠪᠡᠰᠦᠪᠠᠨ ᠲᠠᠷᠤᠮᠠᠯᠯᠠᠵᠤ᠂ ᠪᠦᠬᠦ ᠶᠠᠪᠤᠴᠠ᠎ᠳᠤ 〈ᠬᠦᠶᠤᠬᠦ ᠴᠢᠬᠤᠯᠠ ᠦᠭᠡᠢ〉 ᠪᠤᠯᠵᠠᠢ᠃ ᠵᠢᠯ᠎ᠤᠨ ᠡᠬᠢᠨ ᠳ᠋ᠤ  ᠪᠢᠳᠡ ᠠᠩᠬ᠎ᠠ ᠤᠳᠠᠭ᠎ᠠ  ᠹᠢᠯᠢᠫᠢᠨ ᠳ᠋ᠤ ᠭᠠᠷᠭᠠᠬᠤ RCEP ᠤᠤᠯ ᠭᠠᠷᠤᠯᠳᠠ ᠵᠢᠨ ᠭᠠᠵᠠᠷ᠎ᠤᠨ ᠦᠨᠡᠮᠯᠡᠯ᠎ᠢ ᠡᠷᠡᠮᠡᠯᠵᠡᠭᠰᠡᠨ᠂ ᠲᠤᠰ ᠦᠨᠡᠮᠯᠡᠯ᠎ᠢ ᠡᠷᠡᠮᠡᠯᠵᠡᠭᠰᠡᠨ ᠨᠢ ᠭᠠᠳᠠᠭᠠᠳᠤ᠎ᠳᠤ ᠭᠠᠷᠭᠠᠬᠤ ᠪᠧᠢ ᠪᠧᠨ ᠴᠢᠷᠦᠭᠦᠯ ᠲᠡᠷᠭᠡ ᠪᠤᠯᠤᠨ᠎ᠠ᠂ ᠬᠡᠷᠡᠭᠯᠡᠭᠴᠢ ᠲᠤᠰ ᠪᠦᠯᠦᠭ ᠪᠠᠷᠠᠭ᠎ᠠ ᠵᠢ ᠤᠷᠤᠭᠤᠯᠬᠤ ᠳ᠋ᠠᠭᠠᠨ ᠪᠠᠭ᠎ᠠ ᠪᠤᠰᠤ ᠪᠤᠭᠤᠮᠳᠠ ᠵᠢᠨ ᠭᠠᠢᠯᠢ ᠵᠢ ᠬᠡᠯᠳᠤᠷᠢᠭᠦᠯᠬᠦ ᠬᠠᠷᠠᠭᠠᠯᠵᠠᠯ᠎ᠢ  ᠬᠦᠷᠳᠡᠵᠡᠢ》 ᠬᠡᠵᠦ ᠦᠪᠦᠷ ᠮᠤᠩᠭᠤᠯ᠎ᠤᠨ ᠨᠢᠭᠡᠳᠦᠭᠡᠷ ᠮᠠᠰᠢᠨ ᠮᠧᠬᠠᠨᠢᠭ᠎ᠤᠨ ᠪᠦᠯᠦᠭᠯᠡᠯ ᠤ᠋ᠨ ᠭᠠᠳᠠᠭᠠᠳᠤ ᠡᠴᠡ ᠤᠷᠤᠭᠤᠯᠵᠦ ᠭᠠᠳᠠᠭᠠᠳᠤ᠎ᠳᠤ ᠭᠠᠷᠭᠠᠬᠤ ᠬᠢᠵᠠᠭᠠᠷᠳᠤ ᠺᠤᠮᠫᠠᠨᠢ ᠵᠢᠨ ᠠᠵᠢᠯᠳᠠᠨ ᠶᠠᠩ ᠰᠢᠶᠦ᠋ᠨ ᠶᠠᠷᠢᠵᠦ ᠪᠠᠢᠯ᠎ᠠ᠃ RCEP ᠲᠦᠷᠦ ᠵᠢᠨ ᠪᠤᠳᠤᠯᠭ᠎ᠠ ᠵᠢᠨ ᠬᠠᠷᠠᠭᠠᠯᠵᠠᠯ ᠵᠢᠡᠷ ᠲᠤᠰ ᠺᠤᠮᠫᠠᠨᠢ ᠭᠠᠳᠠᠭᠠᠳᠤ ᠵᠢᠨ ᠵᠠᠬ᠎ᠠ ᠲᠡᠯᠭᠡᠭᠦᠷ᠎ᠤᠨ ᠪᠠᠢᠷᠢᠯᠠᠭᠤᠯᠤᠯᠳᠠ ᠪᠡᠨ ᠲᠦᠷᠭᠡᠳᠬᠡᠵᠦ᠂ ᠨᠡᠯᠢᠶᠡᠳ ᠤᠯᠠᠨ ᠤᠯᠤᠰ᠎ᠤᠨ ᠵᠠᠬ᠎ᠠ  ᠲᠡᠯᠭᠡᠭᠦᠷ᠎ᠢ ᠠᠮᠵᠢᠯᠳᠠ ᠲᠠᠢ ᠨᠡᠭᠡᠭᠡᠭᠰᠡᠨ ᠪᠠᠢᠨ᠎ᠠ᠃

ᠬᠠᠷᠢᠶ᠎ᠠ ᠲᠤᠭᠤᠷᠢᠭ ᠲᠡᠬᠢ ᠠᠵᠤ ᠠᠬᠤᠢᠯᠠᠯ᠎ᠤᠨ ᠪᠤᠭᠤᠮᠳᠠ ᠦᠩᠭᠡᠷᠡᠬᠦ ᠳ᠋ᠤ ᠨᠡᠩ ᠰᠠᠢᠲᠤᠷ ᠦᠢᠯᠡᠴᠢᠯᠡᠬᠦ ᠵᠢᠨ ᠲᠦᠯᠦᠭᠡ ᠪᠤᠭᠤᠳᠤ ᠪᠤᠭᠤᠮᠳᠠ ᠦᠢᠯᠡᠴᠢᠯᠡᠭᠡᠨ᠎ᠤ ᠲᠤᠰᠬᠠᠢ ᠳᠤᠭᠤᠢᠯᠠᠩ᠎ᠢ ᠵᠤᠬᠢᠶᠠᠨ ᠪᠠᠢᠭᠤᠯᠵᠦ᠂ ᠲᠦᠷᠦ ᠵᠢᠨ ᠪᠤᠳᠤᠯᠭ᠎ᠠ ᠵᠢᠨ ᠤᠬᠠᠭᠤᠯᠭ᠎ᠠ ᠵᠢ ᠡᠭᠦᠳᠡᠨ ᠳ᠋ᠤᠨᠢ ᠬᠦᠷᠭᠡᠵᠦ᠂ 《ᠬᠤᠶᠠᠷ ᠦᠨᠡᠮᠯᠡᠯ᠎ᠢ ᠬᠠᠮᠳᠤᠳᠬᠠᠬᠤ》 ᠦᠭᠡᠷᠡᠴᠢᠯᠡᠯᠳᠡ ᠵᠢ ᠲᠤᠭᠤᠰᠢᠯᠠᠭᠤᠯᠤᠨ᠂ ᠤᠷᠢᠳᠴᠢᠯᠡᠨ ᠪᠤᠯᠵᠤᠬᠤ ᠂ ᠪᠤᠭᠤᠮᠳᠠ᠎ᠳᠤ  ᠮᠡᠳᠡᠭᠦᠯᠦᠭᠰᠡᠨ ᠲᠠᠷᠤᠢ ᠳ᠋ᠤᠨᠢ ᠪᠠᠢᠴᠠᠭᠠᠬᠤ ᠵᠡᠷᠭᠡ ᠲᠦᠭᠦᠮ ᠲᠦᠳᠡ ᠪᠤᠭᠤᠮᠳᠠ ᠦᠩᠭᠡᠷᠡᠭᠦᠯᠬᠦ ᠵᠠᠬᠪᠤᠷ᠎ᠢ ᠬᠡᠷᠡᠭᠵᠢᠬᠦᠯᠵᠦ᠂ ᠤᠳᠤᠬᠠᠨ ᠪᠤᠯᠳᠠᠯ᠎ᠠ ᠬᠠᠷᠢᠶ᠎ᠠ ᠲᠤᠭᠤᠷᠢᠭ᠎ᠤᠨ ᠤᠯᠠᠨ ᠠᠵᠤ ᠠᠬᠤᠢᠯᠠᠯ ᠡᠭᠦᠳᠡᠨ ᠡᠴᠡ ᠪᠡᠨ ᠭᠠᠷᠤᠯ ᠦᠭᠡᠢ  ᠦᠨᠡᠮᠯᠡᠯ  ᠭᠠᠷᠳᠠᠵᠦ  ᠲᠡᠢᠯᠬᠦ  ᠪᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号