— ᠠᠮᠤ ᠪᠤᠳᠠᠭ᠎ᠠ ᠶ᠋ᠢ ᠠᠷᠪᠢᠯᠠᠨ ᠭᠠᠮᠨᠠᠭᠰᠠᠨ ᠦᠪᠦᠷ ᠮᠤᠩᠭᠤᠯ ᠤ᠋ᠨ ᠦᠢᠯᠡᠳᠦᠯᠭᠡ ᠶ᠋ᠢ ᠲᠡᠮᠳᠡᠭᠯᠡᠪᠡ
ᠠᠮᠤ ᠪᠤᠳᠠᠭ᠎ᠠ ᠶ᠋ᠢ ᠠᠷᠪᠢᠯᠠᠨ ᠭᠠᠮᠨᠠᠬᠤ ᠪᠤᠯ ᠤᠯᠤᠰ ᠤ᠋ᠨ ᠦᠨᠳᠦᠰᠦᠨ ᠪᠤᠳᠤᠯᠭ᠎ᠠ ᠮᠦᠨ᠃ ᠤᠢᠷ᠎ᠠ ᠶ᠋ᠢᠨ ᠵᠢᠯ ᠳ᠋ᠤ ᠮᠠᠨ ᠤ᠋ ᠤᠷᠤᠨ 《 ᠠᠷᠪᠢᠯᠠᠨ ᠭᠠᠮᠨᠠᠬᠤ ᠴᠤ᠌ ᠤᠨᠠᠯᠳᠠ ᠶ᠋ᠢ ᠨᠡᠮᠡᠭᠳᠡᠭᠦᠯᠬᠦ ᠨᠢᠭᠡ ᠵᠦᠢᠯ ᠤ᠋ᠨ ᠬᠡᠯᠪᠡᠷᠢ ᠮᠦᠨ 》 ᠭᠡᠬᠦ ᠤᠬᠠᠮᠰᠠᠷ ᠢ᠋ ᠪᠠᠳᠤ ᠪᠤᠢ ᠪᠤᠯᠭᠠᠵᠤ ᠂ 《ᠬᠠᠳᠤᠵᠤ ᠬᠤᠷᠢᠶᠠᠬᠤ — ᠬᠦᠮᠦᠷᠭᠡᠯᠡᠨ ᠬᠠᠳᠠᠭᠠᠯᠠᠬᠤ — ᠡᠳ᠋ᠰᠢᠭᠦᠯᠦᠨ ᠪᠤᠯᠪᠠᠰᠤᠷᠠᠭᠤᠯᠬᠤ 》 ᠪᠦᠬᠦ ᠬᠡᠯᠬᠢᠶ᠎ᠠ ᠪᠡᠷ ᠠᠮᠤ ᠪᠤᠳᠠᠭ᠎ᠠ ᠶ᠋ᠢ ᠠᠷᠪᠢᠯᠠᠨ ᠭᠠᠮᠨᠠᠵᠤ ᠬᠤᠬᠢᠷᠠᠯ ᠢ᠋ ᠪᠠᠭᠠᠰᠬᠠᠬᠤ ᠠᠷᠭ᠎ᠠ ᠬᠡᠮᠵᠢᠶ᠎ᠠ ᠠᠪᠴᠤ᠂ ᠠᠮᠤ ᠪᠤᠳᠠᠭ᠎ᠠ ᠶ᠋ᠢᠨ ᠠᠮᠦᠷ ᠲᠦᠪᠰᠢᠨ ᠤ᠋ ᠬᠤᠷᠢᠭ᠎ᠠ ᠱᠤᠭᠤᠮ ᠢ᠋ ᠪᠠᠳᠤ ᠰᠠᠬᠢᠵᠤ ᠪᠠᠢᠨ᠎ᠠ᠃

ᠬᠠᠳᠤᠵᠤ ᠬᠤᠷᠢᠶᠠᠬᠤ ᠶᠠᠪᠤᠴᠠ ᠳ᠋ᠡᠬᠢ ᠬᠤᠬᠢᠷᠠᠯ ᠢ᠋ ᠪᠠᠭᠠᠰᠬᠠᠬᠤ ᠠᠵᠢᠯ ᠢ᠋ ᠡᠷᠴᠢᠮᠳᠠᠢ ᠠᠳᠬᠤᠪᠠ
ᠠᠮᠤ ᠪᠤᠳᠠᠭ᠎ᠠ ᠶ᠋ᠢ ᠠᠷᠪᠢᠯᠠᠨ ᠭᠠᠮᠨᠠᠬᠤ ᠪᠤᠯ ᠨᠢᠭᠡᠨ ᠰᠢᠰᠲ᠋ᠧᠮᠳᠦ ᠢᠨᠵᠧᠨᠧᠷᠢᠩ ᠪᠠᠢᠵᠤ᠂ ᠬᠠᠳᠤᠵᠤ ᠬᠤᠷᠢᠶᠠᠬᠤ ᠶᠠᠪᠤᠴᠠ ᠶ᠋ᠢᠨ ᠬᠤᠬᠢᠷᠠᠯ ᠢ᠋ ᠪᠠᠭᠠᠰᠬᠠᠬᠤ ᠪᠤᠯ ᠵᠠᠩᠬᠢᠯᠠᠭ᠎ᠠ ᠶ᠋ᠢᠨ ᠨᠢᠭᠡ ᠭᠤᠭᠴᠤᠭ᠎ᠠ ᠪᠤᠯᠤᠨ᠎ᠠ᠃
2025 ᠤᠨ ᠤ᠋ ᠨᠠᠮᠤᠷ᠂ ᠪᠠᠶᠠᠨᠨᠠᠭᠤᠷ ᠬᠤᠳᠠ ᠪᠤᠭᠤᠳᠠᠢ ᠶ᠋ᠢ ᠮᠠᠰᠢᠨ ᠶ᠋ᠢᠡᠷ ᠬᠠᠳᠤᠵᠤ ᠬᠤᠷᠢᠶᠠᠨ ᠬᠤᠬᠢᠷᠠᠯ ᠢ᠋ ᠪᠠᠭᠠᠰᠬᠠᠬᠤ ᠮᠦᠷᠦᠢᠴᠡᠭᠡᠨ ᠦᠷᠨᠢᠭᠦᠯᠬᠦ ᠪᠡᠷ ᠳᠠᠮᠵᠢᠨ ᠮᠠᠰᠢᠨ ᠶ᠋ᠢᠡᠷ ᠬᠠᠳᠤᠵᠤ ᠬᠤᠷᠢᠶᠠᠨ ᠬᠤᠬᠢᠷᠠᠯ ᠢ᠋ ᠪᠠᠭᠠᠰᠬᠠᠬᠤ ᠶ᠋ᠢᠨ ᠠᠴᠢ ᠬᠤᠯᠪᠤᠭᠳᠠᠯ ᠪᠠ ᠠᠵᠢᠯ ᠤ᠋ᠨ ᠱᠠᠭᠠᠷᠳᠠᠯᠭ᠎ᠠ ᠶ᠋ᠢ ᠦᠷᠭᠡᠨ ᠲᠠᠯᠬᠡᠷ ᠤᠬᠠᠭᠤᠯᠵᠤ᠂ 《 ᠬᠤᠬᠢᠷᠠᠯ ᠢ᠋ ᠪᠠᠭᠠᠰᠬᠠᠬᠤ ᠨᠢ ᠳᠠᠷᠤᠢ ᠤᠨᠠᠯᠳᠠ ᠶ᠋ᠢ ᠨᠡᠮᠡᠭᠳᠡᠭᠦᠯᠦᠭᠰᠡᠨ ᠶᠠᠪᠤᠳᠠᠯ ᠮᠦᠨ》 ᠭᠡᠬᠦ ᠤᠬᠠᠮᠰᠠᠷ ᠢ᠋ ᠮᠠᠰᠢᠨ ᠪᠠᠷᠢᠭᠴᠢ ᠶ᠋ᠢᠨ ᠰᠡᠳᠬᠢᠯ ᠳ᠋ᠤ ᠭᠦᠨ ᠬᠠᠳᠠᠩᠰᠢᠭᠤᠯᠪᠡ᠃ ᠬᠢᠨᠡᠨ ᠬᠡᠮᠵᠢᠭᠰᠡᠨ ᠲᠤᠭ᠎ᠠ ᠪᠠᠷᠢᠮᠳᠠ ᠶ᠋ᠢ ᠦᠨᠳᠦᠰᠦᠯᠡᠪᠡᠯ᠂2025 ᠤᠨ ᠳ᠋ᠤ ᠪᠠᠶᠠᠨᠨᠠᠭᠤᠷ ᠬᠤᠳᠠ ᠶ᠋ᠢᠨ ᠮᠠᠰᠢᠨ ᠶ᠋ᠢᠡᠷ ᠬᠠᠳᠤᠵᠤ ᠬᠤᠷᠢᠶᠠᠭᠰᠠᠨ ᠪᠤᠭᠤᠳᠠᠢ ᠶ᠋ᠢᠨ ᠠᠮᠤ ᠪᠤᠳᠠᠭᠠᠨ ᠤ᠋ ᠬᠤᠬᠢᠷᠠᠯ ᠤ᠋ᠨ ᠨᠤᠷᠮ᠎ᠠ ᠨᠢ 0.98% ᠪᠠᠢᠵᠤ᠂ 2024 ᠤᠨ ᠤ᠋ ᠬᠢ ᠡᠴᠡ 0.57% ᠪᠡᠷ ᠪᠠᠭᠤᠷᠠᠵᠠᠢ᠃
ᠤᠷᠳᠤᠰ ᠬᠤᠳᠠ ᠡᠯ᠎ᠠ ᠬᠤᠰᠢᠭᠤ ᠰᠢᠶᠠᠨ ᠢ᠋ ᠵᠢᠯᠤᠭᠤᠳᠤᠨ ᠤᠨᠤᠴᠠᠳᠠᠢ ᠪᠡᠷ ᠲᠠᠷᠢᠬᠤ ᠮᠠᠰᠢᠨ᠂ ᠦᠨᠳᠦᠷ ᠪᠦᠲᠦᠮᠵᠢᠳᠠᠢ ᠪᠡᠷ ᠬᠠᠳᠤᠵᠤ ᠬᠤᠷᠢᠶᠠᠬᠤ ᠮᠠᠰᠢᠨ ᠵᠡᠷᠭᠡ ᠰᠢᠨ᠎ᠠ ᠮᠠᠰᠢᠨ ᠲᠦᠬᠦᠭᠡᠷᠦᠮᠵᠢ ᠶ᠋ᠢ ᠤᠷᠤᠭᠤᠯᠤᠨ ᠠᠪᠴᠢᠷᠠᠵᠤ᠂ ᠮᠠᠯᠴᠢᠨ ᠲᠠᠷᠢᠶᠠᠴᠢᠳ ᠲᠤ᠌ ᠰᠢᠨ᠎ᠠ ᠮᠡᠷᠭᠡᠵᠢᠯ ᠢ᠋ ᠡᠵᠡᠮᠰᠢᠭᠦᠯᠪᠡ; ᠬᠦᠯᠦᠨ ᠪᠤᠢᠷ ᠬᠤᠳᠠ 《ᠰᠠᠢᠨ ᠲᠠᠷᠢᠶ᠎ᠠ᠂ ᠰᠠᠢᠨ ᠦᠷ᠎ᠠ᠂ ᠰᠠᠢᠨ ᠮᠠᠰᠢᠨ᠂ ᠰᠠᠢᠨ ᠠᠷᠭ᠎ᠠ 》 ᠶ᠋ᠢ ᠬᠠᠮᠵᠢᠯᠴᠠᠭᠤᠯᠤᠨ ᠠᠰᠢᠭᠯᠠᠵᠤ᠂ ᠠᠮᠤ ᠪᠤᠳᠠᠭ᠎ᠠ ᠶ᠋ᠢ ᠠᠷᠪᠢᠯᠠᠨ ᠭᠠᠮᠨᠠᠵᠤ ᠬᠤᠬᠢᠷᠠᠯ ᠢ᠋ ᠪᠠᠭᠠᠰᠬᠠᠬᠤ ᠶ᠋ᠢ ᠦᠢᠯᠡᠳᠪᠤᠷᠢᠯᠡᠯ ᠤ᠋ᠨ ᠡᠯ᠎ᠠ ᠭᠤᠭᠴᠤᠭ᠎ᠠ ᠳ᠋ᠤ ᠲᠤᠭᠤᠰᠢᠯᠠᠭᠤᠯᠪᠠ; ᠲᠦᠩᠯᠢᠶᠤᠤ ᠬᠤᠳᠠ ᠠᠷᠠᠴᠢᠯᠠᠬᠤ᠂ ᠬᠤᠷᠢᠶᠠᠬᠤ᠂ ᠬᠠᠳᠠᠭᠠᠯᠠᠬᠤ᠂ ᠵᠦᠭᠡᠭᠡᠪᠤᠷᠢᠯᠡᠬᠦ᠂ ᠡᠳ᠋ᠰᠢᠭᠦᠯᠦᠨ ᠪᠤᠯᠪᠠᠰᠤᠷᠠᠭᠤᠯᠬᠤ ᠪᠠ ᠬᠡᠷᠡᠭᠯᠡᠭᠡ ᠳ᠋ᠤ ᠤᠷᠤᠭᠤᠯᠬᠤ ᠪᠦᠬᠦ ᠬᠡᠯᠬᠢᠶ᠎ᠠ ᠶ᠋ᠢᠨ ᠬᠠᠮᠢᠶᠠᠷᠤᠯᠳᠠ ᠡᠵᠡᠮᠳᠡᠯ ᠢ᠋ ᠴᠢᠩᠭᠠᠳᠬᠠᠨ᠂ ᠲᠠᠷᠢᠶᠠᠯᠠᠩ ᠤ᠋ᠨ ᠮᠠᠰᠢᠨ ᠮᠡᠷᠭᠡᠵᠢᠯ ᠤ᠋ᠨ ᠲᠤᠰᠬᠠᠢ ᠮᠡᠷᠭᠡᠵᠢᠯᠳᠡᠨ ᠢ᠋ ᠵᠠᠯᠠᠵᠤ ᠪᠠᠢᠭᠠᠯᠢ ᠶ᠋ᠢᠨ ᠭᠠᠢ ᠭᠠᠮᠰᠢᠭ ᠤ᠋ᠨ ᠠᠮᠤ ᠲᠤᠰᠤᠨ ᠤ᠋ ᠲᠠᠷᠢᠮᠠᠯ ᠳ᠋ᠤ ᠦᠵᠡᠭᠦᠯᠬᠦ ᠨᠠᠵᠠᠭᠠᠢ ᠨᠦᠯᠦᠭᠡ ᠶ᠋ᠢ ᠪᠦᠬᠦ ᠬᠦᠴᠦᠨ ᠶ᠋ᠢᠡᠷ ᠪᠠᠭᠠᠰᠬᠠᠪᠠ ᠁ ᠲᠠᠷᠢᠶᠠᠯᠠᠩ ᠤ᠋ᠨ ᠮᠠᠰᠢᠨ ᠢ᠋ ᠰᠢᠨᠡᠴᠢᠯᠡᠨ ᠳᠡᠰ ᠳᠡᠪᠰᠢᠭᠦᠯᠬᠦ ᠡᠴᠡ ᠠᠮᠤ ᠪᠤᠳᠠᠭ᠎ᠠ ᠶ᠋ᠢ ᠬᠠᠳᠠᠭᠠᠬᠤ ᠦᠢᠯᠡᠴᠢᠯᠡᠭᠡ ᠶ᠋ᠢᠨ ᠲᠤᠤᠷ ᠢ᠋ ᠪᠦᠷᠢᠨᠰᠢᠭᠦᠯᠬᠦ ᠪᠤᠯᠳᠠᠯ᠎ᠠ᠂ ᠳᠠᠬᠢᠨ ᠤᠶᠤᠨᠴᠢ ᠠᠮᠤ ᠶ᠋ᠢᠨ ᠰᠠᠩ ᠢ᠋ ᠳᠡᠯᠭᠡᠷᠡᠭᠦᠯᠦᠨ ᠠᠮᠤ ᠪᠤᠳᠠᠭ᠎ᠠ ᠨᠦᠭᠡᠴᠡᠯᠡᠨ ᠬᠠᠳᠠᠭᠠᠯᠠᠬᠤ ᠭᠤᠭᠴᠤᠭ᠎ᠠ ᠶ᠋ᠢᠨ ᠬᠤᠬᠢᠷᠠᠯ ᠢ᠋ ᠪᠠᠭᠠᠰᠬᠠᠬᠤ ᠪᠤᠯᠳᠠᠯ᠎ᠠ᠂ ᠮᠠᠨ ᠤ᠋ ᠤᠷᠤᠨ ᠪᠦᠬᠦ ᠬᠡᠯᠬᠢᠶ᠎ᠠ᠂ ᠤᠯᠠᠨ ᠬᠠᠷᠠᠭᠠᠰᠦ ᠶ᠋ᠢᠨ ᠠᠮᠤ ᠪᠤᠳᠠᠭ᠎ᠠ ᠶ᠋ᠢ ᠠᠷᠪᠢᠯᠠᠨ ᠭᠠᠮᠨᠠᠵᠤ ᠬᠤᠬᠢᠷᠠᠯ ᠢ᠋ ᠪᠠᠭᠠᠰᠬᠠᠬᠤ ᠠᠷᠭ᠎ᠠ ᠬᠡᠮᠵᠢᠶ᠎ᠠ ᠶ᠋ᠢ ᠬᠠᠮᠵᠢᠯᠴᠠᠭᠤᠯᠤᠨ ᠬᠡᠷᠡᠭᠵᠢᠭᠦᠯᠪᠡ᠃
《 ᠤᠢᠷ᠎ᠠ ᠶ᠋ᠢᠨ ᠵᠢᠯ ᠳ᠋ᠤ ᠮᠠᠨ ᠤ᠋ ᠤᠷᠤᠨ ᠲᠠᠷᠢᠶᠠᠯᠠᠩ ᠤ᠋ᠨ ᠮᠠᠰᠢᠨ ᠬᠤᠳᠠᠯᠳᠤᠨ ᠠᠪᠴᠤ ᠬᠡᠷᠡᠭᠯᠡᠬᠦ ᠪᠠ ᠰᠢᠨᠡᠴᠢᠯᠡᠬᠦ ᠨᠦᠬᠦᠪᠤᠷᠢ ᠵᠡᠷᠭᠡ ᠲᠦᠷᠦ ᠶ᠋ᠢᠨ ᠪᠤᠳᠤᠯᠭ᠎ᠠ ᠶ᠋ᠢ ᠨᠢᠭᠡᠳᠦᠯᠳᠠᠢ ᠲᠦᠯᠦᠪᠵᠢᠭᠦᠯᠦᠨ ᠰᠠᠢᠳᠦᠷ ᠠᠰᠢᠭᠯᠠᠵᠤ᠂ ᠬᠠᠭᠤᠴᠢᠨ ᠲᠠᠷᠢᠶᠠᠯᠠᠩ ᠤ᠋ᠨ ᠮᠠᠰᠢᠨ ᠢ᠋ ᠳᠠᠶᠠᠭᠳᠠᠭᠤᠯᠤᠨ᠂ ᠦᠨᠳᠦᠷ ᠪᠦᠲᠦᠮᠵᠢᠳᠠᠢ ᠪᠦᠭᠡᠳ ᠬᠤᠬᠢᠷᠠᠯ ᠵᠢᠡᠷ ᠪᠠᠭᠠᠳᠠᠢ ᠲᠠᠷᠢᠶᠠᠯᠠᠩ ᠤ᠋ᠨ ᠮᠠᠰᠢᠨ ᠢ᠋ ᠰᠤᠳᠤᠯᠤᠨ ᠦᠢᠯᠡᠳᠴᠤ ᠠᠰᠢᠭᠯᠠᠯᠳᠠ ᠳ᠋ᠤ ᠤᠷᠤᠭᠤᠯᠬᠤ ᠶ᠋ᠢ ᠲᠦᠷᠭᠡᠳᠭᠡᠵᠠᠢ᠃ 2024 ᠤᠨ ᠳ᠋ᠤ ᠪᠦᠬᠦ ᠤᠷᠤᠨ ᠤ᠋ ᠪᠤᠭᠤᠳᠠᠢ᠂ ᠤᠰᠤᠨ ᠲᠤᠳᠤᠷᠭ᠎ᠠ᠂ ᠡᠷᠳᠡᠨᠢ ᠰᠢᠰᠢ᠂ ᠰᠢᠷ᠎ᠠ ᠪᠤᠷᠴᠠᠭ᠂ ᠰᠢᠯᠢᠮᠳᠡᠭ ᠵᠡᠷᠭᠡ ᠲᠠᠷᠢᠮᠠᠯ ᠢ᠋ ᠮᠠᠰᠢᠨ ᠶ᠋ᠢᠡᠷ ᠬᠠᠳᠤᠵᠤ ᠬᠤᠷᠢᠶᠠᠬᠤ ᠶᠠᠪᠤᠴᠠ ᠳ᠋ᠡᠬᠢ ᠬᠤᠬᠢᠷᠠᠯ ᠨᠢ ᠲᠤᠰ ᠲᠤᠰ 1%᠂ 1.8%᠂ 1.6%᠂ 2.8%᠂ 5.1% ᠪᠠᠢᠵᠤ᠂ ᠴᠦᠮ ᠤᠯᠤᠰ ᠤ᠋ᠨ ᠱᠠᠭᠠᠷᠳᠠᠯᠭ᠎ᠠ ᠡᠴᠡ ᠰᠠᠢᠨ ᠦᠷ᠎ᠠ ᠪᠦᠲᠦᠮᠵᠢ ᠵᠢ ᠤᠯᠪᠠ 》 ᠭᠡᠵᠦ ᠦᠪᠡᠷᠳᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠩᠬᠢᠮ ᠤ᠋ᠨ ᠲᠠᠷᠢᠶᠠᠯᠠᠩ ᠤ᠋ᠨ ᠮᠠᠰᠢᠨ ᠤ᠋ ᠲᠤᠪᠴᠢᠶ᠎ᠠ ᠶ᠋ᠢᠨ ᠳᠡᠳ᠋ ᠳᠠᠷᠤᠭ᠎ᠠ ᠶᠠᠩ ᠰᠢᠤ ᠭᠤᠸᠠᠩ ᠶᠠᠷᠢᠵᠤ ᠪᠠᠢᠯ᠎ᠠ᠃
ᠡᠭᠦᠨ ᠤ᠋ ᠵᠡᠷᠭᠡ ᠪᠡᠷ ᠮᠠᠨ ᠤ᠋ ᠤᠷᠤᠨ 1088 ᠲᠦᠮᠡᠨ ᠮᠤ᠌ ᠶ᠋ᠢᠨ ᠤᠨᠠᠯᠳᠠ ᠶ᠋ᠢ ᠨᠡᠮᠡᠭᠳᠡᠭᠦᠯᠬᠦ ᠵᠢᠱ᠌ᠢᠶᠠ ᠦᠵᠡᠭᠦᠯᠬᠦ ᠲᠠᠷᠢᠶ᠎ᠠ᠂ 1000 ᠲᠦᠮᠡᠨ ᠮᠤ᠌ ᠶ᠋ᠢᠨ 《ᠲᠤᠨ ᠤ᠋ ᠤᠨᠠᠯᠳᠠ ᠲᠠᠢ ᠲᠠᠷᠢᠶ᠎ᠠ 》 ᠶ᠋ᠢ ᠪᠦᠲᠦᠭᠡᠨ ᠪᠠᠢᠭᠤᠯᠵᠤ᠂ ᠤᠰᠤ ᠪᠤᠷᠳᠤᠭᠤᠷ ᠢ᠋ ᠨᠢᠭᠡ ᠴᠤᠭᠴᠠᠵᠢᠭᠤᠯᠤᠭᠰᠠᠨ ᠲᠠᠷᠢᠶ᠎ᠠ ᠶ᠋ᠢ 271 ᠲᠦᠮᠡᠨ ᠮᠤ᠌ ᠳ᠋ᠤ ᠬᠦᠷᠭᠡᠨ᠂ ᠮᠡᠷᠭᠡᠵᠢᠯ ᠤ᠋ᠨ ᠳᠡᠰ ᠳᠡᠪᠰᠢᠯᠳᠠ ᠪᠡᠷ ᠲᠠᠷᠢᠶᠠᠯᠠᠩ ᠤ᠋ᠨ ᠭᠠᠮᠰᠢᠭ ᠢ᠋ ᠡᠰᠡᠷᠭᠦᠴᠡᠬᠦ ᠡᠪᠡᠳᠴᠢᠨ ᠬᠤᠷᠤᠬᠠᠢ ᠶ᠋ᠢᠨ ᠬᠦᠨᠦᠭᠡᠯ ᠢ᠋ ᠰᠡᠷᠭᠡᠢᠯᠡᠬᠦ ᠴᠢᠳᠠᠪᠤᠷᠢ ᠵᠢ ᠪᠦᠲᠦᠮᠵᠢᠳᠠᠢ ᠳᠡᠭᠡᠭᠰᠢᠯᠡᠭᠦᠯᠵᠤ᠂ ᠠᠮᠤ ᠪᠤᠳᠠᠭᠠᠨ ᠤ᠋ ᠤᠨᠠᠯᠳᠠ ᠶ᠋ᠢ ᠪᠠᠳᠤᠯᠠᠵᠠᠢ᠃
ᠰᠢᠨᠵᠢᠯᠡᠬᠦ ᠤᠬᠠᠭᠠᠨᠴᠢ ᠪᠡᠷ ᠬᠦᠮᠦᠷᠭᠡᠯᠡᠨ ᠬᠠᠳᠠᠭᠠᠯᠠᠵᠤ ᠠᠷᠪᠢᠯᠠᠨ ᠭᠠᠮᠨᠠᠬᠤ ᠳᠠᠩᠰᠠ ᠶ᠋ᠢ ᠨᠠᠷᠢᠨ ᠪᠤᠳᠤᠪᠠ
ᠨᠠᠮᠤᠷ ᠤ᠋ᠨ ᠰᠡᠭᠦᠯᠴᠢ ᠡᠪᠤᠯ ᠤ᠋ᠨ ᠡᠬᠢᠨ ᠶ᠋ᠢᠡᠷ ᠬᠢᠩᠭᠠᠨ ᠠᠢᠮᠠᠭ ᠤ᠋ᠨ ᠬᠦᠳᠡᠭᠡ ᠨᠤᠳᠤᠭ ᠲᠤ᠌ ᠬᠦᠷᠪᠡᠯ ᠰᠦᠷᠦᠭ ᠰᠦᠷᠦᠭ ᠶ᠋ᠢᠡᠷ ᠡᠩᠨᠡᠷᠡᠨ ᠵᠢᠭᠰᠠᠬᠤ 《 ᠡᠷᠳᠡᠨᠢ ᠰᠢᠰᠢ ᠶ᠋ᠢᠨ ᠰᠢᠪᠡᠭᠡ 》 ᠶ᠋ᠢ ᠤᠯᠵᠤ ᠬᠠᠷᠠᠳᠠᠭ᠃ ᠡᠨᠡ ᠪᠤᠯ ᠬᠢᠩᠭᠠᠨ ᠠᠢᠮᠠᠭ ᠤ᠋ᠨ ᠨᠠᠮᠤᠷ ᠤ᠋ᠨ ᠠᠮᠤ ᠪᠤᠳᠠᠭ᠎ᠠ ᠪᠡᠨ ᠬᠠᠳᠠᠭᠠᠯᠠᠬᠤ ᠬᠦᠴᠢᠷ ᠠᠰᠠᠭᠤᠳᠠᠯ ᠢ᠋ ᠰᠢᠢᠳᠪᠤᠷᠢᠯᠡᠬᠦ ᠶ᠋ᠢᠨ ᠲᠦᠯᠦᠭᠡ ᠡᠭᠦᠳᠦᠭᠰᠡᠨ 《ᠰᠢᠳᠢᠳᠦ ᠵᠡᠪᠰᠡᠭ 》 ᠶᠤᠮ᠃
《ᠦᠩᠭᠡᠷᠡᠭᠰᠡᠨ ᠳ᠋ᠤ ᠡᠷᠳᠡᠨᠢ ᠰᠢᠰᠢ ᠪᠡᠨ ᠬᠤᠷᠢᠶᠠᠵᠤ ᠠᠪᠴᠢᠷᠠᠪᠠᠯ ᠦᠲᠦᠷᠮᠠ ᠪᠤᠶᠤ ᠬᠦᠷᠢᠶᠡᠨ ᠳ᠋ᠡᠭᠡᠨ ᠤᠪᠤᠭᠠᠯᠠᠵᠤ᠂ ᠪᠤᠷᠤᠭᠠᠨ ᠴᠠᠰᠤ ᠤᠷᠤᠬᠤ ᠡᠴᠡ ᠶᠡᠬᠡ ᠠᠶᠤᠨ᠎ᠠ᠃ ᠤᠳᠤ ᠲᠦᠪᠯᠡᠷᠡᠭᠦᠯᠦᠨ ᠰᠢᠪᠡᠭᠡ ᠳ᠋ᠤ ᠬᠢᠬᠦ ᠪᠤᠯᠤᠭᠰᠠᠨ ᠡᠴᠡ ᠵᠤᠪᠠᠬᠤ ᠶᠠᠪᠤᠳᠠᠯ ᠦᠭᠡᠢ ᠪᠤᠯᠵᠤ᠂ ᠨᠢᠭᠡ ᠵᠢᠯ ᠲᠠᠯᠪᠢᠭᠰᠠᠨ ᠴᠤ᠌ ᠠᠰᠠᠭᠤᠳᠠᠯ ᠦᠭᠡᠢ᠃ ᠡᠨᠡ ᠰᠢᠪᠡᠭᠡ ᠵᠢᠪᠠᠷ ᠨᠡᠪᠳᠡᠷᠡᠬᠦ ᠪᠡᠷ ᠰᠠᠢᠨ ᠪᠤᠯᠬᠤᠷ ᠴᠢᠬᠢᠭᠳᠡᠵᠤ ᠸᠠᠯᠠᠬᠤ ᠦᠭᠡᠢ᠃ 30 ᠮᠤ᠌ ᠲᠠᠷᠢᠶ᠎ᠠ ᠡᠴᠡ ᠪᠠᠷᠤᠭ 1500 ᠵᠢᠩ ᠤ᠋ᠨ ᠬᠤᠬᠢᠷᠠᠯ ᠢ᠋ ᠪᠠᠭᠠᠰᠬᠠᠬᠤ ᠳᠡᠢᠯᠬᠦ ᠪᠦᠭᠡᠳ ᠢᠩᠬᠢᠵᠦ ᠬᠠᠳᠠᠭᠠᠯᠠᠭᠰᠠᠨ ᠡᠷᠳᠡᠨᠢ ᠰᠢᠰᠢ ᠵᠢᠩ ᠪᠦᠷᠢ ᠳ᠋ᠡᠭᠡᠨ ᠬᠤᠶᠠᠷ ᠭᠤᠷᠪᠠᠨ ᠹᠦᠨ ᠦᠨᠡᠳᠡᠢ ᠪᠠᠢᠳᠠᠭ 》 ᠭᠡᠵᠦ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ᠋ ᠡᠷᠬᠡᠳᠦ ᠪᠠᠯᠭᠠᠰᠤ ᠶ᠋ᠢᠨ ᠰᠢᠩ ᠮᠤ᠌ ᠭᠠᠴᠠᠭ᠎ᠠ ᠶ᠋ᠢᠨ ᠲᠠᠷᠢᠶᠠᠴᠢᠨ ᠰᠢᠤᠢ ᠹᠦ ᠲᠦᠪᠯᠡᠷᠡᠭᠦᠯᠦᠨ ᠬᠠᠳᠠᠭᠠᠬᠤ ᠴᠡᠭ ᠤ᠋ᠨ ᠲᠡᠮᠦᠷ ᠲᠤᠤᠷ ᠶ᠋ᠢᠡᠷ ᠪᠠᠷᠢᠭᠰᠠᠨ 《 ᠡᠷᠳᠡᠨᠢ ᠰᠢᠰᠢ ᠶ᠋ᠢᠨ ᠰᠢᠪᠡᠭᠡ 》 ᠲᠤᠳᠤᠷᠠᠬᠢ ᠬᠠᠳᠠᠭᠰᠠᠨ ᠡᠷᠳᠡᠨᠢ ᠰᠢᠰᠢ ᠶ᠋ᠢ ᠵᠢᠭᠠᠵᠤ ᠲᠠᠢᠪᠤᠭᠤᠬᠠᠨ ᠶᠠᠷᠢᠨ᠎ᠠ᠃
《 ᠨᠠᠮᠤᠷ ᠤ᠋ᠨ ᠬᠤᠷᠢᠶᠠᠯᠳᠠ ᠳᠠᠭᠤᠰᠤᠭᠰᠠᠭᠠᠷ ᠮᠠᠨ ᠤ᠋ ᠬᠢᠨ ᠡᠷᠳᠡᠨᠢ ᠰᠢᠰᠢ ᠪᠡᠨ ᠡᠨᠳᠡ ᠵᠦᠭᠡᠭᠡᠵᠦ ᠠᠪᠴᠢᠷᠠᠭᠠᠳ ᠰᠢᠪᠡᠭᠡ ᠳ᠋ᠤ ᠬᠢᠴᠢᠬᠡᠨᠠ ᠂ ᠵᠠᠷᠢᠮ ᠨᠢ ᠴᠠᠭ ᠵᠠᠪ ᠶ᠋ᠢᠡᠷ ᠶ᠋ᠢᠡᠨ ᠡᠷᠳᠡᠨᠢ ᠰᠢᠰᠢ ᠪᠡᠨ ᠡᠷᠬᠢᠵᠦ ᠦᠵᠡᠳᠡᠭ 》 ᠭᠡᠵᠦ ᠰᠢᠩ ᠮᠤ᠌ ᠭᠠᠴᠠᠭ᠎ᠠ ᠶ᠋ᠢᠨ ᠨᠠᠮ ᠤ᠋ᠨ ᠡᠬᠦᠷ ᠤ᠋ᠨ ᠱᠦᠵᠢ ᠱᠠᠨ ᠵᠢᠢ ᠺᠦᠢ ᠲᠠᠨᠢᠯᠴᠠᠭᠤᠯᠵᠤ ᠪᠠᠢᠯ᠎ᠠ᠃
ᠰᠢᠩ ᠮᠤ᠌ ᠭᠠᠴᠠᠭ᠎ᠠ ᠡᠴᠡ ᠭᠠᠳᠠᠨ᠎ᠠ ᠂ ᠬᠢᠩᠭᠠᠨ ᠠᠢᠮᠠᠭ ᠤ᠋ᠨ ᠲᠡᠯᠡᠭᠡᠨᠮᠤᠳᠤ ᠪᠠᠯᠭᠠᠰᠦ ᠶ᠋ᠢᠨ ᠬᠢᠨ ᠪᠠᠰᠠ ᠦᠪᠡᠷ ᠤ᠋ᠨ ᠭᠡᠰᠡᠨ ᠰᠢᠨᠵᠢᠯᠡᠬᠦ ᠤᠬᠠᠭᠠᠨᠴᠢ ᠪᠡᠷ ᠠᠮᠤ ᠪᠤᠳᠠᠭ᠎ᠠ ᠵᠢ ᠬᠦᠮᠦᠷᠭᠡᠯᠡᠨ ᠬᠠᠳᠠᠭᠠᠯᠠᠬᠤ ᠠᠷᠭ᠎ᠠ ᠲᠠᠢ ᠪᠤᠯᠵᠠᠢ᠃
《 ᠦᠩᠭᠡᠷᠡᠭᠰᠡᠨ ᠳ᠋ᠤ ᠡᠷᠳᠡᠨᠢ ᠰᠢᠰᠢ ᠪᠡᠨ ᠬᠦᠮᠦᠨ ᠤ᠋ ᠬᠦᠴᠦ ᠪᠡᠷ ᠬᠠᠳᠤᠵᠤ ᠬᠤᠷᠢᠶᠠᠭᠠᠳ ᠭᠠᠵᠠᠷ ᠲᠤ᠌ ᠳᠡᠯᠭᠡᠵᠤ ᠬᠠᠳᠠᠭᠠᠭᠰᠠᠨ ᠤ᠋ ᠳᠠᠷᠠᠭ᠎ᠠ ᠮᠦᠯᠢᠳᠡᠭ᠃ ᠲᠡᠭᠡᠬᠦ ᠳ᠋ᠤ ᠠᠵᠢᠯ ᠤ᠋ᠨ ᠪᠦᠲᠦᠮᠵᠢ ᠠᠨᠠᠢ ᠪᠦᠭᠡᠳ ᠠᠮᠤ ᠪᠤᠳᠠᠭᠠᠨ ᠤ᠋ ᠬᠤᠬᠢᠷᠠᠯ ᠶᠡᠬᠡᠳᠠᠢ ᠶᠤᠮ ᠃ ᠤᠳᠤ ᠡᠷᠳᠡᠨᠢ ᠰᠢᠰᠢ ᠪᠡᠨ ᠲᠡᠭᠦᠬᠦ᠂ ᠬᠠᠯᠢᠰᠦ ᠶ᠋ᠢ ᠨᠢ ᠱᠠᠭᠠᠯᠬᠤ᠂ ᠮᠦᠯᠢᠬᠦ ᠡᠴᠡ ᠵᠦᠭᠡᠭᠡᠪᠤᠷᠢᠯᠡᠬᠦ ᠪᠤᠯᠳᠠᠯᠡᠬᠢ ᠡᠯ᠎ᠠ ᠭᠤᠭᠴᠤᠭ᠎ᠠ ᠶ᠋ᠢᠨ ᠠᠵᠢᠯ ᠢ᠋ ᠰᠢᠨ᠎ᠠ ᠬᠡᠯᠪᠡᠷᠢ ᠶ᠋ᠢᠨ ᠮᠦᠯᠢᠵᠤ ᠬᠤᠷᠢᠶᠠᠬᠤ ᠮᠠᠰᠢᠨ ᠶ᠋ᠢᠡᠷ ᠨᠢᠭᠡ ᠯᠡ ᠠᠮᠢᠰᠬᠤᠭ᠎ᠠ ᠪᠡᠷ ᠭᠦᠢᠴᠡᠳᠭᠡᠴᠢᠬᠡᠨᠠ᠃ ᠮᠦᠯᠢᠵᠦ ᠬᠤᠷᠢᠶᠠᠬᠤ ᠮᠠᠰᠢᠨ ᠶ᠋ᠢᠡᠷ ᠬᠤᠷᠢᠶᠠᠭᠰᠠᠨ ᠡᠷᠳᠡᠨᠢ ᠰᠢᠰᠢ ᠪᠡᠨ ᠬᠠᠭᠰᠠᠭᠠᠬᠤ ᠰᠤᠪᠤᠷᠭ᠎ᠠ ᠳ᠋ᠤ ᠰᠢᠭᠤᠳ ᠬᠠᠳᠠᠭᠠᠭᠠᠳ᠂ ᠪᠠᠷᠢᠨ ᠲᠤᠤᠷ᠎ᠠ ᠨᠢ ᠪᠠᠷᠢᠮᠵᠢᠶᠠᠵᠢᠭᠰᠠᠨ ᠬᠦᠮᠦᠷᠭᠡ ᠳ᠋ᠤ ᠬᠠᠳᠠᠭᠠᠯᠠᠴᠢᠬᠠᠨᠠ》 ᠭᠡᠵᠦ ᠬᠢᠩᠭᠠᠨ ᠤ᠋ ᠠᠳᠠᠷ ᠬᠠᠭᠠᠯᠪᠤᠷᠢᠯᠠᠯᠳᠠ ᠶ᠋ᠢᠨ ᠪᠦᠯᠦᠭᠯᠡᠯ ᠤ᠋ᠨ ᠲᠡᠯᠡᠭᠡᠨᠮᠤᠳᠤ ᠲᠠᠷᠢᠶᠠᠯᠠᠩ ᠤ᠋ᠨ ᠲᠠᠯᠠᠪᠠᠢ ᠶ᠋ᠢᠨ ᠬᠡᠪᠴᠢᠶᠡᠵᠢᠭᠰᠡᠨ ᠬᠠᠮᠢᠶᠠᠷᠤᠯᠳᠠ ᠶ᠋ᠢᠨ ᠲᠤᠭᠤᠷᠢᠭ ᠤ᠋ᠨ ᠨᠢᠭᠡᠳᠦᠭᠡᠷ ᠲᠤᠭᠤᠷᠢᠭ ᠤ᠋ᠨ ᠡᠷᠬᠢᠯᠡᠭᠴᠢ ᠠᠨ ᠸᠧᠨ ᠫᠧᠩ ᠶᠠᠷᠢᠵᠤ ᠪᠠᠢᠯ᠎ᠠ᠃
ᠤᠢᠯᠠᠭᠠᠭᠰᠠᠨ ᠶ᠋ᠢᠡᠷ᠂ ᠤᠳᠤ ᠬᠢᠩᠭᠠᠨ ᠤ᠋ ᠠᠳᠠᠷ ᠬᠠᠭᠠᠯᠪᠤᠷᠢᠯᠠᠯᠳᠠ ᠶ᠋ᠢᠨ ᠪᠦᠯᠦᠭᠯᠡᠯ ᠤ᠋ᠨ ᠬᠢᠨ 20 ᠲᠦᠮᠡᠨ ᠮᠤ᠌ ᠶ᠋ᠢᠨ ᠬᠡᠪᠴᠢᠶᠡᠵᠢᠭᠰᠡᠨ ᠲᠠᠷᠢᠮᠠᠯ ᠤ᠋ᠨ ᠰᠠᠭᠤᠷᠢᠨ ᠤ᠋ ᠡᠷᠳᠡᠨᠢ ᠰᠢᠰᠢ ᠪᠡᠨ ᠴᠦᠮ ᠡᠢᠨ ᠬᠦ᠌ ᠰᠢᠭᠤᠳ ᠮᠦᠯᠢᠬᠦ ᠠᠷᠭ᠎ᠠ ᠪᠡᠷ ᠬᠤᠷᠢᠶᠠᠵᠤ ᠪᠤᠢ᠃ ᠲᠡᠳᠡ ᠪᠠᠰᠠ ᠡᠷᠬᠢᠨ ᠲᠤᠭᠤᠷᠢᠨ ᠤ᠋ ᠲᠠᠷᠢᠶᠠᠯᠠᠬᠤ ᠡᠷᠦᠬᠡ ᠳ᠋ᠤ ᠪᠤᠰᠤᠭ᠎ᠠ ᠴᠤᠭᠴᠠᠳᠤ ᠠᠮᠤ ᠬᠠᠳᠠᠭᠠᠯᠠᠬᠤ ᠬᠦᠮᠦᠷᠭᠡ ᠬᠠᠩᠭᠠᠵᠤ᠂ ᠠᠮᠤ ᠬᠠᠳᠠᠭᠠᠯᠠᠬᠤ ᠬᠦᠴᠢᠷ ᠠᠰᠠᠭᠤᠳᠠᠯ ᠢ᠋ ᠨᠢ ᠰᠢᠢᠳᠪᠤᠷᠢᠯᠡᠵᠦ ᠪᠠᠢᠨ᠎ᠠ᠃
《 ᠪᠢᠳᠡ ᠪᠤᠰᠤᠭ᠎ᠠ ᠴᠤᠭᠴᠠ ᠪᠡᠷ ᠠᠮᠤ ᠪᠤᠳᠠᠭ᠎ᠠ ᠬᠠᠳᠠᠭᠠᠯᠠᠬᠤ᠂ ᠲᠦᠪᠯᠡᠷᠡᠭᠦᠯᠦᠨ ᠠᠮᠤ ᠪᠤᠳᠠᠭ᠎ᠠ ᠬᠠᠳᠠᠭᠠᠯᠠᠬᠤ᠂ ᠠᠮᠤ ᠪᠤᠳᠠᠭ᠎ᠠ ᠶ᠋ᠢ ᠤᠷᠤᠯᠠᠨ ᠬᠠᠳᠠᠭᠠᠯᠠᠬᠤ᠂ ᠰᠢᠭᠤᠳ ᠮᠦᠯᠢᠵᠤ ᠬᠤᠷᠢᠶᠠᠭᠠᠳ ᠬᠠᠭᠰᠠᠭᠠᠨ ᠬᠠᠳᠠᠭᠠᠯᠠᠬᠤ ᠵᠡᠷᠭᠡ 4 ᠵᠦᠢᠯ ᠤ᠋ᠨ ᠰᠢᠨᠵᠢᠯᠡᠬᠦ ᠤᠬᠠᠭᠠᠨᠴᠢ ᠪᠡᠷ ᠠᠮᠤ ᠪᠤᠳᠠᠭ᠎ᠠ ᠵᠢ ᠨᠦᠭᠡᠴᠡᠯᠡᠨ ᠬᠠᠳᠠᠭᠠᠯᠠᠬᠤ 〈ᠬᠢᠩᠭᠠᠨ ᠤ᠋ ᠵᠠᠭᠪᠤᠷ〉 ᠢ᠋ ᠡᠭᠦᠳᠴᠠᠢ᠃ 2025 ᠤᠨ ᠳ᠋ᠤ ᠪᠦᠬᠦ ᠠᠢᠮᠠᠭ ᠤ᠋ᠨ ᠡᠷᠳᠡᠨᠢ ᠰᠢᠰᠢ ᠶ᠋ᠢᠨ ᠶᠡᠷᠦᠩᠬᠡᠢ ᠤᠨᠠᠯᠳᠠ 120 ᠳ᠋ᠦᠩᠰᠢᠭᠤᠷ ᠵᠢᠩ ᠳ᠋ᠤ ᠬᠦᠷᠴᠤ᠂ 90% ᠶ᠋ᠢ ᠨᠢ ᠰᠢᠨᠵᠢᠯᠡᠬᠦ ᠤᠬᠠᠭᠠᠨᠴᠢ ᠪᠡᠷ ᠬᠠᠳᠠᠭᠠᠯᠠᠵᠤ ᠨᠦᠭᠡᠴᠡᠯᠡᠨ᠂ ᠪᠦᠬᠦ ᠠᠢᠮᠠᠭ ᠤ᠋ᠨ ᠠᠮᠤ ᠪᠤᠳᠠᠭᠠᠨ ᠤ᠋ ᠶᠡᠷᠦᠩᠬᠡᠢ ᠤᠨᠠᠯᠳᠠ ᠶ᠋ᠢᠨ 5% ᠤᠷᠴᠢᠮ ᠢ᠋ ᠢᠩᠬᠢᠵᠦ ᠭᠠᠮᠨᠠᠵᠤ ᠤᠯᠤᠭᠰᠠᠨ ᠶᠤᠮ》 ᠭᠡᠵᠦ ᠬᠢᠩᠭᠠᠨ ᠠᠢᠮᠠᠭ ᠤ᠋ᠨ ᠬᠦᠭᠵᠢᠭᠦᠯᠦᠯᠳᠡ ᠪᠠ ᠦᠭᠡᠷᠡᠴᠢᠯᠡᠯᠳᠡ ᠶ᠋ᠢᠨ ᠵᠦᠪᠯᠡᠯ ᠤ᠋ᠨ ᠳᠡᠳ᠋ ᠡᠷᠬᠢᠯᠡᠭᠴᠢ ᠯᠢᠤ ᠶᠠᠩ ᠶᠠᠷᠢᠪᠠ᠃
ᠤᠢᠯᠠᠭᠠᠭᠰᠠᠨ ᠵᠢᠡᠷ᠂ ᠠᠮᠤ ᠪᠤᠳᠠᠭ᠎ᠠ ᠵᠢ ᠨᠦᠭᠡᠴᠡᠯᠡᠨ ᠬᠠᠳᠠᠭᠠᠯᠠᠬᠤ 《 ᠬᠢᠩᠭᠠᠨ ᠤ᠋ ᠵᠠᠭᠪᠤᠷ》 ᠢ᠋ ᠪᠦᠬᠦ ᠤᠷᠤᠨ ᠳ᠋ᠤ ᠳᠡᠯᠭᠡᠷᠡᠭᠦᠯᠦᠨ ᠬᠡᠷᠡᠭᠯᠡᠵᠦ ᠪᠤᠢ᠃ ᠡᠭᠦᠨ ᠤ᠋ ᠵᠡᠷᠭᠡ ᠪᠡᠷ᠂ ᠤᠢᠷ᠎ᠠ ᠶ᠋ᠢᠨ ᠵᠢᠯ ᠳ᠋ᠤ ᠮᠠᠨ ᠤ᠋ ᠤᠷᠤᠨ ᠨᠠᠷᠢᠯᠢᠭ ᠪᠤᠯᠪᠠᠰᠤᠷᠠᠭᠤᠯᠬᠤ ᠪᠠ ᠳᠠᠭᠠᠯᠳᠠ ᠪᠦᠲᠦᠭᠡᠭᠳᠡᠭᠦᠨ ᠢ᠋ ᠶᠡᠷᠦᠩᠬᠡᠢᠯᠡᠨ ᠠᠰᠢᠭᠯᠠᠬᠤ ᠦᠢᠯᠡᠰ ᠢ᠋ ᠳᠡᠮᠵᠢᠨ ᠬᠦᠭᠵᠢᠭᠦᠯᠵᠦ᠂ ᠪᠦᠬᠦ ᠤᠷᠤᠨ ᠳ᠋ᠤ ᠠᠮᠤ ᠪᠤᠳᠠᠭᠠᠨ ᠤ᠋ ᠬᠤᠷᠢᠶᠠᠯᠳᠠ ᠶ᠋ᠢᠨ ᠳᠠᠷᠠᠭᠠᠬᠢ ᠦᠢᠯᠡᠴᠢᠯᠡᠭᠡᠨ ᠤ᠋ ᠲᠦᠪ ᠢ᠋ 578 ᠪᠠᠢᠭᠤᠯᠤᠨ᠂ ᠠᠮᠤ ᠪᠤᠳᠠᠭ᠎ᠠ ᠶ᠋ᠢ ᠴᠠᠭ ᠲᠤᠬᠠᠢ ᠳ᠋ᠤᠨᠢ ᠬᠠᠳᠠᠭᠠᠬᠤ ᠪᠠ ᠪᠤᠷᠤᠯᠠᠭᠤᠯᠬᠤ ᠦᠢᠯᠡᠴᠢᠯᠡᠭᠡ ᠬᠠᠩᠭᠠᠵᠤ᠂ ᠠᠮᠤ ᠪᠤᠳᠠᠭᠠᠨ ᠤ᠋ ᠬᠤᠬᠢᠷᠠᠯ ᠢ᠋ ᠪᠠᠭᠠᠰᠬᠠᠬᠤ ᠳ᠋ᠤ ᠬᠦᠴᠦᠨ ᠵᠢᠳᠭᠦᠯ ᠦᠵᠡᠭᠦᠯᠵᠦ ᠪᠠᠢᠨ᠎ᠠ᠃
ᠪᠤᠯᠪᠠᠰᠤᠨ ᠶ᠋ᠢᠡᠷ ᠬᠤᠭᠤᠯᠠᠯᠠᠵᠤ ᠠᠮᠤ ᠪᠤᠳᠠᠭ᠎ᠠ ᠶ᠋ᠢ ᠪᠦᠷᠢᠯᠭᠡᠬᠦ ᠦᠭᠡᠢ ᠪᠠᠢᠬᠤ ᠶ᠋ᠢ ᠰᠤᠷᠳᠠᠯᠴᠢᠯᠠᠪᠡ
《ᠪᠢ ᠤᠳᠠᠭ᠎ᠠ ᠪᠤᠯᠭᠠᠨ ᠢᠳᠡᠵᠤ ᠳᠡᠢᠯᠬᠦ ᠬᠡᠮᠵᠢᠶ᠎ᠠ ᠪᠡᠷ ᠵᠢᠡᠨ ᠪᠠᠭ᠎ᠠ ᠪᠠᠭ᠎ᠠ ᠪᠡᠷ ᠬᠤᠭᠤᠯᠠ ᠵᠠᠭᠤᠰᠢ ᠠᠪᠳᠠᠭ᠃ ᠬᠡᠳᠦ ᠠᠷᠪᠢᠨ ᠦᠯᠡᠳᠡᠭᠡᠪᠡᠯ ᠮᠦᠩᠬᠦ ᠲᠦᠯᠦᠵᠦ ᠠᠪᠤᠭᠠᠳ ᠶᠠᠪᠤᠬᠤ ᠬᠡᠷᠡᠭᠳᠠᠢ》᠂ 《ᠴᠠᠳᠬᠤ ᠬᠡᠮᠵᠢᠶ᠎ᠠ ᠪᠡᠷ ᠵᠢᠡᠨ ᠠᠪᠬᠤ ᠨᠢ ᠳᠡᠭᠡᠷ᠎ᠠ᠂ ᠪᠦᠷᠢᠯᠭᠡᠬᠦ ᠬᠡᠷᠡᠭ ᠦᠭᠡᠢ》 ᠁ ᠭᠡᠵᠦ ᠪᠠᠶᠠᠨᠨᠠᠭᠤᠷ ᠬᠤᠳᠠ ᠶ᠋ᠢᠨ ᠯᠢᠨᠾᠧ ᠲᠤᠭᠤᠷᠢᠭ ᠤ᠋ᠨ ᠳᠡᠷᠭᠡᠨ ᠦᠷᠳᠡᠭᠡ ᠶ᠋ᠢᠨ ᠵᠡᠭᠡᠯᠢ ᠶ᠋ᠢᠨ ᠨᠠᠰᠤᠵᠢᠯ ᠤ᠋ᠨ ᠠᠰᠠᠷᠠᠮᠵᠢ ᠶ᠋ᠢᠨ ᠦᠢᠯᠡᠴᠢᠯᠡᠭᠡᠨ ᠤ᠋ ᠲᠦᠪ ᠲᠤ᠌ ᠬᠤᠭᠤᠯᠠᠯᠠᠬᠤ ᠬᠦᠮᠦᠰ ᠲᠠᠯ᠎ᠠ ᠲᠠᠯ᠎ᠠ ᠡᠴᠡ ᠶᠠᠷᠢᠨ᠎ᠠ᠃
ᠤᠢᠯᠠᠭᠠᠭᠰᠠᠨ ᠶ᠋ᠢᠡᠷ᠂ ᠲᠤᠰ ᠲᠦᠪ ᠨᠢ 《 ᠬᠦᠳᠡᠯᠦᠩᠭᠦᠢ ᠪᠡᠷ ᠬᠢᠨᠠᠨ ᠡᠵᠡᠮᠳᠡᠵᠦ᠂ ᠤᠨᠤᠴᠠᠳᠠᠢ ᠪᠡᠷ ᠬᠤᠭᠤᠯᠠ ᠪᠡᠨ ᠵᠤᠬᠢᠴᠠᠭᠤᠯᠬᠤ》 ᠬᠠᠮᠢᠶᠠᠷᠤᠯᠳᠠ ᠶ᠋ᠢᠨ ᠵᠠᠭᠪᠤᠷ ᠢ᠋ ᠬᠡᠷᠡᠭᠵᠢᠭᠦᠯᠦᠭᠰᠡᠨ ᠤ᠋ ᠳᠠᠷᠠᠭ᠎ᠠ ᠰᠠᠷ᠎ᠠ ᠪᠦᠷᠢ 2000 ᠭᠠᠷᠤᠢ ᠲᠦᠭᠦᠷᠢᠭ ᠤ᠋ᠨ ᠵᠠᠷᠤᠯᠭ᠎ᠠ ᠶ᠋ᠢ ᠠᠷᠪᠢᠯᠠᠵᠤ ᠪᠠᠢᠨ᠎ᠠ᠃ ᠲᠤᠰ ᠲᠦᠪ ᠨᠢ ᠡᠳᠦᠷ ᠪᠦᠷᠢ ᠶ᠋ᠢᠨ ᠬᠤᠭᠤᠯᠠᠯᠠᠬᠤ ᠬᠦᠮᠦᠨ ᠤ᠋ ᠲᠤᠭ᠎ᠠ ᠶ᠋ᠢ ᠤᠷᠢᠳᠴᠢᠯᠡᠨ ᠵᠢᠱ᠌ᠢᠵᠦ᠂ ᠰᠢᠨᠵᠢᠯᠡᠬᠦ ᠤᠬᠠᠭᠠᠨᠴᠢ ᠪᠡᠷ ᠢᠳᠡᠰᠢᠨ ᠮᠠᠲᠧᠷᠢᠶᠠᠯ ᠬᠤᠳᠠᠯᠳᠤᠨ ᠠᠪᠴᠤ᠂ ᠬᠤᠭᠤᠯᠠ ᠵᠠᠭᠤᠰᠢ ᠶ᠋ᠢ ᠦᠯᠡᠭᠦᠦ ᠬᠢᠬᠦ ᠶ᠋ᠢ ᠰᠡᠷᠭᠡᠢᠯᠡᠬᠦ ᠶ᠋ᠢᠨ ᠵᠡᠷᠭᠡ ᠪᠡᠷ ᠦᠪᠡᠰᠦᠪᠡᠨ ᠵᠤᠬᠢᠴᠠᠭᠤᠯᠬᠤ ᠦᠢᠯᠡᠴᠢᠯᠡᠭᠡ ᠪᠡᠷ ᠬᠤᠭᠤᠯᠠᠯᠠᠬᠤ ᠬᠦᠮᠦᠨ ᠤ᠋ ᠠᠮᠤ ᠪᠤᠳᠠᠭ᠎ᠠ ᠶ᠋ᠢ ᠠᠷᠪᠢᠯᠠᠨ ᠭᠠᠮᠨᠠᠬᠤ ᠶ᠋ᠢ ᠬᠦᠲᠦᠯᠦᠨ ᠵᠢᠯᠤᠭᠤᠳᠴᠤ ᠪᠠᠢᠨ᠎ᠠ᠃ ᠡᠨᠡ ᠬᠦ᠌ ᠵᠠᠭᠪᠤᠷ ᠨᠢ ᠪᠦᠷᠢᠯᠭᠡᠨ ᠰᠦᠢᠳᠭᠡᠬᠦ ᠶ᠋ᠢ ᠰᠡᠷᠭᠡᠢᠯᠡᠬᠦ ᠶ᠋ᠢᠨ ᠵᠡᠷᠭᠡ ᠪᠡᠷ ᠡᠵᠡᠩᠨᠡᠯᠳᠡ ᠶ᠋ᠢᠨ ᠦᠪᠡᠷ ᠤ᠋ᠨ ᠦᠷᠳᠡᠭ ᠢ᠋ ᠪᠠᠭᠤᠷᠠᠭᠤᠯᠵᠤ᠂ ᠪᠤᠰᠤᠳ ᠪᠠᠢᠭᠤᠯᠤᠮᠵᠢ ᠳ᠋ᠤ ᠠᠰᠢᠳᠠᠢ ᠲᠤᠷᠰᠢᠯᠭ᠎ᠠ ᠬᠠᠩᠭᠠᠪᠠ᠃
ᠪᠤᠭᠤᠳᠤ ᠬᠤᠳᠠ ᠶ᠋ᠢᠨ ᠬᠦᠨᠳᠡᠯᠡᠨ ᠲᠤᠭᠤᠷᠢᠭ ᠤ᠋ᠨ ᠵᠠᠬ᠎ᠠ ᠳᠡᠯᠭᠡᠭᠦᠷ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠨᠡᠢᠭᠡᠮ ᠤ᠋ᠨ ᠬᠤᠭᠤᠯᠠ ᠤᠮᠳᠠ᠂ ᠰᠦᠯᠵᠢᠶᠡᠨ ᠤ᠋ ᠬᠤᠭᠤᠯᠠ ᠤᠮᠳᠠ ᠂ ᠬᠠᠮᠳᠤ ᠨᠢᠭᠡᠴᠢ ᠶ᠋ᠢᠨ ᠬᠤᠭᠤᠯᠠ ᠤᠮᠳᠠ᠂ ᠪᠠᠢᠭᠤᠯᠭ᠎ᠠ ᠶ᠋ᠢᠨ ᠬᠤᠭᠤᠯᠠᠨ ᠭᠡᠷ ᠵᠡᠷᠭᠡ 4 ᠭᠤᠤᠯᠳᠠᠯᠭ᠎ᠠ ᠲᠠᠢ ᠲᠠᠯᠠᠪᠤᠷ ᠭᠠᠵᠠᠷ ᠲᠤ᠌ ᠠᠩᠬᠠᠷᠤᠯ ᠶ᠋ᠢᠡᠨ ᠬᠠᠨᠳᠤᠭᠤᠯᠤᠨ᠂ ᠦᠯᠡᠳᠡᠭᠰᠡᠨ ᠬᠤᠭᠤᠯᠠ ᠪᠡᠨ ᠠᠪᠴᠤ ᠬᠠᠷᠢᠬᠤ᠂ ᠪᠠᠭ᠎ᠠ ᠬᠤᠪᠢ ᠶ᠋ᠢᠨ ᠵᠠᠭᠤᠰᠢ ᠭᠠᠷᠭᠠᠬᠤ ᠶ᠋ᠢ ᠬᠦᠲᠦᠯᠦᠨ ᠵᠢᠯᠤᠭᠤᠳᠴᠤ᠂ ᠪᠦᠬᠦ ᠠᠵᠤ ᠦᠢᠯᠡᠰ ᠤ᠋ᠨ ᠬᠡᠯᠬᠢᠶ᠎ᠠ ᠶ᠋ᠢᠨ ᠬᠠᠮᠢᠶᠠᠷᠤᠯᠳᠠ ᠶ᠋ᠢᠨ ᠪᠠᠷᠢᠮᠵᠢᠶ᠎ᠠ ᠶ᠋ᠢ ᠨᠠᠷᠢᠯᠢᠭᠵᠢᠭᠤᠯᠤᠨ᠂ ᠬᠤᠭᠤᠯᠠ ᠤᠮᠳᠠ ᠶ᠋ᠢ ᠪᠦᠷᠢᠯᠭᠡᠬᠦ ᠶ᠋ᠢ ᠬᠤᠷᠢᠭᠯᠠᠨ ᠵᠤᠭᠰᠤᠭᠠᠬᠤ ᠤᠷᠳᠤ ᠬᠤᠭᠤᠴᠠᠭᠠᠨ ᠤ᠋ ᠪᠦᠲᠦᠮᠵᠢᠳᠠᠢ ᠳᠤᠭᠳᠠᠴᠠ ᠶ᠋ᠢ ᠪᠠᠢᠭᠤᠯᠪᠠ; ᠤᠯᠠᠭᠠᠨᠬᠠᠳᠠ ᠬᠤᠳᠠ ᠶ᠋ᠢᠨ ᠬᠤᠸᠠ ᠰᠢᠶᠠ ᠠᠵᠢᠯ ᠮᠡᠷᠭᠡᠵᠢᠯ ᠤ᠋ᠨ ᠰᠤᠷᠭᠠᠭᠤᠯᠢ 《ᠡᠯᠧᠺᠲᠷᠤᠨ ᠵᠢᠩᠯᠡᠭᠦᠷ ᠶ᠋ᠢᠡᠷ ᠠᠷᠪᠢᠯᠠᠨ ᠭᠠᠮᠨᠠᠬᠤ ᠡᠷᠬᠢᠮ ᠰᠤᠷᠳᠠᠯ ᠢ᠋ ᠵᠢᠩᠯᠡᠬᠦ》 ᠠᠵᠢᠯᠯᠠᠭ᠎ᠠ ᠦᠷᠨᠢᠭᠦᠯᠵᠦ᠂ ᠦᠯᠡᠳᠡᠭᠰᠡᠨ ᠬᠤᠭᠤᠯᠠ ᠤᠮᠳᠠ ᠶ᠋ᠢ ᠨᠢ ᠵᠢᠩᠯᠡᠬᠦ ᠪᠡᠷ ᠳᠠᠮᠵᠢᠨ ᠠᠮᠤ ᠪᠤᠳᠠᠭ᠎ᠠ ᠶ᠋ᠢ ᠪᠦᠷᠢᠯᠭᠡᠭᠰᠡᠨ ᠡᠳᠦᠷ ᠤ᠋ᠨ ᠲᠡᠮᠳᠡᠭᠯᠡᠯ ᠬᠢᠵᠤ ᠪᠠᠢᠨ᠎ᠠ; ᠲᠦᠩᠯᠢᠶᠤᠤ ᠬᠤᠳᠠ ᠬᠤᠭᠤᠯᠠ ᠤᠮᠳᠠ ᠶ᠋ᠢᠨ ᠬᠤᠭ ᠨᠤᠪᠰᠢ ᠶ᠋ᠢ ᠬᠦᠳᠡᠯᠦᠩᠭᠦᠢ ᠪᠡᠷ ᠬᠢᠨᠠᠨ ᠡᠵᠡᠮᠳᠡᠬᠦ ᠳᠤᠭᠳᠠᠴᠠ ᠶ᠋ᠢ ᠰᠢᠨ᠎ᠠ ᠶ᠋ᠢ ᠡᠭᠦᠳᠬᠦ ᠴᠢᠨᠠᠷᠳᠠᠢ ᠪᠡᠷ ᠪᠠᠢᠭᠤᠯᠪᠡ ᠁ ᠡᠳᠡᠭᠡᠷ ᠦᠨᠡᠨ ᠪᠤᠳᠠᠳᠠᠢ ᠠᠷᠭ᠎ᠠ ᠬᠡᠮᠵᠢᠶ᠎ᠠ ᠨᠢ ᠡᠬᠢ ᠡᠭᠦᠰᠦᠯ ᠡᠴᠡ ᠨᠢ ᠢᠳᠡᠭᠡᠨ ᠢ᠋ ᠪᠦᠷᠢᠯᠭᠡᠬᠦ ᠶ᠋ᠢ ᠪᠠᠭᠠᠰᠬᠠᠵᠤ᠂ ᠤᠳᠤ 《ᠠᠮᠤ ᠪᠤᠳᠠᠭ᠎ᠠ ᠶ᠋ᠢ ᠠᠷᠪᠢᠯᠠᠨ ᠭᠠᠮᠨᠠᠬᠤ》 ᠨᠢ ᠨᠢᠭᠡᠨᠳᠡ ᠪᠦᠬᠦ ᠤᠷᠤᠨ ᠤ᠋ ᠡᠯ᠎ᠠ ᠪᠠᠢᠭᠤᠯᠭ᠎ᠠ ᠨᠢᠭᠡᠴᠢ ᠶ᠋ᠢᠨ ᠬᠤᠭᠤᠯᠠᠨ ᠭᠡᠷ ᠡᠴᠡ ᠰᠤᠷᠭᠠᠭᠤᠯᠢ ᠶ᠋ᠢᠨ ᠬᠤᠭᠤᠯᠠᠨ ᠭᠡᠷ ᠬᠦᠷᠳᠡᠯ᠎ᠠ᠂ ᠬᠤᠳᠠ ᠶ᠋ᠢᠨ ᠬᠤᠭᠤᠯᠠᠨ ᠭᠡᠷ ᠡᠴᠡ ᠬᠦᠳᠡᠭᠡ ᠶ᠋ᠢᠨ ᠬᠤᠭᠤᠯᠠᠨ ᠰᠢᠷᠡᠭᠡ ᠬᠦᠷᠳᠡᠯᠡᠬᠢ ᠪᠦᠬᠦ ᠨᠡᠢᠭᠡᠮ ᠤ᠋ᠨ ᠤᠬᠠᠮᠰᠠᠷᠳᠤ ᠠᠵᠢᠯᠯᠠᠭ᠎ᠠ ᠪᠤᠯᠵᠠᠢ᠃
《 ᠠᠷᠪᠢᠯᠠᠬᠤ ᠶ᠋ᠢ ᠠᠮᠠᠰᠠᠷ ᠡᠴᠡ ᠨᠢ 》 ᠬᠡᠳᠡᠭᠴᠢᠯᠡᠨ ᠦᠪᠦᠷ ᠮᠤᠩᠭᠤᠯ ᠠᠮᠤ ᠪᠤᠳᠠᠭᠠᠨ ᠤ᠋ ᠦᠢᠯᠡᠳᠪᠤᠷᠢᠯᠡᠯ᠂ ᠡᠳ᠋ᠰᠢᠭᠦᠯᠭᠡ᠂ ᠭᠦᠢᠯᠭᠡᠭᠡ᠂ ᠬᠡᠷᠡᠭᠯᠡᠭᠡ ᠵᠡᠷᠭᠡ ᠵᠠᠩᠬᠢᠯᠠᠭ᠎ᠠ ᠶ᠋ᠢᠨ ᠭᠤᠭᠴᠤᠭ᠎ᠠ ᠳ᠋ᠤ ᠠᠩᠬᠠᠷᠤᠯ ᠶ᠋ᠢᠡᠨ ᠬᠠᠨᠳᠤᠭᠤᠯᠵᠤ᠂ ᠪᠦᠬᠦ ᠬᠡᠯᠬᠢᠶ᠎ᠠ ᠪᠡᠷ ᠤᠨᠤᠴᠠᠳᠠᠢ ᠠᠷᠭ᠎ᠠ ᠪᠤᠳᠤᠯᠭ᠎ᠠ ᠬᠡᠷᠡᠭᠵᠢᠭᠦᠯᠬᠦ ᠪᠡᠷ ᠳᠠᠮᠵᠢᠨ ᠠᠮᠤ ᠪᠤᠳᠠᠭ᠎ᠠ ᠶ᠋ᠢ ᠠᠷᠪᠢᠯᠠᠨ ᠭᠠᠮᠨᠠᠵᠤ ᠬᠤᠬᠢᠷᠠᠯ ᠢ᠋ ᠪᠠᠭᠠᠰᠬᠠᠬᠤ ᠶ᠋ᠢᠨ ᠡᠨᠡ ᠬᠦ᠌ 《ᠨᠢᠳᠤᠨ ᠳ᠋ᠤ ᠦᠵᠡᠭᠳᠡᠬᠦ ᠦᠭᠡᠢ ᠲᠠᠷᠢᠶ᠎ᠠ》 ᠶ᠋ᠢ ᠰᠠᠢᠳᠦᠷ ᠠᠷᠠᠴᠢᠯᠠᠬᠤ ᠪᠡᠷ ᠬᠦᠴᠦᠯᠡᠨ ᠴᠢᠷᠮᠠᠢᠭᠰᠠᠭᠠᠷ ᠁