ᠤᠢᠷ᠎ᠠ ᠵᠢᠨ ᠡᠳᠦᠷ ᠨᠠᠢᠳᠡᠯᠡᠭᠳᠡᠭᠰᠡᠨ ᠤᠯᠤᠰᠤᠨ ᠬᠦᠭᠵᠢᠬᠦᠯᠦᠯᠳᠡ ᠪᠠ ᠦᠭᠡᠷᠡᠴᠢᠯᠡᠯᠳᠡ ᠵᠢᠨ ᠵᠦᠪᠯᠡᠯᠤᠨ ᠠᠯᠪᠠᠨ ᠲᠢᠩᠬᠢᠮ᠂ ᠠᠵᠤ ᠦᠢᠯᠡᠳᠪᠦᠷᠢᠵᠢᠯᠳᠡ ᠪᠤᠯᠤᠨ ᠮᠡᠳᠡᠭᠡ ᠵᠠᠩᠬᠢᠵᠢᠯᠳᠠ ᠵᠢᠨ ᠶᠠᠮᠤᠨᠤ ᠠᠯᠪᠠᠨ ᠲᠢᠩᠬᠢᠮ᠂ ᠤᠯᠤᠰᠤᠨ ᠡᠨᠧᠷᠬᠢ ᠵᠢᠨ ᠲᠤᠪᠴᠢᠶ᠎ᠠ ᠵᠢᠨ ᠶᠡᠷᠦᠩᠬᠡᠢ ᠺᠤᠮᠢᠰ 《ᠤᠯᠤᠰᠤᠨ ᠲᠡᠰᠤᠨ ᠨᠡᠭᠦᠷᠡᠰᠦᠳᠦ᠋ᠷᠦᠭᠴᠢ ᠦᠯᠦ ᠭᠠᠳᠠᠬᠰᠢᠯᠠᠭᠤᠯᠬᠤ ᠬᠦᠷᠢᠶᠡᠯᠡᠩ ᠲᠤᠭᠤᠷᠢᠭᠤᠨ ᠪᠦᠲᠦᠭᠡᠨ ᠪᠠᠢᠭᠤᠯᠬᠤ ᠨᠡᠷᠡᠰ (ᠲᠦᠷᠦᠬᠦᠦ ᠪᠦᠯᠦᠭ)》 ᠤ᠋ᠨ ᠮᠡᠳᠡᠭᠳᠡᠯᠳ᠋ᠤ᠂ ᠦᠪᠦᠷ ᠮᠤᠩᠭᠤᠯᠤᠨ ᠪᠤᠭᠤᠲᠤ ᠵᠢᠨ ᠬᠤᠪᠤᠷ ᠰᠢᠷᠤᠢ ᠵᠢᠨ ᠮᠡᠷᠭᠡᠵᠢᠯᠤᠨ ᠠᠵᠤ ᠦᠢᠯᠡᠰᠤᠨ ᠨᠡᠭᠡᠭᠡᠯᠳᠡ ᠵᠢᠨ ᠲᠤᠭᠤᠷᠢᠭ (ᠬᠦᠷᠢᠶᠡᠯᠡᠩ ᠲᠤᠳᠤᠷᠠᠬᠢ ᠬᠦᠷᠢᠶᠡᠯᠡᠩ) ᠤᠯᠤᠰᠤᠨ ᠲᠡᠰᠤᠨ ᠨᠡᠭᠦᠷᠡᠰᠦᠳᠦ᠋ᠷᠦᠭᠴᠢ ᠦᠯᠦ ᠭᠠᠳᠠᠬᠰᠢᠯᠠᠭᠤᠯᠬᠤ ᠬᠦᠷᠢᠶᠡᠯᠡᠩ ᠲᠤᠭᠤᠷᠢᠭᠤᠨ ᠲᠦᠷᠦᠬᠦᠦ ᠪᠦᠯᠦᠭᠤᠨ ᠪᠦᠲᠦᠭᠡᠨ ᠪᠠᠢᠭᠤᠯᠬᠤ ᠨᠡᠷᠡᠰ ᠲᠤ᠌ ᠰᠤᠩᠭᠤᠬᠳᠠᠵᠠᠢ᠃
ᠦᠪᠦᠷ ᠮᠤᠩᠭᠤᠯᠤᠨ ᠪᠤᠭᠤᠲᠤ ᠵᠢᠨ ᠬᠤᠪᠤᠷ ᠰᠢᠷᠤᠢ ᠵᠢᠨ ᠮᠡᠷᠭᠡᠵᠢᠯᠤᠨ ᠠᠵᠤ ᠦᠢᠯᠡᠰᠤᠨ ᠨᠡᠭᠡᠭᠡᠯᠳᠡ ᠵᠢᠨ ᠲᠤᠭᠤᠷᠢᠭᠤᠨ ᠤᠯᠤᠰᠤᠨ ᠲᠡᠰᠤᠨ ᠨᠡᠭᠦᠷᠡᠰᠦᠳᠦ᠋ᠷᠦᠭᠴᠢ ᠦᠯᠦ ᠭᠠᠳᠠᠬᠰᠢᠯᠠᠭᠤᠯᠬᠤ ᠬᠦᠷᠢᠶᠡᠯᠡᠩ ᠲᠤᠭᠤᠷᠢᠭ 《ᠬᠦᠷᠢᠶᠡᠯᠡᠩ ᠲᠤᠳᠤᠷᠠᠬᠢ ᠬᠦᠷᠢᠶᠡᠯᠡᠩ》 ᠤ᠋ᠨ ᠵᠠᠬᠪᠤᠷ ᠵᠢᠡᠷ ᠲᠦᠯᠦᠪᠵᠢᠬᠦᠯᠦᠭᠰᠡᠨ ᠶᠡᠷᠦᠩᠬᠡᠢ ᠲᠠᠯᠠᠪᠠᠢ ᠨᠢ 6.1 ᠲᠡᠭᠰᠢ ᠲᠦᠷᠪᠡᠯᠵᠢᠨ ᠺᠢᠯᠤᠮᠧᠲᠷ ᠲᠦ᠍ ᠬᠦᠷᠴᠦ᠂ ᠭᠤᠷᠪᠠᠨ ᠬᠡᠰᠡᠭᠢ ᠬᠠᠮᠤᠷᠤᠨ᠎ᠠ᠂ ᠡᠭᠦᠨᠳᠤ ᠬᠤᠪᠤᠷ ᠰᠢᠷᠤᠢ ᠵᠢᠨ ᠠᠵᠤ ᠦᠢᠯᠡᠰᠤᠨ ᠬᠦᠷᠢᠶᠡᠯᠡᠩ ᠨᠢ 3.5 ᠲᠡᠭᠰᠢ ᠲᠦᠷᠪᠡᠯᠵᠢᠨ ᠺᠢᠯᠤᠮᠧᠲᠷ ᠂ ᠬᠡᠷᠡᠯᠴᠢ ᠴᠡᠨᠡᠭᠤᠨ ᠠᠵᠤ ᠦᠢᠯᠡᠰᠤᠨ ᠬᠦᠷᠢᠶᠡᠯᠡᠩ ᠨᠢ 2 ᠲᠡᠭᠰᠢ ᠲᠦᠷᠪᠡᠯᠵᠢᠨ ᠺᠢᠯᠤᠮᠧᠲᠷ᠂ ᠡᠨᠧᠷᠬᠢ ᠬᠠᠳᠠᠭᠠᠯᠠᠬᠤ ᠠᠵᠤ ᠦᠢᠯᠡᠰᠤᠨ ᠬᠦᠷᠢᠶᠡᠯᠡᠩ ᠨᠢ 0.6 ᠲᠡᠭᠰᠢ ᠲᠦᠷᠪᠡᠯᠵᠢᠨ ᠺᠢᠯᠤᠮᠧᠲᠷ ᠪᠠᠢᠵᠦ᠂ ᠪᠦᠷᠢᠨ ᠪᠦᠳᠤᠨ ᠠᠵᠤ ᠦᠢᠯᠡᠰᠤᠨ ᠬᠡᠯᠬᠢᠶ᠎ᠡ ᠪᠤᠯᠤᠨ ᠭᠤᠤᠯ ᠦᠢᠯᠡᠳᠪᠦᠷᠢᠯᠡᠯᠤᠨ ᠴᠢᠳᠠᠪᠤᠷᠢ ᠵᠢ ᠪᠦᠷᠢᠯᠳᠤᠭᠦᠯᠦᠭᠰᠡᠨ ᠪᠠᠢᠨ᠎ᠠ᠃ ᠤᠳᠤᠬᠠᠨᠳᠦ ᠨᠢᠭᠡᠨᠳᠡ ᠲᠦᠯᠦᠪᠵᠢᠬᠦᠯᠦᠭᠡᠳ ᠪᠠᠢᠭ᠎ᠠ ᠭᠤᠤᠯᠳᠠᠯᠭ᠎ᠠ ᠲᠠᠢ 101 ᠲᠦᠷᠤᠯ ᠵᠦᠢᠯᠤᠨ ᠶᠡᠷᠦᠩᠬᠡᠢ ᠪᠡᠯᠡ ᠤᠷᠤᠭᠤᠯᠤᠯᠳᠠ ᠨᠢ ᠪᠠᠷᠤᠭ 756 ᠳ᠋ᠦᠩᠰᠢᠭᠤᠷ ᠲᠦᠭᠦᠷᠢᠭ ᠲᠦ᠍ ᠬᠦᠷᠴᠡᠢ᠂ ᠡᠭᠦᠨᠳᠤ ᠢᠵᠢ ᠪᠦᠷᠢᠳᠦᠬᠦᠯᠬᠦ ᠲᠦᠷᠤᠯ ᠵᠦᠢᠯ 15 ᠪᠠᠢᠵᠦ᠂ ᠠᠵᠤ ᠦᠢᠯᠡᠰᠤᠨ ᠲᠦᠷᠦᠯ ᠵᠦᠢᠯ 86 ᠪᠤᠢ᠃ ᠪᠦᠲᠦᠭᠡᠨ ᠪᠠᠢᠭᠤᠯᠵᠦ ᠪᠠᠷᠠᠬᠰᠠᠨᠤ ᠲᠠᠷᠠᠭ᠎ᠠ ᠭᠤᠤᠯ ᠭᠦᠢᠴᠡᠳᠭᠡᠯ ᠲᠤᠭ᠎ᠠ ᠵᠢᠨ ᠨᠢᠭᠡᠴᠢ ᠡᠨᠧᠷᠬᠢ ᠵᠢᠨ ᠬᠤᠷᠤᠭᠳᠠᠯᠤᠨ ᠨᠡᠭᠦᠷᠡᠰᠦᠳᠦ᠋ᠷᠦᠭᠴᠢ ᠭᠠᠳᠠᠬᠰᠢᠯᠠᠭᠤᠯᠬᠤ ᠬᠡᠮᠵᠢᠶ᠎ᠠ ≤ 0.3 ᠲᠤᠨ / ᠲᠤᠨ ᠪᠠᠷᠢᠮᠵᠢᠶᠠᠳᠤ ᠨᠡᠭᠦᠷᠡᠰᠤᠳᠤ ᠬᠦᠷᠴᠦ᠂ ᠤᠳᠤᠷᠢᠳᠤᠮᠵᠢ ᠵᠢᠨ ᠴᠢᠨᠠᠷᠲᠠᠢ ᠭᠦᠢᠴᠡᠳᠭᠡᠯ ᠲᠤᠭ᠎ᠠ ᠵᠢᠨ ᠴᠡᠪᠡᠷ ᠡᠨᠧᠷᠬᠢ ᠵᠢᠨ ᠬᠡᠷᠡᠭᠯᠡᠭᠡᠨᠤ ᠡᠵᠡᠯᠡᠬᠦ ᠬᠠᠷᠢᠴᠠᠯ ≥ 90% ᠪᠤᠯᠵᠦ᠂ ᠪᠤᠬᠢᠷᠳᠤᠯ ᠦᠭᠡᠢ ᠴᠠᠬᠢᠯᠭᠠᠨᠢ ᠰᠢᠭᠤᠤᠨ ᠬᠠᠩᠭᠠᠬᠤ ᠬᠠᠷᠢᠴᠠᠯ ≥50% ᠪᠤᠯᠤᠨ᠎ᠠ᠃
ᠤᠢᠯᠠᠭᠠᠭᠰᠠᠨ ᠵᠢᠡᠷ ᠤᠯᠤᠰᠤᠨ ᠲᠡᠰᠤᠨ ᠨᠡᠭᠦᠷᠡᠰᠦᠳᠦ᠋ᠷᠦᠭᠴᠢ ᠦᠯᠦ ᠭᠠᠳᠠᠬᠰᠢᠯᠠᠭᠤᠯᠬᠤ ᠬᠦᠷᠢᠶᠡᠯᠡᠩ ᠲᠤᠭᠤᠷᠢᠭᠢ ᠪᠠᠢᠭᠤᠯᠬᠤ ᠳ᠋ᠠᠭᠠᠨ ᠭᠤᠤᠯᠳᠠᠭᠤ 《ᠬᠤᠶᠠᠷ ᠬᠤᠪᠤᠷ ᠰᠢᠷᠤᠢ ᠵᠢᠨ ᠰᠠᠭᠤᠷᠢᠨ》 ᠤ᠋ ᠴᠢᠬᠤᠯᠠ ᠪᠠᠢᠯᠳᠤᠬᠤ ᠪᠤᠳᠤᠯᠭᠠᠳᠤ ᠴᠢᠭᠯᠡᠭᠦᠯᠦᠨ᠂ ᠪᠦᠬᠦ ᠤᠯᠤᠰᠤᠨ ᠰᠢᠨ᠎ᠠ ᠴᠢᠨᠠᠷᠤᠨ ᠦᠢᠯᠡᠳᠪᠦᠷᠢᠯᠡᠯᠤᠨ ᠬᠦᠴᠦᠨᠤ ᠬᠦᠭᠵᠢᠯᠳᠡ ᠵᠢᠨ ᠳᠡᠭᠡᠳᠦ ᠡᠨᠧᠷᠬᠢ ᠵᠢᠨ ᠲᠡᠰᠤᠨ ᠪᠠᠢᠯᠳᠤᠬᠤ ᠪᠤᠳᠤᠯᠭ᠎ᠠ ᠵᠢᠨ ᠲᠠᠪᠴᠠᠩ᠂ ᠪᠦᠬᠦ ᠤᠯᠤᠰᠤᠨ ᠬᠠᠭᠤᠴᠢᠨ ᠠᠵᠤ ᠦᠢᠯᠡᠳᠪᠦᠷᠢ ᠵᠢᠨ ᠰᠠᠭᠤᠷᠢᠨᠤ ᠪᠤᠬᠢᠷᠳᠤᠯ ᠦᠭᠡᠢ ᠨᠡᠭᠦᠷᠡᠰᠦᠳᠦ᠋ᠷᠦᠭᠴᠢ ᠪᠠᠭ᠎ᠠ ᠭᠠᠳᠠᠭᠰᠢᠯᠠᠭᠤᠯᠬᠤ ᠲᠡᠢᠰᠢ ᠬᠡᠯᠪᠡᠷᠢ ᠪᠠᠨ ᠬᠤᠪᠢᠷᠠᠭᠤᠯᠤᠨ ᠬᠦᠭᠵᠢᠬᠦ ᠳᠠᠭᠤᠷᠢᠶᠠᠯ ᠲᠤᠭᠤᠷᠢᠭ ᠵᠢᠴᠢ ᠢᠯᠡ ᠲᠤᠳᠤ ᠦᠪᠡᠷᠮᠢᠴᠡ ᠤᠨᠴᠠᠯᠢᠭ ᠪᠤᠯᠤᠨ ᠴᠢᠬᠤᠯᠠ ᠶᠡᠬᠡ ᠨᠦᠯᠦᠭᠡᠯᠡᠬᠦ ᠬᠦᠴᠦᠨ ᠪᠦᠬᠦᠢ ᠳᠡᠭᠡᠳᠦ ᠲᠡᠰᠤᠨ ᠨᠡᠭᠦᠷᠡᠰᠦᠳᠦ᠋ᠷᠦᠭᠴᠢ ᠦᠯᠦ ᠭᠠᠳᠠᠬᠰᠢᠯᠠᠭᠤᠯᠬᠤ ᠬᠦᠷᠢᠶᠡᠯᠡᠩ ᠲᠤᠭᠤᠷᠢᠭᠢ ᠪᠠᠢᠭᠤᠯᠬᠤ ᠪᠤᠯᠤᠨ᠎ᠠ᠃