ᠦᠪᠤᠷ ᠮᠤᠡᠭᠭᠤᠯ᠎ᠤᠨ ᠮᠦᠰᠤ ᠴᠠᠰᠤᠨ᠎ᠤ ᠰᠠᠢᠬᠠᠨ ᠎ᠢ ᠶᠠᠭᠠᠬᠢᠨ᠎ᠠ⁈
2026-01-07 10:37:25
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

— ᠦᠪᠦᠷ ᠮᠤᠨᠭᠭᠤᠯ᠎ᠤᠨ ᠡᠪᠦᠯ᠎ᠤᠨ ᠤᠯᠠᠷᠢᠯ᠎ᠤᠨ ᠵᠢᠭᠤᠯᠴᠢᠯᠠᠯ᠎ᠤᠨ ᠲᠤᠬᠠᠢ ᠠᠵᠢᠬᠯᠠᠯᠳᠠ 


ᠥᠪᠥᠷ ᠮᠣᠩᠭᠣᠯ ᠶᠠᠭ ᠮᠥᠰᠥ᠍ ᠴᠠᠰᠤ᠎ᠪᠠᠷ ᠰᠠᠭᠤᠷᠢ ᠪᠤᠯᠭᠠᠨ᠂ ᠦᠪᠡᠷᠮᠢᠴᠡ ᠰᠤᠶᠤᠯ ᠲᠡᠥᠬᠡ ᠵᠠᠩ ᠦᠢᠯᠡ ᠪᠡᠷ ᠤᠨᠴᠠᠯᠢᠭ ᠪᠤᠯᠭᠠᠨ᠂  《ᠨᠢᠭᠡ ᠤᠯᠠᠷᠢᠯ ᠨᠢᠭᠡ ᠭᠤᠤᠯ ᠰᠡᠳᠦᠪ᠂ ᠨᠢᠭᠡ ᠭᠠᠵᠠᠷ ᠨᠢᠭᠡ ᠣᠨᠴᠠᠯᠢᠭ》ᠤ᠋ᠨ ᠪᠠᠢᠷᠢᠱᠢᠭᠤᠯᠤᠯᠲᠠ᠎ᠪᠠᠷ᠂ ᠣᠯᠠᠨ ᠲᠠᠰ ᠳᠠᠪᠬᠤᠷᠭ᠎ᠠ᠎ᠶ᠋ᠢᠨ᠂ ᠱᠢᠰᠲ᠋ᠧᠮᠵᠢᠭ᠌ᠰᠡᠨ ᠮᠥᠰᠥ᠍ ᠴᠠᠰᠤᠨ᠎ᠤ ᠰᠣᠶᠣᠯ ᠵᠢᠭᠤᠯᠴᠢᠯᠠᠯ᠎ᠤᠨ ᠠᠵᠢᠯᠯᠠᠭ᠎ᠠ ᠦᠷᠨᠢᠬᠦᠯᠵᠦ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠭᠤᠤᠯᠳᠠᠯᠭ᠎ᠠ᠎ᠲᠠᠶ 5 ᠠᠵᠢᠯᠯᠠᠭ᠎ᠠ᠂ ᠠᠢᠮᠠᠭ ᠬᠣᠲᠠ᠎ᠶ᠋ᠢᠨ ᠲᠠᠰ᠎ᠤᠨ 11 ᠭᠤᠤᠯᠳᠠᠯᠭ᠎ᠠ᠎ᠲᠠᠶ ᠠᠵᠢᠯᠯᠠᠭ᠎ᠠ ᠪᠠ ᠡᠯ᠎ᠡ ᠭᠠᠵᠠᠷ᠎ᠤᠨ 143 ᠵᠦᠶ᠋ᠯ᠎ᠦᠨ ᠣᠨᠴᠠᠯᠢᠭ᠍ᠲᠤ ᠠᠵᠢᠯᠯᠠᠭ᠎ᠠ ᠵᠢᠴᠢ 48 ᠵᠦᠶ᠋ᠯ᠎ᠦᠨ ᠰᠣᠶᠣᠯ ᠵᠢᠭᠤᠯᠴᠢᠯᠠᠯ ᠪᠡᠶ᠎ᠡ᠎ᠶ᠋ᠢᠨ ᠲᠠᠮᠢᠷ᠎ᠤᠨ ᠠᠭᠤᠰᠤᠯᠴᠠᠯ᠎ᠤᠨ ᠤᠷᠤᠯᠳᠤᠭᠠᠨ᠎ᠢ ᠨᠠᠷᠢᠨ ᠨᠢᠮᠪᠠᠶ ᠲᠥᠰᠦᠪᠯᠡᠨ ᠶᠠᠪᠤᠭᠳᠠᠭᠤᠯᠵᠦ ᠪᠠᠢᠭ᠎ᠠ ᠪᠥᠭᠡᠳ ᠡᠪᠦᠯ᠎ᠦᠨ ᠤᠯᠠᠷᠢᠯ᠎ᠤᠨ ᠵᠢᠭᠤᠯᠴᠢᠯᠠᠯ᠎ᠤᠨ 45 ᠭᠤᠤᠯ ᠰᠡᠳᠦᠪᠲᠦ ᠵᠠᠮ ᠱᠤᠭᠤᠮ᠎ᠢ ᠲᠥᠬᠥᠷᠵᠢᠭᠦᠯᠦᠨ ᠭᠠᠷᠭᠠᠵᠤ᠂ ᠮᠥᠰᠥ᠍ ᠴᠠᠰᠤ ᠬᠦᠶ᠋ᠲᠡᠨ᠎ᠦ ᠡᠬᠢ ᠪᠠᠶᠠᠯᠢᠭ᠎ᠢ ᠰᠣᠶᠣᠯ ᠵᠢᠭᠤᠯᠴᠢᠯᠠᠯ᠎ᠤᠨ ᠬᠠᠯᠠᠮᠱᠢᠯ ᠬᠡᠷᠡᠭ᠌ᠯᠡᠭᠡ ᠪᠣᠯᠭᠠᠨ ᠬᠤᠪᠢᠷᠠᠭᠤᠯᠵᠤ᠂ ᠡᠨᠡ ᠬᠦ᠌ ᠡᠪᠦᠯ ᠎ᠢ 《ᠭᠠᠷᠠᠭ ᠪᠦᠷᠢ ᠠᠵᠢᠯᠯᠠᠭᠠᠨ᠎ᠲᠠᠶ᠂ ᠰᠠᠷ᠎ᠠ ᠪᠦᠷᠢ ᠬᠠᠯᠠᠮᠱᠢᠯ᠎ᠲᠠᠶ᠂ ᠭᠠᠵᠠᠷ ᠪᠣᠯᠭᠠᠨ᠎ᠳᠤ ᠳᠠᠭᠤᠤ᠎ᠲᠠᠶ᠂ ᠡᠳᠦᠷ ᠪᠦᠷᠢ ᠪᠠᠶᠠᠷ ᠪᠠᠶᠠᠰᠤᠯ᠎ᠲᠠᠶ》 ᠬᠦᠭᠵᠢᠶᠡᠨ ᠨᠠᠷᠬᠢᠶᠠᠨᠳᠦ ᠪᠠᠢᠳᠠᠯ᠎ᠢ ᠴᠤᠭᠴᠠᠯᠠᠵᠠᠢ᠃

ᠬᠦᠬᠡᠬᠤᠳᠠ ᠶ᠋ᠢᠨ 2025 - 2026 ᠣᠨ ᠤ᠋ ᠡᠪᠦᠯ ᠤ᠋ᠨ ᠤᠯᠠᠷᠢᠯ ᠤ᠋ᠨ ᠮᠥᠰᠥ᠍ ᠴᠠᠰᠤᠨ ᠤ᠋ ᠵᠢᠭᠤᠯᠴᠢᠯᠠᠯ ᠤ᠋ᠨ ᠤᠯᠠᠷᠢᠯ  《ᠡᠢᠮᠦ ᠯᠡ ᠰᠠᠢᠬᠠᠨ ᠬᠦᠬᠡᠬᠤᠳᠠ》 ᠪᠠᠷ ᠭᠤᠤᠯ ᠰᠡᠳᠦᠪ ᠪᠣᠯᠭᠠᠨ᠂ 2025 ᠣᠨ ᠤ᠋ 12 ᠰᠠᠷ᠎ᠠ ᠶ᠋ᠢᠨ 7 ᠤ᠋ ᠡᠳᠦᠷ᠎ᠡᠴᠡ ᠡᠬᠢᠯᠡᠨ ᠢᠳᠡ ᠬᠦᠭ ᠲᠠᠢ ᠶᠠᠪᠤᠭᠳᠠᠵᠦ ᠪᠤᠢ; ᠤᠷᠴᠢᠮᠬᠠᠨ ᠠᠯᠠᠱᠠ ᠶ᠋ᠢᠨ ᠲᠡᠮᠡᠭᠡᠨ ᠤ᠋ ᠬᠣᠯᠪᠣᠭᠠᠲᠤ ᠤᠷᠤᠯᠳᠤᠭᠠᠨ ᠡᠬᠢᠯᠡᠵᠦ᠂ 1050 ᠲᠡᠮᠡᠭᠡ ᠤᠷᠤᠯᠳᠤᠭᠠᠨ ᠳ᠋ᠦ ᠣᠷᠣᠯᠴᠠᠵᠠᠶ; ᠲᠦᠩᠯᠢᠶᠤᠤ ᠬᠤᠳᠠ᠎ᠶᠢᠨ ᠮᠦᠰᠦ ᠴᠠᠰᠤᠨ᠎ᠤ ᠤᠯᠠᠷᠢᠯ᠎ᠤᠨ ᠵᠢᠭᠤᠯᠴᠢᠯᠠᠯ᠎ᠤᠨ ᠠᠵᠢᠯᠯᠠᠭ᠎ᠠ 2025 ᠤᠨ᠎ᠤ 12 ᠰᠠᠷ᠎ᠠ᠎ᠳᠦ ᠡᠬᠢᠯᠡᠵᠦ᠂ ᠰᠢᠯᠢᠩᠬᠤᠳᠠ᠎ᠶᠢᠨ ᠬᠤᠶᠠᠳᠤᠭᠠᠷ ᠬᠤᠭᠤᠴᠠᠭᠠᠨ᠎ᠤ ᠮᠦᠰᠦ ᠴᠠᠰᠤᠨ᠎ᠤ ᠠᠵᠢᠯᠯᠠᠭ᠎ᠠ 2026 ᠤᠨ᠎ᠤ 1 ᠰᠠᠷ᠎ᠠ᠎ᠶᠢᠨ 1᠎ᠤ᠋ ᠡᠳᠦᠷ ᠡᠬᠢᠯᠡᠵᠦ᠂  《ᠮᠦᠰᠦ ᠴᠠᠰᠤ +》 ᠤᠯᠠᠨ ᠵᠦᠢᠯ᠎ᠤᠨ ᠠᠭᠤᠰᠤᠯᠴᠠᠯ᠎ᠤᠨ ᠬᠦᠭᠵᠢᠯᠳᠡ᠎ᠵᠢ ᠠᠬᠢᠭᠤᠯᠵᠠᠢ;ᠤᠯᠠᠭᠠᠨᠴᠠᠪ ᠬᠤᠳᠠ ᠭᠠᠯᠳᠦ ᠠᠭᠤᠯᠠ᠎ᠶᠢᠨ ᠡᠬᠢ ᠪᠠᠶᠠᠯᠢᠭ ᠎ᠢᠶᠡᠨ ᠠᠰᠢᠭᠯᠠᠨ᠂ 97 ᠵᠦᠢᠯ᠎ᠤᠨ ᠠᠵᠢᠯᠯᠠᠭ᠎ᠠ ᠡᠷᠬᠢᠯᠡᠨ ᠶᠠᠪᠤᠭᠳᠠᠭᠤᠯᠵᠦ᠂ ᠵᠢᠭᠤᠯᠴᠢᠯᠠᠭᠰᠠᠳ᠎ᠤᠨ ᠪᠠᠬ᠎ᠠ᠎ᠵᠢ ᠳᠠᠳᠠᠵᠦ ᠪᠤᠢ᠃


QQ20260107-103700.png


 ᠷᠠᠰᠢᠶᠠᠨ ᠬᠤᠳᠠ ᠵᠢᠨ ᠰᠢᠨ᠎ᠠ ᠤᠨ ᠵᠢᠡᠨ ᠤᠬᠳᠤᠬᠤ  ᠨᠡᠢᠷ


QQ20260107-103641.png


2025 ᠤᠨ᠎ᠤ ᠠᠯᠠᠱᠠ ᠵᠢᠨ ᠬᠤᠷᠳᠤᠨ ᠲᠡᠮᠡᠭᠡᠨ᠎ᠤ ᠬᠤᠯᠪᠤᠭᠠᠳᠤ ᠤᠷᠤᠯᠳᠤᠭᠠᠨ


QQ20260107-103651.png


ᠬᠦᠬᠡᠬᠤᠳᠠ ᠵᠢᠨ ᠰᠢᠨ᠎ᠠ ᠤᠨ ᠵᠢᠡᠨ ᠤᠬᠳᠤᠬᠤ ᠮᠦᠰᠤ ᠴᠠᠰᠤᠨ᠎ᠤ ᠨᠠᠢᠷ


ᠢᠳᠡ ᠡᠪᠦᠯ᠎ᠤᠨ ᠬᠦᠢᠳᠡᠨ᠎ᠤ ᠡᠷᠴᠢ ᠴᠢᠩᠭᠠᠷᠠᠵᠦ᠂ ᠮᠦᠰᠦ ᠴᠠᠰᠤᠨ᠎ᠳᠦ ᠬᠤᠴᠢᠭᠳᠠᠭᠰᠠᠨ ᠬᠦᠯᠦᠨ ᠪᠤᠢᠷ᠎ᠤᠨ ᠳᠠᠯ᠎ᠠ ᠴᠡᠩᠬᠡᠯ᠎ᠤᠨ ᠳᠠᠭᠤᠨ᠎ᠳᠦ ᠰᠤᠭᠳᠤᠭᠤᠷᠠᠨ᠎ᠠ᠃

2025 ᠣᠨ᠎ᠤ 12 ᠰᠠᠷ᠎ᠠ᠎ᠶ᠋ᠢᠨ 21᠎ᠤ᠋ ᠡᠳᠦᠷ᠂ 《ᠠᠶᠠᠯᠭᠤᠳᠤ ᠵᠢᠭᠤᠯᠴᠢᠯᠠᠯ ᠦᠪᠦᠷ ᠮᠤᠨᠭᠭᠤᠯ·ᠪᠠᠶᠠᠷ ᠪᠠᠶᠠᠰᠬᠤᠯᠠᠩᠳᠦ ᠮᠦᠰᠦ ᠴᠠᠰᠤᠨ᠎ᠤ ᠤᠯᠠᠷᠢᠯ》 ᠬᠣᠷᠢᠨ ᠨᠢᠭᠡᠳᠦᠭᠡᠷ ᠬᠤᠭᠤᠴᠠᠭᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠮᠥᠰᠥ᠍ ᠴᠠᠰᠤᠨ᠎ᠤ ᠨᠠᠭᠠᠳᠤᠮ ᠬᠥᠯᠥᠨ ᠪᠣᠢᠷ ᠬᠣᠲᠠ᠎ᠶᠢᠨ ᠬᠠᠢᠯᠠᠷ ᠲᠤᠭᠤᠷᠢᠭ᠎ᠤᠨ ᠢᠮᠢᠨ ᠭᠤᠤᠯ᠎ᠤᠨ ᠰᠤᠶᠤᠯ ᠰᠡᠯᠡᠬᠦᠴᠡᠯ᠎ᠤᠨ ᠲᠤᠭᠤᠷᠢᠭ᠎ᠲᠦ ᠶᠠᠪᠤᠭᠳᠠᠨ᠂ ᠳᠡᠪᠡᠯ ᠬᠤᠪᠴᠠᠰᠤ ᠪᠡᠷ᠎ᠢᠶᠡᠨ ᠭᠠᠩᠭᠠᠷᠠᠭᠰᠠᠨ ᠨᠠᠭᠠᠳᠤᠮᠴᠢᠳ ᠳᠠᠯᠠᠪᠠᠢ ᠲᠦᠬᠦᠷᠡᠩ ᠴᠤᠭᠯᠠᠷᠠᠵᠦ᠂ ᠴᠠᠩ ᠬᠦᠥᠷᠭᠡ ᠰᠠᠪᠰᠠᠭᠤᠯᠤᠭᠰᠠᠨ ᠲᠡᠮᠡᠭᠡᠳ ᠰᠦᠷᠳᠡᠢ ᠠᠯᠬᠤᠨ ᠵᠢᠭᠰᠠᠭᠠᠯ ᠤᠷᠤᠬᠤ᠎ᠳᠦ ᠡᠪᠦᠯ᠎ᠤᠨ ᠬᠦᠢᠳᠡᠨ ᠤᠶᠠᠰᠴᠤ᠂ ᠨᠠᠭᠠᠳᠤᠮ᠎ᠤᠨ ᠳᠠᠯᠠᠪᠠᠢ ᠪᠠᠶᠠᠷ ᠴᠡᠩᠬᠡᠯ᠎ᠢᠶᠡᠷ ᠪᠢᠯᠬᠠᠵᠦ᠂ ᠦᠪᠦᠷ ᠮᠤᠩᠭᠤᠯ᠎ᠤᠨ ᠡᠪᠦᠯ᠎ᠤᠨ ᠤᠯᠠᠷᠢᠯ᠎ᠤᠨ ᠮᠦᠰᠦ ᠴᠠᠰᠤᠨ᠎ᠤ ᠵᠢᠭᠤᠯᠴᠢᠯᠠᠯ ᠪᠦᠬᠦ ᠲᠠᠯ᠎ᠠ ᠪᠠᠷ ᠡᠬᠢᠯᠡᠪᠡ᠃

《ᠮᠥᠰᠥ᠍ ᠴᠠᠰᠤ ᠪᠤᠯ ᠠᠯᠳᠠ ᠮᠥᠩᠭᠥᠨ ᠠᠭᠤᠯᠠ》 ᠭᠡᠬᠦ᠌ ᠴᠠᠭ ᠦᠶ᠎ᠡ᠎ᠶ᠋ᠢᠨ ᠤᠷᠢᠶ᠎ᠠ ᠳᠤᠮᠳᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ 《ᠮᠦᠰᠦ ᠴᠠᠰᠤᠨ᠎ᠤ ᠬᠠᠯᠠᠮᠰᠢᠯ ᠠᠵᠤ ᠠᠬᠤᠢ》 ᠵᠢ ᠬᠦᠭᠵᠢᠬᠦᠯᠬᠦ ᠪᠡᠷ᠂ ᠪᠦᠬᠦ᠌ ᠣᠷᠣᠨ᠎ᠤ ᠬᠦᠴᠦᠨ᠎ᠢ ᠲᠠᠢ᠌ᠴᠢᠯᠠᠵᠤ᠂ ᠥᠨᠳᠥᠷ ᠪᠠᠷᠢᠮᠵᠢᠶ᠎ᠠ᠂ ᠥᠨᠳᠥᠷ ᠭᠠᠷᠤᠭ᠎ᠠ᠎ᠪᠠᠷ 《ᠠᠶᠠᠯᠭᠤᠳᠤ ᠵᠢᠭᠤᠯᠴᠢᠯᠠᠯ ᠦᠪᠦᠷ ᠮᠤᠨᠭᠭᠤᠯ·ᠪᠠᠶᠠᠷ ᠪᠠᠶᠠᠰᠬᠤᠯᠠᠩᠳᠦ ᠮᠦᠰᠦ ᠴᠠᠰᠤᠨ᠎ᠤ ᠤᠯᠠᠷᠢᠯ》 ᠢ᠋ ᠡᠬᠢᠯᠡᠭᠦᠯᠵᠦ᠂ ᠪᠦᠬᠦ ᠤᠯᠤᠰ ᠲᠡᠷᠡᠴᠢᠯᠡᠨ ᠭᠠᠳᠠᠭᠠᠳᠦ᠎ᠶᠢᠨ ᠤᠯᠠᠨ ᠤᠯᠤᠰ ᠤᠷᠤᠨ᠎ᠤ ᠵᠢᠭᠤᠯᠴᠢᠯᠠᠭᠰᠠᠳ᠎ᠤᠨ ᠪᠠᠬ᠎ᠠ᠎ᠵᠢ ᠳᠠᠳᠠᠨ᠂ ᠡᠪᠦᠯ᠎ᠤᠨ ᠤᠯᠠᠷᠢᠯ᠎ᠤᠨ ᠵᠢᠭᠤᠯᠴᠢᠯᠠᠯ ᠮᠠᠰᠢ ᠡᠷᠴᠢᠮᠳᠠᠢ ᠶᠠᠪᠤᠭᠳᠠᠵᠦ ᠪᠠᠢᠨ᠎ᠠ᠃

ᠡᠨᠡ ᠪᠣᠯ ᠮᠥᠰᠥ᠍ ᠴᠠᠰᠤᠨ᠎ᠤ ᠦᠪᠡᠳᠡᠭ᠌ᠰᠢ ᠴᠤᠭ᠍ᠯᠠᠭᠠᠨ ᠪᠣᠯᠬᠤ ᠪᠥᠭᠡᠳ ᠨᠡᠩ ᠴᠤ᠌ ᠰᠣᠶᠣᠯ ᠵᠢᠭᠤᠯᠴᠢᠯᠠᠯ᠎ᠢᠶᠠᠷ ᠬᠣᠯᠪᠣᠭᠠᠰᠤ ᠪᠣᠯᠭᠠᠵᠤ᠂ ᠦᠨᠳᠦᠰᠦᠲᠡᠨ᠎ᠦ ᠪᠦᠯᠬᠦᠮᠳᠡᠯ᠎ᠢ ᠠᠬᠢᠭᠤᠯᠵᠤ᠂ ᠨᠡᠭᠡᠭᠡᠯᠲᠡᠲᠦ ᠬᠥᠭ᠌ᠵᠢᠯᠲᠡ᠎ᠶ᠋ᠢ ᠠᠬᠢᠭᠤᠯᠵᠤ᠂ ᠣᠷᠣᠨ ᠪᠦᠰᠡ᠎ᠶ᠋ᠢᠨ ᠠᠵᠤ ᠠᠬᠤᠢ᠎ᠶ᠋ᠢ ᠬᠥᠭ᠌ᠵᠢᠭᠡᠬᠦ᠌ ᠠᠮᠢᠳᠤᠯᠢᠭ ᠦᠢᠯᠡᠳᠦᠯᠭᠡ ᠪᠣᠯᠤᠨ᠎ᠠ᠃

ᠬᠣᠷᠢᠨ ᠨᠢᠭᠡᠳᠦᠭᠡᠷ ᠬᠤᠭᠤᠴᠠᠭᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠮᠥᠰᠥ᠍ ᠴᠠᠰᠤᠨ᠎ᠤ ᠨᠠᠭᠠᠳᠤᠮ ᠨᠢ ᠰᠣᠶᠣᠯ ᠪᠠ ᠵᠢᠭᠤᠯᠴᠢᠯᠠᠯ᠎ᠢ ᠭᠦᠨᠵᠡᠭᠡᠢ ᠤᠶᠠᠯᠳᠤᠭᠤᠯᠤᠭ᠍ᠰᠠᠨ ᠡᠪᠦᠯ᠎ᠦᠨ ᠤᠯᠠᠷᠢᠯ᠎ᠤᠨ ᠦᠪᠡᠳᠡᠭ᠌ᠰᠢ ᠴᠤᠭ᠍ᠯᠠᠭᠠᠨ ᠮᠦᠷᠳᠡᠭᠡᠨ ᠠᠩᠬ᠎ᠠ ᠤᠳᠠᠭ᠎ᠠ ᠮᠦᠰᠦ ᠴᠠᠰᠤᠨ᠎ᠤ ᠨᠠᠭᠠᠳᠤᠮ᠎ᠢ ᠬᠤᠳᠠ᠎ᠳᠦ ᠶᠠᠪᠤᠭᠳᠠᠭᠤᠯᠵᠦ᠂ 7 ᠲᠦᠮᠡᠨ ᠲᠡᠭ᠌ᠰᠢ ᠳᠥᠷᠪᠡᠯᠵᠢᠨ ᠮᠧᠲ᠋ᠷ᠎ᠳᠠᠯᠠᠪᠠᠢ ᠲᠠᠢ ᠠᠵᠢᠯᠯᠠᠭᠠᠨ᠎ᠤ ᠲᠠᠯᠠᠪᠤᠷ᠎ᠢ ᠶᠣᠰᠣᠯᠠᠯ᠎ᠤᠨ ᠦᠵᠡᠭᠦᠯᠭᠡ᠎ᠶ᠋ᠢᠨ ᠲᠣᠭᠣᠷᠢᠭ ᠪᠠ ᠡᠵᠡᠩᠨᠡᠯᠲᠡ᠎ᠶ᠋ᠢᠨ ᠲᠣᠭᠣᠷᠢᠭ ᠬᠤᠪᠢᠶᠠᠵᠤ᠂ ᠵᠤᠭᠠᠴᠠᠨ ᠨᠠᠭᠠᠳᠭᠤ ᠪᠦᠷᠢᠨ ᠪᠦᠲᠦᠨ ᠡᠵᠡᠩᠨᠡᠯᠳᠡ᠎ᠶ᠋ᠢᠨ ᠬᠡᠯᠬᠢᠶ᠎ᠡ᠎ᠶ᠋ᠢ ᠪᠠᠢᠭᠤᠯᠪᠠ᠃ ᠡᠬᠢᠯᠡᠯᠳᠡ᠎ᠶᠢᠨ ᠶᠤᠰᠤᠯᠠᠯ ᠨᠢ ᠲᠡᠮᠡᠬᠡ ᠮᠤᠷᠢᠳᠠᠨ᠎ᠤ ᠡᠩᠨᠡᠭᠡ᠂ ᠮᠠᠰᠢᠨ ᠮᠤᠲ᠋ᠤᠷ᠎ᠤᠨ ᠡᠩᠨᠡᠭᠡ ᠵᠢᠭᠰᠠᠭᠠᠯ᠎ᠳᠦ ᠤᠷᠤᠵᠦ᠂ ᠮᠤᠷᠢᠨ ᠬᠤᠭᠤᠷ᠂ ᠬᠦᠬᠡᠮᠡᠢ᠂ ᠦᠨᠳᠦᠰᠦᠳᠡᠨ᠎ᠤ ᠬᠤᠪᠴᠠᠰᠤ ᠵᠠᠰᠠᠯ᠂ ᠪᠤᠢᠺᠤ ᠪᠦᠮᠪᠦᠬᠡ᠎ᠶᠢᠨ ᠲᠤᠭᠯᠠᠭᠠᠮ᠂ ᠲᠦᠮᠡᠨ ᠬᠦᠮᠦᠨ᠎ᠤ ᠲᠦᠳᠡᠭ ᠭᠠᠯ᠎ᠤᠨ ᠲᠤᠭᠯᠠᠯᠳᠠ ᠵᠡᠷᠭᠡ ᠨᠢ ᠤᠷᠤᠨ ᠨᠤᠲᠤᠭ᠎ᠤᠨ ᠤᠨᠴᠠᠯᠢᠭ ᠎ᠢ ᠶᠡᠬᠡᠳᠡ ᠲᠤᠪᠤᠢᠯᠭᠠᠵᠦ᠂ ᠵᠢᠭᠤᠯᠴᠢᠯᠠᠭ᠍ᠰᠠᠳ᠎ᠤᠨ ᠰᠤᠨᠢᠷᠬᠠᠯ᠎ᠢ ᠶᠡᠬᠡᠳᠡ ᠳᠠᠳᠠᠵᠠᠢ᠃

2025 ᠣᠨ᠎ᠤ 12 ᠰᠠᠷ᠎ᠠ᠎ᠶ᠋ᠢᠨ 21 ᠎ᠤ᠋ ᠦᠳᠡ᠎ᠶᠢᠨ ᠬᠤᠢᠨ᠎ᠠ᠂ 《ᠠᠶᠠᠯᠭᠤᠳᠤ ᠵᠢᠭᠤᠯᠴᠢᠯᠠᠯ ᠦᠪᠦᠷ ᠮᠤᠨᠭᠭᠤᠯ·ᠪᠠᠶᠠᠷ ᠪᠠᠶᠠᠰᠬᠤᠯᠠᠩᠳᠦ ᠮᠦᠰᠦ ᠴᠠᠰᠤᠨ᠎ᠤ ᠤᠯᠠᠷᠢᠯ 》 ᠤ᠋ᠨ ᠭᠤᠷᠪᠠᠨ ᠲᠤᠮᠤ ᠠᠵᠢᠯᠯᠠᠭ᠎ᠠ᠎ᠶᠢᠨ ᠨᠢᠭᠡ ᠪᠤᠯᠬᠤ ᠥᠪᠥᠷ ᠮᠣᠩᠭᠣᠯ᠎ᠤᠨ ᠮᠥᠰᠥ᠍ ᠴᠠᠰᠤᠨ᠎ᠤ ᠪᠠᠭᠠᠲᠤᠷᠴᠤᠳ᠎ᠤᠨ ᠴᠤᠭ᠍ᠯᠠᠭᠠᠨ ᠨᠢ ᠬᠥᠯᠥᠨ ᠪᠣᠢᠷ ᠬᠣᠲᠠ᠎ᠶ᠋ᠢᠨ ᠬᠠᠢᠯᠠᠷ ᠲᠣᠭᠣᠷᠢᠭ᠎ᠲᠤ ᠡᠬᠢᠯᠡᠪᠡ᠃ ᠲᠣᠰ ᠴᠤᠭ᠍ᠯᠠᠭᠠᠨ᠎ᠨᠢ 《ᠲᠤᠰᠭᠠᠶ ᠮᠡᠷᠭᠡᠵᠢᠯ᠎ᠦᠨ ᠤᠷᠤᠯᠳᠤᠭᠠᠨ ᠪᠤᠯᠤᠨ ᠣᠯᠠᠨ ᠲᠦᠮᠡᠨ᠎ᠤ ᠪᠡᠶᠡᠴᠢᠯᠡᠨ ᠣᠢᠯᠠᠭᠠᠯᠳᠠ᠂ ᠰᠣᠶᠣᠯ ᠵᠢᠭᠤᠯᠴᠢᠯᠠᠯ᠎ᠤᠨ ᠠᠭᠤᠰᠤᠯᠴᠠᠯ ᠬᠢᠭᠡᠳ ᠬᠠᠪᠤ ᠴᠡᠩᠬᠡᠯ᠎ᠢ ᠬᠠᠮᠲᠤ᠎ᠪᠠᠷ ᠡᠳ᠋ᠯᠡᠬᠦ᠌》 ᠪᠠᠷ ᠭᠤᠤᠯ ᠣᠢᠯᠠᠭᠠᠭ᠍ᠳᠠᠬᠤᠨ ᠪᠣᠯᠭᠠᠵᠤ᠂ 《1 ᠭᠤᠤᠯ ᠬᠤᠷᠠᠯ᠎ᠤᠨ ᠲᠠᠯᠠᠪᠠᠶ᠂ 2 ᠬᠤᠪᠢ᠎ᠶᠢᠨ ᠮᠠᠰᠢᠨ ᠲᠡᠷᠭᠡ ᠵᠢᠯᠣᠭᠣᠳᠭᠤ ᠵᠠᠮ ᠱᠤᠭᠤᠮ᠂ 3 ᠤᠯᠤᠰ᠎ᠤᠨ ᠲᠠᠰ᠎ᠤᠨ ᠤᠷᠤᠯᠳᠤᠭᠠᠨ᠂ 4 ᠭᠤᠤᠯ ᠰᠡᠳᠦᠪᠲᠦ ᠤᠷᠤᠯᠳᠤᠭᠠᠨ᠎ᠤ ᠵᠠᠮ》 ᠤ᠋ᠨ ᠠᠵᠢᠯᠯᠠᠭ᠎ᠠ᠎ᠶ᠋ᠢ 2026 ᠣᠨ᠎ᠤ 3 ᠰᠠᠷ᠎ᠠ ᠪᠣᠯᠲᠠᠯ᠎ᠠ ᠶᠠᠪᠤᠭᠳᠠᠭᠤᠯᠵᠦ᠂ ᠬᠥᠯᠥᠨ ᠪᠣᠢᠷ᠎ᠤᠨ ᠪᠦᠬᠦᠢᠯᠡ ᠤᠷᠤᠨ ᠪᠦᠰᠡ᠎ᠵᠢ ᠬᠠᠮᠤᠷᠤᠭ᠍ᠰᠠᠨ ᠮᠥᠰᠥ᠍ ᠴᠠᠰᠤᠨ᠎ᠤ ᠰᠣᠶᠣᠯ ᠵᠢᠭᠤᠯᠴᠢᠯᠠᠯ᠎ᠤᠨ ᠦᠪᠡᠳᠡᠭ᠌ᠰᠢ ᠨᠠᠢᠷ ᠎ᠢ ᠴᠤᠭᠴᠠᠯᠠᠵᠦ᠂ ᠪᠥᠬᠥ᠌ ᠬᠦᠷᠢᠶ᠎ᠠ ᠴᠠᠷᠠᠭᠠᠨ᠎ᠤ ᠬᠦᠭᠵᠢᠶᠡᠨᠳᠦ ᠪᠠᠢᠳᠠᠯ᠎ᠢ ᠪᠦᠷᠢᠯᠳᠦᠬᠦᠯᠵᠡᠢ᠃

《ᠦᠪᠦᠷ ᠮᠤᠨᠭᠭᠤᠯ ᠰᠤᠶᠤᠯ᠎ᠤᠨ ᠤᠨᠴᠠᠯᠢᠭ᠎ᠢᠶᠡᠨ ᠠᠰᠢᠭᠯᠠᠨ᠂ ᠵᠢᠭᠤᠯᠴᠢᠯᠠᠯ᠎ᠤᠨ ᠠᠮᠢᠵᠢᠷᠠᠯ᠎ᠤᠨ ᠬᠦᠴᠦᠨ᠎ᠢ ᠬᠦᠭᠵᠢᠬᠡᠵᠦ᠂ ᠤᠯᠠᠨ ᠶᠠᠩᠵᠦ᠎ᠶᠢᠨ ᠵᠢᠭᠤᠯᠴᠢᠯᠠᠯ᠎ᠤᠨ ᠪᠦᠳᠦᠭᠡᠭᠳᠡᠬᠦᠨ᠎ᠢᠶᠡᠷ ᠮᠦᠰᠦ ᠴᠠᠰᠤᠨ᠎ᠤ ᠡᠬᠢ ᠪᠠᠶᠠᠯᠢᠭ᠎ᠢ ᠬᠠᠯᠠᠮᠰᠢᠯ ᠠᠵᠤ ᠠᠬᠤᠢ ᠪᠤᠯᠭᠠᠨ ᠠᠰᠢᠭᠯᠠᠵᠦ᠂ ᠡᠪᠦᠯ᠎ᠤᠨ ᠤᠯᠠᠷᠢᠯ᠎ᠤᠨ ᠵᠢᠭᠤᠯᠴᠢᠯᠠᠯ᠎ᠢ ᠦᠷᠬᠦᠯᠵᠢᠯᠡᠨ ᠬᠦᠴᠦᠳᠡᠢ ᠬᠦᠭᠵᠢᠬᠦᠯᠵᠦ ᠪᠠᠢᠨ᠎ᠠ》 ᠭᠡᠵᠦ ᠦᠪᠦᠷ ᠮᠤᠨᠭᠭᠤᠯ᠎ᠤᠨ ᠦᠪᠡᠷᠳᠡᠭᠡᠨ ᠵᠠᠰᠠᠬᠤ ᠤᠷᠤᠨ᠎ᠤ ᠰᠤᠶᠤᠯ ᠪᠠ ᠵᠢᠭᠤᠯᠴᠢᠯᠠᠯ᠎ᠤᠨ ᠲᠢᠩᠬᠢᠮ᠎ᠤᠨ ᠳᠠᠷᠤᠭ᠎ᠠ ᠵᠢᠢ ᠰᠢᠶᠤᠤ ᠴᠢᠩ ᠬᠡᠯᠡᠨ᠎ᠠ᠃

ᠬᠥᠮᠥᠰᠭᠡ ᠰᠤᠷᠮᠤᠰᠤ ᠨᠢ ᠴᠠᠩᠳᠤᠵᠦ᠂ ᠬᠠᠴᠠᠷ ᠨᠢ ᠤᠯᠠᠢᠭ᠍ᠰᠠᠨ ᠬᠡᠥᠬᠡᠳ ᠴᠠᠰᠤᠨ᠎ᠳᠦ ᠬᠦᠭᠡᠷᠦᠯᠳᠦᠨ ᠲᠤᠭᠯᠠᠨ᠎ᠠ᠃ ᠥᠪᠥᠷ ᠮᠣᠩᠭᠣᠯ᠎ᠤᠨ ᠬᠥᠯᠥᠨ ᠪᠤᠢ᠌ᠷ ᠬᠤᠳᠠ᠎ᠶ᠋ᠢᠨ ᠡᠷᠭᠦᠨ᠎ᠡ ᠬᠤᠳᠠ᠎ᠶ᠋ᠢᠨ ᠬᠣᠶᠠᠳᠤᠭᠠᠷ ᠳᠤᠮᠳᠠᠳᠤ ᠰᠤᠷᠭᠠᠭᠤᠯᠢ᠎ᠶ᠋ᠢᠨ ᠳᠣᠯᠣᠳᠤᠭᠠᠷ ᠣᠨ᠎ᠤ ᠰᠤᠷᠤᠬ᠍ᠴᠢ ᠮᠠ ᠵᠢᠶᠠᠨ᠄ 《ᠪᠦᠬᠦ᠌ ᠠᠩᠬᠢ᠎ᠪᠠᠷ᠎ᠢᠶᠠᠨ ᠴᠠᠰᠤᠨ ᠳᠡᠭᠡᠷ᠎ᠡ ᠬᠦᠷᠳᠦ ᠲᠦᠯᠬᠢᠵᠦ ᠤᠷᠤᠯᠳᠤᠭᠰᠠᠨ᠂ ᠦᠨᠡᠬᠡᠷ ᠪᠠᠬᠠᠳᠠᠢ!》 ᠬᠡᠳ ᠬᠦᠶᠦᠨ᠎ᠠ᠃ ᠪᠥᠬᠥ᠌ ᠬᠣᠲᠠ᠎ᠶ᠋ᠢᠨ ᠠᠯᠪᠠᠨ ᠵᠢᠷᠤᠮ᠎ᠤᠨ ᠰᠤᠷᠭᠠᠨ ᠬᠥᠮᠦᠵᠢᠯ᠎ᠦᠨ ᠱᠠᠲᠤᠨ᠎ᠤ 1 ᠎ᠡᠴᠡ 8 ᠳ᠋ᠤᠭᠠᠷ ᠣᠨ᠎ᠤ ᠰᠤᠷᠤᠭ᠍ᠴᠢᠳ ᠡᠢᠨᠬᠦ ᠠᠩᠬᠠᠳᠤᠭᠠᠷ ᠤᠳᠠᠭᠠᠨ᠎ᠤ 《ᠴᠠᠰᠤᠨ᠎ᠤ ᠴᠢᠯᠦᠬᠡ》 ᠪᠠᠨ ᠤᠭᠳᠤᠨ ᠠᠪᠴᠤ᠂ ᠮᠦᠰᠦ ᠴᠠᠰᠤᠨ᠎ᠤ ᠪᠠᠶᠠᠷ ᠪᠠᠬᠠᠳᠤᠯᠳᠦ ᠨᠠᠭᠠᠳᠤᠮ ᠴᠡᠩᠬᠡᠬᠦᠨ ᠬᠦᠮᠦᠨ ᠪᠦᠬᠦᠳᠡ᠎ᠵᠢ ᠪᠠᠶᠠᠰᠬᠠᠨ᠎ᠠ᠃

ᠡᠷᠭᠦᠨ᠎ᠡ ᠬᠤᠳᠠ᠎ᠶ᠋ᠢᠨ ᠭᠤᠷᠪᠠᠳᠤᠭᠠᠷ ᠪᠠᠭ᠎ᠠ ᠰᠤᠷᠭᠠᠭᠤᠯᠢ᠎ᠶ᠋ᠢᠨ ᠵᠠᠬᠢᠷᠤᠯ ᠯᠢᠦ ᠱᠢᠶᠤᠤ ᠶᠦᠨ᠄《〈ᠴᠠᠰᠤᠨ ᠴᠢᠯᠥᠭᠡ〉 ᠲᠠᠯᠪᠢᠬᠤ ᠵᠢ ᠰᠣᠨᠣᠰᠤᠭᠠᠳ ᠬᠡᠦᠬᠡᠳ᠎ᠦᠳ ᠪᠠᠶᠠᠷᠯᠠᠨ ᠳᠡᠪᠬᠡᠷᠴᠤ᠂ ᠰᠤᠷᠭᠠᠭᠤᠯᠢ ᠡᠴᠡ ᠡᠴᠢᠭᠡ ᠡᠬᠡ ᠦᠷ᠎ᠠ ᠬᠡᠦᠬᠡᠳ᠎ᠦᠨ ᠠᠵᠢᠯᠯᠠᠭ᠎ᠠ᠂ ᠰᠤᠳᠤᠯᠤᠨ ᠰᠤᠷᠤᠯᠴᠠᠬᠤ ᠦᠢᠯᠡᠳᠦᠯᠭᠡ ᠪᠠ ᠡᠯ᠎ᠡ ᠵᠦᠢᠯ᠎ᠦᠨ ᠤᠷᠤᠯᠳᠤᠭᠠᠨ᠎ᠤ ᠲᠦᠷᠦᠯ᠎ᠦᠨ ᠮᠥᠰᠥ᠍ ᠴᠠᠰᠤᠨ᠎ᠤ ᠬᠥᠳᠡᠯᠭᠡᠭᠡᠨ᠎ᠢ ᠲᠤᠬᠢᠷᠠᠭᠤᠯᠵᠤ᠂ ᠬᠡᠦᠬᠡᠳ᠎ᠦᠳ᠎ᠲᠦ ᠨᠤᠲᠤᠭ᠎ᠤᠷᠤᠨ᠎ᠤ ᠮᠥᠰᠥ᠍ ᠴᠠᠰᠤᠨ᠎ᠤ ᠡᠬᠢ ᠪᠠᠶᠠᠯᠢᠭ᠎ᠤᠨ ᠥᠪᠡᠷᠮᠢᠴᠡ ᠷᠢᠳᠢ ᠱᠢᠳᠢ᠎ᠶ᠋ᠢ ᠤᠢ᠍ᠢᠯᠠᠭᠠᠭᠤᠯᠬᠤ ᠵᠢᠨ ᠬᠠᠮᠲᠤ ᠪᠡᠶ᠎ᠡ ᠮᠠᠬᠠᠪᠣᠳ᠎ᠢ ᠨᠢ ᠴᠢᠭᠢᠷᠠᠭ᠍ᠵᠢᠭᠤᠯᠵᠤ᠂ ᠡᠷᠴᠢ ᠵᠣᠷᠢᠭ᠎ᠢ ᠨᠢ ᠳᠠᠪᠲᠠᠨ ᠪᠣᠯᠪᠠᠰᠤᠷᠠᠭᠤᠯᠬᠤ᠎ᠵᠢ ᠵᠤᠷᠢᠨ ᠠᠵᠢᠯᠯᠠᠵᠦ ᠪᠠᠢᠨ᠎ᠠ》 ᠭᠡᠵᠦ ᠬᠡᠯᠡᠨ᠎ᠠ᠃2025 ᠣᠨ᠎ᠤ  12 ᠰᠠᠷ᠎ᠠ᠎ᠶ᠋ᠢᠨ 24 ᠡᠴᠡ 28 ᠎ᠤ᠋ ᠡᠳᠦᠷ ᠪᠣᠯᠲᠠᠯ᠎ᠠ ᠦᠷᠬᠦᠯᠵᠢᠯᠡᠭᠰᠡᠨ ᠴᠠᠰᠤᠨ᠎ᠤ ᠴᠢᠯᠥᠭᠡᠨ᠎ᠳᠦ ᠬᠥᠯᠥᠨ ᠪᠤᠢ᠌ᠷ᠎ᠤᠨ ᠰᠤᠷᠤᠭ᠍ᠴᠢᠳ᠂ ᠬᠡᠷ᠎ᠦᠨ ᠠᠬᠠᠮᠠᠳ᠎ᠤᠳ ᠬᠤᠳᠠ᠎ᠶ᠋ᠢᠨ ᠡᠯ᠎ᠡ ᠮᠥᠰᠥ᠍ ᠴᠠᠰᠤᠨ᠎ᠤ ᠲᠠᠯᠠᠪᠤᠷ᠎ᠲᠤ ᠢᠪᠡᠷᠡᠨ ᠣᠷᠣᠵᠤ ᠂ ᠮᠥᠰᠥ᠍ ᠴᠠᠰᠤᠨ᠎ᠤ ᠬᠡᠷᠡᠭ᠌ᠯᠡᠭᠡ᠎ᠶ᠋ᠢ ᠶᠡᠬᠡᠪᠡᠷ ᠬᠥᠭ᠌ᠵᠢᠭᠡᠪᠡ᠃


QQ20260107-103627.png


ᠬᠣᠷᠢᠨ ᠨᠢᠭᠡᠳᠦᠭᠡᠷ ᠬᠤᠭᠤᠴᠠᠭᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠮᠥᠰᠥ᠍ ᠴᠠᠰᠤᠨ᠎ᠤ ᠨᠠᠭᠠᠳᠤᠮ᠎ᠤᠨ ᠡᠬᠢᠯᠡᠯᠳᠡ ᠵᠢᠨ ᠶᠤᠰᠤᠯᠠᠯ


QQ20260107-103534.png


ᠬᠤᠷᠳᠤᠯᠠᠨ ᠲᠠᠪᠬᠢᠬᠤ ᠴᠠᠰᠤᠨ ᠮᠤᠲ᠋ᠤᠷ


QQ20260107-103544.png


《ᠠᠶᠠᠯᠭᠤᠳᠤ ᠵᠢᠭᠤᠯᠴᠢᠯᠠᠯ ᠦᠪᠦᠷ ᠮᠤᠨᠭᠭᠤᠯ·ᠪᠠᠶᠠᠷ ᠪᠠᠶᠠᠰᠬᠤᠯᠠᠩᠳᠦ ᠮᠦᠰᠦ ᠴᠠᠰᠤᠨ᠎ᠤ ᠤᠯᠠᠷᠢᠯ》 ᠎ᠤ᠋ᠨ ᠤᠷᠠᠨ ᠰᠠᠢᠬᠠᠨ᠎ᠤ ᠲᠤᠬᠯᠠᠯᠳᠠ


QQ20260107-103555.png


ᠨᠠᠭᠠᠳᠤᠮᠴᠢᠳ


QQ20260107-103707.png


ᠴᠠᠰᠤᠨ᠎ᠳᠤ ᠴᠠᠨᠠᠯᠠᠬᠤ ᠲᠤᠬᠯᠠᠭᠠᠮ


QQ20260107-103614.png


ᠭᠠᠡᠭᠭᠠᠡᠭ ᠲᠡᠮᠡᠭᠡᠳ᠎ᠤᠨ ᠵᠢᠬᠰᠠᠭᠠᠯ


ᠤᠢᠷ᠎ᠠ᠎ᠶᠢᠨ ᠬᠡᠳᠦᠨ ᠡᠳᠦᠷ ᠶᠠᠭ᠍ᠰᠢ᠎ᠶ᠋ᠢᠨ ᠹᠧᠩ ᠬᠤᠸᠠᠩ ᠱᠠᠨ ᠠᠭᠤᠯᠠᠨ᠎ᠤ ᠬᠦᠢᠳᠡᠨ᠎ᠤ ᠬᠡᠮᠵᠢᠶ᠎ᠠ 35 ᠭᠷᠠᠳᠦ᠋ᠰ᠎ᠢ ᠳᠠᠪᠠᠵᠦ᠂ ᠳᠤᠮᠳᠠᠳᠤ ᠤᠯᠤᠰ᠎ᠤᠨ ᠮᠠᠱᠢᠨ ᠲᠡᠷᠭᠡᠨ᠎ᠦ ᠰᠤᠳᠤᠯᠭᠠᠨ᠎ᠤ ᠲᠥᠪ (ᠬᠥᠯᠥᠨ ᠪᠣᠢᠷ) ᠤ᠋ᠨ ᠲᠤᠷᠱᠢᠯᠲᠠ᠎ᠶ᠋ᠢᠨ ᠲᠠᠯᠠᠪᠠᠶ᠎ᠳᠤ᠂ ᠬᠡᠳᠦᠨ ᠠᠷᠪᠠᠨ ᠰᠣᠷᠢᠯᠲᠠ᠎ᠶ᠋ᠢᠨ ᠮᠠᠱᠢᠨ ᠲᠡᠷᠭᠡ ᠨᠠᠭᠤᠷ᠎ᠤᠨ ᠮᠦᠰᠦ᠂ ᠴᠠᠰᠤ ᠳᠠᠭᠳᠠᠷᠰᠢᠭᠰᠠᠨ ᠠᠭᠤᠯᠠᠨ ᠪᠡᠯ ᠵᠡᠷᠭᠡ ᠣᠯᠠᠨ ᠶᠠᠩᠵᠤ᠎ᠶ᠋ᠢᠨ ᠵᠠᠮ ᠳᠡᠭᠡᠷ᠎ᠠ ᠲᠣᠰᠣ ᠱᠢᠲᠠᠭᠠᠬᠤ ᠲᠡᠷᠭᠡ᠎ᠡᠴᠡ ᠱᠢᠨ᠎ᠡ ᠡᠨᠧᠷᠭᠢ᠎ᠶ᠋ᠢᠨ ᠮᠠᠱᠢᠨ ᠲᠡᠷᠭᠡ ᠬᠦᠷᠲᠡᠯ᠎ᠡ᠂ ᠬᠦᠯᠳᠡᠬᠦᠦ ᠮᠠᠰᠢᠨ᠎ᠢ ᠠᠰᠠᠭᠠᠬᠤ᠎ᠡᠴᠡ ᠣᠶᠤᠨᠴᠢ ᠵᠢᠯᠣᠭᠣᠴᠢ ᠬᠦᠷᠲᠡᠯᠡᠬᠢ ᠲᠦᠷᠦᠯ ᠵᠦᠢᠯ᠎ᠢ ᠡᠮᠬᠢ ᠵᠢᠷᠤᠮ᠎ᠲᠠᠶ ᠰᠢᠯᠭᠠᠨ ᠪᠠᠢᠴᠠᠭᠠᠵᠦ ᠪᠠᠢᠯ᠎ᠠ᠃ ᠶᠠᠭ᠍ᠰᠢ ᠬᠤᠳᠠ᠎ᠶᠢᠨ ᠠᠭᠠᠷ᠎ᠤᠨ ᠳᠤᠯᠠᠭᠠᠨ ᠨᠢ - 20°C ᠡᠴᠡ ᠬᠦᠢᠳᠡᠨ ᠡᠳᠦᠷ᠎ᠦᠨ ᠲᠣᠭ᠎ᠠ ᠨᠢ 110 ᠱᠢᠬᠠᠮ ᠪᠠᠢᠵᠦ᠂ 6 ᠰᠠᠷ᠎ᠠ ᠤᠷᠲᠤ ᠬᠥᠯᠳᠡᠬᠦᠦ ᠬᠤᠭᠤᠴᠠᠭ᠎ᠠ ᠨᠢ ᠮᠠᠰᠢᠨ ᠲᠡᠷᠭᠡᠨ᠎ᠤ ᠬᠦᠢᠲᠡᠨ᠎ᠤ ᠰᠢᠯᠭᠠᠯᠳᠠ ᠬᠢᠬᠦ ᠦᠪᠡᠷᠮᠢᠴᠡ ᠤᠨᠴᠠᠭᠠᠢ ᠪᠠᠢᠭᠠᠯᠢ᠎ᠶ᠋ᠢᠨ ᠳᠠᠪᠠᠭᠤᠯᠢᠭ ᠪᠤᠯᠵᠠᠢ᠃ ᠣᠳᠣᠬᠠᠨ᠎ᠪᠤᠯᠳᠠᠯ᠎ᠠ 2.6 ᠲᠦᠮᠡᠨ ᠮᠠᠱᠢᠨ ᠲᠡᠷᠭᠡ᠎ᠶ᠋ᠢ ᠱᠢᠯᠭᠠᠨ ᠪᠠᠢᠴᠠᠭᠠᠵᠤ ᠂ 1200 ᠭᠠᠷᠤᠶ ᠮᠠᠱᠢᠨ ᠲᠡᠷᠭᠡᠨ᠎ᠦ ᠠᠵᠤ ᠠᠬᠤᠢᠯᠠᠯ᠂ 27 ᠲᠦᠮᠡ ᠭᠠᠷᠤᠶ ᠬᠡᠷᠡᠭ᠌ᠯᠡᠭ᠌ᠴᠢ᠎ᠶ᠋ᠢ ᠭᠥᠯᠢᠶᠡᠨ ᠠᠪᠴᠤ᠌᠂ 10 ᠳ᠋ᠦᠩᠱᠢᠭᠤᠷ ᠲᠥᠭᠥᠷᠢᠭ᠎ᠦᠨ ᠠᠵᠤ ᠠᠬᠤᠢ᠎ᠶᠢᠨ ᠣᠷᠣᠯᠭ᠎ᠠ ᠡᠬᠦᠳᠴᠦ᠂ ᠦᠪᠦᠷ ᠮᠤᠨᠭᠭᠤᠯ ᠮᠦᠰᠦ ᠴᠠᠰᠤᠨ᠎ᠤ ᠡᠬᠢ ᠪᠠᠶᠠᠯᠢᠭ᠂ ᠬᠠᠬᠢᠷ ᠬᠦᠢᠳᠡᠨ ᠠᠭᠤᠷ ᠠᠮᠢᠰᠬᠤᠯ᠎ᠢ ᠠᠵᠤ ᠠᠬᠤᠢ᠎ᠶᠢᠨ ᠦᠷ᠎ᠠ ᠠᠰᠢᠭ ᠪᠤᠯᠭᠠᠨ ᠠᠰᠢᠭᠯᠠᠭᠰᠠᠨ ᠰᠤᠩᠭᠤᠳᠠᠭ ᠵᠢᠱ᠌ᠢᠶ᠎ᠠ ᠪᠤᠯᠵᠠᠢ᠃

ᠦᠪᠦᠷ ᠮᠤᠨᠭᠭᠤᠯ᠎ᠤᠨ ᠮᠦᠰᠦ ᠴᠠᠰᠤᠨ᠎ᠤ ᠵᠢᠭᠤᠯᠴᠢᠯᠠᠯ ᠤᠳᠠᠭ᠎ᠠ ᠳᠠᠷᠠᠭᠠᠯᠠᠨ ᠰᠦᠯᠵᠢᠶᠡᠨ ᠬᠠᠯᠠᠮᠰᠢᠯ ᠪᠤᠯᠵᠦ᠂ ᠬᠠᠬᠢᠷ ᠬᠦᠢᠲᠡᠨ ᠠᠭᠤᠷ ᠠᠮᠢᠰᠬᠤᠯ ᠨᠢ ᠤᠤᠯ᠎ᠤᠨ ᠬᠢ ᠰᠢᠭ᠋ ᠬᠦᠮᠦᠨ ᠪᠦᠬᠦᠳᠡ᠎ᠶᠢᠨ ᠵᠢᠷᠦᠬᠡᠰᠢᠶᠡᠨ ᠪᠤᠳᠤᠳᠠᠭ ᠬᠠᠳᠠᠭᠤ ᠪᠡᠷᠭᠡ ᠨᠦᠬᠦᠴᠡᠯ ᠪᠢᠰᠢ ᠬᠠᠷᠢᠨ ᠠᠭᠤᠷ ᠠᠮᠢᠰᠬᠤᠯ ᠲᠤᠯᠠᠭᠠᠬᠠᠨ ᠤᠷᠤᠨ᠎ᠤ ᠬᠦᠮᠦᠰ᠎ᠤᠨ ᠡᠪᠦᠯ᠎ᠤᠨ ᠰᠠᠢᠬᠠᠨ᠎ᠢ ᠮᠡᠳᠡᠷᠡᠬᠦ᠂ ᠪᠠᠢᠭᠠᠯᠢ ᠲᠠᠢ ᠤᠢᠷᠠᠳᠤᠬᠤ᠂ ᠮᠦᠰᠦ ᠴᠠᠰᠤᠨ᠎ᠤ ᠭᠠᠢᠬᠠᠮᠰᠢᠭᠳᠦ ᠦᠵᠡᠮᠵᠢ ᠪᠠᠢᠳᠠᠯ᠎ᠢ ᠦᠵᠡᠨ ᠰᠤᠨᠢᠷᠬᠠᠬᠤ ᠲᠡᠷᠢᠬᠦᠨ ᠰᠤᠩᠭᠤᠯᠳᠠ᠎ᠶᠢᠨ ᠭᠠᠵᠠᠷ ᠪᠤᠯᠵᠠᠢ᠃

ᠡᠷᠭᠦᠨ᠎ᠡ ᠬᠣᠲᠠ 30 ᠭᠷᠠᠳᠦ᠋ᠰ ᠎ᠦᠨ ᠬᠦᠢᠳᠡᠨ ᠭᠤᠤᠯ ᠎ᠤᠨ ᠤᠰᠤᠨ ᠎ᠳᠤ᠂  《ᠬᠦᠯᠳᠡᠬᠦᠦ ᠭᠤᠤᠯ᠎ᠳᠦ ᠬᠡᠪᠲᠡᠬᠦ᠌》 ᠲᠥᠷᠥᠯ ᠵᠦᠶ᠋ᠯ ᠭᠠᠷᠭᠠᠵᠦ᠂ ᠵᠢᠭᠤᠯᠴᠢᠯᠠᠭᠰᠠᠳ ᠬᠦᠯᠳᠡᠬᠦ ᠡᠴᠡ ᠰᠡᠷᠭᠡᠢᠯᠡᠬᠦ ᠤᠨᠴᠠᠭᠠᠢ ᠬᠤᠪᠴᠠᠰᠤ ᠡᠮᠦᠰᠦᠨ᠂ ᠠᠵᠢᠯᠳᠠᠳ᠎ᠤᠨ ᠬᠠᠮᠠᠭᠠᠯᠠᠯ ᠳᠤᠤᠷ᠎ᠠ ᠬᠦᠯᠳᠡᠬᠦᠦ ᠭᠤᠤᠯ᠎ᠤᠨ ᠮᠦᠰᠦ᠎ᠵᠢ ᠴᠦᠮᠦᠯᠦᠨ ᠬᠡᠪᠳᠡᠵᠦ᠂ ᠰᠡᠬᠦᠳᠡᠷ ᠳᠠᠳᠠᠨ ᠲᠤᠷᠠᠰᠬᠠᠯ ᠦᠯᠡᠳᠡᠬᠡᠵᠦ᠂ ᠦᠪᠡᠷᠮᠢᠴᠡ ᠤᠨᠴᠠᠯᠢᠭ ᠲᠠᠢ ᠪᠡᠶᠡᠴᠢ ᠤᠢᠯᠠᠭᠠᠯᠳᠠ ᠨᠢ ᠤᠯᠠᠨ ᠬᠦᠮᠦᠨ᠎ᠤ ᠰᠤᠨᠢᠷᠬᠠᠯ᠎ᠢ ᠳᠠᠳᠠᠵᠠᠢ;ᠵᠠᠯᠠᠨ ᠠᠢᠯ ᠬᠣᠲᠠ᠎ᠶ᠋ᠢᠨ ᠵᠢᠨ ᠯᠦᠩ ᠱᠠᠨ ᠴᠠᠨᠠᠯᠠᠯᠳᠠ᠎ᠶᠢᠨ ᠲᠠᠯᠠᠪᠠᠢ᠎ᠳᠤ ᠵᠢᠭᠤᠯᠴᠢᠯᠠᠭᠰᠠᠳ ᠦᠨᠳᠦᠰᠦᠲᠡᠨ᠎ᠦ ᠬᠤᠪᠴᠠᠰᠤ ᠵᠠᠰᠠᠯ᠎ᠢᠶᠠᠷ ᠭᠤᠶᠤᠵᠦ ᠰᠡᠭᠦᠳᠡᠷ ᠲᠠᠲᠠᠭᠤᠯᠤᠨ᠂ ᠮᠥᠰᠥ᠍ ᠴᠠᠰᠤᠨ᠎ᠤ ᠠᠮᠲᠠᠲᠤ ᠢᠳᠡᠭᠡᠨ᠎ᠦ ᠲᠤᠭᠤᠷᠢᠭ᠎ᠲᠦ᠂ ᠬᠠᠯᠠᠭᠤᠨ ᠠᠭᠤᠷ ᠰᠠᠪᠰᠠᠯᠠᠭ᠍ᠰᠠᠨ ᠬᠣᠨᠢᠨ ᠮᠢᠬ᠎ᠠ᠂ ᠰᠦ ᠲᠠᠢ ᠴᠠᠢ ᠠᠮᠢᠳᠤᠷᠠᠯ᠎ᠤᠨ ᠰᠠᠢᠬᠠᠨ᠎ᠢ ᠮᠡᠳᠡᠷᠡᠬᠦᠯᠦᠨ᠎ᠠ᠃

ᠡᠨᠡ ᠡᠪᠦᠯ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠷᠭᠦᠨ᠎ᠡ ᠬᠣᠲᠠ᠎ᠶ᠋ᠢᠨ ᠾᠸᠢ ᠱᠠᠨ ᠳᠧᠦ ᠬᠢᠯᠢ᠎ᠶᠢᠨ ᠪᠣᠭᠣᠮᠲᠠ᠎ᠶ᠋ᠢᠨ ᠦᠵᠡᠮᠵᠢ᠎ᠶ᠋ᠢᠨ ᠣᠷᠣᠨ ᠥᠪᠡᠷᠮᠢᠴᠡ ᠭᠠᠵᠠᠷ ᠵᠦᠶ᠎ᠪᠠᠢᠷᠢᠯᠠᠯ ᠵᠢᠴᠢ ᠠᠭᠤᠷ ᠠᠮᠢᠰᠭᠤᠯ᠎ᠤᠨ ᠨᠥᠬᠥᠴᠡᠯ᠎ᠢᠶᠡᠨ ᠠᠰᠢᠭᠯᠠᠨ᠂ ᠣᠯᠠᠨ ᠲᠦᠮᠡᠨ᠎ᠦ 《ᠮᠥᠰᠥ᠍ ᠴᠠᠰᠤ + ᠪᠡᠶ᠎ᠡ᠎ᠶ᠋ᠢᠨ ᠲᠠᠮᠢᠷ + ᠰᠣᠶᠣᠯ ᠵᠢᠭᠤᠯᠴᠢᠯᠠᠯ》 ᠤ᠋ᠨ ᠡᠵᠡᠩᠨᠡᠯᠲᠡ᠎ᠶ᠋ᠢᠨ ᠬᠡᠯᠪᠡᠷᠢ᠎ᠶ᠋ᠢ ᠦᠷᠭᠦᠯᠵᠢᠯᠡᠨ ᠪᠠᠶᠠᠯᠢᠭ᠍ᠵᠢᠭᠤᠯᠵᠤ᠂ ᠬᠢᠯᠢ᠎ᠶ᠋ᠢᠨ ᠭᠤᠤᠯ᠎ᠳᠦ ᠵᠢᠭᠠᠰᠤ ᠭᠥᠬᠢᠳᠡᠬᠦ᠌᠂ ᠴᠠᠰᠤᠲᠤ ᠲᠠᠯ᠎ᠠ᠎ᠳᠤ ᠮᠣᠷᠢ ᠤᠨᠤᠬᠤ᠂ ᠤᠰᠤ ᠰᠠᠴᠤᠵᠤ ᠰᠠᠴᠤᠷᠠᠭ ᠪᠣᠯᠭᠠᠬᠤ᠂ ᠮᠠᠰᠢᠨ ᠲᠡᠷᠭᠡ ᠪᠠᠨ ᠵᠢᠯᠤᠭᠤᠳᠴᠤ ᠮᠥᠰᠥ᠍ ᠴᠠᠰᠤ᠎ᠵᠢ ᠲᠤᠭᠤᠯᠬᠤ ᠵᠡᠷᠭᠡ ᠥᠪᠡᠷᠮᠢᠴᠡ ᠣᠨᠴᠠᠯᠢᠭ᠎ᠲᠠᠶ ᠵᠢᠭᠤᠯᠴᠢᠯᠠᠯ᠎ᠤᠨ ᠲᠦᠷᠦᠯ᠎ᠢ ᠭᠠᠷᠭᠠᠵᠤ᠂ ᠵᠢᠭᠤᠯᠴᠢᠯᠠᠭᠰᠠᠳ᠎ᠤᠨ ᠪᠠᠬ᠎ᠠ᠎ᠵᠢ ᠳᠠᠳᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号