ᠴᠢᠬᠢᠷ᠎ᠠ ᠱᠣᠣᠬᠢᠶᠠᠨ ᠴᠠᠭᠠᠰᠢ ᠪᠠᠨ
2026-01-05 11:04:46
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠶᠠᠭᠣ ᠪᠦᠬᠦᠨ ᠴᠠᠬ ᠭᠡᠮ ᠡᠴᠡ ᠪᠠᠨ ᠬᠡᠲᠦᠷᠡᠪᠡᠯ ᠣᠳᠬ᠎ᠠ ᠴᠢᠨᠠᠷ ᠶ᠋ᠢᠡᠨ ᠠᠯᠲᠠᠲᠠᠬ ᠶᠣᠮ ᠪᠠᠢᠨ᠎ᠠ᠃

ᠦᠲᠡ ᠵᠢᠨ ᠴᠢᠯᠦᠭᠡᠨ ᠳ᠋ᠦ ᠵᠢᠭᠠᠬᠠᠨ ᠬᠠᠵᠠᠭᠣᠯᠠᠵᠦ ᠠᠮᠠᠷᠠᠬᠣ ᠵᠢ ᠪᠣᠲᠣᠲᠠᠯ᠎ᠠ ᠠᠯᠢ ᠠᠢᠯ ᠤ᠋ᠨ ᠠᠯᠢᠶ᠎ᠠ ᠪᠠᠨᠲᠢ ᠵᠢ ᠪᠣᠣ ᠮᠡᠳᠡ᠂ ᠲᠠᠭᠣᠨ ᠲᠣᠮᠣᠷᠠᠭᠣᠯᠣᠬᠴᠢ ᠪᠡᠷ ᠪᠦᠵᠢᠭ ᠤ᠋ᠨ ᠠᠶ᠎ᠠ ᠲᠠᠯᠪᠢᠵᠦ ᠲᠡᠪᠵᠢᠶᠡᠷᠡᠬᠦᠯᠵᠦ ᠡᠬᠢᠯᠡᠪᠡ᠃ ᠴᠢᠬᠢ ᠲᠠᠯᠪᠢᠨ ᠴᠢᠩᠨᠠᠪᠠᠯ ᠬᠣᠯᠠ ᠦᠭᠡᠢ ᠣᠢᠷᠠᠬᠠᠨ ᠮᠡᠲᠦ᠃ ᠠᠶ᠎ᠠ ᠬᠦᠭᠵᠢᠮ ᠣᠷᠣᠰᠣᠨ ᠬᠠᠩᠬᠢᠨᠠᠵᠦ ᠠᠰᠶ᠋ᠬᠦᠢ ᠰᠠᠢᠬᠠᠨ ᠪᠠᠢᠬᠰᠠᠨ ᠴᠦ᠍ ᠠᠮᠠᠷᠠᠵᠦ ᠬᠡᠪᠲᠡᠬᠦ ᠴᠠᠬ ᠲᠣᠯᠠ ᠲᠡᠳᠦᠢ ᠯᠡ ᠲᠠᠭᠠᠲᠠᠢ ᠰᠠᠨᠠᠬᠲᠠᠬᠰᠠᠨ ᠦᠭᠡᠢ᠃ ᠠᠷᠭ᠎ᠠ ᠪᠣᠰᠣ ᠴᠣᠩᠬᠣ ᠪᠠᠨ ᠬᠠᠭᠠᠵᠦ᠂ ᠴᠢᠬᠢ ᠠᠮᠠᠷᠠᠬᠰᠠᠨ ᠭᠡᠲᠡᠭ ᠪᠣᠯᠪᠠᠴᠣ ᠨᠣᠢᠷ ᠬᠣᠯᠵᠢᠵᠦ ᠣᠨᠲᠠᠬᠣ ᠭᠡᠰᠡᠨ ᠪᠣᠲᠣᠯ ᠴᠦ᠍ ᠵᠠᠮᠬᠠᠷᠠᠪᠠ᠃ ᠠᠢ ᠳ᠋ᠠ᠂ ᠠᠮᠣᠷ ᠵᠠᠶᠠᠭ᠎ᠠ ᠦᠵᠡᠬᠦᠯᠲᠡᠭ ᠦᠭᠡᠢ ᠡᠨᠡ ᠲᠠᠭᠣ ᠱᠣᠣᠬᠢᠶᠠᠨ ᠭᠡᠵᠦ ᠳ᠋ᠠ᠃

ᠲᠡᠪᠵᠢᠶᠡᠨᠲᠦ ᠬᠣᠲᠠ ᠳ᠋ᠦ ᠶᠡᠷᠦ ᠡᠴᠡ ᠲᠠᠭᠣ ᠱᠣᠣᠬᠢᠶᠠᠨ ᠲᠠᠰᠣᠷᠠᠲᠠᠬ ᠦᠭᠡᠢ ᠪᠢᠯᠡ᠃ ᠦᠢᠯᠡᠳᠪᠦᠷᠢ ᠵᠢᠨ ᠪᠠᠢᠰᠢᠩ᠂ ᠦᠷᠭᠡᠨ ᠲᠠᠷᠲᠠᠩ ᠵᠡᠭᠡᠯᠢ ᠭᠣᠲᠣᠮᠵᠢ ᠡᠴᠡ᠂ ᠬᠣᠷᠲᠣᠯᠠᠨ ᠲᠠᠪᠬᠢᠬᠣ ᠮᠠᠰᠢᠨ ᠪᠣᠶᠣ ᠬᠣᠷᠢᠮ ᠨᠠᠢᠷ ᠤ᠋ᠨ ᠰᠢᠷᠡᠭᠡᠨ ᠡᠴᠡ ᠁ ᠦᠨᠳᠦᠷ ᠪᠣᠭᠣᠨᠢ᠂ ᠡᠷᠢᠶᠡᠨ ᠮᠠᠷᠢᠶᠠᠨ᠂ ᠬᠦᠷᠴᠢᠬᠢᠨᠡᠵᠦ ᠲᠦᠷᠴᠢᠬᠢᠨᠡᠭᠰᠡᠨ ᠲᠠᠭᠣ ᠱᠣᠣᠬᠢᠶᠠᠨ ᠲᠣᠭᠣᠯᠲᠠᠵᠦ᠂ ᠲᠡᠯᠡᠬᠡᠢ ᠶᠢᠷᠲᠢᠨᠴᠦ ᠵᠣᠬᠰᠣᠭ᠎ᠠ ᠵᠢᠯᠣᠭᠣ ᠦᠭᠡᠢ ᠡᠷᠬᠢᠯᠲᠦᠵᠦ ᠪᠠᠢᠭ᠎ᠠ ᠵᠢ ᠦᠵᠡᠬᠦᠯᠬᠦ ᠭᠡᠰᠡᠨ ᠶᠣᠮᠰᠢᠬ ᠦᠷᠬᠦᠯᠵᠢᠯᠡᠨ᠎ᠠ᠃ ᠬᠠᠶᠠ ᠵᠠᠷᠢᠮ ᠨᠢ ᠪᠠᠰᠠ ᠲᠠᠭᠣ ᠱᠣᠣᠬᠢᠶᠠᠨ ᠢ᠋ ᠬᠣᠲᠠ ᠵᠢᠨ ᠨᠠᠢᠷᠠᠯ ᠬᠦᠭᠵᠢᠮ ᠬᠡᠮᠡᠵᠦ᠂ ᠠᠰᠠᠷ ᠪᠠᠷᠢᠯᠭ᠎ᠠ ᠰᠡᠬᠦᠢᠨ᠂ ᠲᠠᠷᠲᠠᠩ ᠵᠠᠮ ᠰᠣᠨᠣᠯᠵᠠᠨ᠂ ᠬᠦᠮᠦᠨ ᠣᠯᠠᠨ ᠱᠣᠣᠬᠢᠯᠲᠣᠵᠦ᠂ ᠠᠮᠢᠲᠣᠷᠠᠯ ᠪᠣᠴᠠᠯᠬᠣ ᠠᠬᠣᠢ ᠦᠵᠡᠮᠵᠢ ᠵᠢ ᠬᠦᠭᠵᠢᠮᠴᠢᠨ ᠭᠡᠵᠦ ᠶᠠᠷᠢᠲᠠᠬ᠃

ᠪᠢᠳᠡ ᠲᠠᠭᠣ ᠱᠣᠣᠬᠢᠶᠠᠨ ᠭᠡᠵᠦ ᠲᠠᠩᠲᠠ ᠬᠣᠯᠪᠣᠭ᠎ᠠ ᠬᠣᠷᠰᠢᠶ᠎ᠠ ᠶᠠᠷᠢᠲᠠᠬ ᠴᠦ᠍ ᠬᠣᠭᠣᠷᠣᠨᠲᠣ ᠪᠠᠨ ᠢᠯᠭᠠᠭ᠎ᠠ ᠵᠦᠷᠢᠶ᠎ᠡ ᠲᠠᠢ ᠶᠣᠮ᠃ ᠶᠠᠬ ᠯᠠ ᠠᠮᠢᠲᠣᠷᠠᠯ ᠤ᠋ᠨ ᠱᠣᠣᠬᠢᠶᠠᠨ ᠬᠢᠭᠡᠳ ᠰᠠᠯᠬᠢᠨ ᠤ᠋ ᠢᠰᠭᠡᠷᠦᠭᠡ᠂ ᠪᠣᠯᠠᠬ ᠤ᠋ᠨ ᠭᠣᠷᠴᠢᠬᠢᠨᠠᠭ᠎ᠠ ᠵᠡᠷᠭᠡ ᠶᠡᠬᠡ ᠪᠠᠢᠭᠠᠯᠢ ᠵᠢᠨ ᠲᠠᠭᠣ ᠴᠢᠮᠡᠬᠡ ᠦᠰᠦᠳ ᠣᠨᠲᠣᠣ ᠪᠠᠢᠲᠠᠬ ᠰᠢᠬ᠃ ᠮᠣᠩᠭᠣᠯ ᠬᠡᠯᠡᠨ ᠤ᠋ ᠲᠣᠯᠢ ᠳ᠋ᠦ 《ᠠᠲᠠᠯᠢ ᠪᠣᠰᠣ ᠲᠠᠪᠲᠠᠮᠵᠢ ᠲᠠᠢ᠂ ᠠᠲᠠᠯᠢ ᠪᠣᠰᠣ ᠬᠦᠴᠦᠯᠡᠴᠡ ᠲᠠᠢ ᠲᠠᠭᠣ ᠨᠣᠭᠣᠳ ᠡᠮᠬᠢ ᠵᠢᠷᠣᠮ ᠦᠭᠡᠢ ᠪᠡᠷ ᠬᠣᠳᠬᠣᠯᠲᠣᠭᠠᠳ ᠠᠶ᠎ᠠ ᠦᠭᠡᠢ ᠰᠣᠨᠣᠰᠲᠠᠬᠣ ᠲᠠᠭᠣᠨ ᠢ᠋ ᠱᠣᠣᠬᠢᠶ᠎ᠠ ᠭᠡᠲᠡᠭ》 ᠭᠡᠮᠡᠨ ᠲᠠᠢᠯᠪᠣᠷᠢᠯᠠᠲᠠᠬ᠃ ᠡᠬᠦᠨ ᠡᠴᠡ ᠦᠵᠡᠪᠡᠯ᠂ ᠡᠮᠬᠢ ᠵᠠᠮᠪᠠᠷᠠᠭ᠎ᠠ ᠪᠠᠨ ᠠᠯᠲᠠᠬᠰᠠᠨ ᠲᠠᠭᠣ ᠪᠣᠯ ᠲᠡᠪᠵᠢᠶᠠᠨ ᠱᠣᠣᠬᠢᠶᠠᠨ ᠤ᠋ ᠢᠷᠡᠯᠲᠡ ᠪᠣᠯᠬᠣ ᠠᠵᠢ᠃ ᠣᠷᠴᠢᠨ ᠲᠣᠭᠣᠷᠢᠨ ᠤ᠋ ᠬᠠᠮᠠᠭᠠᠯᠠᠯᠲᠠ ᠵᠢᠨ ᠲᠠᠯ᠎ᠠ ᠡᠴᠡ ᠬᠡᠯᠡᠪᠡᠯ᠂ ᠬᠦᠮᠦᠰ ᠤ᠋ᠨ ᠬᠡᠪ ᠤ᠋ᠨ ᠠᠵᠢᠯᠯᠠᠵᠦ ᠠᠮᠠᠷᠠᠬᠣ ᠪᠠ ᠰᠣᠷᠣᠯᠴᠠᠬᠣ ᠵᠢ ᠬᠠᠷᠰᠢᠯᠠᠬᠣ ᠲᠠᠭᠣ ᠴᠢᠮᠡᠭᠡ ᠪᠣᠯᠣᠨ ᠬᠦᠮᠦᠰ ᠤ᠋ᠨ ᠰᠣᠨᠣᠷ ᠲᠦ᠍ ᠬᠠᠷᠰᠢ ᠰᠠᠭᠠᠳ ᠣᠴᠠᠷᠠᠭᠣᠯᠬᠣ ᠲᠠᠭᠣ ᠴᠢᠮᠡᠭᠡ ᠵᠢ ᠪᠦᠷ ᠱᠣᠣᠬᠢᠶᠠᠨ ᠳ᠋ᠦ ᠪᠠᠬᠲᠠᠭᠠᠨ ᠦᠬᠦᠯᠡᠲᠡᠭ᠃ ᠬᠠᠮᠢᠶ᠎ᠠ ᠪᠦᠬᠦᠢ ᠲᠣᠬᠲᠠᠭᠠᠯ ᠢ᠋ ᠦᠨᠳᠦᠰᠦᠯᠡᠪᠡᠯ᠂ ᠰᠠᠭᠣᠭᠠᠯᠢ ᠠᠷᠠᠳ ᠤ᠋ᠨ ᠲᠣᠭᠣᠷᠢᠬ ᠲᠡᠬᠢ ᠱᠣᠣᠬᠢᠶᠠᠨ ᠤ᠋ ᠬᠡᠮᠵᠢᠶ᠎ᠡ ᠨᠢ ᠡᠳᠦᠷ ᠪᠣᠯ 50 ᠳ᠋ᠸᠼᠢᠪᠸᠯ ᠡᠴᠡ ᠬᠡᠲᠦᠷᠡᠬᠦ ᠦᠭᠡᠢ᠂ ᠰᠦᠨᠢ ᠪᠣᠯᠪᠠᠯ 40 ᠳ᠋ᠸᠼᠢᠪᠸᠯ ᠡᠴᠡ ᠬᠡᠲᠦᠷᠡᠬᠦ ᠦᠭᠡᠢ ᠪᠠᠢᠪᠠᠯ ᠵᠣᠬᠢᠬᠣ ᠠᠵᠢ᠃

ᠴᠢᠬᠢᠨ ᠳ᠋ᠦ ᠠᠶᠠᠲᠠᠢ ᠲᠠᠭᠣ ᠰᠡᠳᠬᠢᠯ ᠠᠷᠭᠠᠲᠠᠵᠦ ᠪᠣᠲᠣᠯ ᠠᠷᠢᠭᠣᠰᠬᠠᠬᠣ ᠭᠠᠢᠬᠠᠮᠰᠢᠬ ᠲᠠᠢ ᠭᠡᠲᠡᠭ ᠪᠣᠯᠪᠠᠴᠣ ᠴᠢᠬᠢᠷ᠎ᠠ ᠪᠣᠯᠣᠬᠰᠠᠨ ᠲᠠᠭᠣ ᠱᠣᠣᠬᠢᠶᠠᠨ ᠨᠢ ᠪᠠᠰᠠ ᠬᠦᠮᠦᠰ ᠢ᠋ ᠠᠷᠭ᠎ᠠ ᠪᠠᠷᠠᠭᠲᠠᠭᠣᠯᠵᠦ ᠣᠢᠮᠣᠷᠠᠭᠣᠯᠲᠠᠬ᠃ ᠲᠡᠭᠡᠬᠦ ᠳ᠋ᠡᠭᠡᠨ ᠬᠦᠮᠦᠰ ᠲᠠᠭᠣ ᠱᠣᠣᠬᠢᠶᠠᠨ ᠤ᠋ ᠪᠣᠬᠢᠷᠲᠣᠯ ᠢ᠋ 《ᠦᠯᠦ ᠦᠵᠡᠭᠲᠡᠬᠦ ᠪᠣᠬᠢᠷᠲᠣᠯ》 ᠭᠡᠮᠡᠲᠡᠭ᠃ ᠰᠢᠨᠵᠢᠯᠡᠬᠦ ᠣᠬᠠᠭᠠᠨᠲᠠᠳ ᠤ᠋ᠨ ᠰᠣᠲᠣᠯᠭᠠᠨ ᠡᠴᠡ ᠢᠯᠡᠷᠡᠬᠦᠯᠦᠭᠰᠡᠨ ᠶ᠋ᠢᠡᠷ᠂ ᠱᠣᠣᠬᠢᠶᠠᠨ ᠨᠢ ᠰᠣᠨᠣᠷ ᠢ᠋ ᠮᠠᠭᠣᠲᠠᠭᠣᠯᠵᠦ ᠴᠢᠰᠣᠨ ᠲᠠᠷᠣᠯᠲᠠ ᠵᠢ ᠨᠡᠮᠡᠭᠲᠡᠬᠦᠯᠬᠦ ᠪᠦᠭᠡᠳ ᠪᠠᠰᠠ ᠵᠢᠷᠦᠬᠡᠨ ᠡᠪᠡᠳᠴᠢᠨ᠂ ᠰᠠ ᠡᠪᠡᠳᠴᠢᠨ ᠲᠣᠰᠬᠣ ᠪᠣᠯᠣᠮᠵᠢ ᠵᠢ ᠨᠡᠮᠡᠭᠲᠡᠬᠦᠯᠦᠨ᠎ᠡ᠃ ᠲᠡᠷᠡᠴᠢᠯᠡᠨ ᠬᠦᠮᠦᠨ ᠤ᠋ ᠪᠡᠶ᠎ᠡ ᠵᠢᠨ ᠮᠡᠲᠡᠷᠡᠯ ᠤ᠋ᠨ ᠰᠢᠰᠲ᠋ᠸᠮ ᠪᠠ ᠬᠣᠷᠮᠣᠨ ᠤ᠋ ᠲᠦᠪᠰᠢᠨ ᠢ᠋ ᠨᠦᠯᠦᠭᠡᠯᠡᠬᠦ ᠵᠢᠨ ᠣᠯᠠᠮ ᠶ᠋ᠢᠡᠷ ᠵᠢᠷᠦᠭᠡᠨ ᠤ᠋ ᠴᠣᠬᠢᠯᠭ᠎ᠠ ᠵᠢ ᠲᠦᠷᠭᠡᠳᠭᠡᠵᠦ᠂ ᠦᠭᠡᠬᠦᠨ ᠤ᠋ ᠵᠠᠲᠠᠷᠠᠯ ᠢ᠋ ᠨᠦᠯᠦᠭᠡᠯᠡᠲᠡᠭ ᠪᠢᠯᠡ᠃ ᠡᠢᠨ᠎ᠬᠦ ᠱᠣᠣᠬᠢᠶᠠᠨ ᠤ᠋ ᠪᠣᠬᠢᠷᠲᠣᠯ ᠨᠢ ᠠᠭᠠᠷ ᠮᠠᠨᠲᠠᠯ ᠤ᠋ᠨ ᠪᠣᠬᠢᠷᠲᠣᠯ ᠢ᠋ ᠲᠠᠷᠠᠭᠠᠯᠠᠬᠰᠠᠨ ᠬᠦᠮᠦᠨ ᠲᠦᠷᠦᠯᠬᠢᠲᠡᠨ ᠤ᠋ ᠡᠷᠡᠬᠦᠯ ᠮᠡᠨᠲᠦ ᠵᠢ ᠬᠣᠬᠢᠷᠠᠭᠣᠯᠵᠦ ᠪᠠᠢᠭ᠎ᠠ ᠴᠢᠬᠣᠯᠠ ᠠᠰᠠᠭᠣᠲᠠᠯ ᠪᠣᠯᠵᠦ᠂ ᠲᠣᠰᠬᠠᠢᠯᠠᠨ 《ᠲᠡᠯᠡᠬᠡᠢ ᠵᠢᠨ ᠱᠣᠣᠬᠢᠶᠠᠨ ᠤ᠋ ᠡᠳᠦᠷ》 ᠭᠡᠮᠡᠨ ᠲᠣᠬᠲᠠᠭᠠᠵᠦ᠂ ᠱᠣᠣᠬᠢᠶᠠᠨ ᠤ᠋ ᠪᠣᠬᠢᠷᠲᠣᠯ ᠢ᠋ ᠠᠩᠬᠠᠷᠴᠣ᠂ ᠣᠢᠯᠠᠭᠠᠵᠦ ᠮᠡᠳᠡᠬᠦ ᠵᠢ ᠣᠷᠢᠶᠠᠯᠠᠬᠰᠠᠨ ᠪᠠᠢᠨ᠎ᠠ᠃

ᠴᠢᠬᠢᠷ᠎ᠠ ᠪᠣᠯᠣᠬᠰᠠᠨ ᠱᠣᠣᠬᠢᠶᠠᠨ ᠴᠠᠭᠠᠰᠢ ᠪᠠᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号