ᠡᠪᠤᠯ ᠤ᠋ᠨ ᠲᠤᠢᠯ ᠦᠩᠭᠡᠷᠡᠵᠦ᠂ ᠳᠠᠯᠠᠨ ᠬᠠᠷ᠎ᠠ ᠠᠭᠤᠯᠠ ᠴᠠᠰᠤᠨ ᠳ᠋ᠤ ᠬᠤᠴᠢᠭ᠍ᠳᠠᠵᠠᠢ᠃ ᠬᠡᠪᠡᠴᠦ ᠳᠠᠯᠠᠨ ᠬᠠᠷ᠎ᠠ ᠶ᠋ᠢᠨ ᠡᠩᠭᠡᠷ ᠲᠤ᠌ ᠪᠠᠢᠷᠢᠯᠠᠬᠤ ᠬᠦᠬᠡᠬᠤᠲᠠ ᠶ᠋ᠢᠨ ᠱᠢᠨ᠎ᠡ ᠬᠣᠲᠠ ᠲᠣᠭᠣᠷᠢᠭ ᠤ᠋ᠨ ᠲᠤᠰᠬᠤ ᠭᠡᠷ ᠲᠣᠰᠭᠣᠨ ᠤ᠋ ᠱᠢᠶᠤᠤ ᠵᠢᠶᠠ ᠬᠡᠷ ᠪᠦᠯᠢ ᠶ᠋ᠢᠨ ᠲᠠᠷᠢᠶᠠᠯᠠᠩ ᠤ᠋ᠨ ᠲᠠᠯᠠᠪᠠᠶ ᠶ᠋ᠢᠨ ᠭᠦᠵᠡᠯᠵᠡᠭᠡᠨ᠎ᠡ ᠶ᠋ᠢᠨ ᠬᠦᠯᠡᠮᠵᠢ ᠳ᠋ᠤ ᠬᠠᠷᠢᠨ ᠠᠮᠢ ᠠᠮᠢᠵᠢᠷᠠᠯ ᠤ᠋ᠨ ᠨᠤᠭᠤᠭᠠᠨ ᠦᠩᠭᠡ ᠪᠡᠷ ᠪᠢᠯᠬᠠᠵᠤ᠂ ᠰᠤᠷᠭᠤᠭ ᠤᠯᠠᠭᠠᠨ ᠭᠦᠵᠡᠯᠵᠡᠭᠡᠨ᠎ᠠ ᠨᠢ ᠰᠢᠯᠤᠰᠤ ᠬᠤᠷᠠᠭᠤᠯᠤᠮᠠ ᠪᠠᠢᠯ᠎ᠠ᠃

ᠭᠦᠵᠡᠯᠵᠡᠭᠡᠨ᠎ᠠ ᠲᠡᠭᠦᠨᠠ

ᠰᠢᠯᠭᠠᠨ ᠪᠠᠢᠴᠠᠭᠠᠨ᠎ᠠ
ᠭᠦᠵᠡᠯᠵᠡᠭᠡᠨ᠎ᠠ ᠪᠡᠨ ᠲᠡᠭᠦᠨᠠ᠂ ᠢᠯᠭᠠᠨ᠎ᠠ᠂ ᠬᠠᠢᠷᠴᠠᠭᠯᠠᠨᠠ ᠁ ᠭᠡᠳ ᠪᠢᠳᠡᠨ ᠢ᠋ ᠬᠦᠷᠬᠦ ᠳ᠋ᠤ ᠬᠦᠯᠡᠮᠵᠢ ᠶ᠋ᠢᠨ ᠡᠵᠡᠨ ᠵᠢᠶᠠ ᠯᠢ ᠫᠢᠩ ᠠᠵᠢᠯᠴᠢᠳ ᠲᠠᠢ ᠪᠠᠨ ᠬᠠᠮᠳᠤ ᠶᠠᠭᠠᠷᠠᠯᠳᠠᠢ ᠮᠤᠩᠭᠠᠨᠢᠵᠤ ᠪᠠᠢᠪᠠ᠃ 《 ᠣᠲᠣ ᠶᠠᠭ ᠭᠦᠵᠡᠯᠵᠡᠭᠡᠨ᠎ᠡ ᠪᠤᠯᠪᠠᠰᠤᠷᠠᠬᠤ ᠤᠯᠠᠷᠢᠯ ᠪᠤᠯᠵᠤ᠂ ᠡᠳᠦᠷ ᠪᠦᠷᠢ 200 ᠵᠢᠩ ᠰᠢᠬᠠᠮ ᠭᠦᠵᠡᠯᠵᠡᠭᠡᠨ᠎ᠡ ᠲᠡᠭᠦᠵᠦ᠍ ᠪᠠᠢᠨ᠎ᠠ᠂ ᠵᠢᠩ ᠪᠦᠷᠢ ᠶ᠋ᠢ 60 — 70 ᠲᠥᠭᠥᠷᠢᠭ ᠶ᠋ᠢᠡᠷ ᠪᠤᠷᠤᠯᠠᠭᠤᠯᠵᠤ ᠪᠠᠢᠨ᠎ᠠ 》 ᠭᠡᠵᠦ ᠵᠢᠶᠠ ᠯᠢ ᠫᠢᠩ ᠤᠷᠮᠠᠲᠠᠢ ᠶᠠᠷᠢᠨ᠎ᠠ᠃
2009 ᠣᠨ ᠳ᠋ᠤ ᠶᠡᠬᠡ ᠰᠤᠷᠭᠠᠭᠤᠯᠢ ᠡᠴᠡ ᠪᠠᠨ ᠲᠡᠭᠦᠰᠦᠭ᠌ᠰᠡᠨ ᠵᠢᠶᠠ ᠯᠢ ᠫᠢᠩ ᠲᠤᠰᠬᠤᠨ ᠤ᠋ ᠠᠷᠠᠳ ᠤ᠋ᠨ ᠵᠦᠪᠯᠡᠯ ᠤ᠋ᠨ ᠤᠷᠢᠶᠠᠯᠠᠭ᠎ᠠ ᠪᠡᠷ ᠨᠤᠲᠤᠭ ᠲᠠᠭᠠᠨ ᠪᠤᠴᠠᠵᠤ ᠬᠦᠵᠡᠯᠵᠡᠭᠡᠨ᠎ᠡ ᠲᠠᠷᠢᠵᠤ ᠡᠬᠢᠯᠡᠭᠰᠡᠨ ᠶᠤᠮ᠃ ᠳᠡᠳᠡᠨ ᠤ᠋ ᠬᠢᠨ ᠴᠡᠯᠡᠭᠡᠷ ᠲᠠᠯ᠎ᠠ ᠶ᠋ᠢᠨ ᠵᠢᠭᠤᠯᠴᠢᠯᠠᠯ ᠤ᠋ᠨ ᠭᠣᠣᠯ ᠵᠠᠮ ᠲᠠᠭᠠᠤ ᠰᠠᠭᠤᠷᠢᠰᠢᠵᠤ᠂ ᠵᠢᠭᠤᠯᠴᠢᠯᠠᠯ ᠤ᠋ᠨ ᠬᠦᠮᠦᠰ ᠲᠠᠰᠤᠷᠠᠬᠤ ᠦᠭᠡᠢ ᠪᠠᠢᠬᠤ ᠪᠡᠷ 《 ᠭᠦᠵᠡᠯᠵᠡᠭᠡᠨ᠎ᠡ ᠲᠡᠭᠦᠬᠦ᠌ + ᠬᠥᠳᠡᠭᠡ ᠲᠣᠰᠭᠣᠨ ᠤ᠋ ᠵᠢᠭᠤᠯᠴᠢᠯᠠᠯ 》 ᠤ᠋ᠨ ᠡᠵᠡᠩᠨᠡᠯᠳᠡ ᠶ᠋ᠢᠨ ᠵᠠᠭ᠍ᠪᠤᠷ ᠶ᠋ᠢᠡᠷ ᠲᠦᠷᠦᠭᠦᠦ ᠵᠢᠯ ᠳ᠋ᠡᠭᠡᠨ ᠳᠠᠷᠤᠢ 10 ᠲᠦᠮᠡ ᠭᠠᠷᠤᠢ ᠲᠥᠭᠥᠷᠢᠭ ᠤ᠋ᠨ ᠤᠷᠤᠯᠭ᠎ᠠ ᠡᠭᠦᠳᠴᠠᠢ᠃
2013 ᠣᠨ ᠳ᠋ᠤ᠂ ᠵᠢᠶᠠ ᠯᠢ ᠫᠢᠡᠭ ᠬᠥᠬᠡᠬᠣᠲᠠ ᠶ᠋ᠢᠨ ᠸᠧᠢ ᠨᠠᠨ ᠲᠠᠷᠢᠮᠠᠯ ᠤ᠋ᠨ ᠲᠤᠰᠭᠠᠢ ᠬᠤᠷᠱᠢᠶᠠ ᠶ᠋ᠢ ᠪᠠᠢᠭᠤᠯᠵᠤ᠂ ᠦᠪᠡᠷ ᠤ᠋ᠨ ᠲᠤᠯᠠᠭᠠᠨ ᠬᠦᠯᠡᠮᠵᠢ ᠪᠠᠨ ᠳᠤᠳᠤᠮᠳᠠᠬᠤ ᠶ᠋ᠢᠨ ᠳᠠᠭᠠᠤ ᠲᠤᠰᠬᠠᠢ ᠬᠤᠷᠰᠢᠶ᠎ᠡ ᠶ᠋ᠢᠨ ᠭᠡᠰᠢᠭᠦᠳ ᠶ᠋ᠢᠡᠨ ᠳᠠᠢᠴᠢᠯᠠᠨ ᠬᠠᠮᠳᠤ ᠪᠡᠷ ᠪᠠᠶᠠᠵᠢᠬᠤ ᠶ᠋ᠢ ᠵᠤᠷᠢᠪᠠ᠃ 2025 ᠣᠨ ᠳ᠋ᠤ ᠲᠡᠳᠡᠨ ᠤ᠋ ᠲᠤᠯᠠᠭᠠᠨ ᠬᠦᠯᠡᠮᠵᠢ ᠶ᠋ᠢᠨ ᠰᠠᠭᠤᠷᠢᠨ 110 ᠲᠦᠮᠡᠨ ᠲᠥᠭᠥᠷᠢᠭ ᠤ᠋ᠨ ᠪᠤᠷᠤᠯᠠᠭᠤᠯᠭ᠎ᠠ ᠶ᠋ᠢᠨ ᠤᠷᠤᠯᠭ᠎ᠠ ᠡᠭᠦᠳᠴᠤ᠂ 40 ᠭᠠᠷᠤᠢ ᠲᠣᠰᠭᠣᠨ ᠤ᠋ ᠠᠷᠠᠳ ᠲᠤ᠌ ᠠᠰᠢᠭ ᠬᠦᠷᠲᠡᠭᠡᠪᠠ᠃