— 2025 ᠣᠨ᠎ᠳᠤ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ ᠦᠶ᠋ᠯᠡᠰ ᠱᠢᠨ᠎ᠡ ᠪᠠᠢᠳᠠᠯ᠎ᠢ ᠡᠬᠦᠳᠦᠨ ᠨᠡᠬᠡᠬᠡᠪᠡ
2025 ᠣᠨ ᠪᠣᠯ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠰᠡᠭᠦᠯ ᠬᠤᠷᠢᠶᠠᠬᠤ ᠵᠢᠯ᠂ 《ᠠᠷᠪᠠᠨ ᠲᠠᠪᠤᠳᠤᠭᠠᠷ ᠲᠠᠪᠤᠨ ᠵᠢᠯ》᠎ᠢ᠋ ᠲᠥᠯᠥᠪᠵᠢᠭᠦᠯᠦᠨ ᠪᠠᠢᠷᠢᠱᠢᠭᠤᠯᠤᠬᠰᠠᠨ ᠵᠢᠯ᠂ ᠮᠥᠨ ᠴᠦ᠍ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ ᠪᠣᠯᠤᠨ᠎ᠠ᠃
ᠴᠠᠭ ᠦᠶ᠎ᠡ᠎ᠶ᠋ᠢᠨ ᠪᠠᠢᠷᠢᠱᠢᠯ ᠳᠤᠮᠳᠠ ᠠᠤᠭ᠎ᠠ ᠵᠢᠷᠤᠭ ᠲᠥᠰᠦᠪ᠎ᠢ ᠵᠢᠷᠤᠭ᠍ᠯᠠᠵᠤ᠂ ᠲᠡᠦᠬᠡ᠎ᠶ᠋ᠢᠨ ᠴᠤᠤᠷᠢᠶ᠎ᠠ ᠳᠤᠮᠳᠠ ᠢᠷᠠᠭᠤ ᠠᠯᠳᠠᠷ᠎ᠢᠶᠠᠨ ᠦᠷᠭᠦᠯᠵᠢᠯᠡᠭᠦᠯᠦᠨ᠎ᠡ᠃ ᠡᠨᠡ ᠨᠢᠭᠡ ᠵᠢᠯ᠎ᠳᠦ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ ᠦᠢᠯᠡᠰ ᠨᠢ ᠴᠠᠭ ᠦᠶ᠎ᠡ᠎ᠶ᠋ᠢᠨ ᠭᠦᠨ ᠵᠤᠵᠠᠭᠠᠨ ᠳᠡᠪᠢᠰᠭᠡᠷ ᠦᠩᠭᠡ ᠪᠠ ᠢᠯᠡ ᠲᠣᠳᠣ ᠦᠢᠯᠡᠳᠦᠯᠭᠡ᠎ᠶ᠋ᠢᠨ ᠣᠨᠴᠠᠯᠢᠭ᠎ᠢᠶᠠᠷ᠎ᠢᠶᠠᠨ ᠤᠯᠤᠰ᠎ᠤᠨ ᠬᠥᠭ᠌ᠵᠢᠯᠲᠡ᠎ᠶ᠋ᠢᠨ ᠳᠤᠮᠳᠠ ᠭᠦᠨᠵᠡᠭᠡᠢ ᠠᠭᠤᠰᠤᠨ ᠦᠯᠡᠳᠡᠭᠰᠡᠨ ᠪᠠᠢᠨ᠎ᠠ᠃
ᠨᠢᠭᠡ ᠵᠢᠯ᠎ᠦᠨ ᠲᠤᠷᠰᠢ᠂ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭ᠎ᠠ ᠵᠢᠨ ᠵᠢᠯᠤᠭᠤᠳᠤᠯᠭ᠎ᠠ ᠳᠣᠣᠷ᠎ᠠ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠦᠵᠡᠯ ᠰᠠᠨᠠᠭᠠᠨ᠎ᠤ ᠭᠠᠯ ᠪᠠᠮᠪᠠᠷ᠎ᠢᠶᠠᠷ ᠤᠷᠤᠭ᠍ᠰᠢᠯᠠᠯᠲᠠ᠎ᠶ᠋ᠢᠨ ᠵᠠᠮ᠎ᠢᠶᠠᠨ ᠭᠡᠢᠭᠦᠯᠵᠦ᠍᠂ ᠦᠷᠳᠡᠭ᠎ᠦᠨ ᠬᠣᠯᠪᠣᠭᠠᠰᠤ᠎ᠪᠠᠷ ᠬᠥᠮᠦᠰ᠎ᠦᠨ ᠰᠡᠳᠭᠢᠯ᠎ᠢ ᠨᠢᠭ᠍ᠲᠠᠷᠠᠭᠤᠯᠵᠤ᠂ ᠰᠣᠶᠣᠯ᠎ᠤᠨ ᠴᠤᠬ ᠤᠶᠠᠩᠭ᠎ᠠ᠎ᠪᠠᠷ ᠤᠶᠤᠨ ᠰᠠᠨᠠᠭ᠎ᠠ᠎ᠶ᠋ᠢ ᠱᠢᠮᠡᠵᠢᠭᠦᠯᠵᠦ᠍᠂ ᠬᠠᠷᠢᠯᠴᠠᠨ ᠲᠤᠯᠢ ᠪᠤᠯᠭᠠᠬᠤ ᠬᠥᠭᠥᠷᠭᠡ ᠬᠣᠯᠪᠣᠭᠠᠰᠤ᠎ᠪᠠᠷ ᠳᠡᠯᠡᠬᠡᠢ ᠳ᠋ᠠᠬᠢᠨ᠎ᠢ ᠨᠡᠪᠳᠡᠷᠡᠬᠦᠯᠵᠤ᠂ ᠬᠦᠴᠦᠯᠡᠨ ᠴᠢᠷᠮᠠᠢᠵᠤ ᠦᠢᠯᠡᠰ ᠪᠦᠲᠦᠭᠡᠵᠦ᠍᠂ ᠵᠠᠮ ᠨᠡᠭᠡᠭᠡᠨ ᠤᠷᠤᠭ᠍ᠰᠢᠯᠠᠵᠤ᠂ ᠴᠠᠭ ᠦᠶ᠎ᠡ᠎ᠳᠦ ᠣᠰᠣᠯᠳᠠᠬᠤ ᠦᠭᠡᠢ ᠴᠣ ᠱᠢᠨ᠎ᠡ ᠬᠠᠭᠤᠳᠠᠰᠤ᠎ᠶ᠋ᠢ ᠪᠢᠴᠢᠭ᠌ᠯᠡᠪᠡ᠃
ᠦᠵᠡᠯ ᠰᠠᠨᠠᠭ᠎ᠠ ᠵᠢᠨ ᠲᠤᠭ᠎ᠢ ᠥᠨᠳᠥᠷ ᠮᠠᠨᠳᠤᠭᠤᠯᠵᠤ ᠣᠨᠣᠯ᠎ᠢᠶᠡᠷ ᠵᠡᠪᠰᠡᠭ᠌ᠯᠡᠬᠦ᠎ᠵᠢ ᠭᠦᠨᠵᠡᠭᠡᠢᠷᠡᠭᠦᠯᠪᠡ
2025 ᠣᠨ᠎ᠤ 7 ᠰᠠᠷ᠎ᠠ᠎ᠶ᠋ᠢᠨ 28᠎ᠤ᠋ ᠡᠳᠦᠷ᠂ ᠡᠬᠢ ᠡᠬᠦᠰᠦᠯ᠎ᠢ ᠡᠷᠢᠬᠦ ᠱᠢᠨ᠎ᠡ ᠦᠵᠡᠯ ᠰᠠᠨᠠᠭᠠᠨ᠎ᠤ ᠶᠠᠷᠢᠶᠠᠨ᠎ᠤ ᠲᠠᠪᠴᠠᠩ ᠵᠧᠵᠢᠶᠠᠩ᠎ᠤᠨ ᠬᠠᠩᠵᠧᠦ᠍ᠳᠦ ᠶᠠᠪᠤᠭ᠍ᠳᠠᠪᠠ᠃ ᠪᠦᠬᠦ᠌ ᠤᠯᠤᠰ᠎ᠤᠨ ᠡᠯ᠎ᠡ ᠭᠠᠵᠠᠷ᠎ᠡᠴᠡ ᠢᠷᠡᠭ᠌ᠰᠡᠨ ᠲᠤᠰᠭᠠᠢ ᠮᠡᠷᠭᠡᠵᠢᠯᠲᠡᠨ ᠡᠷᠳᠡᠮᠲᠡᠨ ᠡᠨᠡ ᠬᠦ᠌ ᠲᠡᠦᠬᠡ ᠰᠣᠶᠣᠯ᠎ᠤᠨ ᠰᠤᠷᠪᠤᠯᠵᠢ᠎ᠳᠤ ᠨᠡᠷᠡᠳᠤ ᠬᠤᠳᠠ᠎ᠳᠤ ᠴᠤᠭ᠍ᠯᠠᠷᠠᠵᠤ᠂ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭᠠᠨ᠎ᠤ ᠲᠣᠭᠣᠷᠢᠨ᠎ᠳᠤ ᠭᠦᠨᠵᠡᠭᠡᠢ ᠰᠣᠯᠢᠯᠴᠠᠭ᠎ᠠ ᠥᠷᠨᠢᠭᠦᠯᠵᠦ᠍᠂ ᠦᠵᠡᠯ ᠰᠠᠨᠠᠭᠠᠨ᠎ᠤ ᠬᠥᠭ᠌ᠵᠢᠯᠲᠡ᠎ᠶ᠋ᠢᠨ ᠬᠤᠪᠢᠰᠤᠯᠲᠠ᠎ᠶ᠋ᠢᠨ ᠯᠣᠭᠢᠭ᠎ᠢ ᠰᠤᠳᠤᠯᠤᠨ ᠶᠠᠷᠢᠯᠴᠠᠵᠤ᠂ ᠰᠣᠶᠣᠯ᠎ᠤᠨ ᠪᠠᠢᠭᠤᠯᠤᠯᠲᠠ᠎ᠶ᠋ᠢᠨ ᠪᠣᠳᠠᠲᠤ ᠠᠬᠤᠢ ᠰᠡᠳᠦᠪ᠎ᠢ ᠪᠣᠳᠣᠯᠬᠢᠯᠠᠪᠡ᠃
ᠬᠤᠷᠠᠯ᠎ᠳᠤ ᠣᠷᠣᠯᠴᠠᠭ᠍ᠰᠠᠨ ᠲᠤᠰᠭᠠᠢ ᠮᠡᠷᠭᠡᠵᠢᠯᠲᠡᠨ᠂ ᠶᠡᠷᠦᠩᠬᠡᠢ ᠱᠦᠵᠢ ᠰᠢ ᠵᠢᠨ ᠫᠢᠩ ᠣᠷᠣᠨ ᠨᠤᠲᠤᠭ᠎ᠲᠤ ᠠᠵᠢᠯᠯᠠᠵᠤ ᠪᠠᠢᠬᠰᠠᠨ ᠦᠶ᠎ᠠ ᠵᠢᠨ ᠰᠣᠶᠣᠯ᠎ᠤᠨ ᠠᠵᠢᠯ᠎ᠤᠨ ᠲᠤᠬᠠᠢ ᠪᠣᠳᠣᠯᠬᠢᠯᠠᠯ ᠪᠠ ᠦᠢᠯᠡᠳᠦᠯᠭᠡ ᠨᠢ ᠰᠣᠶᠣᠯ᠎ᠤᠨ ᠵᠢᠮ᠎ᠡ ᠶᠣᠰᠣᠨ᠎ᠤ ᠲᠤᠬᠠᠢ ᠲᠠᠨᠢᠯᠲᠠ᠎ᠪᠠᠨ ᠭᠦᠨᠵᠡᠭᠡᠢᠷᠡᠭᠦᠯᠵᠦ᠍᠂ ᠤᠨᠤᠯ᠎ᠤᠨ ᠱᠢᠨ᠎ᠡ ᠡᠭᠦᠳᠦᠯᠲᠡ᠎ᠶ᠋ᠢᠨ ᠲᠡᠦᠬᠡᠨ ᠰᠤᠳᠠᠰᠤ᠎ᠶ᠋ᠢ ᠲᠤᠰᠭᠠᠵᠤ᠂ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭ᠎ᠠ ᠵᠢᠨ ᠪᠦᠷᠢᠯᠳᠦᠬᠦ᠎ᠳᠦ ᠤᠨᠤᠯ᠎ᠤᠨ ᠰᠠᠭᠤᠷᠢ ᠪᠠ ᠦᠢᠯᠡᠳᠦᠯᠭᠡ᠎ᠶ᠋ᠢᠨ ᠪᠣᠷᠣ ᠮᠠᠲ᠋ᠧᠷᠢᠶᠠᠯ ᠬᠠᠩᠭᠠᠪᠠ ᠭᠡᠵᠦ ᠢᠯᠡᠳᠭᠡᠪᠡ᠃
ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭ᠎ᠠ᠎ᠶ᠋ᠢ ᠰᠤᠷᠤᠯᠴᠠᠨ ᠤᠬᠠᠭᠤᠯᠬᠤ᠎ᠶ᠋ᠢ ᠰᠢ ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠪᠦᠬᠦ᠌ ᠲᠠᠯ᠎ᠠ᠎ᠪᠠᠷ᠂ ᠱᠢᠰᠲ᠋ᠧᠮ᠎ᠲᠡᠶ ᠤᠬᠠᠭᠤᠯᠤᠨ ᠲᠠᠢᠯᠪᠤᠷᠢᠯᠠᠬᠤ ᠶᠡᠬᠡ ᠪᠠᠢᠷᠢᠱᠢᠯ ᠳᠤᠮᠳᠠ ᠲᠠᠯᠪᠢᠵᠤ᠂ ᠨᠢᠭᠡ ᠵᠢᠯ᠎ᠦᠨ ᠲᠤᠷᠰᠢ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠥᠷᠭᠡᠨ ᠤᠯᠠᠨ ᠨᠠᠮ᠎ᠤᠨ ᠭᠡᠱᠢᠭᠦᠨ᠂ ᠺᠠᠳ᠋ᠷ᠂ ᠤᠯᠠᠨ ᠲᠦᠮᠡᠨ᠎ᠢ ᠬᠦᠳᠦᠯᠦᠨ ᠵᠢᠯᠣᠭᠣᠳᠴᠤ᠌ ᠰᠤᠷᠤᠯᠴᠠᠨ ᠣᠢᠯᠠᠭᠠᠵᠤ ᠨᠡᠪᠳᠡᠷᠡᠳᠡᠯ᠎ᠠ ᠣᠢᠯᠠᠭᠠᠵᠤ ᠪᠣᠳᠠᠲᠠᠢᠵᠢᠭᠤᠯᠬᠤ ᠲᠠᠯ᠎ᠠ᠎ᠪᠠᠷ ᠦᠷᠭᠦᠯᠵᠢᠯᠡᠨ ᠬᠦᠴᠦᠯᠡᠵᠦ᠍᠂ ᠤᠳᠤ ᠦᠶ᠎ᠡ᠎ᠶ᠋ᠢᠨ ᠳᠤᠮᠳᠠᠳᠤ ᠤᠯᠤᠰ᠎ᠤᠨ ᠮᠠᠷᠺᠰ᠎ᠤᠨ ᠦᠵᠡᠯ᠂ ᠬᠣᠷᠢᠨ ᠨᠢᠭᠡᠳᠦᠭᠡᠷ ᠵᠠᠭᠤᠨ᠎ᠤ ᠮᠠᠷᠺᠰ᠎ᠤᠨ ᠦᠵᠡᠯ᠎ᠦᠨ ᠬᠥᠮᠦᠰ᠎ᠦᠨ ᠰᠡᠳᠭᠢᠯ᠎ᠳᠦ ᠭᠦᠨ ᠬᠠᠳᠠᠩᠱᠢᠬᠤᠶ᠋ᠢ ᠠᠬᠢᠭᠤᠯᠪᠠ᠃
ᠤᠨᠤᠯ᠎ᠤᠨ ᠰᠤᠳᠤᠯᠭᠠᠨ᠎ᠢ ᠭᠦᠨᠵᠡᠭᠡᠢᠷᠡᠭᠦᠯᠵᠦ᠍᠂ ᠱᠢᠰᠲ᠋ᠧᠮᠵᠢᠭᠦᠯᠬᠦ᠌᠂ ᠤᠨᠤᠯᠵᠢᠭᠤᠯᠤᠨ ᠶᠤᠰᠤᠵᠢᠭᠤᠯᠬᠤ ᠪᠣᠯ ᠤᠨᠤᠯ᠎ᠢᠶᠡᠷ ᠵᠡᠪᠰᠡᠭ᠌ᠯᠡᠬᠦ ᠵᠢ ᠴᠢᠩᠭᠠᠳᠭᠠᠬᠤ᠎ᠶ᠋ᠢᠨ ᠤᠷᠢᠲᠠᠯ ᠪᠠ ᠰᠠᠭᠤᠷᠢ ᠮᠥᠨ᠃
ᠪᠡᠭᠡᠵᠢᠩ᠎ᠦᠨ ᠨᠣᠮ ᠪᠢᠴᠢᠭ᠎ᠦᠨ ᠲᠤᠮᠤ ᠠᠰᠠᠷ᠎ᠤᠨ ᠨᠢᠭᠡᠳᠦᠭᠡᠷ ᠳᠠᠪᠬᠤᠷᠯᠢᠭ᠎ᠤᠨ ᠶᠡᠬᠡ ᠲᠢᠩᠬᠢᠮ᠎ᠳᠦ᠂ 《ᠰᠢ ᠵᠢᠨ ᠫᠢᠩ ᠲᠦᠷᠦ᠍᠎ᠶ᠋ᠢ ᠵᠠᠰᠠᠬᠤ ᠲᠤᠬᠠᠢ》 ᠭᠡᠬᠦ᠌ ᠨᠣᠮ᠎ᠤᠨ ᠲᠠᠪᠤᠳᠤᠭᠠᠷ ᠪᠤᠳᠢ᠎ᠶ᠋ᠢ ᠢᠯᠡ ᠲᠣᠳᠣ ᠪᠠᠢᠷᠢᠨ᠎ᠳᠤ ᠲᠠᠯᠪᠢᠵᠤ᠂ ᠴᠥᠭᠡᠨ ᠪᠤᠰᠤ ᠤᠩᠱᠢᠭ᠍ᠴᠢᠳ᠎ᠤᠨ ᠠᠩᠬᠠᠷᠤᠯ᠎ᠢ ᠲᠠᠲᠠᠵᠤ ᠲᠡᠷᠬᠡᠳᠡ ᠨᠢ ᠵᠤᠬᠰᠤᠨ ᠤᠩᠰᠢᠵᠤ ᠪᠠᠢᠯ᠎ᠠ᠃
2025 ᠣᠨ᠎ᠤ 7 ᠰᠠᠷ᠎ᠠ᠎ᠳᠤ ᠲᠠᠷᠬᠠᠭᠠᠭᠰᠠᠨ᠎ᠡᠴᠡ ᠨᠠᠭᠠᠰᠢ᠂ ᠡᠨᠡ ᠬᠦ᠌ ᠡᠷᠬᠡ ᠰᠦᠷᠲᠦ ᠪᠦᠲᠦᠭᠡᠯ᠎ᠨᠢ ᠪᠥᠬᠥ᠌ ᠨᠡᠢᠭᠡᠮ᠎ᠳᠦ ᠰᠤᠷᠤᠯᠴᠠᠬᠤ ᠬᠠᠯᠠᠭᠤᠨ ᠥᠷᠨᠢᠯᠲᠡ᠎ᠶ᠋ᠢ ᠪᠣᠶ ᠪᠣᠯᠭᠠᠪᠠ᠃ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ 《ᠰᠢ ᠵᠢᠨ ᠫᠢᠩ ᠲᠦᠷᠦ᠍᠎ᠶ᠋ᠢ ᠵᠠᠰᠠᠬᠤ ᠲᠤᠬᠠᠢ》 ᠭᠡᠬᠦ᠌ ᠨᠣᠮ᠎ᠤᠨ ᠲᠠᠪᠤᠳᠤᠭᠠᠷ ᠪᠤᠳᠢ ᠪᠣᠯᠤᠨ ᠨᠢᠭᠡ᠎ᠡᠴᠡ ᠳᠥᠷᠪᠡᠳᠦᠭᠡᠷ ᠪᠤᠳᠢ᠎ᠶ᠋ᠢ ᠨᠢᠭᠡ ᠪᠦᠬᠦᠯᠢ ᠴᠣᠭ᠍ᠴᠠ ᠪᠣᠯᠭᠠᠵᠤ᠂ ᠤᠯᠠᠨ᠎ᠤ ᠤᠭ ᠵᠣᠬᠢᠶᠠᠯ᠎ᠢ ᠤᠩᠱᠢᠬᠤ᠂ ᠤᠭ ᠵᠣᠬᠢᠶᠠᠯ᠎ᠢ ᠰᠤᠷᠤᠯᠴᠠᠬᠤ᠂ ᠤᠭ ᠶᠣᠰᠣ᠎ᠶ᠋ᠢ ᠣᠢᠯᠠᠭᠠᠬᠤ ᠳᠤᠮᠳᠠ ᠦᠵᠡᠯ ᠰᠠᠨᠠᠭ᠎ᠠ ᠲᠠᠨᠢᠯᠲᠠ᠎ᠪᠠᠨ ᠲᠠᠰᠤᠷᠠᠯᠲᠠ ᠦᠭᠡᠢ ᠭᠦᠨᠵᠡᠭᠡᠢᠷᠡᠭᠦᠯᠵᠦ᠍᠂ ᠦᠨᠡᠨ ᠶᠣᠰᠣᠨ᠎ᠤ ᠬᠦᠴᠦᠨ᠎ᠢ ᠣᠢᠯᠠᠭᠠᠬᠤ᠎ᠶ᠋ᠢ ᠠᠬᠢᠭᠤᠯᠪᠠ᠃
ᠨᠢᠭᠡ ᠵᠢᠯ᠎ᠦᠨ ᠲᠤᠷᠰᠢ᠂ 《ᠰᠢ ᠵᠢᠨ ᠫᠢᠩ᠎ᠦᠨ ᠠᠵᠤ ᠠᠬᠤᠢ᠎ᠶ᠋ᠢᠨ ᠵᠣᠬᠢᠶᠠᠯ᠎ᠤᠨ ᠲᠡᠭᠦᠪᠦᠷᠢ》 ᠵᠢᠨ ᠨᠢᠭᠡᠳᠦᠭᠡᠷ ᠪᠤᠳᠢ᠂ 《ᠰᠢ ᠵᠢᠨ ᠫᠢᠩ᠎ᠦᠨ ᠠᠮᠢ ᠠᠬᠤᠢ᠎ᠶ᠋ᠢᠨ ᠪᠣᠯᠪᠠᠰᠤᠨ᠎ᠤ ᠵᠣᠬᠢᠶᠠᠯ᠎ᠤᠨ ᠲᠡᠭᠦᠪᠦᠷᠢ》 ᠵᠢᠨ ᠨᠢᠭᠡᠳᠦᠭᠡᠷ ᠪᠤᠳᠢ᠂ ᠰᠢ ᠵᠢᠨ ᠫᠢᠩ ᠨᠥᠬᠥᠷ᠎ᠦᠨ 《ᠥᠭᠡᠷᠡᠴᠢᠯᠡᠯᠲᠡ᠎ᠶ᠋ᠢ ᠪᠦᠬᠦ᠌ ᠲᠠᠯ᠎ᠠ᠎ᠪᠠᠷ ᠭᠦᠨᠵᠡᠭᠡᠢᠷᠡᠭᠦᠯᠬᠦ᠌᠎ᠶ᠋ᠢ ᠪᠠᠷᠢᠮᠲᠠᠯᠠᠬᠤ ᠲᠤᠬᠠᠢ ᠥᠭᠦᠯᠡᠬᠦ᠌ ᠨᠢ》 ᠬᠡᠬᠦ ᠨᠤᠮ᠎ᠤᠨ ᠨᠢᠭᠡᠳᠦᠭᠡᠷ ᠪᠤᠳᠢ ᠪᠠ ᠬᠣᠶᠠᠳᠤᠭᠠᠷ ᠪᠤᠳᠢ᠂ 《ᠰᠢ ᠵᠢᠨ ᠫᠢᠩ᠎ᠦᠨ ᠬᠠᠤᠯᠢ ᠪᠡᠷ ᠵᠠᠰᠬᠠᠤ ᠲᠤᠬᠠᠢ ᠵᠣᠬᠢᠶᠠᠯ᠎ᠤᠨ ᠲᠡᠭᠦᠪᠦᠷᠢ》 ᠵᠢᠨ ᠨᠢᠭᠡᠳᠦᠭᠡᠷ ᠪᠤᠳᠢ᠂ 《ᠰᠢ ᠵᠢᠨ ᠫᠢᠩ᠎ᠦᠨ ᠬᠠᠤᠯᠢ ᠪᠡᠷ ᠵᠠᠰᠬᠠᠤ ᠦᠵᠡᠯ ᠰᠠᠨᠠᠭ᠎ᠠ᠎ᠶ᠋ᠢᠨ ᠰᠤᠷᠤᠯᠴᠠᠯᠭ᠎ᠠ ᠵᠢᠨ ᠬᠥᠲᠥᠯᠪᠦᠷᠢ (2025 ᠣᠨ᠎ᠤ ᠬᠡᠪᠯᠡᠯ)》᠂ 《ᠰᠢ ᠵᠢᠨ ᠫᠢᠩ᠎ᠦᠨ ᠭᠠᠳᠠᠭᠠᠳᠤ ᠬᠠᠷᠢᠯᠴᠠᠭᠠᠨ᠎ᠤ ᠦᠵᠡᠯ ᠰᠠᠨᠠᠭ᠎ᠠ᠎ᠶ᠋ᠢᠨ ᠰᠤᠷᠤᠯᠴᠠᠯᠭ᠎ᠠ ᠵᠢᠨ ᠬᠥᠲᠥᠯᠪᠦᠷᠢ (2025 ᠣᠨ᠎ᠤ ᠬᠡᠪᠯᠡᠯ)》 ᠵᠡᠷᠭᠡ ᠴᠢᠬᠤᠯᠠ ᠵᠣᠬᠢᠶᠠᠯ ᠪᠦᠲᠦᠭᠡᠯ ᠬᠣᠢᠨ᠎ᠠ ᠬᠣᠢᠨ᠎ᠠ᠎ᠡᠴᠡ᠎ᠪᠠᠨ ᠬᠡᠪᠯᠡᠭ᠌ᠳᠡᠵᠦ᠍᠂ ᠱᠢᠰᠲᠸᠮᠵᠢᠭ᠌ᠰᠡᠨ ᠪᠦᠲᠦᠴᠡ ᠨᠡᠩ ᠲᠡᠭᠦᠯᠳᠡᠷᠵᠢᠪᠡ᠃
ᠡᠭᠦᠨ᠎ᠦ ᠬᠠᠮᠲᠤ᠂ ᠰᠢ ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠰᠤᠳᠤᠯᠭᠠᠨ᠎ᠤ ᠲᠥᠪ (ᠬᠦᠷᠢᠶᠡᠯᠡᠩ)᠂ ᠮᠠᠷᠺᠰ᠎ᠤᠨ ᠦᠵᠡᠯ᠎ᠦᠨ ᠣᠨᠣᠯ᠎ᠤᠨ ᠰᠤᠳᠤᠯᠭᠠᠨ ᠪᠣᠯᠤᠨ ᠪᠠᠢᠭᠤᠯᠤᠯᠲᠠ᠎ᠶ᠋ᠢᠨ ᠢᠨᠵᠧᠨᠧᠷᠢᠩ᠂ ᠤᠯᠤᠰ᠎ᠤᠨ ᠳᠡᠭᠡᠳᠦ ᠲᠠᠰ᠎ᠤᠨ ᠣᠶᠤᠨ᠎ᠤ ᠬᠥᠮᠥᠷᠭᠡ᠎ᠶ᠋ᠢᠨ ᠦᠷ᠎ᠡ ᠪᠦᠲᠦᠭᠡᠯ ᠲᠠᠰᠤᠷᠠᠯᠲᠠ ᠥᠬᠡᠶ ᠴᠣᠯᠭᠣᠷᠠᠨ ᠭᠠᠷᠴᠤ᠌᠂ ᠤᠯᠤᠰ᠎ᠤᠨ ᠨᠡᠢᠭᠡᠮ᠎ᠦᠨ ᠱᠢᠨᠵᠢᠯᠡᠬᠦ᠌ ᠤᠬᠠᠭᠠᠨ᠎ᠤ ᠰᠠᠭᠤᠷᠢ ᠮᠥᠩᠭᠥᠨ᠎ᠦ ᠴᠢᠬᠤᠯᠠ ᠶᠡᠬᠡ ᠲᠥᠷᠥᠯ ᠵᠦᠶ᠋ᠯ ᠯᠠᠪᠳᠠᠭᠤᠨ ᠪᠠᠲᠤᠲᠠᠶ ᠠᠭᠢᠵᠤ᠂ ᠤᠨᠤᠯᠵᠢᠭᠤᠯᠤᠨ ᠶᠤᠰᠤᠵᠢᠭᠤᠯᠬᠤ ᠰᠤᠳᠤᠯᠭᠠᠨ ᠦᠷᠭᠦᠯᠵᠢᠯᠡᠨ ᠭᠦᠨᠵᠡᠭᠡᠢᠷᠡᠪᠠ᠃
ᠯᠠᠪᠳᠠᠭᠤᠨ ᠪᠠᠲᠤᠲᠠᠢ ᠰᠤᠳᠤᠯᠬᠤ ᠳᠤᠮᠳᠠ ᠰᠠᠭᠤᠷᠢ᠎ᠪᠠᠨ ᠪᠡᠬᠢᠵᠢᠭᠦᠯᠬᠦ᠌᠎ᠪᠡᠷ ᠪᠠᠷᠠᠬᠤ ᠦᠭᠡᠢ ᠪᠠᠰᠠ ᠤᠯᠠᠨ ᠲᠦᠮᠡᠨᠴᠢᠯᠡᠭ᠌ᠰᠡᠨ ᠳᠠᠮᠵᠢᠭᠤᠯᠭ᠎ᠠ᠎ᠶ᠋ᠢᠨ ᠳᠤᠮᠳᠠ ᠨᠠᠮ᠎ᠤᠨ ᠱᠢᠨ᠎ᠡ ᠡᠭᠦᠳᠦᠯᠳᠡ ᠵᠢᠨ ᠤᠨᠤᠯ᠎ᠤᠨ 《ᠡᠭᠡᠯ ᠠᠷᠠᠳ᠎ᠤᠨ ᠭᠡᠷ᠎ᠲᠦ ᠣᠷᠣᠬᠤ》 ᠵᠢ ᠠᠬᠢᠭᠤᠯᠪᠠ᠃
2025 ᠣᠨ᠎ᠤ 11 ᠰᠠᠷ᠎ᠠ᠎ᠶ᠋ᠢᠨ 5᠎ᠤ᠋ ᠡᠳᠦᠷ᠂ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ ᠵᠢᠨ ᠳᠥᠷᠪᠡᠳᠦᠭᠡᠷ ᠪᠥᠬᠥᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠤᠷᠤᠯᠴᠠᠨ ᠲᠤᠭᠤᠱᠢᠯᠠᠭᠤᠯᠬᠤ ᠲᠥᠪ᠎ᠦᠨ ᠤᠬᠠᠭᠤᠯᠤᠨ ᠲᠠᠢᠯᠪᠤᠷᠢᠯᠠᠬᠤ ᠪᠦᠯᠬᠦᠮ᠎ᠦᠨ ᠪᠦᠷᠢᠯᠳᠦᠬᠦᠨ ᠰᠸᠴᠤᠸᠠᠨ᠎ᠤ ᠮᠸᠢ᠌ᠱᠠᠨ ᠬᠣᠲᠠ᠎ᠶ᠋ᠢᠨ᠎ᠲᠠᠶ ᠾᠧ ᠪᠠᠯᠭᠠᠰᠤᠨ᠎ᠤ ᠶᠦᠩ ᠹᠸᠩ ᠲᠣᠰᠭᠣᠨ᠎ᠳᠤ ᠬᠦᠷᠴᠦ᠍᠂ ᠲᠣᠰᠭᠣᠨ᠎ᠤ ᠠᠷᠠᠳ᠎ᠤᠨ ᠲᠥᠯᠥᠭᠡᠯᠡᠭ᠌ᠴᠢ᠂ ᠦᠨᠳᠦᠰᠦᠨ ᠱᠠᠲᠤᠨ᠎ᠤ ᠺᠠᠳ᠋ᠷᠴᠤᠳ᠎ᠲᠠᠶ ᠬᠠᠮᠲᠤ᠎ᠪᠠᠷ ᠲᠣᠭᠣᠷᠢᠨ ᠰᠠᠭᠤᠯᠴᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠲᠤᠬᠠᠶ ᠶᠠᠷᠢᠯᠴᠠᠵᠤ᠂ ᠬᠥᠭ᠌ᠵᠢᠯᠲᠡ᠎ᠶ᠋ᠢᠨ ᠲᠤᠬᠠᠶ ᠶᠠᠷᠢᠯᠴᠠᠵᠤ᠂ ᠰᠡᠳᠭᠢᠯ᠎ᠦᠨ ᠦᠭᠡ᠎ᠶ᠋ᠢ᠎ᠨᠢ ᠰᠣᠨᠣᠰᠪᠠ᠃
ᠪᠦᠬᠦᠳᠡ ᠬᠤᠷᠠᠯ᠎ᠤᠨ 《ᠬᠥᠳᠡᠭᠡ ᠲᠣᠰᠭᠣᠨ᠎ᠤ ᠨᠢᠭᠡᠳᠦᠭᠡᠷ ᠬᠣᠶᠠᠳᠤᠭᠠᠷ ᠭᠤᠷᠪᠠᠳᠤᠭᠠᠷ ᠠᠵᠤ ᠦᠢᠯᠡᠰ᠎ᠦᠨ ᠭᠦᠨᠵᠡᠭᠡᠢ ᠠᠭᠤᠰᠤᠯᠴᠠᠯ᠎ᠢ ᠠᠬᠢᠭᠤᠯᠬᠤ》 ᠵᠡᠷᠭᠡ ᠪᠠᠢᠷᠢᠯᠠᠭᠤᠯᠤᠯᠲᠠ ᠵᠢ ᠶᠦᠩ ᠹᠸᠩ ᠲᠣᠰᠭᠣᠨ᠎ᠤ ᠵᠢᠭᠤᠯᠴᠢᠯᠠᠯ᠎ᠤᠨ ᠬᠥᠭ᠌ᠵᠢᠯᠲᠡ ᠵᠡᠷᠭᠡ ᠪᠣᠳᠠᠲᠠᠢ ᠠᠵᠢᠯ ᠲᠠᠢ ᠤᠶᠠᠯᠳᠤᠭᠤᠯᠵᠤ᠂ ᠭᠦᠨᠵᠡᠭᠡᠢ ᠪᠥᠭᠡᠳ ᠣᠢᠯᠠᠭᠠᠮᠵᠢᠲᠠᠢ ᠲᠠᠢᠯᠪᠤᠷᠢᠯᠠᠯᠲᠠ ᠬᠢᠭᠰᠡᠨ ᠨᠢ ᠲᠤᠬᠠᠢ᠎ᠶ᠋ᠢᠨ ᠲᠠᠯᠠᠪᠠᠢ᠎ᠶ᠋ᠢᠨ ᠰᠤᠨᠤᠰᠤᠭ᠍ᠴᠢᠳ᠎ᠤᠨ ᠳᠤᠮᠳᠠ ᠴᠢᠩᠭ᠎ᠠ ᠲᠤᠰᠭᠠᠯ ᠭᠠᠷᠴᠤ ᠤᠯᠠᠨ᠎ᠢᠶᠡᠷ᠎ᠢᠶᠡᠨ᠄ 《ᠤᠬᠠᠭᠤᠯᠤᠨ ᠲᠠᠢᠯᠪᠤᠷᠢᠯᠠᠯᠳᠠ ᠨᠢ ᠶᠡᠬᠡ ᠶᠣᠰᠣ᠎ᠶ᠋ᠢ ᠠᠮᠠᠨ ᠶᠠᠷᠢᠶᠠᠨ᠎ᠤ ᠬᠡᠯᠡ᠂ ᠠᠮᠠᠷᠬᠠᠨ ᠣᠢᠯᠠᠭᠠᠬᠤ᠂ ᠴᠡᠭᠡᠵᠢᠯᠡᠬᠦ᠌᠎ᠳᠦ ᠠᠮᠠᠷ᠂ ᠨᠠᠢᠳᠠᠪᠤᠷᠢᠵᠢᠭᠤᠯᠵᠤ ᠪᠣᠯᠬᠤ ᠪᠣᠯᠭᠠᠵᠠᠢ》 ᠭᠡᠪᠡ᠃
ᠲᠥᠪ᠎ᠦᠨ ᠤᠬᠠᠭᠤᠯᠤᠨ ᠲᠠᠢᠯᠪᠤᠷᠢᠯᠠᠬᠤ ᠪᠦᠯᠬᠦᠮ ᠪᠦᠬᠦ᠌ ᠤᠯᠤᠰ᠎ᠤᠨ ᠡᠯ᠎ᠡ ᠭᠠᠵᠠᠷ᠎ᠲᠤ ᠬᠦᠷᠴᠦ᠍ ᠺᠠᠳ᠋ᠷ ᠤᠯᠠᠨ ᠲᠦᠮᠡᠨ᠎ᠲᠡᠶ ᠨᠢᠭᠤᠷᠳᠠᠨ ᠶᠠᠷᠢᠯᠴᠠᠵᠤ᠂ ᠡᠯ᠎ᠡ ᠭᠠᠵᠠᠷ᠎ᠤᠨ ᠬᠢᠨ ᠬᠡᠯᠪᠡᠷᠢ ᠨᠢ ᠪᠠᠶᠠᠯᠢᠭ᠂ ᠠᠮᠢᠳᠤ ᠲᠦᠷᠰᠦᠯᠢᠭ ᠦᠨᠳᠦᠰᠦᠨ ᠱᠠᠲᠤᠨ᠎ᠤ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ᠎ᠶ᠋ᠢ ᠨᠠᠷᠢᠨ ᠨᠢᠮᠪᠠᠢ ᠵᠣᠬᠢᠶᠠᠨ ᠪᠠᠢᠭᠤᠯᠤᠭ᠍ᠰᠠᠨ᠎ᠡᠴᠡ ᠱᠢᠨᠵᠢᠯᠡᠬᠦ᠌ ᠤᠬᠠᠭᠠᠨᠴᠢ ᠤᠨᠤᠯ ᠶᠠᠪᠤᠬᠤ ᠲᠤᠳᠤᠮ ᠦᠨᠳᠦᠰᠦᠨ ᠱᠠᠲᠤᠨ᠎ᠳᠤ ᠭᠦᠨᠵᠡᠭᠡᠢᠷᠡᠵᠦ᠍᠂ ᠬᠥᠮᠦᠰ᠎ᠦᠨ ᠰᠡᠳᠭᠢᠯ᠎ᠳᠦ ᠰᠠᠭᠤᠭ᠍ᠳᠠᠪᠠ᠃
ᠢᠯᠡᠳᠭᠡᠬᠦ᠌ ᠠᠷᠭ᠎ᠠ ᠮᠠᠶᠢᠭ᠎ᠢᠶᠠᠨ ᠱᠢᠨᠡᠴᠢᠯᠡᠵᠦ᠍᠂ ᠣᠯᠠᠨ ᠲᠦᠮᠡᠨ᠎ᠦ ᠬᠡᠷᠡᠭ᠌ᠴᠡᠭᠡ᠎ᠳᠤ ᠣᠢᠷᠠᠳᠤᠭᠤᠯᠵᠤ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ᠎ᠬᠢᠨ ᠰᠠᠨᠠᠭᠠᠴᠢᠯᠠᠭ᠎ᠠ᠎ᠡᠴᠡ᠎ᠪᠠᠨ ᠵᠢᠳᠬᠦᠯ ᠴᠢᠷᠮᠠᠢᠯᠭ᠎ᠠ ᠭᠠᠷᠭᠠᠵᠤ᠂ ᠱᠢᠨᠵᠢᠯᠡᠬᠦ᠌ ᠤᠬᠠᠭᠠᠨᠴᠢ ᠣᠨᠣᠯ ᠪᠣᠯᠤᠨ ᠠᠷᠠᠳ ᠣᠯᠠᠨ᠎ᠤ ᠬᠣᠭᠣᠷᠣᠨᠳᠣ ᠬᠥᠭᠥᠷᠭᠡ ᠬᠣᠯᠪᠣᠭᠠᠰᠤ ᠪᠣᠯᠪᠠ᠃
《ᠱᠢᠨ᠎ᠡ᠎ᠶ᠋ᠢ ᠡᠭᠦᠳᠴᠦ᠍ ᠪᠣᠳᠠᠲᠠᠢ ᠠᠵᠢᠯᠯᠠᠵᠤ ᠬᠥᠭ᠌ᠵᠢᠯᠲᠡ᠎ᠶ᠋ᠢ ᠠᠬᠢᠭᠤᠯᠤᠶ᠎ᠠ》 ᠬᠡᠬᠦ ᠲᠦᠭᠦᠮ ᠣᠢᠯᠠᠭᠠᠮᠵᠢᠲᠠᠢ ᠤᠨᠤᠯ᠎ᠤᠨ ᠤᠩᠱᠢᠬᠤ ᠪᠢᠴᠢᠭ᠎ᠤᠨ ᠶᠣᠰᠣ ᠵᠢ ᠶᠠᠷᠢᠬᠰᠠᠨ ᠨᠢ ᠨᠡᠪᠲᠡᠷᠬᠡᠢ᠂ ᠵᠣᠬᠢᠶᠠᠯ᠎ᠤᠨ ᠬᠡᠪ ᠨᠠᠮᠪᠠ ᠨᠢ ᠱᠢᠨ᠎ᠡ ᠰᠡᠪᠡᠬᠦᠨ᠂ 《80 ᠣᠨ᠎ᠡᠴᠡ ᠰᠡᠭᠦᠯᠡᠷ ᠲᠦᠷᠦᠭ᠌ᠰᠡᠨ᠂ 90 ᠣᠨ᠎ᠡᠴᠡ ᠰᠡᠭᠦᠯᠡᠷ ᠲᠦᠷᠦᠭ᠌ᠰᠡᠨ᠂ 00 ᠣᠨ᠎ᠡᠴᠡ ᠰᠡᠭᠦᠯᠡᠷ ᠲᠦᠷᠦᠭ᠌ᠰᠡᠨ》 ᠭᠤᠸᠠᠩᠰᠢ᠎ᠶ᠋ᠢᠨ ᠵᠠᠯᠠᠭᠤᠴᠤᠳ᠎ᠤᠨ ᠯᠧᠺᠲ᠋ᠣᠷ᠎ᠤᠨ ᠪᠦᠯᠬᠦᠮ ᠵᠠᠯᠠᠭᠤᠴᠤᠳ᠎ᠲᠤ ᠤᠨᠤᠯ᠎ᠢ ᠲᠠᠢᠯᠪᠤᠷᠢᠯᠠᠵᠤ᠂ ᠹᠦᠳᠠᠨ ᠶᠡᠬᠡ ᠰᠤᠷᠭᠠᠭᠤᠯᠢ᠎ᠶ᠋ᠢᠨ 《ᠤᠴᠢ》 ᠨᠠᠮ᠎ᠤᠨ ᠭᠡᠱᠢᠭᠦᠨ᠎ᠦ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠠᠩᠬᠢ 《ᠱᠢᠨ᠎ᠡ ᠦᠵᠡᠯ ᠰᠠᠨᠠᠭ᠎ᠠ》 ᠵᠢ ᠤᠯᠠᠮᠵᠢᠯᠠᠵᠤ᠂ ᠢᠲᠡᠭᠡᠯ ᠪᠢᠱᠢᠷᠡᠯ᠎ᠦᠨ ᠬᠦᠴᠦᠨ ᠨᠢ ᠲᠠᠰᠤᠷᠠᠯᠳᠡ ᠦᠭᠡᠢ ᠬᠠᠮᠲᠤ᠎ᠶ᠋ᠢᠨ ᠰᠡᠳᠭᠢᠯᠬᠡ ᠵᠢᠨ ᠴᠤᠤᠷᠢᠶ᠎ᠠ᠎ᠶ᠋ᠢ ᠡᠬᠦᠰᠬᠡᠪᠡ᠃
ᠲᠥᠪ᠎ᠦᠨ ᠭᠤᠤᠯ ᠵᠠᠭᠤᠴᠢᠯᠠᠭᠤᠷ ᠲᠣᠭ ᠲᠡᠮᠳᠡᠭ᠎ᠢᠶᠡᠷ ᠴᠢᠭ᠌ᠯᠡᠯ᠎ᠢ ᠳᠠᠭᠠᠭᠤᠯᠵᠤ᠂ ᠭᠤᠤᠯ ᠤᠷᠤᠰᠭᠠᠯ᠎ᠢᠶᠠᠷ ᠤᠳᠤᠷᠢᠳᠤᠮᠵᠢ ᠪᠣᠯᠭᠠᠵᠤ᠂ 《ᠶᠡᠷᠦᠩᠬᠡᠶ ᠱᠦᠵᠢᠳ᠋ᠤ ᠨᠢᠭᠤᠷᠳᠠᠨ ᠮᠡᠳᠡᠬᠦᠯᠦᠯᠠ》᠂ 《ᠶᠡᠷᠦᠩᠬᠡᠶ ᠱᠦᠵᠢ᠎ᠶ᠋ᠢᠨ ᠠᠩᠬᠠᠷᠴᠤ ᠪᠠᠢᠭ᠎ᠠ ᠠᠰᠠᠭᠤᠳᠠᠯ·ᠨᠠᠢᠳᠠᠪᠦᠷᠢᠵᠢᠭᠤᠯᠤᠯᠳᠠ ᠵᠢᠨ ᠴᠤᠤᠷᠢᠶ᠎ᠠ》 ᠵᠡᠷᠭᠡ ᠬᠠᠮ ᠵᠠᠭᠤᠴᠢᠯᠠᠭᠤᠷ᠎ᠤᠨ ᠪᠤᠯᠤᠩ᠎ᠢ ᠱᠢᠨᠡᠴᠢᠯᠡᠨ ᠡᠬᠦᠳᠴᠤ᠂ 《ᠰᠢ ᠵᠢᠨ ᠫᠢᠩ᠎ᠦᠨ ᠠᠵᠤ ᠠᠬᠤᠶ᠎ᠶ᠋ᠢᠨ ᠦᠵᠡᠯ ᠰᠠᠨᠠᠭ᠎ᠠ ᠵᠢᠨ ᠱᠢᠷᠢᠰ ᠲᠠᠢᠯᠤᠮᠵᠢ》 ᠵᠡᠷᠭᠡ ᠫᠷᠤᠭ᠌ᠷᠠᠮ᠎ᠢ ᠨᠡᠬᠡᠬᠡᠵᠤ᠂ ᠵᠣᠬᠢᠶᠠᠯ᠎ᠤᠨ ᠰᠤᠷᠲᠠᠯ᠎ᠢᠶᠠᠨ ᠲᠠᠰᠤᠷᠠᠯᠲᠠ ᠥᠬᠡᠶ ᠥᠭᠡᠷᠡᠴᠢᠯᠡᠨ᠂ ᠦᠬᠡ ᠶᠡᠷᠢᠶ᠎ᠠ ᠵᠢᠨ ᠬᠡᠯᠪᠡᠷᠢ᠎ᠪᠡᠨ ᠱᠢᠯᠢᠳᠡᠭ᠌ᠵᠢᠭᠦᠯᠵᠦ᠍᠂ ᠶᠠᠰᠤ ᠴᠢᠨᠠᠷ᠎ᠢᠶᠠᠨ ᠴᠢᠩᠭᠠᠳᠭᠠᠵᠤ᠂ ᠦᠷ᠎ᠡ ᠪᠦᠲᠦᠮᠵᠢ᠎ᠪᠡᠨ ᠲᠡᠭᠡᠭᠰᠢᠯᠡᠬᠦᠯᠪᠡ᠃
ᠤᠨᠤᠯ᠎ᠤᠨ ᠲᠠᠯ᠎ᠠ᠎ᠪᠠᠷ ᠤᠯᠠᠨ ᠲᠦᠮᠡᠨ ᠳ᠋ᠤ 《ᠭᠠᠭ᠍ᠴᠠ ᠴᠢᠭ᠌ᠯᠡᠯ᠎ᠢᠶᠡᠷ ᠤᠬᠠᠭᠤᠯᠬᠤ》 ᠪᠠᠢᠬᠰᠠᠨ ᠡᠴᠡ 《ᠦᠭᠡᠳᠡ ᠦᠭᠡᠳᠡ ᠡᠴᠡ ᠪᠠᠨ ᠲᠡᠮᠡᠤᠯᠬᠦ》 ᠲᠡᠢᠰᠢ ᠱᠢᠯᠵᠢᠵᠦ᠍᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠲᠥᠪ ᠶᠣᠰᠣ᠎ᠶ᠋ᠢ ᠪᠠᠷᠢᠮᠲᠠᠯᠠᠨ ᠱᠢᠨ᠎ᠡ᠎ᠶ᠋ᠢ ᠡᠭᠦᠳᠬᠦ᠌ ᠳᠤᠮᠳᠠ᠂ ᠪᠦᠬᠦ᠌ ᠨᠠᠮ ᠪᠦᠬᠦ᠌ ᠨᠡᠢᠭᠡᠮ᠎ᠦᠨ ᠬᠢᠨ᠎ᠤ ᠰᠢ ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢᠨ ᠲᠤᠬᠠᠢ ᠤᠯᠤᠰ ᠲᠦᠷᠦ᠍᠎ᠶ᠋ᠢᠨ ᠬᠠᠮᠲᠤ᠎ᠶ᠋ᠢᠨ ᠲᠠᠨᠢᠯᠲᠠ᠂ ᠦᠵᠡᠯ ᠰᠠᠨᠠᠭᠠᠨ᠎ᠤ ᠬᠠᠮᠲᠤ᠎ᠶ᠋ᠢᠨ ᠲᠠᠨᠢᠯᠲᠠ᠂ ᠤᠨᠤᠯ᠎ᠤᠨ ᠬᠠᠮᠲᠤ᠎ᠶ᠋ᠢᠨ ᠲᠠᠨᠢᠯᠲᠠ᠂ ᠬᠠᠢᠷ᠎ᠠ ᠰᠡᠳᠭᠢᠯᠭᠡ᠎ᠶ᠋ᠢᠨ ᠬᠠᠮᠲᠤ᠎ᠶ᠋ᠢᠨ ᠲᠠᠨᠢᠯᠲᠠ᠎ᠪᠠᠨ ᠤᠯᠠᠮ ᠨᠢᠭᠡ ᠠᠯᠬᠤᠮ ᠨᠡᠮᠡᠭ᠌ᠳᠡᠭᠦᠯᠬᠦ᠌᠎ᠶ᠋ᠢ ᠠᠬᠢᠭᠤᠯᠪᠠ᠃
ᠦᠵᠡᠯ ᠰᠠᠨᠠᠭᠠᠨ᠎ᠤ ᠠᠤᠭ᠎ᠠ ᠬᠦᠴᠦᠨ ᠲᠤᠮᠳᠠᠳᠤ ᠵᠢᠨ ᠡᠬᠡ ᠭᠠᠵᠠᠷ᠎ᠢ ᠳᠣᠬᠳᠤᠯᠤᠭᠤᠯᠵᠤ᠂ ᠨᠠᠮ᠎ᠤᠨ ᠰᠠᠢ᠌ᠨ ᠳᠠᠭᠤ ᠬᠤᠭᠤᠯᠠᠢ ᠨᠡᠢᠭᠡᠮ᠎ᠦᠨ ᠬᠠᠮᠤᠭ᠎ᠤᠨ ᠴᠢᠩᠭ᠎ᠠ ᠳᠠᠭᠤ ᠬᠤᠭᠤᠯᠠᠢ ᠪᠤᠯᠵᠤ᠂ ᠠᠷᠠᠳ ᠲᠦᠮᠡᠨ᠎ᠦ ᠰᠡᠳᠭᠢᠯ᠎ᠳᠦ ᠱᠢᠭᠤᠳ ᠬᠦᠷᠴᠦ᠍᠂ ᠳᠤᠮᠳᠠᠳᠤ᠎ᠶ᠋ᠢᠨ ᠡᠬᠡ ᠭᠠᠵᠠᠷ᠎ᠲᠤ ᠴᠤᠤᠷᠢᠶᠠᠲᠤᠪᠠ᠃
ᠶᠠᠫᠣᠨ᠎ᠢ ᠡᠰᠡᠷᠭᠦᠴᠡᠬᠦ᠌ ᠵᠣᠷᠢᠭ ᠰᠠᠨᠠᠭ᠎ᠠ᠎ᠶ᠋ᠢ ᠪᠠᠳᠠᠷᠠᠭᠤᠯᠵᠤ ᠤᠯᠤᠰ ᠭᠡᠷ ᠤ᠋ᠨ ᠬᠠᠢᠷ᠎ᠠ ᠰᠡᠳᠭᠢᠯᠭᠡ᠎ᠶ᠋ᠢ ᠵᠤᠵᠠᠭᠠᠳᠭᠠᠪᠠ
80 ᠲᠤᠤᠭᠠᠷᠤᠬᠰᠠᠨ ᠶᠣᠰᠣᠯᠠᠯ᠎ᠤᠨ ᠫᠤᠤ ᠲᠩᠷᠢ ᠭᠠᠵᠠᠷ᠎ᠢ ᠳᠣᠩᠰᠣᠯᠭᠠᠵᠤ᠂ 8 ᠲᠦᠮᠡᠨ ᠡᠩᠬᠡ ᠲᠠᠢᠪᠤᠩ᠎ᠤᠨ ᠲᠠᠭ᠍ᠲᠠᠭ᠎ᠠ ᠤᠬᠳᠠᠷᠭᠤᠢ ᠳ᠋ᠤ ᠬᠠᠯᠢᠨ ᠨᠢᠰᠴᠦ᠍᠂ 《ᠱᠢᠳᠤᠷᠭᠤ ᠶᠣᠰᠣ ᠯᠠᠪᠲᠠᠶ ᠢᠯᠠᠨ᠎ᠠ! ᠡᠩᠬᠡ ᠲᠠᠢᠪᠤᠩ ᠯᠠᠪᠲᠠᠶ ᠢᠯᠠᠨ᠎ᠠ! ᠠᠷᠠᠳ ᠲᠦᠮᠡᠨ ᠯᠠᠪᠲᠠᠶ ᠢᠯᠠᠨ᠎ᠠ!》 ᠭᠡᠬᠦ᠌ ᠰᠦᠷ ᠵᠢᠪᠬᠤᠯᠠᠩᠲᠤ ᠲᠠᠭᠤᠨ ᠤᠳᠠᠲᠠᠯ᠎ᠠ ᠴᠤᠤᠷᠢᠶᠠᠲᠤᠪᠠ᠃
2025 ᠣᠨ᠎ᠤ 9 ᠰᠠᠷ᠎ᠠ᠎ᠶ᠋ᠢᠨ 3 ᠤ᠋ ᠡᠳᠦᠷ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠶᠡᠬᠡ ᠬᠤᠷᠠᠯ ᠲᠢᠶᠠᠨ ᠠᠨ ᠮᠸᠨ ᠲᠠᠯᠠᠪᠠᠶ᠎ᠳᠤ ᠦᠪᠡᠳᠡᠭ᠌ᠰᠢ ᠶᠡᠬᠡᠪᠡᠷ ᠶᠠᠪᠤᠭ᠍ᠳᠠᠵᠤ᠂ ᠤᠯᠤᠰ᠎ᠤᠨ ᠶᠡᠬᠡ ᠶᠣᠰᠣᠯᠠᠯ᠎ᠢᠶᠠᠷ ᠲᠡᠦᠬᠡ᠎ᠵᠢ ᠪᠠᠲᠤ ᠴᠡᠭᠡᠵᠢᠯᠡᠵᠦ᠍᠂ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠵᠤ᠂ ᠡᠩᠬᠡ ᠲᠠᠢᠪᠤᠩ᠎ᠢ ᠡᠷᠬᠢᠮᠯᠡᠨ ᠨᠠᠨᠳᠢᠩᠨᠠᠵᠤ᠂ ᠡᠰᠡᠨᠢᠬᠦ ᠢᠷᠡᠭᠡᠳᠦᠶ᠎ᠪᠡᠨ ᠡᠭᠦᠳᠦᠨ ᠨᠡᠭᠡᠭᠡᠵᠡᠶ᠃
《ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠵᠠᠮ᠎ᠢᠶᠠᠷ ᠡᠷᠡᠰ ᠭᠤᠢᠪᠢᠰᠢ ᠥᠬᠡᠶ ᠵᠠᠮᠨᠠᠵᠤ᠂ ᠶᠠᠫᠣᠨ᠎ᠢ ᠡᠰᠡᠷᠭᠦᠴᠡᠬᠦ᠌ ᠲᠡᠢᠨ᠎ᠦ ᠠᠭᠤᠤ ᠶᠡᠬᠡ ᠵᠣᠷᠢᠭ ᠰᠠᠨᠠᠭ᠎ᠠ᠎ᠶ᠋ᠢ ᠤᠯᠠᠮᠵᠢᠯᠠᠨ ᠪᠠᠳᠠᠷᠠᠭᠤᠯᠵᠤ᠂ ᠡᠷᠴᠢ ᠵᠣᠷᠢᠭ᠎ᠢᠶᠠᠨ ᠬᠥᠪᠴᠢᠯᠡᠨ ᠡᠷᠡᠯᠬᠡᠭ᠌ᠯᠡᠨ ᠤᠷᠤᠭ᠍ᠰᠢᠯᠠᠵᠤ᠂ ᠳᠤᠮᠳᠠᠳᠤ ᠤᠯᠤᠰ᠎ᠤᠨ ᠮᠠᠶᠢᠭ ᠤ᠋ᠨ ᠣᠳᠣᠬᠢᠴᠢᠯᠠᠯᠲᠠ᠎ᠪᠠᠷ ᠬᠦᠴᠦᠷᠬᠡᠭ ᠤᠯᠤᠰ᠎ᠤᠨ ᠪᠥᠲᠥᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠠᠭᠤᠤ ᠦᠶ᠋ᠯᠡᠰ᠎ᠢ ᠪᠥᠬᠥ᠌ ᠲᠠᠯ᠎ᠠ᠎ᠪᠠᠷ ᠠᠬᠢᠭᠤᠯᠬᠤ᠎ᠶ᠋ᠢᠨ ᠲᠥᠯᠥᠭᠡ ᠪᠦᠯᠬᠦᠮᠳᠡᠨ ᠲᠡᠮᠡᠴᠡᠨ᠎ᠡ!》 ᠭᠡᠰᠡᠨ ᠶᠡᠷᠦᠩᠬᠡᠢ ᠱᠦᠵᠢ ᠰᠢ ᠵᠢᠨ ᠫᠢᠩ᠎ᠦᠨ ᠳᠤᠷᠠᠰᠭᠠᠬᠤ ᠶᠡᠬᠡ ᠬᠤᠷᠠᠯ ᠳᠡᠭᠡᠷᠡᠬᠢ ᠴᠢᠬᠤᠯᠠ ᠶᠠᠷᠢᠶ᠎ᠠ ᠨᠢ ᠲᠦᠮᠡᠨ ᠤᠯᠠᠨ᠎ᠢᠶᠠᠷ᠎ᠢᠶᠠᠨ ᠰᠡᠳᠭᠢᠯ ᠨᠢᠭᠡᠳᠬᠦ᠌ ᠬᠦᠴᠦᠷᠬᠡᠭ ᠶᠡᠬᠡ ᠤᠶᠤᠨ ᠰᠠᠨᠠᠭᠠᠨ᠎ᠤ ᠬᠦᠴᠦᠨ ᠴᠢᠳᠠᠯ᠎ᠢ ᠨᠢᠭ᠍ᠲᠠᠷᠠᠭᠤᠯᠪᠠ᠃
ᠲᠤᠬᠠᠶ᠎ᠶ᠋ᠢᠨ ᠲᠠᠯᠠᠪᠠᠶ᠎ᠳᠤ᠂ ᠲᠥᠪ᠎ᠦᠨ ᠭᠤᠤᠯ ᠵᠠᠭᠤᠴᠢᠯᠠᠭᠤᠷ᠎ᠤᠨ᠎ᠬᠢᠨ ᠳᠡᠭᠦᠵᠢᠩ ᠵᠠᠮ᠎ᠤᠨ ᠳᠦᠷᠰᠦ ᠱᠢᠩᠭᠡᠭᠡᠬᠦ᠌ ᠮᠠᠱᠢᠨ᠂ ᠭᠠᠵᠠᠷ᠎ᠲᠠᠶ ᠨᠠᠭᠠᠯᠳᠤᠭᠤᠯᠤᠭ᠍ᠰᠠᠨ ᠪᠢᠴᠢᠯ ᠬᠡᠯᠪᠡᠷᠢ᠎ᠶ᠋ᠢᠨ ᠳᠦᠷᠰᠦ ᠱᠢᠩᠭᠡᠭᠡᠬᠦ᠌ ᠮᠠᠱᠢᠨ ᠵᠡᠷᠭᠡ ᠲᠥᠬᠥᠭᠡᠷᠦᠮᠵᠢ ᠪᠣᠯᠤᠨ ᠤᠯᠤᠰ᠎ᠲᠠᠭᠠᠨ ᠦᠶ᠋ᠯᠡᠳᠪᠦᠷᠢᠯᠡᠭ᠌ᠰᠡᠨ 8K ᠶ᠋ᠢᠨ ᠬᠡᠲᠦ ᠥᠨᠳᠥᠷ ᠲᠤᠳᠤᠴᠠᠳᠤ ᠳᠠᠮᠵᠢᠭᠤᠯᠤᠨ ᠨᠡᠪᠲᠡᠷᠡᠭᠦᠯᠬᠦ᠌ ᠱᠢᠰᠲ᠋ᠧᠮ᠎ᠢ ᠶᠡᠷᠦᠩᠬᠡᠢᠯᠡᠨ ᠬᠡᠷᠡᠭ᠌ᠯᠡᠵᠦ᠍᠂ 200 ᠱᠢᠬᠠᠮ ᠰᠡᠭᠦᠳᠡᠷᠯᠡᠬᠦ᠌ ᠮᠠᠱᠢᠨ᠎ᠤ ᠪᠠᠢᠷᠢ᠎ᠶ᠋ᠢ ᠪᠠᠢᠭᠤᠯᠵᠤ᠂ ᠺᠢᠨᠣ᠋᠎ᠶ᠋ᠢᠨ ᠲᠠᠰ᠎ᠤᠨ ᠵᠢᠷᠤᠭ ᠳᠦᠷᠰᠦ ᠵᠢᠨ ᠶᠠᠰᠤ ᠴᠢᠨᠠᠷ᠂ ᠬᠡᠷᠡᠯ ᠰᠡᠭᠦᠳᠡᠷ᠎ᠦᠨ ᠦᠷ᠎ᠡ ᠪᠦᠲᠦᠮᠵᠢ ᠪᠡᠷ ᠪᠥᠬᠥ᠌ ᠦᠵᠡᠮᠵᠢ᠎ᠶ᠋ᠢᠨ ᠮᠠᠶᠢᠭ᠎ᠢᠶᠡᠷ ᠦᠪᠡᠳᠡᠭ᠌ᠰᠢ ᠶᠡᠬᠡ ᠦᠵᠡᠭᠳᠡᠯ ᠪᠠᠢᠳᠠᠯ᠎ᠢ ᠢᠯᠡᠷᠡᠭᠦᠯᠪᠡ᠃ ᠱᠢᠭᠤᠳ ᠨᠡᠪᠲᠡᠷᠡᠭᠦᠯᠭᠡ᠎ᠶ᠋ᠢ 4.3 ᠳ᠋ᠦᠩᠱᠢᠭᠤᠷ ᠬᠥᠮᠦᠨ ᠤᠳᠠᠭ᠎ᠠ ᠭᠥᠯᠢᠶᠡᠨ ᠠᠪᠴᠤ᠌ ᠦᠵᠡᠭ᠌ᠰᠡᠨ ᠪᠥᠭᠡᠳ ᠬᠤᠯᠪᠤᠭᠳᠠᠯ ᠪᠥᠬᠥᠶ ᠸᠢᠳᠢᠣ᠋᠎ᠶ᠋ᠢ ᠪᠥᠷᠢᠨ ᠵᠠᠭᠤᠴᠢᠯᠠᠭᠤᠷ᠎ᠤᠨ᠎ᠬᠢᠨ ᠲᠠᠮᠵᠢᠭᠤᠯᠤᠨ ᠦᠵᠡᠭᠰᠡᠨ ᠬᠡᠮᠵᠢᠶ᠎ᠡ ᠨᠡᠢᠲᠡ 339.4 ᠳ᠋ᠦᠩᠱᠢᠭᠤᠷ ᠬᠥᠮᠦᠨ ᠤᠳᠠᠭ᠎ᠠ ᠳ᠋ᠤ ᠬᠦᠷᠴᠡᠶ᠃
ᠬᠥᠬᠡᠮᠥ᠋ᠷᠡᠨ᠎ᠦ ᠡᠮᠦᠨ᠎ᠡ ᠤᠮᠠᠷ᠎ᠠ᠂ ᠤᠷᠳᠤ ᠴᠠᠭᠠᠨ ᠬᠡᠷᠡᠮ᠎ᠦᠨ ᠳᠣᠲᠣᠨ᠎ᠠ ᠭᠠᠳᠠᠨ᠎ᠠ᠂ ᠵᠡᠭᠦᠨ ᠬᠤᠢᠳᠤ ᠤᠷᠤᠨ᠎ᠡᠴᠡ ᠡᠮᠦᠨᠡᠲᠦ ᠲᠠᠩᠭᠢᠰ᠎ᠤᠨ ᠬᠦᠪᠡᠬᠡ ᠬᠦᠷᠲᠡᠯ᠎ᠡ᠂ ᠵᠢᠶᠠᠩᠨᠠᠨ᠎ᠤ ᠤᠰᠤᠷᠬᠠᠭ ᠤᠷᠤᠨ ᠡᠴᠡ ᠡᠯᠡᠰᠦᠨ ᠴᠦᠯ ᠭᠣᠪᠢ ᠨᠤᠳᠤᠭ ᠬᠦᠷᠲᠡᠯ᠎ᠡ᠂ ᠰᠦᠷ ᠳᠠᠯᠠᠢᠴᠠᠲᠠᠢ ᠱᠢᠭᠤᠳ ᠨᠡᠪᠲᠡᠷᠡᠭᠦᠯᠭᠡ ᠵᠢᠨ ᠵᠢᠷᠤᠭ ᠲᠦᠷᠰᠦ ᠨᠢ ᠠᠬᠤᠢ ᠲᠠᠯᠠᠪᠠᠢ᠎ᠶ᠋ᠢᠨ ᠦᠪᠡᠳᠡᠭ᠌ᠰᠢ ᠪᠠᠢᠳᠠᠯ᠎ᠢ ᠳᠤᠮᠳᠠᠳᠤ ᠤᠯᠤᠰ᠎ᠤᠨ ᠡᠬᠡ ᠭᠠᠵᠠᠷ᠎ᠤᠨ ᠡᠯ᠎ᠡ ᠭᠠᠵᠠᠷ᠎ᠲᠤ ᠲᠠᠮᠵᠢᠭᠤᠯᠵᠤ᠂ ᠲᠦᠭ ᠲᠦᠮᠡᠨ ᠳᠤᠮᠳᠠᠳᠤ᠎ᠶ᠋ᠢᠨ ᠬᠥᠪᠡᠭᠦᠳ ᠥᠬᠢᠳ᠎ᠦᠨ ᠤᠯᠤᠰ᠎ᠢᠶᠠᠨ ᠬᠠᠢᠷᠠᠯᠠᠬᠤ ᠬᠠᠯᠠᠭᠤᠨ ᠰᠡᠳᠭᠢᠯᠭᠡ ᠵᠢ ᠲᠤᠢᠯ᠎ᠢᠶᠡᠷ ᠬᠦᠭᠵᠢᠬᠡᠵᠤ᠂ ᠰᠡᠳᠭᠢᠯ᠎ᠦᠨ ᠭᠦᠨ᠎ᠡᠴᠡ ᠨᠢ ᠤᠨᠳᠤᠷᠤᠬᠰᠠᠨ ᠬᠠᠮᠳᠤ ᠵᠢᠨ ᠬᠠᠢᠷ᠎ᠠ ᠵᠢᠨ ᠴᠤᠤᠷᠢᠶ᠎ᠠ ᠲᠤᠭᠳᠤᠯᠤᠨ ᠤᠷᠬᠢᠯᠪᠡ᠃
ᠳᠤᠷᠠᠰᠭᠠᠬᠤ ᠶᠡᠬᠡ ᠬᠤᠷᠠᠯ᠎ᠤᠨ ᠤᠬᠠᠭᠤᠯᠭ᠎ᠠ ᠮᠡᠳᠡᠭᠡᠯᠡᠯ ᠨᠢ ᠪᠦᠬᠦ᠌ ᠵᠢᠯ᠎ᠦᠨ ᠤᠬᠠᠭᠤᠯᠭ᠎ᠠ᠎ᠶ᠋ᠢᠨ ᠠᠵᠢᠯᠯᠠᠭ᠎ᠠ᠎ᠲᠠᠶ ᠨᠢᠭ᠍ᠲᠠ ᠲᠠᠭᠤᠨ ᠠᠪᠤᠯᠴᠠᠵᠤ᠂ ᠬᠠᠮᠳᠤ ᠵᠢᠨ ᠲᠠᠭᠤᠨ᠎ᠢ ᠲᠠᠮᠵᠢᠭᠤᠯᠪᠠ᠃
ᠨᠢᠭᠡ ᠵᠢᠯ᠎ᠦᠨ ᠲᠤᠷᠰᠢ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠶᠠᠫᠣᠨ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ 80 ᠵᠢᠯ᠎ᠦᠨ ᠤᠢ᠎ᠶ᠋ᠢᠨ ᠭᠣᠣᠯ ᠰᠡᠳᠦᠪ ᠭᠣᠣᠯ ᠱᠢᠵᠢᠮ᠎ᠦᠨ ᠲᠣᠭᠣᠷᠢᠨ᠎ᠳᠤ᠂ ᠶᠠᠫᠣᠨ᠎ᠢ ᠡᠰᠡᠷᠭᠦᠴᠡᠬᠦ᠌ ᠲᠠᠢ᠌ᠨ᠎ᠦ ᠠᠭᠤᠤ ᠶᠡᠬᠡ ᠵᠣᠷᠢᠭ ᠰᠠᠨᠠᠭ᠎ᠠ᠎ᠶ᠋ᠢ ᠶᠡᠬᠡᠪᠡᠷ ᠪᠠᠳᠠᠷᠠᠭᠤᠯᠵᠤ᠂ ᠳᠤᠮᠳᠠᠳᠤ᠎ᠶ᠋ᠢᠨ ᠬᠥᠪᠡᠭᠦᠳ ᠥᠬᠢᠳ᠎ᠦᠨ ᠤᠯᠤᠰ᠎ᠢᠶᠠᠨ ᠬᠠᠢᠷᠠᠯᠠᠬᠤ ᠰᠡᠳᠭᠢᠯᠭᠡ᠎ᠪᠡᠨ ᠵᠤᠵᠠᠭᠠᠳᠭᠠᠵᠤ᠂ ᠤᠯᠤᠰ᠎ᠲᠠᠭᠠᠨ ᠵᠢᠳᠬᠦᠬᠦ᠌ ᠡᠷᠴᠢ ᠵᠣᠷᠢᠭ᠎ᠢᠶᠠᠨ ᠬᠥᠪᠴᠢᠯᠡᠬᠦ᠌᠎ᠶ᠋ᠢ ᠬᠦᠳᠤᠯᠤᠨ ᠵᠢᠯᠣᠭᠣᠳᠪᠠ᠃
ᠡᠨᠡ ᠪᠣᠯ ᠲᠡᠦᠬᠡ᠎ᠶ᠋ᠢᠨ ᠤᠢ ᠰᠠᠭᠤᠬᠳᠠᠯ᠎ᠤᠨ ᠪᠤᠤᠬᠢᠶ᠎ᠠ ᠲᠠᠮᠵᠢᠭᠤᠯᠭ᠎ᠠ ᠮᠥᠨ —
ᠯᠦ᠍ ᠭᠸᠤ ᠴᠢᠶᠣᠤ ᠬᠥᠭᠥᠷᠭᠡ᠎ᠶ᠋ᠢᠨ ᠬᠥᠪᠡᠭᠡᠨ᠎ᠳᠦ᠂ ᠥᠷ᠎ᠦᠨ ᠲᠤᠶᠠᠭ᠎ᠠ ᠸᠠᠨ ᠫᠢᠩ ᠬᠤᠳᠠ᠎ᠶ᠋ᠢᠨ ᠬᠡᠷᠡᠮ ᠳᠡᠭᠡᠷ᠎ᠡ ᠲᠤᠰᠤᠨ᠎ᠠ᠃ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ᠎ᠦ ᠳᠤᠷᠠᠰᠭᠠᠯ᠎ᠤᠨ ᠣᠷᠳᠣᠨ᠎ᠤ ᠡᠭᠦᠳᠡᠨ᠎ᠳᠦ᠂ ᠬᠥᠮᠦᠰ ᠤᠷᠳᠤ ᠬᠡᠭᠴᠢ ᠮᠦᠷᠯᠡᠨ ᠵᠤᠭᠰᠤᠵᠤ᠂ ᠲᠡᠦᠬᠡ ᠳ᠋ᠤ ᠬᠦᠨ ᠬᠦᠨᠳᠦᠳᠬᠡᠯ ᠲᠡᠪᠰᠢᠬᠦᠯᠦᠭᠰᠡᠨ ᠨᠢᠬᠡ ᠤᠳᠠᠭ᠎ᠠ ᠵᠢᠨ ᠦᠵᠡᠰᠬᠦᠯᠡᠩ᠎ᠢ ᠦᠵᠡᠬᠦ ᠪᠡᠷ ᠬᠦᠯᠢᠶᠡᠨ᠎ᠡ᠃
ᠲᠤᠷᠠᠰᠬᠠᠯ᠎ᠤᠨ ᠤᠷᠳᠤᠨ᠎ᠤ ᠳᠣᠲᠣᠷᠠᠬᠢ 《ᠦᠨᠳᠦᠰᠦᠲᠡᠨ᠎ᠦ ᠴᠢᠯᠥᠭᠡᠯᠡᠯᠲᠡ ᠪᠣᠯᠤᠨ ᠳᠡᠯᠡᠬᠡᠶ᠎ᠶ᠋ᠢᠨ ᠡᠩᠬᠡ ᠲᠠᠢᠪᠤᠩ᠎ᠤᠨ ᠲᠥᠯᠥᠭᠡ》 ᠭᠡᠬᠦ᠌ ᠭᠣᠣᠯ ᠰᠡᠳᠦᠪᠲᠦ ᠦᠵᠡᠰᠬᠦᠯᠡᠩ ᠳᠡᠭᠡᠷ᠎ᠡ᠂ 1525 ᠬᠠᠭᠤᠳᠠᠰᠤ ᠭᠡᠷᠡᠯ ᠵᠢᠷᠤᠭ᠂ 3237 ᠬᠤᠪᠢ ᠲᠡᠦᠬᠡ᠎ᠶ᠋ᠢᠨ ᠳᠤᠷᠠᠰᠭᠠᠯᠲᠤ ᠵᠦᠢᠯᠡᠰ ᠨᠢ ᠡᠭᠦᠷᠢᠳᠡ ᠨᠤᠭᠤᠷᠠᠰᠢ ᠦᠭᠡᠶ ᠲᠡᠮᠡᠴᠡᠭᠰᠡᠨ ᠪᠠᠷ᠎ᠠ ᠰᠡᠭᠦᠳᠡᠷ᠎ᠢ ᠲᠡᠮᠲᠡᠭᠯᠡᠵᠦ᠂ ᠤᠯᠤᠰ ᠣᠷᠣᠨ᠎ᠢᠶᠠᠨ ᠮᠥᠬᠥᠯ᠎ᠡᠴᠡ ᠠᠪᠤᠷᠠᠵᠤ ᠣᠷᠣᠱᠢᠨ ᠲᠣᠭ᠍ᠲᠠᠨᠢᠬᠤ᠎ᠶ᠋ᠢᠨ ᠲᠥᠯᠥᠭᠡ ᠲᠡᠮᠡᠴᠡᠭ᠌ᠰᠡᠨ ᠪᠠᠭᠠᠲᠤᠷᠯᠢᠭ ᠦᠢᠯᠡ ᠶᠠᠪᠤᠳᠠᠯ᠎ᠢ ᠬᠦᠥᠷᠨᠢᠨᠡ᠃
《ᠲᠡᠦᠬᠡ᠎ᠶ᠋ᠢᠨ ᠲᠤᠯᠢ᠎ᠶ᠋ᠢ ᠬᠢᠯᠠᠢᠳᠠᠯᠠ ᠠᠷᠴᠢᠵᠤ᠂ ᠢᠷᠡᠭᠡᠳᠦᠢ᠎ᠶ᠋ᠢᠨ ᠵᠠᠮ᠎ᠢᠶᠠᠷ ᠰᠠᠢᠲᠤᠷ ᠵᠠᠮᠨᠠᠶ᠎ᠠ》᠂ 《ᠪᠢᠳᠠ ᠲᠡᠦᠬᠡ᠎ᠪᠡᠷ ᠲᠤᠯᠢ ᠪᠣᠯᠭᠠᠵᠤ᠂ ᠡᠩᠬᠡ ᠲᠠᠢᠪᠤᠩ᠎ᠤᠨ ᠴᠡᠴᠡᠬᠡᠰ ᠵᠤᠯᠭᠠᠷᠠᠰᠢ ᠦᠬᠡᠢ ᠳᠡᠯᠭᠡᠷᠡᠬᠦ᠌᠎ᠶ᠋ᠢ ᠬᠦᠰᠡᠨ᠎ᠠ》᠂ 《ᠰᠡᠷᠭᠦᠨ ᠮᠠᠨᠳᠤᠯᠲᠠ᠎ᠶ᠋ᠢᠨ ᠵᠠᠮ᠎ᠳᠤ ᠮᠠᠨ᠎ᠤ ᠦᠶ᠎ᠡ᠎ᠶ᠋ᠢᠨ ᠬᠢᠨ ᠬᠠᠷᠢᠭᠤᠴᠠᠯᠭ᠎ᠠ᠎ᠲᠠᠶ 》 ᠁ ᠦᠭᠡ ᠦᠯᠡᠳᠡᠭᠡᠬᠦ᠌ ᠳᠡᠪᠲᠡᠷ ᠳᠡᠭᠡᠷ᠎ᠡ ᠦᠯᠡᠳᠡᠭᠡᠭᠰᠡᠨ ᠦᠭᠡ ᠥᠭᠦᠯᠡᠪᠦᠷᠢ ᠨᠢᠬᠡ ᠪᠦᠷᠢ ᠨᠢ ᠰᠡᠳᠭᠢᠯ᠎ᠤᠨ ᠬᠦᠨ᠎ᠡᠴᠡ ᠤᠨᠳᠤᠷᠤᠬᠰᠠᠨ ᠪᠤᠯᠬᠤᠷ᠂ ᠬᠥᠮᠦᠰ᠎ᠦᠨ ᠰᠡᠳᠭᠢᠯ᠎ᠢ ᠡᠷᠬᠡ ᠦᠬᠡᠢ ᠳᠣᠭ᠍ᠳᠣᠯᠤᠭᠤᠯᠤᠨ᠎ᠠ᠃ 2025 ᠣᠨ᠎ᠤ 7 ᠰᠠᠷ᠎ᠠ᠎ᠶ᠋ᠢᠨ 7᠎ᠤ᠋ ᠡᠳᠦᠷ ᠡᠬᠦᠳᠡ ᠪᠠᠨ ᠨᠡᠬᠡᠬᠡᠭᠰᠡᠨ᠎ᠡᠴᠡ ᠨᠠᠭᠠᠰᠢ᠂ ᠳᠤᠷᠠᠰᠭᠠᠯ᠎ᠤᠨ ᠣᠷᠳᠣᠨ ᠨᠢᠭᠡᠨᠲᠡ ᠦᠵᠡᠭ᠌ᠴᠢᠳ᠎ᠢ 163 ᠲᠦᠮᠡᠨ ᠬᠥᠮᠦᠨ ᠤᠳᠠᠭ᠎ᠠ ᠭᠥᠯᠢᠶᠡᠨ ᠠᠪᠴᠠᠶ᠃
ᠶᠠᠫᠣᠨ᠎ᠢ ᠡᠰᠡᠷᠭᠦᠴᠡᠬᠦ᠌ ᠳᠠᠢᠨ᠎ᠤ ᠤᠢ ᠰᠠᠭᠤᠬᠳᠠᠯᠢ ᠮᠥᠩᠬᠡ᠎ᠶ᠋ᠢᠨ ᠬᠥᠱᠢᠶ᠎ᠡ ᠪᠣᠯᠭᠠᠨ ᠨᠢᠭ᠍ᠲᠠᠷᠠᠭᠤᠯᠵᠤ᠂ ᠶᠠᠫᠣᠨ᠎ᠢ ᠡᠰᠡᠷᠭᠦᠴᠡᠬᠦ᠌ ᠳᠠᠢᠨ᠎ᠤ ᠵᠣᠷᠢᠭ ᠰᠠᠨᠠᠭ᠎ᠠ ᠤᠷᠤᠭ᠍ᠰᠢᠯᠠᠯᠲᠠ᠎ᠶ᠋ᠢᠨ ᠵᠠᠮ᠎ᠢ ᠭᠡᠷᠡᠯᠲᠦᠭᠦᠯᠦᠨ᠎ᠡ᠃
ᠳᠥᠷᠪᠡᠳᠦᠭᠡᠷ ᠪᠦᠯᠦᠭ᠎ᠦᠨ 34 ᠭᠠᠵᠠᠷ ᠲᠡᠬᠢ ᠤᠯᠤᠰ᠎ᠤᠨ ᠲᠡᠰ᠎ᠤᠨ ᠶᠠᠫᠣᠨ᠎ᠢ ᠡᠰᠡᠷᠭᠦᠴᠡᠬᠦ᠌ ᠲᠠᠢ᠌ᠨ᠎ᠦ ᠳᠤᠷᠠᠰᠭᠠᠯ᠎ᠤᠨ ᠲᠥᠬᠥᠭᠡᠷᠦᠮᠵᠢ᠂ ᠪᠠᠭᠤᠷᠢ᠎ᠶ᠋ᠢᠨ ᠨᠡᠷᠡᠰ᠎ᠦᠨ ᠵᠢᠭ᠍ᠰᠠᠭᠠᠯᠲᠠ᠎ᠶ᠋ᠢ ᠨᠡᠢᠲᠡᠯᠡᠭ᠌ᠰᠡᠨ᠎ᠡᠴᠡ ᠠᠪᠤᠭᠠᠳ ᠳᠥᠷᠪᠡᠳᠦᠭᠡᠷ ᠪᠦᠯᠦᠭ᠎ᠦᠨ ᠶᠠᠫᠣᠨ᠎ᠢ ᠡᠰᠡᠷᠭᠦᠴᠡᠭ᠌ᠰᠡᠨ 41 ᠠᠯᠳᠠᠷᠳᠤ ᠦᠷᠡᠭ᠌ᠳᠡᠭ᠌ᠰᠡᠨ ᠪᠠᠭᠠᠲᠤᠷ᠂ 2 ᠪᠠᠭᠠᠲᠤᠷᠯᠢᠭ ᠬᠠᠮᠲᠤ ᠴᠤᠬᠴᠠ ᠵᠢᠨ ᠨᠡᠷᠡᠰ᠎ᠦᠨ ᠵᠢᠭ᠍ᠰᠠᠭᠠᠯᠲᠠ᠎ᠶ᠋ᠢ ᠨᠡᠢᠲᠡᠯᠡᠭ᠌ᠰᠡᠨ ᠬᠦᠷᠲᠡᠯ᠎ᠡ᠂ ᠦᠨᠡᠨ ᠪᠣᠳᠠᠲᠠᠢ ᠲᠠᠯᠠᠪᠤᠷ ᠭᠠᠵᠠᠷ ᠨᠢᠬᠡ ᠪᠦᠷᠢ ᠵᠢᠴᠢ ᠤᠪᠤᠭ ᠨᠡᠷᠡᠥᠨᠢᠳᠡ ᠲᠤᠷᠠᠰᠤᠬᠳᠠᠨᠠ᠃
ᠮᠦᠭ᠌ᠳᠡᠨ᠎ᠳᠦ 《9·18》 ᠢ᠋ ᠡᠬᠦᠷᠢᠳᠡ ᠥᠯᠥ᠍ ᠮᠠᠷᠲᠠᠬᠤ ᠰᠡᠷᠡᠮᠵᠢ᠎ᠵᠢᠨ ᠬᠤᠩᠬᠤ ᠳᠤᠤᠭᠠᠷᠭᠠᠬᠤ ᠶᠣᠰᠣᠯᠠᠯ ᠶᠠᠪᠤᠭᠤᠯᠤᠭ᠍ᠰᠠᠨ᠎ᠡᠴᠡ ᠠᠪᠤᠭᠠᠳ ᠨᠠᠨᠵᠢᠩ᠎ᠳᠤ 2025 ᠣᠨ ᠳ᠋ᠡᠬᠢ ᠨᠠᠨᠵᠢᠩ᠎ᠤᠨ ᠶᠡᠬᠡ ᠬᠢᠳᠤᠯᠭ᠎ᠠ᠎ᠳᠤ ᠬᠤᠤᠷᠯᠠᠭ᠍ᠳᠠᠭ᠍ᠰᠠᠳᠢ ᠭᠠᠱᠢᠭᠤᠳᠠᠬᠤ ᠤᠯᠤᠰ᠎ᠤᠨ ᠨᠡᠢᠲᠡ᠎ᠶ᠋ᠢᠨ ᠲᠠᠬᠢᠯᠭ᠎ᠠ ᠵᠢᠨ ᠶᠤᠰᠤᠯᠠᠯ᠎ᠢ ᠶᠠᠪᠤᠬᠳᠠᠭᠤᠯᠤᠬᠰᠠᠨ ᠬᠦᠷᠲᠡᠯ᠎ᠡ᠂ ᠦᠨᠳᠦᠰᠦᠲᠡᠨ᠎ᠦ ᠬᠠᠮᠲᠤ᠎ᠶ᠋ᠢᠨ ᠤᠢ ᠰᠠᠭᠤᠬᠳᠠᠯ ᠲᠠᠰᠤᠷᠠᠯᠲᠠ ᠥᠬᠡᠶ ᠭᠦᠨᠵᠡᠭᠡᠢᠷᠡᠪᠡ᠃
ᠶᠠᠫᠣᠨ᠎ᠢ ᠡᠰᠡᠷᠭᠦᠴᠡᠭ᠌ᠰᠡᠨ ᠥᠯᠢᠭᠡᠷ ᠨᠢ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ᠎ᠦᠨ ᠲᠠᠩᠬᠢᠮ᠎ᠳᠤ ᠤᠷᠤᠭ᠍ᠰᠠᠨ᠎ᠡᠴᠡ ᠠᠪᠤᠭᠠᠳ ᠣᠯᠠᠨ ᠭᠠᠵᠠᠷ᠎ᠤᠨ᠎ᠬᠢᠨ ᠶᠠᠫᠣᠨ᠎ᠢ ᠡᠰᠡᠷᠭᠦᠴᠡᠬᠦ᠌ ᠲᠡᠢᠨ᠎ᠦ ᠭᠤᠤᠯ ᠰᠡᠳᠦᠪᠲᠦ ᠰᠤᠳᠤᠯᠤᠨ ᠰᠤᠷᠤᠯᠴᠠᠬᠤ ᠵᠠᠮ ᠱᠤᠭᠤᠮ᠎ᠢ ᠨᠡᠬᠡᠭᠡᠭᠰᠡᠨ ᠬᠦᠷᠲᠡᠯ᠎ᠡ᠂ ᠵᠠᠯᠠᠭᠤᠴᠤᠳ ᠪᠠᠭᠠᠴᠤᠳ᠎ᠤᠨ ᠬᠤᠪᠢᠰᠭᠠᠯ᠎ᠤᠨ ᠤᠳᠤᠮᠱᠢᠯ᠎ᠢ ᠵᠠᠯᠭᠠᠮᠵᠢᠯᠠᠵᠤ᠂ ᠠᠯᠤᠰ ᠬᠡᠲᠦ᠍᠎ᠶ᠋ᠢᠨ ᠬᠦᠰᠡᠯ ᠵᠣᠷᠢᠯᠲᠠ᠎ᠲᠠᠶ ᠪᠣᠯᠬᠤ᠎ᠶ᠋ᠢ ᠵᠣᠷᠢᠭ᠍ᠵᠢᠭᠤᠯᠪᠠ᠃
ᠡᠨᠡ ᠪᠣᠯ ᠤᠳᠭ᠎ᠠ ᠤᠷᠠᠯᠢᠭ᠎ᠤᠨ ᠵᠣᠬᠢᠶᠠᠨ ᠪᠦᠲᠦᠭᠡᠯᠭᠡ᠎ᠶ᠋ᠢᠨ ᠴᠠᠭ ᠦᠶ᠎ᠡ᠎ᠶ᠋ᠢᠨ ᠤᠶᠠᠩᠭ᠎ᠠ —
ᠢᠯᠠᠯᠲᠠ ᠣᠯᠤᠭ᠍ᠰᠠᠨ᠎ᠢ ᠳᠤᠷᠠᠰᠭᠠᠬᠤ ᠡᠳᠦᠷ᠎ᠦᠨ ᠰᠥᠨᠢ᠂ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠤᠶᠠᠩᠭᠠᠳᠤ ᠳᠠᠭᠤᠤ ᠬᠠᠨᠭᠬᠢᠨᠠᠨ ᠴᠤᠤᠷᠢᠶᠠᠳᠤᠵᠤ ᠪᠠᠢᠯ᠎ᠠ᠃ ᠲᠣᠭ᠍ᠯᠠᠯᠲᠠ᠎ᠶ᠋ᠢᠨ ᠲᠠᠢᠰᠠᠨ᠎ᠤ ᠬᠥᠱᠢᠭᠡ ᠰᠡᠬᠦᠭ᠌ᠳᠡᠬᠦ᠌ ᠦᠶ᠎ᠠ ᠳᠦ᠂ ᠵᠡᠭᠦᠨ ᠬᠣᠢᠲᠤ᠎ᠶ᠋ᠢᠨ ᠴᠠᠭᠠᠨ ᠬᠤᠰᠤᠨ ᠤᠢ᠎ᠶ᠋ᠢᠨ ᠶᠠᠰᠤ ᠵᠢᠭᠳᠡᠮᠠ ᠴᠠᠰᠤ᠂ ᠨᠠᠨᠵᠢᠩ ᠬᠤᠳᠠ᠎ᠶ᠋ᠢᠨ ᠡᠮᠭᠡᠨᠢᠯᠳᠦ ᠪᠠᠢᠳᠠᠯ᠂ ᠬᠥᠬᠡᠮᠥ᠋ᠷᠡᠨ᠎ᠦ ᠡᠮᠦᠨ᠎ᠡ ᠤᠮᠠᠷ᠎ᠠ ᠵᠢ ᠪᠦᠷᠬᠦᠭᠰᠡᠨ ᠴᠢᠰᠤ ᠭᠢᠭᠡᠳ ᠨᠢᠯᠪᠤᠰᠤ ᠨᠢ ᠬᠠᠳᠤᠨ ᠭᠣᠣᠯ᠎ᠤᠨ ᠲᠩᠷᠢ ᠭᠠᠵᠠᠷ᠎ᠢ ᠳᠣᠩᠰᠣᠯᠭᠠᠮ᠎ᠠ ᠬᠦᠷᠬᠢᠷᠡᠯ ᠪᠤᠯᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠨᠤᠭᠤᠷᠠᠰᠢ ᠦᠭᠡᠢ ᠣᠮᠣᠭ ᠵᠣᠷᠢᠭ᠎ᠢ ᠳᠠᠭᠤᠯᠠᠪᠠ᠃
ᠵᠠᠯᠠᠭᠤ ᠤᠳᠭ᠎ᠠ ᠤᠷᠠᠯᠢᠭ᠎ᠤᠨ ᠠᠵᠢᠯᠲᠠᠳ᠎ᠢᠶᠠᠷ ᠭᠣᠣᠯ ᠬᠦᠴᠦᠨ ᠪᠣᠯᠭᠠᠭ᠍ᠰᠠᠨ ᠡᠨᠡ ᠤᠳᠠᠭ᠎ᠠ ᠵᠢᠨ 《ᠱᠢᠳᠤᠷᠭᠤ ᠶᠣᠰᠣ ᠯᠠᠪᠲᠠᠢ ᠢᠯᠠᠨ᠎ᠠ》 ᠬᠡᠬᠦ ᠤᠷᠠᠨ ᠰᠠᠢᠬᠠᠨ᠎ᠤ ᠦᠳᠡᠱᠢᠯᠡᠭᠡ ᠨᠢ ᠳᠠᠭᠤᠤ ᠬᠥᠭ᠌ᠵᠢᠮ᠂ ᠪᠥᠵᠢᠭ᠂ ᠠᠬᠤᠢ ᠦᠵᠡᠭᠳᠡᠯ᠎ᠳᠤ ᠰᠢ ᠵᠦᠴᠦᠭᠡ ᠵᠡᠷᠭᠡ ᠤᠷᠠᠯᠢᠭ᠎ᠤᠨ ᠬᠡᠯᠪᠡᠷᠢ᠎ᠪᠡᠷ ᠳᠠᠢ᠌ᠨ᠎ᠦ ᠭᠠᠯ ᠳᠦᠷᠡᠯᠵᠡᠭ᠌ᠰᠡᠨ ᠶᠠᠫᠣᠨ᠎ᠢ ᠡᠰᠡᠷᠭᠦᠴᠡᠬᠦ᠌ ᠳᠠᠢ᠌ᠨ᠎ᠦ ᠣᠨ ᠰᠠᠷᠠᠶ᠋ᠢ ᠳᠠᠬᠢᠨ ᠢᠯᠡᠷᠡᠭᠦᠯᠵᠦ᠍᠂ ᠰᠦᠷ ᠵᠢᠪᠬᠤᠯᠠᠩᠲᠤ ᠪᠠᠭᠠᠲᠤᠷᠯᠢᠭ ᠢᠯᠠᠯᠲᠠ᠎ᠶ᠋ᠢᠨ ᠳᠠᠭᠤᠤ᠎ᠶ᠋ᠢ ᠬᠥᠭ᠌ᠵᠢᠮᠳᠡᠵᠦ᠍᠂ ᠰᠦᠯᠵᠢᠶᠡᠨ ᠳᠡᠭᠡᠷᠡᠬᠢ ᠪᠠ ᠠᠬᠤᠢ ᠲᠠᠯᠠᠪᠠᠢ᠎ᠵᠢᠨ ᠦᠵᠡᠭᠴᠢᠳ᠎ᠤᠨ ᠦᠨᠳᠦᠷ ᠦᠨᠡᠯᠡᠯᠲᠡ᠎ᠶ᠋ᠢ ᠣᠯᠤᠭ᠍ᠰᠠᠨ ᠪᠠᠢᠨ᠎ᠠ᠃
ᠨᠢᠭᠡ ᠵᠢᠯ᠎ᠦᠨ ᠲᠤᠷᠰᠢ᠂ ᠥᠷᠭᠡᠨ ᠤᠯᠠᠨ ᠤᠳᠭ᠎ᠠ ᠤᠷᠠᠯᠢᠭ᠎ᠤᠨ ᠠᠵᠢᠯᠳᠠᠨ ᠨᠢᠭᠡ ᠰᠡᠳᠭᠢᠯ᠎ᠢᠶᠡᠷ ᠵᠣᠬᠢᠶᠠᠨ ᠪᠦᠲᠦᠭᠡᠵᠦ᠍᠂ ᠤᠷᠠᠯᠢᠭ᠎ᠢᠶᠠᠷ ᠭᠠᠢᠬᠠᠮᠱᠢᠭ᠍ᠲᠤ ᠣᠨ ᠰᠠᠷᠠᠶ᠋ᠢ ᠪᠠᠲᠤ ᠴᠡᠭᠡᠵᠢᠯᠡᠵᠦ᠍᠂ ᠪᠠᠯᠠᠷᠠᠰᠢ ᠦᠭᠡᠢ ᠠᠶᠠᠨ ᠵᠠᠮ᠎ᠢ ᠰᠡᠢᠯᠤᠨ ᠦᠯᠡᠳᠡᠭᠡᠪᠡ᠃
《ᠨᠠᠨᠵᠢᠩ᠎ᠤᠨ ᠬᠡᠷᠡᠯ ᠵᠢᠷᠤᠭ᠎ᠤᠨ ᠭᠠᠵᠠᠷ》 ᠵᠡᠷᠭᠡ ᠺᠢᠨᠣ᠋ ᠤᠯᠠᠨ᠎ᠤ ᠮᠠᠭᠲᠠᠭᠠᠯᠢ ᠤᠯᠵᠤ᠂ 《ᠵᠢᠭ᠍ᠰᠠᠭᠠᠯ᠎ᠤᠨ ᠭᠠᠵᠠᠷ》 ᠵᠡᠷᠭᠡ ᠲᠧᠯᠸᠢᠰ ᠵᠦᠴᠦᠭᠡ ᠵᠢ ᠳᠡᠯᠭᠡᠴᠡᠡᠳᠤ ᠨᠡᠪᠲᠡᠷᠡᠭᠦᠯᠵᠤ᠂ 《ᠯᠦ᠍ ᠭᠧᠤ ᠴᠢᠶᠣᠤ ᠬᠥᠭᠥᠷᠭᠡ᠄ ᠪᠢᠳᠡᠨ᠎ᠤ ᠳᠤᠷᠠᠰᠬᠠᠯ》 ᠵᠡᠷᠭᠡ ᠪᠠᠷᠢᠮᠲᠠᠲᠤ ᠹᠢᠯᠢᠮ ᠲᠡᠦᠬᠡᠨ ᠮᠠᠲ᠋ᠧᠷᠢᠶᠠᠯ᠎ᠢ ᠭᠦᠨ ᠠᠭᠤᠲᠠᠯᠵᠤ᠂ 《ᠬᠢᠯᠢᠩᠨᠡᠯ》 ᠵᠡᠷᠭᠡ ᠣᠬᠣᠷ ᠵᠦᠴᠦᠭᠡ ᠨᠢ ᠤᠬᠤᠷᠬᠠᠨ ᠦᠢᠯᠡ ᠶᠠᠪᠤᠳᠠᠯ᠎ᠢᠶᠡᠷ ᠬᠦᠨᠵᠡᠬᠡᠢ ᠤᠳᠬ᠎ᠠ ᠰᠠᠨᠠᠭ᠎ᠠ᠎ᠵᠢ ᠢᠯᠡᠷᠡᠭᠦᠯᠪᠡ ᠁ ᠬᠡᠷᠡᠯ ᠰᠡᠭᠦᠳᠡᠷ᠎ᠦᠨ ᠰᠣᠯᠪᠢᠴᠠᠯ ᠳᠤᠮᠳᠠ᠂ ᠶᠠᠫᠣᠨ᠎ᠢ ᠡᠰᠡᠷᠭᠦᠴᠡᠬᠦ᠌ ᠠᠭᠤᠤ ᠶᠡᠬᠡ ᠵᠣᠷᠢᠭ ᠰᠠᠨᠠᠭ᠎ᠠ ᠶᠠᠪᠤᠬᠤ ᠲᠤᠲᠤᠮ ᠱᠢᠨ᠎ᠠ ᠤᠳᠬ᠎ᠠ ᠠᠭᠤᠯᠭ᠎ᠠ ᠲᠠᠢ ᠪᠤᠯᠪᠠ ᠃
《ᠳᠠᠯᠳᠠ ᠲᠡᠮᠡᠴᠡᠯ᠄ ᠨᠢᠭᠡᠨ ᠪᠢᠴᠢᠭ᠎ᠦᠨ ᠬᠥᠮᠦᠨ᠎ᠦ ᠰᠣᠶᠣᠯ᠎ᠢᠶᠡᠷ ᠶᠠᠫᠣᠨ᠎ᠢ ᠡᠰᠡᠷᠭᠦᠴᠡᠭᠰᠡᠨ ᠳᠠᠢ᠌ᠨ》 ᠬᠡᠬᠦ ᠪᠦᠳᠦᠬᠡᠯ ᠨᠢ ᠰᠣᠶᠣᠯ᠎ᠢᠶᠡᠷ ᠶᠠᠫᠣᠨ᠎ᠢ ᠡᠰᠡᠷᠭᠦᠴᠡᠭᠰᠡᠨ ᠳᠠᠢ᠌ᠨ᠎ᠦ ᠤᠯᠠᠨ ᠲᠦᠮᠡᠨ᠎ᠦ ᠬᠦᠷᠦᠭ ᠲᠦᠷᠢ᠎ᠵᠢ ᠵᠢᠷᠤᠭᠯᠠᠵᠤ᠂ 《ᠴᠧ ᠴᠢᠶᠣᠤ ᠴᠧ ᠴᠢᠶᠣᠤ》 ᠬᠡᠬᠦ ᠪᠦᠳᠦᠬᠡᠯ ᠨᠢ ᠪᠦᠷᠢᠨ ᠦᠵᠡᠮᠵᠢ ᠪᠡᠷ ᠳᠤᠮᠳᠠᠳᠤ ᠣᠷᠣᠨ᠎ᠤ ᠶᠠᠫᠣᠨ᠎ᠢ ᠡᠰᠡᠷᠭᠦᠴᠡᠬᠦ᠌ ᠳᠠᠢ᠌ᠨ᠎ᠦ ᠪᠠᠢᠯᠳᠤᠬᠤ ᠪᠤᠳᠤᠯᠭ᠎ᠠ᠎ᠶ᠋ᠢᠨ ᠬᠡᠳᠡᠷᠬᠦ᠌ ᠳᠠᠭᠠᠷᠢᠯᠳᠠᠬᠢᠭᠰᠡᠨ ᠬᠥᠱᠢᠭᠡ᠎ᠶ᠋ᠢ ᠳᠡᠯᠭᠡᠨ ᠦᠵᠡᠭᠦᠯᠵᠦ᠍᠂ 《ᠬᠡᠦᠬᠡᠳ᠎ᠦᠨ ᠵᠦᠴᠦᠭᠡ᠎ᠶ᠋ᠢᠨ ᠪᠦᠯᠬᠦᠮ》 ᠬᠡᠬᠦ ᠪᠦᠳᠦᠬᠡᠯ ᠨᠢ ᠵᠠᠯᠠᠭᠤᠴᠤᠳ ᠪᠠᠭᠠᠴᠤᠳ᠎ᠲᠤ ᠶᠠᠫᠣᠨ᠎ᠢ ᠡᠰᠡᠷᠭᠦᠴᠡᠬᠦ᠌ ᠳᠠᠢ᠌ᠨ᠎ᠦ ᠦᠯᠢᠭᠡᠷ᠎ᠢ ᠰᠠᠢᠲᠤᠷ ᠶᠠᠷᠢᠪᠡ ᠁ ᠠᠮᠢᠳᠤ ᠳᠦᠷᠰᠦᠯᠢᠭ ᠦᠰᠦᠭ ᠪᠢᠴᠢᠭᠵᠢᠡᠷ ᠳᠠᠮᠵᠢᠨ᠂ ᠤᠯᠤᠰ᠎ᠢᠶᠡᠨ ᠬᠠᠢᠷᠠᠯᠠᠬᠤ ᠰᠡᠳᠭᠢᠯᠭᠡ ᠴᠠᠭᠠᠰᠤᠨ ᠬᠠᠭᠤᠳᠠᠰᠤᠨ᠎ᠠ ᠢᠯᠡᠷᠡᠪᠡ᠃
ᠡᠳᠡᠭᠡᠷ ᠬᠦᠴᠦᠨ ᠴᠢᠳᠠᠯ ᠪᠢᠯᠬᠠᠭ᠍ᠰᠠᠨ ᠤᠳᠭ᠎ᠠ ᠤᠷᠠᠯᠢᠭ᠎ᠤᠨ ᠪᠦᠲᠦᠭᠡᠯ ᠨᠢ ᠰᠡᠳᠬᠢᠯ ᠬᠦᠳᠡᠯᠭᠡᠮ᠎ᠡ ᠴᠠᠭ ᠦᠶ᠎ᠡ᠎ᠶ᠋ᠢᠨ ᠲᠠᠭᠤᠨ᠂ ᠤᠯᠤᠰ᠎ᠢᠶᠠᠨ ᠬᠠᠢᠷᠠᠯᠠᠬᠤ ᠲᠠᠭᠤᠨ᠂ ᠠᠷᠠᠳ ᠲᠦᠮᠡᠨ᠎ᠦ ᠲᠠᠭᠤᠨ᠎ᠢ ᠬᠠᠩᠭᠢᠨᠠᠭᠤᠯᠪᠠ᠃
ᠡᠨᠡ ᠪᠣᠯ ᠰᠣᠨᠢᠨ ᠮᠡᠳᠡᠭᠡᠨ᠎ᠦ ᠡᠮᠦᠨ᠎ᠡ ᠹᠷᠣᠨᠲᠤᠨᠬᠢᠨᠤ ᠦᠨᠡᠨᠴᠢ ᠬᠢᠴᠢᠶᠡᠩᠬᠦᠢ ᠪᠡᠷ ᠭᠦᠢᠴᠡᠳᠭᠡᠭᠰᠡᠨ ᠦᠢᠯᠡᠳᠦᠯᠭᠡ —
ᠱᠢᠨᠬᠤᠸᠠ ᠬᠤᠷᠢᠶ᠎ᠠ᠎ᠵᠢᠨ ᠰᠡᠭᠦᠳᠡᠷᠯᠡᠭ᠌ᠰᠡᠨ ᠳᠤᠷᠠᠰᠭᠠᠬᠤ ᠶᠡᠬᠡ ᠬᠤᠷᠠᠯ᠎ᠤᠨ ᠠᠬᠤᠶ ᠲᠠᠯᠠᠪᠠᠶ᠎ᠶ᠋ᠢᠨ ᠬᠡᠷᠡᠯ ᠵᠢᠷᠤᠭ 3000 ᠭᠠᠷᠤᠶ ᠪᠠᠢᠵᠤ᠂ ᠶᠡᠬᠡ ᠬᠡᠮᠵᠢᠶᠡᠨ᠎ᠦ ᠬᠡᠷᠡᠯ ᠵᠢᠷᠤᠭ᠎ᠨᠢ ᠰᠦᠯᠵᠢᠶᠡᠨ᠎ᠦ 《ᠬᠠᠯᠠᠮᠱᠢᠯ ᠪᠦᠳᠦᠬᠡᠯ》 ᠪᠣᠯᠵᠠᠶ; ᠲᠥᠪ᠎ᠦᠨ ᠷᠠᠳᠢᠣ᠋ ᠲᠧᠯᠸᠢᠰ᠎ᠦᠨ ᠶᠡᠷᠦᠩᠬᠡᠶ ᠬᠣᠷᠢᠶ᠎ᠠ᠎ᠶ᠋ᠢᠨ ᠳᠤᠷᠠᠰᠭᠠᠬᠤ ᠶᠡᠬᠡ ᠬᠤᠷᠠᠯ᠎ᠤᠨ ᠱᠢᠭᠤᠳ ᠨᠡᠪᠲᠡᠷᠡᠭᠦᠯᠭᠡ᠎ᠶ᠋ᠢ ᠬᠢᠯᠢ᠎ᠶ᠋ᠢᠨ ᠭᠠᠳᠠᠨᠠᠬᠢ 2000 ᠭᠠᠷᠤᠶ ᠭᠤᠤᠯ ᠲᠧᠯᠸᠢᠰ ᠬᠣᠷᠢᠶ᠎ᠠ ᠵᠢᠴᠢ ᠱᠢᠨ᠎ᠡ ᠵᠠᠭᠤᠴᠢᠯᠠᠭᠤᠷ᠎ᠤᠨ ᠲᠠᠪᠴᠠᠩ ᠳᠠᠮᠵᠢᠭᠤᠯᠤᠨ ᠨᠡᠪᠲᠡᠷᠡᠭᠦᠯᠵᠦ᠍ ᠮᠡᠳᠡᠭᠡᠯᠡᠨ᠂ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠪᠡ; ᠠᠷᠠᠳ᠎ᠤᠨ ᠡᠳᠦᠷ᠎ᠦᠨ ᠰᠣᠨᠢᠨ ᠵᠠᠯᠭᠠᠭ᠎ᠠ᠎ᠪᠠᠷ ᠣᠨᠴᠠ ᠬᠡᠪᠯᠡᠯ ᠨᠡᠢᠳᠡᠯᠡᠵᠤ᠂ ᠠᠭᠤᠯᠭ᠎ᠠ ᠨᠢ ᠪᠦᠷᠢᠨ ᠲᠡᠭᠦᠯᠳᠡᠷ᠂ ᠭᠣᠢᠳᠠ ᠰᠠᠢᠬᠠᠨ ᠬᠠᠷᠠᠭᠠᠨ ᠰᠡᠷᠡᠯ᠎ᠤᠨ ᠬᠦᠷᠳᠡᠮᠵᠢ ᠤᠯᠭᠤᠪᠠ᠃
ᠡᠯ᠎ᠡ ᠱᠠᠲᠤᠨ᠎ᠤ ᠡᠯ᠎ᠡ ᠲᠥᠷᠥᠯ᠎ᠦᠨ ᠵᠠᠭᠤᠴᠢᠯᠠᠭᠤᠷ ᠠᠯᠢ ᠣᠯᠠᠨ ᠳᠤᠷᠠᠰᠭᠠᠬᠤ ᠠᠵᠢᠯᠯᠠᠭ᠎ᠠ᠎ᠶ᠋ᠢᠨ ᠲᠣᠭᠣᠷᠢᠨ᠎ᠳᠤ ᠤᠷᠢᠳ ᠬᠣᠵᠢᠳ 100 ᠭᠠᠷᠤᠶ ᠲᠦᠮᠡᠨ ᠬᠤᠪᠢ ᠮᠡᠳᠡᠭᠡᠯᠡᠯ ᠨᠡᠢᠲᠡᠯᠡᠵᠦ᠍᠂ ᠰᠦᠯᠵᠢᠶᠡᠨ ᠳᠡᠭᠡᠷᠡᠬᠢ ᠳᠠᠷᠤᠮ᠎ᠤᠨ ᠲᠤᠭ᠎ᠠ 766 ᠳ᠋ᠦᠩᠱᠢᠭᠤᠷ ᠤᠳᠠᠭ᠎ᠠ᠎ᠶ᠋ᠢ ᠳᠠᠪᠠᠵᠤ᠂ ᠰᠢᠬᠦᠮᠵᠢ ᠪᠢᠴᠢᠵᠤ ᠶᠠᠷᠢᠯᠴᠠᠭ᠍ᠰᠠᠨ ᠬᠡᠮᠵᠢᠶ᠎ᠡ 10.5 ᠳ᠋ᠦᠩᠱᠢᠭᠤᠷ ᠵᠤᠷᠪᠤᠰ᠎ᠢ ᠳᠠᠪᠠᠵᠠᠶ᠃
ᠲᠡᠦᠬᠡ᠎ᠶ᠋ᠢ ᠭᠦᠨ ᠤᠢᠯᠠᠭᠠᠪᠠᠯ ᠰᠠᠶᠢ ᠬᠠᠭᠤᠴᠢᠨ ᠦᠯᠢᠭᠡᠷ᠎ᠢ ᠨᠡᠩ ᠰᠠᠢ᠌ᠳᠤᠷ ᠶᠠᠷᠢᠵᠤ᠂ ᠱᠢᠨ᠎ᠡ ᠦᠯᠢᠭᠡᠷ᠎ᠢ ᠨᠡᠩ ᠰᠠᠢ᠌ᠳᠤᠷ ᠠᠭᠤᠳᠠᠯᠵᠤ ᠴᠢᠳᠠᠨ᠎ᠠ᠃
2025 ᠣᠨ᠎ᠤ 6 ᠰᠠᠷ᠎ᠠ᠎ᠡᠴᠡ ᠨᠠᠭᠠᠰᠢ᠂ 《ᠲᠡᠦᠬᠡ᠎ᠪᠡᠨ ᠪᠠᠲᠤ ᠴᠡᠭᠡᠵᠢᠯᠡᠵᠦ᠍ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠶ᠎ᠠ》᠂ 《ᠠᠭᠤᠯᠠ ᠤᠰᠤᠨ ᠭᠡᠷᠡᠴᠢᠯᠡᠨ᠎ᠡ — ᠪᠢᠳᠡᠨ᠎ᠦ ᠶᠠᠫᠣᠨ᠎ᠢ ᠡᠰᠡᠷᠭᠦᠴᠡᠬᠦ᠌ ᠲᠡᠢᠨ᠎ᠦ ᠤᠢ ᠰᠠᠭᠤᠬᠳᠠᠯ》 ᠵᠡᠷᠭᠡ ᠭᠤᠤᠯ ᠰᠡᠳᠦᠪᠲᠦ ᠤᠬᠠᠭᠤᠯᠭ᠎ᠠ᠎ᠶ᠋ᠢᠨ ᠠᠵᠢᠯᠯᠠᠭ᠎ᠠ ᠵᠠᠯᠭᠠᠭ᠎ᠠ᠎ᠪᠠᠷ ᠡᠬᠢᠯᠡᠪᠡ᠃
ᠯᠠᠪᠳᠠᠭᠤᠨ ᠪᠠᠲᠤᠲᠠᠢ ᠰᠤᠷᠪᠤᠯᠵᠢᠯᠠᠵᠤ᠂ ᠭᠦᠨᠵᠡᠭᠡᠢ ᠪᠠᠢᠴᠠᠭᠠᠨ ᠰᠤᠳᠤᠯᠤᠯᠲᠠ ᠬᠢᠵᠦ᠍᠂ ᠲᠥᠪ᠎ᠦᠨ ᠪᠠ ᠣᠷᠣᠨ ᠨᠤᠲᠤᠭ᠎ᠤᠨ ᠭᠣᠣᠯ ᠪᠣᠯᠬᠤ ᠵᠠᠭᠤᠴᠢᠯᠠᠭᠤᠷ᠎ᠤᠨ ᠬᠢᠨ ᠶᠠᠫᠣᠨ᠎ᠢ ᠡᠰᠡᠷᠭᠦᠴᠡᠬᠦ᠌ ᠳᠠᠢ᠌ᠨ᠎ᠦ ᠴᠢᠬᠤᠯᠠ ᠶᠡᠬᠡ ᠳᠠᠢᠯᠠᠯᠳᠤᠭᠠᠨ᠂ ᠴᠢᠬᠤᠯᠠ ᠬᠤᠷᠠᠯ᠎ᠢ ᠬᠤᠷᠠᠯᠳᠤᠬᠰᠠᠨ ᠭᠠᠵᠠᠷ᠎ᠲᠤ ᠬᠦᠷᠴᠦ᠍᠂ ᠶᠠᠫᠣᠨ᠎ᠢ ᠡᠰᠡᠷᠭᠦᠴᠡᠬᠦ᠌ ᠳᠠᠢ᠌ᠨ᠎ᠦ ᠪᠠᠭᠤᠷᠢ᠂ ᠶᠠᠫᠣᠨ᠎ᠢ ᠡᠰᠡᠷᠭᠦᠴᠡᠬᠦ᠌ ᠰᠠᠭᠤᠷᠢᠨ ᠭᠠᠵᠠᠷ᠎ᠤᠨ ᠪᠠᠢᠭ᠎ᠠ ᠭᠠᠵᠠᠷ᠎ᠢᠶᠠᠷ ᠲᠣᠭᠣᠷᠢᠨ ᠦᠵᠡᠵᠦ᠍᠂ ᠶᠠᠫᠣᠨ᠎ᠢ ᠡᠰᠡᠷᠭᠦᠴᠡᠬᠦ᠌ ᠳᠠᠢ᠌ᠨ᠎ᠦ ᠦᠯᠢᠭᠡᠷ᠎ᠢ ᠠᠮᠢᠳᠤᠯᠢᠭ ᠰᠠᠢᠬᠠᠨ ᠶᠠᠷᠢᠵᠠᠢ᠃
ᠨᠢᠭᠡ ᠵᠢᠯ᠎ᠦᠨ ᠲᠤᠷᠰᠢ᠂ ᠥᠷᠭᠡᠨ ᠤᠯᠠᠨ ᠰᠤᠷᠪᠤᠯᠵᠢᠯᠠᠭ᠍ᠴᠢ ᠨᠠᠢᠷᠠᠭᠤᠯᠤᠭᠴᠢ 《ᠲᠦᠷᠪᠡᠨ ᠴᠢᠳᠠᠪᠤᠷᠢ》 ᠵᠢ ᠦᠢᠯᠡᠳᠦᠯᠭᠡᠵᠢᠭᠦᠯᠬᠦ᠌ ᠳᠤᠮᠳᠠ᠂ ᠴᠢᠰᠤᠲᠤ ᠲᠠᠢ᠌ᠨ᠎ᠦ ᠲᠠᠯᠠᠪᠤᠷ᠎ᠲᠤ ᠦᠷᠡᠭ᠌ᠳᠡᠭ᠌ᠰᠡᠨ ᠵᠠᠩᠵᠤᠨ ᠪᠠᠢᠯᠳᠤᠭ᠍ᠴᠢ᠂ ᠪᠢᠷ᠎ᠢᠶᠡᠷ ᠰᠡᠯᠡᠮ᠎ᠡ ᠪᠣᠯᠭᠠᠭ᠍ᠰᠠᠨ ᠰᠡᠬᠡᠭᠡᠲᠡᠨ᠂ ᠡᠮᠦᠨ᠎ᠡ ᠹᠷᠣᠨᠲ᠎ᠢ ᠳᠡᠮᠵᠢᠭᠰᠡᠨ ᠡᠯ᠎ᠡ ᠡᠲᠡᠭᠡᠳ᠎ᠦᠨ ᠠᠷᠠᠳ ᠤᠯᠠᠨ᠂ ᠮᠥᠷᠥ᠍ ᠵᠡᠷᠭᠡᠴᠡᠨ ᠶᠠᠫᠣᠨ᠎ᠢ ᠡᠰᠡᠷᠭᠦᠴᠡᠭ᠌ᠰᠡᠨ ᠤᠯᠠᠨ ᠤᠯᠤᠰ᠎ᠤᠨ ᠨᠥᠬᠥᠷᠰᠡᠭ ᠬᠥᠮᠦᠰ᠎ᠢ ᠢᠳᠡᠪᠬᠢᠲᠡᠢ ᠤᠬᠠᠭᠤᠯᠵᠤ᠂ ᠶᠠᠫᠣᠨ᠎ᠤ ᠴᠡᠷᠢᠭ᠌ᠯᠡᠬᠦ᠌ ᠦᠵᠡᠯ᠎ᠦᠨ ᠲᠦᠷᠢᠮᠡᠬᠡᠢᠯᠡᠯ᠎ᠦᠨ ᠶᠠᠯᠠᠲᠤ ᠠᠵᠢᠯᠯᠠᠭ᠎ᠠ᠎ᠶ᠋ᠢ ᠭᠦᠨᠵᠡᠭᠡᠢ ᠢᠯᠡᠴᠢᠯᠡᠵᠦ᠍᠂ 80 ᠵᠢᠯ᠎ᠦᠨ ᠲᠤᠷᠱᠢᠬᠢ ᠡᠷᠲᠡᠨ ᠡᠳᠦᠭᠡ᠎ᠶ᠋ᠢᠨ ᠯᠤᠲᠤ ᠶᠡᠬᠡ ᠬᠤᠪᠢᠷᠠᠯᠲᠠ᠎ᠶ᠋ᠢ ᠠᠮᠢᠳᠤᠯᠢᠭ᠎ᠢᠶᠠᠷ ᠶᠠᠷᠢᠵᠤ᠂ ᠲᠡᠦᠬᠡ᠎ᠶ᠋ᠢᠨ ᠦᠨᠡᠨ᠎ᠢ ᠬᠠᠮᠠᠭᠠᠯᠠᠵᠤ᠂ ᠲᠡᠦᠬᠡ᠎ᠶ᠋ᠢᠨ ᠲᠤᠬᠠᠢ ᠵᠦᠪ ᠦᠵᠡᠯᠲᠡ᠎ᠶ᠋ᠢ ᠤᠯᠠᠮᠵᠢᠯᠠᠪᠠ᠃
ᠦᠨᠡᠨ ᠪᠣᠳᠠᠲᠠᠶ ᠰᠢᠨ᠎ᠠ ᠰᠡᠪᠡᠬᠦᠨ ᠮᠡᠳᠡᠭᠡᠯᠡᠯ᠎ᠢᠶᠡᠷ ᠳᠠᠮᠵᠢᠨ᠂ ᠤᠯᠤᠰ᠎ᠢᠶᠡᠨ ᠬᠠᠢᠷᠠᠯᠠᠬᠤ ᠰᠡᠳᠭᠢᠯᠭᠡ ᠪᠠ ᠦᠨᠳᠦᠰᠦᠲᠡᠨ᠎ᠦ ᠴᠢᠩ ᠵᠣᠷᠢᠭ᠎ᠢ ᠭᠦᠶ᠋ᠴᠡᠳ ᠢᠯᠡᠷᠡᠭᠦᠯᠵᠦ᠍᠂ ᠪᠠᠭᠠᠲᠤᠷ ᠵᠣᠷᠢᠭ ᠪᠠ ᠵᠠᠪᠠᠯ ᠢᠯᠠᠬᠤ ᠢᠲᠡᠭᠡᠯ ᠵᠣᠷᠢᠭ᠎ᠢ ᠥᠷᠭᠡᠨ᠎ᠢᠶᠡᠷ ᠪᠠᠳᠠᠷᠠᠭᠤᠯᠪᠠ᠃
ᠡᠭᠦᠨ᠎ᠦ ᠬᠠᠮᠲᠤ᠂ ᠲᠣᠰ ᠤᠳᠠᠭᠠᠨ᠎ᠤ ᠭᠤᠤᠯ ᠰᠡᠳᠦᠪᠲᠦ ᠮᠡᠳᠡᠭᠡᠯᠡᠯ᠎ᠢᠶᠡᠷ ᠠᠵᠠ ᠲᠣᠬᠢᠶᠠᠯ ᠪᠣᠯᠭᠠᠵᠤ᠂ ᠰᠣᠨᠢᠨ ᠮᠡᠳᠡᠭᠡᠨ᠎ᠦ ᠵᠠᠭᠤᠴᠢᠯᠠᠭᠤᠷ᠎ᠤᠨ᠎ᠬᠢᠨ ᠡᠬᠢ ᠪᠠᠶᠠᠯᠢᠭ᠎ᠢ ᠨᠡᠢᠳᠬᠡᠬᠦ᠎ᠶ᠋ᠢ ᠠᠬᠢᠭᠤᠯᠵᠤ᠂ ᠦᠶ᠋ᠯᠡᠳᠪᠦᠷᠢᠯᠡᠯ ᠳᠠᠮᠵᠢᠭᠤᠯᠭ᠎ᠠ᠎ᠶ᠋ᠢᠨ ᠱᠢᠨ᠎ᠡ᠎ᠶ᠋ᠢ ᠡᠭᠦᠳᠴᠦ᠍᠂ ᠮᠡᠷᠭᠡᠵᠢᠯ᠎ᠵᠢᠡᠷ ᠬᠦᠴᠦᠨ ᠤᠯᠭᠤᠬᠤ᠎ᠵᠢ ᠴᠢᠩᠭᠠᠳᠭᠠᠵᠤ᠂ ᠨᠢᠭᠡ ᠪᠦᠯᠦᠭ ᠤᠯᠤᠰ ᠲᠥᠷᠥ᠎ᠶ᠋ᠢᠨ ᠦᠨᠳᠦᠷᠴᠡ ᠲᠠᠢ᠂ ᠦᠵᠡᠯ ᠰᠠᠨᠠᠭᠠᠨ᠎ᠤ ᠭᠦᠨᠴᠡ ᠲᠠᠢ᠂ ᠲᠡᠦᠬᠡ᠎ᠶ᠋ᠢ ᠰᠤᠨᠳᠠᠯᠠᠬᠰᠠᠨ᠂ ᠬᠠᠢᠷ᠎ᠠ ᠰᠡᠳᠭᠢᠯᠭᠡ᠎ᠶ᠋ᠢᠨ ᠳᠤᠯᠠᠭᠠᠴᠠ᠎ᠲᠡᠶ ᠰᠣᠨᠢᠨ ᠮᠡᠳᠡᠭᠡᠨ᠎ᠦ ᠪᠦᠲᠦᠭᠡᠯ᠎ᠢ ᠵᠤᠬᠢᠶᠠᠨ ᠪᠦᠳᠦᠭᠡᠭᠰᠡᠨ᠎ᠢᠶᠠᠷ ᠪᠠᠷᠠᠬᠤ ᠥᠬᠡᠶ᠂ ᠪᠠᠰᠠ ᠭᠤᠤᠯ ᠵᠠᠭᠤᠴᠢᠯᠠᠭᠤᠷ᠎ᠤᠨ ᠱᠢᠰᠲ᠋ᠧᠮ᠎ᠦᠨ ᠴᠢᠨᠠᠷᠲᠠᠶ ᠬᠤᠪᠢᠰᠤᠯᠲᠠ᠎ᠶ᠋ᠢ ᠰᠦᠪᠡᠭ᠌ᠴᠢᠯᠡᠨ ᠠᠬᠢᠭᠤᠯᠬᠤ᠎ᠳᠤ ᠠᠱᠢᠭ᠍ᠲᠠᠶ ᠲᠣᠯᠢ ᠬᠠᠩᠭᠠᠭ᠍ᠰᠠᠨ ᠪᠠᠢᠨ᠎ᠠ᠃
ᠥᠷᠲᠡᠭᠵᠢᠡᠷ ᠬᠦᠲᠦᠯᠦᠨ ᠳᠠᠭᠠᠭᠤᠯᠬᠤ᠎ᠶ᠋ᠢ ᠴᠢᠩᠭᠠᠳᠭᠠᠵᠤ ᠬᠥᠮᠦᠰ᠎ᠦᠨ ᠰᠡᠳᠬᠢᠯ᠎ᠤᠨ ᠬᠦᠴᠦᠨ᠎ᠢ ᠨᠢᠭ᠍ᠲᠠᠷᠠᠭᠤᠯᠪᠠ
2025 ᠣᠨ᠎ᠤ 9 ᠰᠠᠷ᠎ᠠ᠎ᠶ᠋ᠢᠨ 16᠎ᠤ᠋ ᠡᠳᠦᠷ᠂ ᠨᠠᠮ᠎ᠤᠨ ᠲᠥᠪ ᠬᠣᠷᠢᠶ᠎ᠠ ᠴᠢᠬᠤᠯᠠ ᠪᠢᠴᠢᠭ ᠮᠠᠲ᠋ᠧᠷᠢᠶᠠᠯ — 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠦᠵᠡᠯ ᠰᠠᠨᠠᠭ᠎ᠠ ᠤᠯᠤᠰ ᠲᠥᠷᠥ᠎ᠶ᠋ᠢᠨ ᠠᠵᠢᠯ᠎ᠤᠨ ᠲᠦᠷᠢᠮ》 ᠢ᠋ ᠳᠠᠷᠤᠮᠠᠯᠯᠠᠨ ᠲᠠᠷᠬᠠᠭᠠᠪᠠ᠃ ᠡᠨᠡ ᠪᠣᠯ ᠮᠠᠨ᠎ᠤ ᠨᠠᠮ᠎ᠤᠨ ᠲᠡᠦᠬᠡᠨ ᠳᠡᠭᠡᠷᠡᠬᠢ ᠠᠩᠬᠠᠳᠠᠭ᠍ᠴᠢ ᠦᠵᠡᠯ ᠰᠠᠨᠠᠭ᠎ᠠ ᠤᠯᠤᠰ ᠲᠦᠷᠦ᠍᠎ᠶ᠋ᠢᠨ ᠠᠵᠢᠯ᠎ᠤᠨ ᠲᠤᠬᠠᠢ ᠶᠡᠷᠦᠩᠬᠡᠢᠯᠡᠨ ᠵᠢᠯᠣᠭᠣᠳᠭᠤ ᠴᠢᠨᠠᠷᠲᠠᠢ᠂ ᠶᠡᠷᠦᠩᠬᠡᠢᠯᠡᠭ᠌ᠰᠡᠨ ᠴᠢᠨᠠᠷᠲᠠᠢ ᠰᠠᠭᠤᠷᠢ ᠪᠣᠯᠬᠤ ᠭᠣᠣᠯ ᠬᠠᠤᠯᠢ ᠲᠣᠭ᠍ᠲᠠᠭᠠᠯ ᠮᠥᠨ᠂ ᠱᠢᠨ᠎ᠡ ᠴᠠᠭ ᠦᠶ᠎ᠡ᠎ᠶ᠋ᠢᠨ ᠦᠵᠡᠯ ᠰᠠᠨᠠᠭ᠎ᠠ ᠤᠯᠤᠰ ᠲᠦᠷᠦ᠍᠎ᠶ᠋ᠢᠨ ᠠᠵᠢᠯ᠎ᠢ ᠰᠠᠢᠲᠤᠷ ᠬᠢᠬᠦ᠌᠎ᠶ᠋ᠢᠨ ᠦᠨᠳᠦᠰᠦᠨ ᠵᠢᠷᠤᠮᠯᠠᠯ ᠮᠥᠨ᠃
ᠦᠵᠡᠯ ᠰᠠᠨᠠᠭ᠎ᠠ ᠤᠯᠤᠰ ᠲᠥᠷᠦ᠍᠎ᠶ᠋ᠢᠨ ᠠᠵᠢᠯ ᠪᠣᠯ ᠬᠥᠮᠦᠨ ᠳ᠋ᠤ ᠬᠢᠬᠦ ᠠᠵᠢᠯ ᠮᠥᠨ᠃ ᠬᠥᠮᠦᠨ᠎ᠢ ᠬᠥᠲᠥᠯᠥᠨ ᠵᠢᠯᠣᠭᠣᠳᠭᠤ᠂ ᠬᠥᠮᠦᠨ᠎ᠢ ᠤᠷᠢᠶᠠᠯᠠᠬᠤ᠂ ᠬᠥᠮᠦᠨ᠎ᠢ ᠨᠢᠭ᠍ᠲᠠᠷᠠᠭᠤᠯᠬᠤ᠂ ᠬᠥᠮᠦᠨ᠎ᠤ ᠦᠵᠡᠯ ᠤᠬᠠᠮᠰᠠᠷ᠎ᠢ ᠱᠤᠭᠤᠬᠤ᠎ᠶ᠋ᠢ ᠪᠣᠳᠣᠯᠬᠢᠯᠠᠬᠤ ᠶᠠᠪᠤᠳᠠᠯ ᠪᠤᠯᠤᠨ᠎ᠠ᠂ ᠲᠦᠷᠢᠮ᠎ᠳᠦ ᠦᠵᠡᠯ ᠰᠠᠨᠠᠭ᠎ᠠ ᠤᠯᠤᠰ ᠲᠦᠷᠦ᠍᠎ᠶ᠋ᠢᠨ ᠠᠵᠢᠯ᠎ᠤᠨ ᠭᠣᠣᠯ ᠠᠭᠤᠯᠭ᠎ᠠ᠎ᠶ᠋ᠢ 9 ᠲᠠᠯ᠎ᠠ᠎ᠪᠠᠷ ᠲᠣᠳᠣᠷᠬᠠᠢᠯᠠᠵᠤ᠂ ᠪᠦᠬᠦ᠌ ᠠᠷᠠᠳ ᠲᠦᠮᠡᠨ᠎ᠦ ᠨᠠᠮ᠎ᠤᠨ ᠲᠣᠭᠣᠷᠢᠨ᠎ᠳᠤ ᠨᠢᠭ᠍ᠲᠠᠷᠠᠨ ᠪᠦᠯᠬᠦᠮᠳᠡᠬᠦ᠌᠂ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠠᠭᠤᠤ ᠶᠡᠬᠡ ᠲᠤᠭ᠎ᠤᠨ ᠳᠣᠣᠷ᠎ᠠ ᠨᠢᠭ᠍ᠲᠠᠷᠠᠨ ᠪᠦᠯᠬᠦᠮᠳᠡᠬᠦ᠌᠎ᠶ᠋ᠢ ᠠᠬᠢᠭᠤᠯᠪᠠ᠃
ᠨᠠᠮ᠎ᠤᠨ ᠲᠥᠪ ᠬᠤᠷᠢᠶ᠎ᠠ᠎ᠵᠢᠨ ᠬᠣᠷᠸ᠎ᠠ ᠵᠢᠯᠤᠭᠤᠳᠤᠯᠭ᠎ᠠ᠎ᠶ᠋ᠢ ᠦᠨᠡᠨ ᠪᠣᠳᠠᠲᠠᠢ ᠦᠢᠯᠡᠳᠦᠯᠭᠡ ᠪᠣᠯᠭᠠᠨ ᠬᠤᠪᠢᠷᠠᠭᠤᠯᠵᠤ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠰᠡᠳᠭᠢᠯ ᠵᠢᠷᠦᠬᠡᠨ᠎ᠳᠡᠭᠡᠨ ᠤᠯᠤᠰ᠎ᠤᠨ ᠶᠡᠬᠡ ᠶᠠᠪᠤᠳᠠᠯ᠎ᠢ ᠪᠠᠭ᠍ᠲᠠᠭᠠᠵᠤ᠂ 《ᠬᠥᠮᠦᠨ᠎ᠢ ᠬᠦᠨᠳᠦᠳᠬᠡᠬᠦ》 ᠶ᠋ᠢ ᠪᠠᠷᠢᠮᠲᠠᠯᠠᠵᠤ᠂ ᠦᠷᠳᠡᠭᠵᠢᠡᠷ ᠬᠦᠲᠦᠯᠦᠨ ᠳᠠᠭᠠᠭᠤᠯᠬᠤ᠎ᠶ᠋ᠢ ᠴᠢᠩᠭᠠᠳᠭᠠᠵᠤ᠂ ᠬᠥᠮᠦᠰ᠎ᠦᠨ ᠰᠡᠳᠭᠢᠯ᠎ᠢ ᠲᠠᠰᠤᠷᠠᠯᠳᠠ ᠦᠭᠡᠢ ᠨᠢᠭ᠍ᠲᠠᠷᠠᠭᠤᠯᠵᠤ᠂ ᠬᠦᠴᠦᠨ ᠴᠢᠳᠠᠯ᠎ᠢ ᠲᠠᠰᠤᠷᠠᠯᠳᠠ ᠦᠭᠡᠢ ᠨᠢᠭ᠍ᠲᠠᠷᠠᠭᠤᠯᠪᠠ᠃
ᠶᠡᠬᠡ ᠲᠠᠯ᠎ᠠ᠎ᠳᠤ ᠦᠢᠯᠡᠴᠢᠯᠡᠵᠦ᠍᠂ ᠢᠲᠡᠭᠡᠯ ᠵᠣᠷᠢᠭ᠎ᠢᠶᠠᠨ ᠬᠥᠪᠴᠢᠯᠡᠪᠠ —
2025 ᠣᠨ᠎ᠤ 7 ᠰᠠᠷ᠎ᠠ᠎ᠶ᠋ᠢᠨ 9᠎ᠤ᠋ ᠦᠳᠡ᠎ᠶ᠋ᠢᠨ ᠡᠮᠦᠨ᠎ᠡ᠂ ᠲᠥᠷᠥ᠎ᠶ᠋ᠢᠨ ᠶᠠᠪᠤᠳᠠᠯ᠎ᠤᠨ ᠬᠤᠷᠢᠶ᠎ᠠ᠎ᠵᠢᠨ ᠰᠣᠨᠢᠨ ᠮᠡᠳᠡᠭᠡᠨ᠎ᠦ ᠠᠯᠪᠠᠨ ᠬᠡᠷ᠎ᠦᠨ ᠰᠣᠨᠢᠨ ᠮᠡᠳᠡᠭᠡ ᠨᠡᠢᠲᠡᠯᠡᠬᠦ᠌ ᠲᠢᠩᠬᠢᠮ ᠳ᠋ᠤ ᠮᠠᠰᠢ ᠣᠯᠠᠨ ᠵᠠᠭᠤᠴᠢᠯᠠᠭᠤᠷᠤᠨᠬᠢᠨᠬᠦᠷᠴᠤ ᠢᠷᠡᠪᠠ᠂ 《〈ᠠᠷᠪᠠᠨ ᠳᠥᠷᠪᠡᠳᠦᠭᠡᠷ ᠲᠠᠪᠤᠨ ᠵᠢᠯ〉 ᠤ᠋ᠨ ᠲᠥᠯᠥᠪᠵᠢᠭᠦᠯᠭᠡ᠎ᠶ᠋ᠢ ᠴᠢᠨᠠᠷ ᠰᠠᠢᠲᠠᠶ ᠪᠡᠶᠡᠯᠡᠭᠦᠯᠬᠦ᠌》 ᠠᠩᠬᠠᠳᠠᠭ᠍ᠴᠢ ᠲᠠᠯᠠᠪᠠᠢ ᠰᠣᠨᠢᠨ ᠮᠡᠳᠡᠭᠡ ᠨᠡᠢᠲᠡᠯᠡᠬᠦ᠌ ᠬᠤᠷᠠᠯ ᠡᠨᠳᠡ ᠶᠠᠪᠤᠭ᠍ᠳᠠᠪᠠ᠃
ᠳᠠᠷᠠᠭᠠᠴᠢ᠎ᠵᠢᠨ 3 ᠰᠠᠷ᠎ᠠ ᠭᠠᠷᠤᠶ᠎ᠶ᠋ᠢᠨ ᠬᠤᠭᠤᠴᠠᠭᠠᠨ᠎ᠳᠤ᠂ ᠲᠣᠰ ᠱᠢᠷᠢᠰ ᠭᠤᠤᠯ ᠰᠡᠳᠦᠪᠲᠦ ᠰᠣᠨᠢᠨ ᠮᠡᠳᠡᠭᠡ ᠨᠡᠢᠲᠡᠯᠡᠬᠦ᠌ ᠬᠤᠷᠠᠯ᠎ᠢ ᠨᠡᠢᠲᠡ 38 ᠲᠠᠯᠠᠪᠠᠢ ᠡᠷᠭᠢᠯᠡᠵᠦ᠍᠂ ᠡᠯ᠎ᠡ ᠬᠦᠷᠢᠶᠡᠨ᠎ᠦ 5 ᠵᠢᠯ᠎ᠦᠨ ᠲᠤᠷᠱᠢᠬᠢ ᠠᠮᠢᠳᠤᠯᠢᠭ ᠦᠶ᠋ᠯᠡᠳᠦᠯᠭᠡ ᠪᠣᠯᠤᠨ ᠠᠭᠤᠤ ᠶᠡᠬᠡ ᠠᠮᠵᠢᠯᠲᠠ ᠪᠦᠲᠦᠮᠵᠢ᠎ᠶ᠋ᠢ ᠪᠥᠬᠥ᠌ ᠲᠠᠯ᠎ᠠ᠎ᠪᠠᠷ ᠲᠠᠨᠢᠯᠴᠠᠭᠤᠯᠵᠤ᠂ ᠴᠢᠨᠠᠷ ᠰᠠᠢᠲᠠᠶ ᠬᠥᠭ᠌ᠵᠢᠯᠲᠡ᠎ᠶ᠋ᠢᠨ ᠰᠠᠷᠠᠭᠤᠯ ᠢᠷᠡᠭᠡᠳᠦᠶ᠎ᠶ᠋ᠢ ᠢᠯᠡᠷᠡᠭᠦᠯᠪᠡ᠃
ᠨᠢᠭᠡ ᠵᠢᠯ᠎ᠦᠨ ᠲᠤᠷᠰᠢ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠶᠠᠷᠢᠶ᠎ᠠ ᠬᠡᠯᠡᠯᠴᠡᠭᠡᠨ᠎ᠦ ᠤᠳᠤᠷᠢᠳᠤᠮᠵᠢ᠎ᠶ᠋ᠢ ᠦᠷᠭᠦᠯᠵᠢᠯᠡᠨ ᠴᠢᠩᠭᠠᠳᠭᠠᠵᠤ᠂ ᠪᠦᠯᠬᠦᠮᠳᠡᠨ ᠠᠵᠢᠯᠯᠠᠵᠤ ᠲᠣᠭ᠍ᠲᠠᠭᠤᠨ ᠪᠠᠢᠵᠤ ᠡᠷᠴᠢ ᠵᠣᠷᠢᠭ᠎ᠢᠶᠠᠨ ᠬᠥᠪᠴᠢᠯᠡᠵᠦ᠍᠂ ᠵᠥᠪ ᠲᠠᠯ᠎ᠠ᠎ᠶ᠋ᠢᠨ ᠤᠬᠠᠭᠤᠯᠭ᠎ᠠ ᠢᠯᠠᠩᠭᠤᠶ᠎ᠠ ᠠᠵᠤ ᠠᠬᠤᠢ᠎ᠶ᠋ᠢᠨ ᠤᠬᠠᠭᠤᠯᠭ᠎ᠠ᠎ᠶ᠋ᠢ ᠰᠠᠢᠲᠤᠷ ᠬᠢᠵᠦ᠍᠂ ᠲᠠᠰᠤᠷᠠᠯᠲᠠ ᠦᠭᠡᠢ ᠭᠣᠣᠯ ᠬᠦᠭ ᠠᠶᠠᠰ᠎ᠢ ᠴᠢᠪᠬᠠᠳᠠᠵᠤ᠂ ᠢᠳᠡᠪᠬᠢ ᠬᠦᠴᠦᠨ᠎ᠢ ᠪᠠᠳᠠᠷᠠᠭᠤᠯᠵᠠᠢ᠃
《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠰᠡᠭᠦᠯ ᠬᠤᠷᠢᠶᠠᠬᠤ ᠠᠵᠢᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠰᠣᠨᠢᠨ ᠮᠡᠳᠡᠭᠡᠨ᠎ᠦ ᠵᠠᠭᠤᠴᠢᠯᠠᠭᠤᠷ᠎ᠤᠨ᠎ᠬᠢᠨ 《ᠠᠮᠢᠵᠢᠷᠠᠯᠪᠢᠯᠬᠠᠭᠰᠠᠨ ᠳᠤᠮᠳᠠᠳᠤ ᠤᠯᠤᠰ᠎ᠤᠨ ᠪᠠᠢᠴᠠᠭᠠᠨ ᠰᠤᠳᠤᠯᠤᠯᠲᠠ᠎ᠶ᠋ᠢᠨ ᠠᠶᠠᠯᠠᠯ》 ᠵᠡᠷᠭᠡ ᠭᠤᠤᠯ ᠰᠡᠳᠦᠪᠲᠦ ᠰᠤᠷᠪᠤᠯᠵᠢᠯᠠᠭ᠎ᠠ᠎ᠶ᠋ᠢᠨ ᠠᠵᠢᠯᠯᠠᠭ᠎ᠠ ᠥᠷᠨᠢᠭᠦᠯᠵᠦ᠍᠂ 《〈ᠠᠷᠪᠠᠨ ᠳᠥᠷᠪᠡᠳᠦᠭᠡᠷ ᠲᠠᠪᠤᠨ ᠵᠢᠯ〉 ᠤ᠋ᠨ ᠰᠡᠭᠦᠯ ᠬᠤᠷᠢᠶᠠᠬᠤ ᠱᠢᠶ᠋ᠳᠪᠦᠷᠢᠲᠦ ᠳᠠᠢᠯᠠᠯᠳᠤᠭᠠᠨ᠎ᠤ ᠢᠯᠠᠯᠲᠠ᠎ᠶ᠋ᠢ ᠲᠡᠮᠡᠴᠡᠨ ᠤᠯᠬᠤ》 ᠵᠡᠷᠭᠡ ᠭᠤᠤᠯᠳᠠᠯᠭ᠎ᠠ᠎ᠲᠠᠶ ᠪᠤᠯᠤᠩ᠎ᠢ ᠡᠬᠦᠳᠴᠤ᠂ ᠡᠯ᠎ᠡ ᠭᠠᠵᠠᠷᠤᠨᠬᠢᠨᠦ ᠱᠢᠨ᠎ᠡ ᠴᠢᠨᠠᠷ᠎ᠤᠨ ᠦᠶ᠋ᠯᠡᠳᠪᠦᠷᠢᠯᠡᠯ᠎ᠦᠨ ᠬᠦᠴᠦᠨ᠂ ᠪᠣᠬᠢᠷᠲᠤᠯ ᠥᠬᠡᠶ ᠲᠡᠢᠰᠢ ᠬᠡᠯᠪᠡᠷᠢ᠎ᠪᠡᠨ ᠬᠤᠪᠢᠷᠠᠭᠤᠯᠬᠤ᠂ ᠬᠣᠲᠠ ᠬᠥᠳᠡᠭᠡ᠎ᠶ᠋ᠢ ᠠᠭᠤᠰᠤᠯᠴᠠᠭᠤᠯᠬᠤ᠂ ᠥᠨᠳᠥᠷ ᠲᠦᠪᠱᠢᠨ᠎ᠪᠦᠬᠦᠢ ᠨᠡᠭᠡᠭᠡᠯᠲᠡ ᠬᠢᠬᠦ᠌ ᠵᠡᠷᠭᠡ ᠲᠠᠯ᠎ᠠ᠎ᠪᠠᠷ᠎ᠬᠢ ᠠᠮᠢᠳᠤᠯᠢᠭ ᠵᠢᠱ᠌ᠢᠶ᠎ᠡ᠎ᠶ᠋ᠢ ᠭᠦᠨᠵᠡᠭᠡᠶ ᠠᠭᠤᠳᠠᠯᠵᠤ᠂ ᠢᠲᠡᠭᠡᠯ ᠵᠣᠷᠢᠭ᠎ᠢᠶᠠᠨ ᠦᠨᠡᠨ ᠬᠦ᠌ ᠪᠠᠲᠤᠳᠭᠠᠵᠤ᠂ ᠠᠮᠢᠵᠢᠷᠠᠯ᠎ᠤᠨ ᠬᠦᠴᠦᠨ᠎ᠢ ᠬᠥᠭ᠌ᠵᠢᠭᠡᠵᠦ᠍᠂ ᠬᠥᠭ᠌ᠵᠢᠯᠲᠡ᠎ᠶ᠋ᠢ ᠠᠬᠢᠭᠤᠯᠪᠠ᠃
ᠲᠥᠪ᠎ᠦᠨ ᠠᠵᠤ ᠠᠬᠤᠢ᠎ᠶ᠋ᠢᠨ ᠠᠵᠢᠯ᠎ᠤᠨ ᠬᠤᠷᠠᠯ᠂ ᠲᠥᠪ᠎ᠦᠨ ᠬᠥᠳᠡᠭᠡ ᠲᠣᠰᠭᠣᠨ᠎ᠤ ᠠᠵᠢᠯ᠎ᠤᠨ ᠬᠤᠷᠠᠯ ᠵᠡᠷᠭᠡ ᠴᠢᠬᠤᠯᠠ ᠬᠤᠷᠠᠯ᠎ᠤᠨ ᠲᠣᠭᠣᠷᠢᠨ᠎ᠳᠤ᠂ ᠠᠯᠢ ᠤᠯᠠᠨ ᠵᠥᠪ ᠲᠠᠯ᠎ᠠ᠎ᠶ᠋ᠢᠨ ᠤᠬᠠᠭᠤᠯᠭ᠎ᠠ ᠨᠢ ᠨᠠᠮ᠎ᠤᠨ ᠲᠥᠪ ᠬᠤᠷᠢᠶ᠎ᠠ᠎ᠵᠢᠨ ᠲᠦᠷᠦ᠍᠎ᠶ᠋ᠢᠨ ᠪᠤᠳᠤᠯᠭ᠎ᠠ᠎ᠶ᠋ᠢᠨ ᠵᠣᠷᠢᠯᠲᠠ᠎ᠶ᠋ᠢ ᠣᠨᠣᠪᠴᠢᠲᠠᠢ ᠡᠵᠡᠮᠱᠢᠵᠦ᠍᠂ ᠠᠵᠤ ᠠᠬᠤᠢ᠎ᠶ᠋ᠢᠨ ᠬᠦᠭᠵᠢᠯᠳᠠ ᠭᠡᠭᠡᠨ ᠰᠠᠷᠠᠭᠤᠯ ᠬᠡᠬᠦ ᠤᠨᠤᠯ᠎ᠢ ᠴᠤᠤᠷᠢᠶᠠᠲᠤᠭᠤᠯᠬᠤ᠎ᠶ᠋ᠢᠨ ᠬᠠᠮᠲᠤ᠂《ᠬᠥᠭ᠌ᠵᠢᠯᠲᠡ᠎ᠶ᠋ᠢᠨ ᠳᠤᠮᠳᠠᠬᠢ ᠠᠰᠠᠭᠤᠳᠠᠯ》᠂ 《ᠪᠣᠢᠵᠢᠯᠲᠠ᠎ᠶ᠋ᠢᠨ ᠳᠤᠮᠳᠠᠬᠢ ᠪᠤᠬᠢᠨᠢᠳᠤᠯ》᠎ᠢ᠋ ᠲᠣᠳᠣᠷᠬᠠᠢ ᠶᠠᠷᠢᠵᠤ᠂ ᠨᠡᠢᠬᠡᠮ ᠨᠠᠢᠳᠠ ᠵᠢᠨ ᠬᠢᠨ᠎ᠤ ᠪᠠᠢᠳᠠᠯ᠎ᠢ ᠵᠥᠪ ᠲᠠᠨᠢᠬᠤ᠂ ᠦᠵᠡᠯ ᠰᠠᠨᠠᠭᠠᠨ᠎ᠤ ᠲᠥᠭᠡᠷᠢᠭ᠌ᠳᠡᠯ᠎ᠢ ᠠᠷᠢᠯᠭᠠᠬᠤ᠂ ᠰᠡᠳᠭᠢᠴᠡ᠎ᠶ᠋ᠢᠨ ᠵᠢᠱ᠌ᠢᠯᠲᠡ᠎ᠶ᠋ᠢ ᠰᠠᠢᠵᠢᠷᠠᠭᠤᠯᠬᠤ᠎ᠶ᠋ᠢ ᠬᠦᠳᠦᠯᠦᠨ ᠵᠢᠯᠣᠭᠣᠳᠪᠠ᠃
ᠨᠠᠮ᠎ᠤᠨ ᠲᠥᠪ ᠬᠣᠷᠢᠶ᠎ᠠ᠂ ᠲᠥᠷᠥ᠎ᠶ᠋ᠢᠨ ᠶᠠᠪᠤᠳᠠᠯ᠎ᠤᠨ ᠬᠣᠷᠢᠶ᠎ᠠ᠎ᠡᠴᠡ ᠪᠠᠢᠷᠢᠯᠠᠭᠤᠯᠤᠨ ᠬᠡᠷᠡᠭ᠌ᠵᠢᠭᠦᠯᠦᠭ᠌ᠰᠡᠨ ᠬᠡᠷᠡᠭ᠌ᠯᠡᠭᠡ᠎ᠶ᠋ᠢ ᠬᠥᠭ᠌ᠵᠢᠭᠡᠬᠦ᠌ ᠲᠤᠰᠭᠠᠶ ᠠᠵᠢᠯᠯᠠᠭ᠎ᠠ᠂ ᠠᠷᠠᠳ᠎ᠤᠨ ᠪᠠᠯᠠ ᠣᠷᠣᠭᠤᠯᠤᠯᠲᠠ᠎ᠶ᠋ᠢᠨ ᠬᠥᠭ᠌ᠵᠢᠯᠲᠡ᠎ᠶ᠋ᠢ ᠤᠯᠠᠮ ᠨᠢᠭᠡ ᠠᠯᠬᠤᠮ ᠠᠬᠢᠭᠤᠯᠬᠤ ᠵᠡᠷᠭᠡ ᠴᠢᠬᠤᠯᠠ ᠠᠵᠢᠯ᠂ ᠬᠠᠢᠨᠠᠨ᠎ᠤ ᠴᠢᠯᠥᠭᠡᠲᠦ ᠠᠷᠠᠯᠵᠢᠶᠠᠨ᠎ᠤ ᠭᠠᠷᠠᠮ᠎ᠤᠨ ᠪᠣᠭᠣᠮᠲᠠ ᠬᠠᠭᠠᠵᠤ ᠠᠵᠢᠯᠯᠠᠭᠤᠯᠬᠤ ᠵᠡᠷᠭᠡ ᠴᠢᠬᠤᠯᠠ ᠶᠡᠬᠡ ᠠᠷᠭ᠎ᠠ ᠬᠡᠮᠵᠢᠶᠡᠯᠤᠭᠡ ᠤᠶᠠᠯᠳᠤᠭᠤᠯᠤᠨ᠂ ᠠᠵᠤ ᠠᠬᠤᠶ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ ᠲᠠᠢᠯᠤᠮᠵᠢ᠎ᠶ᠋ᠢ ᠦᠷᠭᠦᠯᠵᠢᠯᠡᠨ ᠭᠦᠨᠵᠡᠭᠡᠶ ᠰᠠᠢᠲᠤᠷ ᠬᠢᠪᠠ᠃
ᠠᠵᠢᠯ ᠣᠯᠭᠣᠯᠲᠠ᠂ ᠰᠤᠷᠭᠠᠨ ᠬᠥᠮᠦᠵᠢᠯ᠂ ᠨᠠᠰᠤᠵᠢᠯ᠎ᠤᠨ ᠠᠰᠠᠷᠠᠮᠵᠢ᠂ ᠬᠡᠦᠬᠡᠳ ᠪᠣᠢᠵᠢᠭᠤᠯᠬᠤ᠂ ᠣᠷᠣᠨ ᠰᠠᠭᠤᠴᠠ ᠵᠡᠷᠭᠡ ᠠᠷᠠᠳ᠎ᠤᠨ ᠠᠮᠢᠳᠤᠷᠠᠯ᠎ᠤᠨ ᠠᠩᠬᠠᠷᠤᠯ᠎ᠳᠤ ᠴᠢᠭ᠌ᠯᠡᠭᠦᠯᠦᠨ᠂ ᠵᠠᠭᠤᠴᠢᠯᠠᠭᠤᠷ᠎ᠤᠨ᠎ᠬᠢᠨ 《ᠴᠢᠨᠠᠷ ᠰᠠᠢᠲᠠᠶ ᠭᠦᠶ᠋ᠴᠡᠳ ᠠᠵᠢᠯ ᠣᠯᠭᠣᠯᠲᠠ᠎ᠶ᠋ᠢ ᠠᠬᠢᠭᠤᠯᠬᠤ ᠲᠤᠬᠠᠢ ᠠᠵᠢᠭ᠍ᠯᠠᠯᠲᠠ》 ᠵᠡᠷᠭᠡ ᠲᠤᠰᠭᠠᠶ ᠪᠤᠯᠤᠩ᠎ᠢ ᠲᠥᠪᠯᠡᠷᠡᠭᠦᠯᠦᠨ ᠨᠡᠭᠡᠭᠡᠵᠦ᠍᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ᠎ᠦᠨ ᠱᠢᠨ᠎ᠡ᠎ᠶ᠋ᠢ ᠡᠭᠦᠳᠦᠭ᠌ᠰᠡᠨ ᠠᠷᠭ᠎ᠠ ᠬᠡᠮᠵᠢᠶ᠎ᠡ᠎ᠶ᠋ᠢ ᠢᠳᠡᠪᠬᠢᠲᠡᠶ ᠮᠡᠳᠡᠭᠡᠯᠡᠪᠡ᠃
ᠲᠥᠪᠡᠳ᠎ᠦᠨ ᠥᠪᠡᠷᠲᠡᠭᠡᠨ ᠵᠠᠰᠠᠬᠤ ᠣᠷᠣᠨ ᠪᠠᠢᠭᠤᠯᠤᠭ᠍ᠳᠠᠭ᠍ᠰᠠᠨ 60 ᠵᠢᠯ᠎ᠦᠨ ᠤᠢ᠂ ᠱᠢᠨᠵᠢᠶᠠᠩ᠎ᠤᠨ ᠤᠢᠭᠤᠷ᠎ᠤᠨ ᠥᠪᠡᠷᠲᠡᠭᠡᠨ ᠵᠠᠰᠠᠬᠤ ᠣᠷᠣᠨ ᠪᠠᠢᠭᠤᠯᠤᠭ᠍ᠳᠠᠭ᠍ᠰᠠᠨ 70 ᠵᠢᠯ᠎ᠦᠨ ᠤᠢ᠎ᠶ᠋ᠢᠨ ᠵᠠᠩᠭᠢᠯᠠᠭ᠎ᠠ᠎ᠶ᠋ᠢᠨ ᠴᠡᠭ᠎ᠲᠡᠶ ᠨᠢᠭ᠍ᠲᠠ ᠤᠶᠠᠯᠳᠤᠭᠤᠯᠤᠨ᠂ 《ᠱᠢᠨ᠎ᠡ ᠴᠠᠭ ᠦᠶ᠎ᠡ᠎ᠶ᠋ᠢᠨ ᠲᠥᠪᠡᠳ᠎ᠦᠨ ᠬᠥᠮᠦᠨ᠎ᠦ ᠡᠷᠬᠡ᠎ᠶ᠋ᠢᠨ ᠦᠢᠯᠡᠰ᠎ᠦᠨ ᠬᠥᠭ᠌ᠵᠢᠯᠲᠡ ᠲᠠᠪᠱᠢᠯᠳᠠ》᠂ 《ᠱᠢᠨ᠎ᠡ ᠴᠠᠭ ᠦᠶ᠎ᠡ᠎ᠶ᠋ᠢᠨ ᠨᠠᠮ᠎ᠤᠨ ᠱᠢᠨᠵᠢᠶᠠᠩ᠎ᠢ ᠵᠠᠰᠠᠬᠤ ᠠᠷᠭ᠎ᠠ ᠪᠤᠳᠤᠯᠭ᠎ᠠ᠎ᠶ᠋ᠢᠨ ᠠᠮᠵᠢᠯᠲᠠ᠎ᠲᠠᠶ ᠦᠢᠯᠡᠳᠦᠯᠭᠡ》 ᠭᠡᠬᠦ᠌ ᠴᠠᠭᠠᠨ ᠭᠠᠳᠠᠷᠳᠤ ᠪᠢᠴᠢᠭ᠎ᠢ ᠨᠡᠢᠲᠡᠯᠡᠵᠦ᠍᠂ 《ᠭᠡᠷᠡᠯ ᠰᠠᠴᠤᠷᠠᠩᠭᠤᠢ 60 ᠵᠢᠯ ᠭᠠᠢᠬᠠᠮᠰᠢᠬᠳᠤ ᠱᠢᠨ᠎ᠡ ᠲᠥᠪᠡᠳ》᠂ 《70 ᠵᠢᠯ ᠡᠷᠡᠮᠡᠭᠡᠢᠯᠡᠨ ᠤᠷᠤᠬᠰᠢᠯᠠᠵᠤ ᠲᠩᠷᠢ ᠠᠭᠤᠯᠠ᠎ᠶ᠋ᠢᠨ ᠡᠮᠦᠨ᠎ᠡ ᠤᠮᠠᠷ᠎ᠠ ᠢᠷᠠᠭᠤ ᠬᠠᠭᠤᠳᠠᠰᠤ᠎ᠶ᠋ᠢ ᠪᠢᠴᠢᠭ᠌ᠯᠡᠪᠡ》 ᠭᠡᠬᠦ᠌ ᠱᠢᠷᠢᠰ ᠮᠡᠳᠡᠭᠡᠯᠡᠯ᠎ᠢ ᠨᠡᠢᠲᠡᠯᠡᠵᠦ᠍᠂ ᠦᠨᠳᠦᠰᠦᠲᠡᠨ᠎ᠦ ᠪᠦᠯᠬᠦᠮᠳᠡᠯ᠎ᠦᠨ 《ᠰᠡᠳᠭᠢᠯ᠎ᠢᠶᠡᠨ ᠨᠢᠭᠡᠳᠭᠡᠬᠦ᠌ ᠠᠶᠠᠰ》 ᠢ᠋ ᠴᠤᠤᠷᠢᠶᠠᠳᠤᠭᠤᠯᠪᠠ᠃
ᠬᠡᠪ ᠰᠤᠷᠲᠠᠯᠵᠢᠡᠷ ᠬᠦᠮᠦᠨ ᠬᠦᠮᠦᠵᠢᠬᠦᠯᠵᠤ ᠪᠣᠯᠪᠠᠰᠤᠨ ᠬᠡᠪ ᠵᠠᠩᠰᠢᠯ᠎ᠢ ᠪᠤᠢᠵᠢᠭᠤᠯᠪᠠ —
ᠶᠡᠷᠦᠩᠬᠡᠢ ᠱᠦᠵᠢ ᠰᠢ ᠵᠢᠨ ᠫᠢᠩ ᠤᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢᠨ ᠠᠵᠢᠯ᠎ᠤᠨ ᠲᠤᠬᠠᠢ ᠴᠢᠬᠤᠯᠠ ᠵᠢᠭᠠᠪᠤᠷᠢ᠎ᠳᠠᠭᠠᠨ᠂ ᠬᠤᠳᠠ ᠬᠥᠳᠡᠭᠡ᠎ᠶ᠋ᠢᠨ ᠤᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢᠨ ᠠᠭᠤᠰᠤᠯᠴᠠᠨ ᠬᠥᠭ᠌ᠵᠢᠬᠦ᠌᠎ᠶ᠋ᠢ ᠠᠬᠢᠭᠤᠯᠵᠤ᠂ ᠠᠷᠠᠳ ᠢᠷᠭᠡᠳ᠎ᠦᠨ ᠶᠣᠰᠣ ᠰᠤᠷᠲᠠᠬᠤᠨ᠎ᠤ ᠪᠠᠢᠭᠤᠯᠤᠯᠲᠠ᠎ᠶ᠋ᠢ ᠴᠢᠩᠭᠠᠳᠭᠠᠵᠤ᠂ ᠲᠡᠷᠢᠭᠦᠨ᠎ᠦ ᠨᠡᠢᠲᠡᠯᠢᠭ ᠵᠢᠱ᠌ᠢᠢ᠎ᠡ᠎ᠶ᠋ᠢᠨ ᠵᠢᠱ᠌ᠢᠶᠡᠴᠢ ᠦᠢᠯᠡᠳᠦᠯ᠎ᠢ ᠪᠠᠳᠠᠷᠠᠭᠤᠯᠵᠤ᠂ ᠥᠭᠡᠳᠡᠷᠬᠡᠭ ᠴᠠᠢᠯᠭᠠᠨ ᠨᠡᠢᠭᠡᠮ᠎ᠦᠨ ᠬᠡᠪ ᠰᠤᠷᠲᠠᠯ᠎ᠢ ᠤᠯᠠᠮ ᠨᠢᠭᠡ ᠠᠯᠬᠤᠮ ᠪᠦᠷᠢᠯᠳᠦᠭᠦᠯᠬᠦ᠌ ᠬᠡᠷᠡᠭ᠌ᠲᠡᠢ ᠭᠡᠵᠦ᠍ ᠴᠢᠬᠤᠯᠠᠴᠢᠯᠠᠪᠠ᠃
ᠨᠢᠭᠡ ᠵᠢᠯ᠎ᠦᠨ ᠲᠤᠷᠰᠢ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠨᠡᠢᠭᠡᠮ ᠵᠢᠷᠤᠮ᠎ᠤᠨ ᠭᠣᠣᠯᠯᠠᠭ᠍ᠴᠢ ᠦᠷᠲᠡᠭ᠎ᠦᠨ ᠦᠵᠡᠯᠲᠡ᠎ᠶ᠋ᠢᠨ ᠬᠦᠲᠦᠯᠦᠨ ᠳᠠᠭᠠᠭᠤᠯᠬᠤ ᠦᠢᠯᠡᠳᠦᠯ᠎ᠢ ᠭᠦᠢᠴᠡᠳ ᠪᠠᠳᠠᠷᠠᠭᠤᠯᠵᠤ᠂ ᠨᠡᠢᠭᠡᠮ᠎ᠦᠨ ᠪᠣᠯᠪᠠᠰᠤᠨ᠎ᠤ ᠬᠡᠮᠵᠢᠶ᠎ᠡ᠎ᠶ᠋ᠢ ᠲᠠᠰᠤᠷᠠᠯᠲᠠ ᠦᠭᠡᠢ ᠳᠡᠭᠡᠭ᠌ᠰᠢᠯᠡᠭᠦᠯᠪᠡ᠃
ᠱᠠᠨᠪᠸᠢ᠎ᠶ᠋ᠢᠨ ᠡᠬᠡ ᠭᠠᠵᠠᠷ᠎ᠲᠤ᠂ ᠬᠤᠪᠢᠰᠭᠠᠯ᠎ᠤᠨ ᠬᠠᠯᠠᠭᠤᠨ ᠬᠥᠷᠥᠰᠥ᠍ᠨ ᠳ᠋ᠤ ᠪᠣᠯᠪᠠᠰᠤᠨ ᠱᠢᠨ᠎ᠡ ᠬᠡᠪ ᠰᠤᠷᠲᠠᠯ ᠪᠢᠯᠬᠠᠨ᠎ᠠ᠃ 2025 ᠣᠨ᠎ᠤ 10 ᠰᠠᠷ᠎ᠠ᠎ᠳᠤ᠂ 《ᠪᠣᠯᠪᠠᠰᠤᠨ ᠵᠢᠡᠷ ᠬᠥᠳᠡᠭᠡ ᠲᠣᠰᠭᠣᠨ᠎ᠢ ᠨᠠᠩ ᠰᠠᠢᠨ ᠰᠠᠢᠬᠠᠨ ᠪᠣᠯᠭᠠᠶ᠎ᠠ》 ᠪᠠᠷ ᠭᠤᠤᠯ ᠰᠡᠳᠦᠪ ᠪᠣᠯᠭᠠᠭ᠍ᠰᠠᠨ ᠳᠤᠮᠳᠠᠳᠤ ᠤᠯᠤᠰ᠎ᠤᠨ ᠪᠣᠯᠪᠠᠰᠤᠨ ᠬᠥᠳᠡᠭᠡ᠎ᠶ᠋ᠢᠨ ᠰᠤᠷᠲᠠᠯ᠎ᠤᠨ ᠶᠡᠬᠡ ᠬᠤᠷᠠᠯ ᠶᠠᠨ ᠠᠨ᠎ᠳᠤ ᠶᠠᠪᠤᠭ᠍ᠳᠠᠪᠠ᠃
ᠤᠷᠠᠨ ᠰᠠᠢᠬᠠᠨ᠎ᠤ ᠦᠵᠡᠭᠦᠯᠭᠡ᠎ᠶ᠋ᠢᠨ ᠲᠣᠭ᠍ᠯᠠᠯᠲᠠ᠎ᠳᠤ᠂ ᠪᠢᠴᠢᠯ ᠬᠤᠸᠠᠩᠮᠧᠢ ᠵᠦᠴᠦᠭᠡ 《ᠵᠤᠯ ᠵᠢᠷᠭᠠᠯ ᠳ᠋ᠤ ᠬᠦᠭ ᠨᠡᠮᠡᠶᠠ》᠂ ᠨᠠᠢᠷᠠᠯ ᠳᠠᠭᠤᠤ 《ᠪᠢᠳᠡᠨ᠎ᠦ ᠦᠯᠢᠭᠡᠷ ᠪᠢᠳᠡᠨ᠎ᠦ ᠳᠠᠭᠤᠤ》 ᠵᠡᠷᠭᠡ ᠤᠯᠠᠨ ᠲᠦᠮᠡᠨ᠎ᠦ ᠥᠪᠡᠷ᠎ᠢᠶᠡᠨ ᠨᠠᠢᠷᠠᠭᠤᠯᠵᠤ ᠥᠪᠡᠷ᠎ᠢᠶᠡᠨ ᠲᠣᠭ᠍ᠯᠠᠭ᠍ᠰᠠᠨ ᠲᠣᠭ᠍ᠯᠠᠯᠲᠠ ᠨᠢ ᠶᠡᠬᠡ ᠬᠡᠮᠵᠢᠶᠡᠨ᠎ᠦ ᠪᠣᠭ᠍ᠲᠣᠯᠠᠬᠤ ᠪᠡᠯᠡᠭ᠂ ᠨᠠᠢᠷ ᠲᠠᠯ᠎ᠠ᠎ᠶ᠋ᠢᠨ ᠠᠳᠠᠯᠢᠳᠭᠠᠯ ᠵᠡᠷᠭᠡ ᠭᠣᠣᠯ ᠰᠡᠳᠦᠪᠲᠦ ᠠᠩᠬᠠᠷᠤᠯ᠎ᠢᠶᠠᠨ ᠲᠥᠪᠯᠡᠷᠡᠭᠦᠯᠵᠦ᠍᠂ ᠬᠡᠪ ᠵᠠᠩᠱᠢᠯ ᠢ᠋ ᠬᠤᠪᠢᠷᠠᠭᠤᠯᠤᠬᠰᠡᠨ ᠱᠢᠨ᠎ᠡ ᠬᠤᠪᠢᠷᠠᠯᠲᠠ᠎ᠶ᠋ᠢ ᠲᠤᠬᠯᠠᠵᠤ᠂ ᠪᠣᠯᠪᠠᠰᠤᠨ᠎ᠤ ᠣᠢᠯᠠᠭᠠᠭ᠍ᠳᠠᠬᠤᠨ᠎ᠢ ᠬᠥᠮᠦᠰ᠎ᠦᠨ ᠰᠡᠳᠭᠢᠯ᠎ᠳᠦ ᠬᠠᠳᠠᠩᠱᠢᠭᠤᠯᠪᠠ᠃
ᠨᠡᠢᠭᠡᠮ᠎ᠦᠨ ᠪᠣᠯᠪᠠᠰᠤᠨ᠎ᠤ ᠬᠡᠮᠵᠢᠶ᠎ᠡ᠎ᠶ᠋ᠢ ᠳᠡᠭᠡᠭ᠌ᠰᠢᠯᠡᠭᠦᠯᠬᠦ᠌᠎ᠳᠦ ᠶᠣᠰᠣ ᠰᠤᠷᠲᠠᠬᠤᠨ᠎ᠤ ᠤᠷᠢᠶᠠᠯᠠᠯᠢ ᠱᠠᠭᠠᠷᠳᠠᠬᠤᠪᠦᠭᠡᠳ ᠪᠠᠰᠠ ᠬᠠᠤᠯᠢ ᠴᠠᠭᠠᠵᠠ᠎ᠶ᠋ᠢᠨ ᠬᠢᠵᠠᠭᠠᠷᠯᠠᠯ᠎ᠳᠤ ᠲᠦᠱᠢᠭ᠌ᠯᠡᠵᠦ᠍᠂ ᠦᠯᠢᠭᠡᠷ ᠳᠠᠭᠤᠷᠢᠶᠠᠯ᠎ᠢ ᠱᠠᠭᠠᠷᠳᠠᠬᠤᠪᠦᠭᠡᠳ ᠪᠠᠰᠠ ᠥᠪᠡᠷ᠎ᠢ᠎ᠪᠡᠨ ᠬᠥᠮᠦᠵᠢᠭᠦᠯᠬᠦ᠌᠎ᠳᠦ ᠲᠦᠱᠢᠭ᠌ᠯᠡᠵᠦ᠍᠂ ᠬᠥᠮᠦᠰ᠎ᠢ ᠡᠳᠦᠷ ᠲᠤᠳᠤᠮ᠎ᠤᠨ ᠬᠡᠷᠡᠭ᠌ᠯᠡᠭᠡᠨ᠎ᠳᠦ ᠦᠯᠦ᠍ ᠮᠡᠳᠡᠬᠦ᠌᠎ᠶ᠋ᠢᠨ ᠳᠤᠮᠳᠠ ᠤᠶᠤᠨ ᠰᠠᠨᠠᠭᠠᠨ᠎ᠤ ᠠᠬᠤᠢ ᠪᠠᠢᠳᠠᠯ᠎ᠢᠶᠠᠨ ᠳᠡᠭᠡᠭ᠌ᠰᠢᠯᠡᠭᠦᠯᠬᠦ᠌ ᠭᠡᠷᠡᠭᠲᠡᠢ᠃
ᠨᠠᠰᠤᠨ᠎ᠳᠤ ᠦᠯᠦ᠍ ᠬᠦᠷᠦᠭ᠌ᠰᠡᠳ᠎ᠦᠨ ᠦᠵᠡᠯ ᠰᠠᠨᠠᠭ᠎ᠠ ᠶᠣᠰᠣ ᠰᠤᠷᠲᠠᠬᠤᠨ᠎ᠤ ᠪᠠᠢᠭᠤᠯᠤᠯᠲᠠ᠎ᠶ᠋ᠢᠨ ᠠᠵᠢᠯ᠎ᠤᠨ ᠶᠠᠷᠢᠯᠴᠠᠬᠤ ᠬᠤᠷᠠᠯ᠎ᠢ ᠬᠤᠷᠠᠯᠳᠤᠭᠤᠯᠵᠤ᠂ ᠶᠣᠰᠣ ᠰᠤᠷᠲᠠᠬᠤᠨ᠎ᠢᠶᠠᠷ ᠬᠥᠮᠦᠨ᠎ᠢ ᠬᠥᠮᠦᠵᠢᠭᠦᠯᠬᠦ᠌᠎ᠳᠦ 《ᠬᠡᠦᠬᠡᠳ᠎ᠡᠴᠡ ᠡᠬᠢᠯᠡᠨ ᠠᠳᠭᠤᠬᠤ》 ᠵᠢ ᠠᠬᠢᠭᠤᠯᠪᠠ; ᠲᠥᠪ᠎ᠦᠨ ᠬᠣᠲᠠ᠎ᠶ᠋ᠢᠨ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ᠎ᠶ᠋ᠢ ᠨᠠᠢᠳᠠᠪᠤᠷᠢᠵᠢᠭᠤᠯᠬᠤ᠂ ᠶᠣᠰᠣ ᠮᠤᠷᠠᠯ ᠢ᠋ ᠲᠡᠭᠡᠳᠤᠯᠠᠨ ᠰᠠᠢᠨ ᠰᠠᠢᠬᠠᠨ ᠢ᠋ ᠡᠷᠬᠢᠮᠯᠡᠬᠦ ᠪᠣᠯᠪᠠᠰᠤᠨ ᠬᠣᠲᠠ᠎ᠶ᠋ᠢ ᠬᠦᠴᠦᠯᠡᠨ ᠪᠠᠢᠭᠤᠯᠵᠤ᠂ ᠶᠣᠰᠣ ᠰᠤᠷᠲᠠᠬᠤᠨ᠎ᠤ ᠬᠥᠮᠦᠵᠢᠯ᠎ᠦᠨ ᠦᠢᠯᠡᠳᠦᠯ᠎ᠢ ᠨᠠᠩ ᠰᠠᠢᠨ ᠪᠠᠳᠠᠷᠠᠭᠤᠯᠪᠠ᠃
ᠤᠯᠠᠨ ᠲᠦᠮᠡᠨᠴᠢ ᠴᠢᠨᠠᠷᠲᠠᠢ ᠤᠶᠤᠨ᠎ᠤ ᠪᠣᠯᠪᠠᠰᠤᠨ᠎ᠢ ᠡᠭᠦᠳᠦᠨ ᠪᠠᠢᠭᠤᠯᠬᠤ ᠠᠵᠢᠯᠯᠠᠭ᠎ᠠ᠎ᠶ᠋ᠢᠨ ᠲᠡᠷᠢᠭᠦᠨ᠎ᠦ ᠨᠡᠢᠲᠡᠯᠢᠭ ᠵᠢᠱ᠌ᠢᠢ᠎ᠡ ᠪᠠ ᠶᠣᠰᠣ ᠮᠣᠷᠠᠯ᠎ᠤᠨ ᠵᠢᠱ᠌ᠢᠶᠡᠴᠢ᠎ᠶ᠋ᠢ ᠪᠦᠬᠦ᠌ ᠤᠯᠤᠰ᠎ᠤᠨ ᠤᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢᠨ ᠬᠥᠬᠢᠭᠦᠯᠦᠨ ᠰᠠᠢᠱᠢᠶᠠᠬᠤ ᠶᠡᠬᠡ ᠬᠤᠷᠠᠯ᠎ᠤᠨ ᠱᠠᠩᠨᠠᠯ ᠣᠯᠭᠣᠬᠤ ᠲᠠᠪᠴᠠᠩ᠎ᠳᠤ ᠭᠠᠷᠭᠠᠵᠤ᠂ 《ᠴᠠᠭ ᠦᠶ᠎ᠡ᠎ᠶ᠋ᠢᠨ ᠵᠢᠱ᠌ᠢᠶᠡᠴᠢ》᠂ 《ᠬᠠᠮᠤᠭ᠎ᠤᠨ ᠭᠤᠶᠤ ᠬᠥᠮᠦᠨ》᠂ 《ᠳᠤᠮᠳᠠᠳᠤ ᠤᠯᠤᠰ᠎ᠤᠨ ᠰᠠᠢ᠌ᠨ ᠬᠥᠮᠦᠨ》 ᠬᠣᠢᠨ᠎ᠠ ᠬᠣᠢᠨ᠎ᠠ᠎ᠡᠴᠡ᠎ᠪᠠᠨ ᠴᠣᠯᠭᠣᠷᠠᠨ ᠭᠠᠷᠴᠤ᠌᠂ ᠦᠯᠢᠭᠡᠷ ᠳᠠᠭᠤᠷᠢᠶᠠᠯ᠎ᠤᠨ ᠬᠦᠴᠦᠨ ᠨᠢ ᠪᠦᠬᠦ᠌ ᠨᠡᠢᠭᠡᠮ᠎ᠦᠨ ᠮᠡᠷᠭᠡᠳᠢ᠋ ᠲᠠᠭᠠᠨ ᠰᠤᠷᠬᠤ᠂ ᠬᠣᠱᠢᠭᠤᠴᠢ ᠪᠣᠯᠬᠤ᠎ᠪᠠᠷ ᠴᠢᠷᠮᠠᠢᠬᠤ᠎ᠶ᠋ᠢ ᠬᠦᠳᠦᠯᠦᠨ ᠵᠢᠯᠣᠭᠣᠳᠪᠠ᠃
ᠪᠥᠬᠥ᠌ ᠠᠷᠠᠳ᠎ᠤᠨ ᠤᠩᠱᠢᠯᠭ᠎ᠠ᠎ᠶ᠋ᠢᠨ ᠶᠡᠬᠡ ᠬᠤᠷᠠᠯ ᠳᠥᠷᠪᠡᠨ ᠵᠢᠯ ᠳᠠᠷᠠᠭᠠᠯᠠᠨ ᠶᠠᠪᠤᠭ᠍ᠳᠠᠵᠤ᠂ 《ᠤᠩᠱᠢᠯᠭ᠎ᠠ᠎ᠶ᠋ᠢᠨ ᠪᠢᠴᠢᠯ ᠬᠦᠰᠡᠯ᠎ᠢ ᠲᠡᠷᠭᠡᠯᠰᠢᠬᠦᠯᠬᠦ》 ᠨᠣᠮ ᠪᠢᠴᠢᠭ ᠬᠦᠷᠭᠡᠬᠦ ᠠᠵᠢᠯᠯᠠᠭ᠎ᠠ ᠨᠢ ᠬᠥᠳᠡᠭᠡ ᠲᠣᠰᠭᠣᠨ᠎ᠤ ᠬᠡᠦᠬᠡᠳ᠎ᠦᠨ ᠤᠩᠱᠢᠯᠭ᠎ᠠ᠎ᠶ᠋ᠢᠨ ᠬᠦᠰᠡᠯ᠎ᠢ ᠬᠠᠩᠭᠠᠵᠤ᠂ 《ᠪᠥᠬᠥ᠌ ᠠᠷᠠᠳ᠎ᠤᠨ ᠤᠩᠱᠢᠯᠭ᠎ᠠ᠎ᠶ᠋ᠢ ᠠᠬᠢᠭᠤᠯᠬᠤ ᠲᠦᠷᠢᠮ》 ᠢ᠋ ᠨᠡᠢᠲᠡᠯᠡᠵᠦ᠍ ᠬᠠᠤᠯᠢ᠎ᠪᠠᠷ ᠵᠠᠰᠠᠬᠤ ᠪᠠᠲᠤᠯᠠᠭ᠎ᠠ᠎ᠶ᠋ᠢ ᠪᠡᠬᠢᠵᠢᠭᠦᠯᠵᠦ᠍᠂ ᠨᠣᠮ ᠤᠩᠱᠢᠬᠤ ᠳᠤᠷᠠᠲᠠᠶ᠂ ᠰᠠᠢᠨ ᠨᠣᠮ ᠤᠩᠱᠢᠬᠤ᠂ ᠨᠣᠮ ᠤᠩᠱᠢᠬᠤ᠎ᠳᠠᠭᠠᠨ ᠴᠢᠳᠠᠮᠠᠭᠠᠶ ᠠᠭᠤᠷ ᠠᠮᠢᠰᠭᠤᠯ ᠡᠳᠦᠷ ᠢᠷᠡᠬᠦᠶ᠎ᠡ ᠥᠳᠭᠡᠨ ᠵᠤᠵᠠᠭᠠᠨ ᠪᠣᠯᠪᠠ᠃
ᠪᠥᠬᠥ᠌ ᠤᠯᠤᠰ᠎ᠤᠨ 《ᠦᠨᠡᠨᠴᠢ ᠢᠲᠡᠭᠡᠮᠵᠢᠲᠡᠶ ᠬᠤᠳᠠᠯᠳᠤᠭ᠎ᠠ᠎ᠶ᠋ᠢ ᠬᠥᠭ᠌ᠵᠢᠭᠦᠯᠬᠦ᠌ ᠤᠬᠠᠭᠤᠯᠭ᠎ᠠ᠎ᠶ᠋ᠢᠨ ᠰᠠᠷ᠎ᠠ》 ᠨᠢ ᠦᠨᠡᠨᠴᠢ ᠢᠲᠡᠭᠡᠮᠵᠢ᠎ᠶ᠋ᠢᠨ ᠰᠣᠶᠣᠯ᠎ᠢ ᠪᠠᠳᠠᠷᠠᠭᠤᠯᠵᠤ᠂ 《ᠪᠢᠳᠡᠨ᠎ᠦ ᠪᠠᠶᠠᠷ᠎ᠤᠨ ᠡᠳᠦᠷ》 ᠭᠡᠬᠦ᠌ ᠲᠥᠷᠥᠯ ᠲᠡᠮᠳᠡᠭ᠌ ᠤ᠋ᠨ ᠠᠵᠢᠯᠯᠠᠭ᠎ᠠ ᠨᠢ ᠤᠯᠠᠮᠵᠢᠯᠠᠯᠲᠤ ᠵᠠᠩ ᠳᠠᠳᠬᠠᠯ᠎ᠢ ᠠᠷᠠᠳ᠎ᠤᠨ ᠠᠮᠢᠳᠤᠷᠠᠯ ᠳ᠋ᠦ ᠦᠢᠷᠠᠳᠤᠭᠤᠯᠵᠦ᠂ 《ᠤᠯᠠᠭᠠᠨ ᠴᠠᠭᠠᠨ᠎ᠤ ᠶᠠᠪᠤᠳᠠᠯ》 ᠢ᠋ ᠲᠦᠬᠦᠮ ᠵᠢᠡᠷ ᠬᠢᠬᠦ ᠵᠢ ᠢᠳᠡᠪᠬᠢᠲᠡᠶ ᠰᠠᠨᠠᠭᠠᠴᠢᠯᠠᠨ᠂ 《ᠢᠳᠡᠵᠤ ᠤᠤᠭᠤᠵᠤ ᠪᠦᠷᠢᠯᠭᠡᠬᠦ᠌》 ᠶ᠋ᠢ ᠡᠷᠡᠰ ᠡᠰᠡᠷᠭᠦᠴᠡᠵᠦ᠍᠂ ᠪᠣᠯᠪᠠᠰᠤᠨ ᠤᠷᠤᠯᠳᠤᠭᠠᠨ ᠦᠵᠡᠬᠦ᠌ ᠪᠠ ᠪᠣᠯᠪᠠᠰᠤᠨ ᠵᠢᠭᠤᠯᠴᠢᠯᠠᠯ ᠬᠢᠬᠦ᠌᠎ᠶ᠋ᠢ ᠤᠷᠢᠶᠠᠯᠠᠵᠤ᠂ ᠠᠷᠠᠳ ᠢᠷᠭᠡᠳ᠎ᠦᠨ ᠬᠡᠪ ᠪᠣᠯᠪᠠᠰᠤᠷᠠᠯ᠎ᠢ ᠲᠠᠰᠤᠷᠠᠯᠲᠠ ᠥᠬᠡᠶ ᠳᠡᠭᠡᠭ᠌ᠰᠢᠯᠡᠬᠦᠯᠪᠡ᠃
ᠡᠳᠦᠭᠡ᠂ ᠪᠣᠯᠪᠠᠰᠤᠨ ᠨᠢ ᠶᠠᠪᠤᠬᠤ ᠲᠤᠳᠤᠮ ᠨᠢᠭᠡ ᠵᠦᠢᠯ᠎ᠦᠨ ᠳᠠᠳᠭᠠᠯ ᠪᠤᠯᠵᠤ᠂ ᠨᠠᠷᠢᠯᠢᠭ ᠨᠠᠢᠳᠠᠪᠤᠷᠢᠵᠢᠭᠤᠯᠬᠤ᠂ ᠵᠢᠵᠢᠭ ᠰᠠᠵᠢᠭ ᠵᠦᠢᠯ᠎ᠳᠦ ᠨᠠᠢᠳᠠᠪᠤᠷᠢᠵᠢᠭᠤᠯᠬᠤ᠂ ᠨᠠᠢᠳᠠᠪᠤᠷᠢᠵᠢᠭᠤᠯᠬᠤ ᠳᠤᠮᠳᠠ ᠪᠣᠳᠠᠲᠠᠢ ᠪᠥᠭᠡᠳ ᠵᠢᠵᠢᠭ ᠰᠠᠵᠢᠭ ᠡᠭᠡᠯ ᠵᠢᠷ᠎ᠦᠨ ᠦᠢᠯᠡᠳᠦᠯᠭᠡ ᠪᠤᠯᠵᠤ᠂ ᠡᠭᠡᠯ ᠵᠢᠷ᠎ᠦᠨ ᠳᠤᠮᠳᠠᠬᠢ ᠶᠡᠷᠦ᠍ ᠪᠤᠰᠤ᠎ᠶ᠋ᠢᠨ ᠬᠦᠴᠦᠨ᠎ᠢ ᠢᠯᠡᠷᠡᠭᠦᠯᠪᠡ᠃
ᠵᠢᠭ᠍ᠰᠠᠭᠠᠯ᠎ᠤᠨ ᠭᠠᠵᠠᠷ᠎ᠢᠶᠠᠨ ᠪᠡᠬᠢᠵᠢᠭᠦᠯᠵᠦ᠍᠂ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠢᠵᠢᠯ ᠲᠥᠪ᠎ᠲᠦ ᠲᠣᠭᠣᠷᠢᠭ ᠢ᠋ ᠪᠡᠬᠢᠵᠢᠭᠦᠯᠪᠠ —
《ᠰᠦᠯᠵᠢᠶᠡᠨ᠎ᠦ ᠲᠠᠪᠴᠠᠩ᠂ ᠬᠤᠪᠢ᠎ᠶ᠋ᠢᠨ ᠵᠠᠭᠤᠴᠢᠯᠠᠭᠤᠷ ᠪᠣᠯᠤᠨ ᠤᠯᠠᠨ ᠰᠤᠪᠠᠭ᠎ᠤᠨ ᠰᠦᠯᠵᠢᠶᠡᠨ᠎ᠦ ᠪᠠᠢᠭᠤᠯᠤᠮᠵᠢ᠎ᠶ᠋ᠢ ᠬᠦᠳᠦᠯᠦᠨ ᠵᠢᠯᠣᠭᠣᠳᠭᠤ᠎ᠪᠠᠨ ᠴᠢᠩᠭᠠᠳᠭᠠᠵᠤ᠂ ᠲᠡᠭᠦᠨ᠎ᠢ ᠨᠡᠢᠭᠡᠮ᠎ᠦᠨ ᠬᠠᠷᠢᠭᠤᠴᠠᠯᠭ᠎ᠠ ᠡᠭᠦᠷᠭᠡᠯᠡᠬᠦ᠌ ᠪᠣᠯᠭᠠᠵᠤ᠂ ᠤᠬᠠᠮᠰᠠᠷ᠎ᠡᠴᠡ᠎ᠪᠠᠨ ᠢᠳᠡᠪᠬᠢ ᠬᠦᠴᠦᠨ᠎ᠦ ᠳᠠᠮᠵᠢᠭᠤᠯᠤᠭ᠍ᠴᠢ ᠪᠣᠯᠭᠠᠬᠤ ᠬᠡᠷᠡᠭ᠌ᠲᠡᠢ》᠃ 2025 ᠣᠨ᠎ᠤ 11 ᠰᠠᠷ᠎ᠠ᠎ᠶ᠋ᠢᠨ 28 ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠲᠤᠮᠳᠠᠳᠤ ᠤᠯᠤᠰ ᠤ᠋ᠨ ᠡᠪ ᠬᠠᠮᠳᠤ ᠨᠠᠮ᠎ᠤᠨ ᠲᠥᠪ ᠬᠣᠷᠢᠶ᠎ᠠ ᠵᠢᠨ ᠤᠯᠤᠰ ᠲᠦᠷᠦ᠍᠎ᠶ᠋ᠢᠨ ᠲᠣᠪᠴᠢᠶᠠᠨ᠎ᠤ ᠬᠣᠷᠢᠨ ᠭᠤᠷᠪᠠᠳᠤᠭᠠᠷ ᠤᠳᠠᠭ᠎ᠠ᠎ᠶ᠋ᠢᠨ ᠬᠠᠮᠲᠤ᠎ᠶ᠋ᠢᠨ ᠰᠤᠷᠤᠯᠴᠠᠯᠭ᠎ᠠ᠎ᠶ᠋ᠢ ᠡᠷᠬᠢᠯᠡᠬᠦ᠌᠎ᠳᠡᠭᠡᠨ᠂ ᠵᠥᠪ ᠲᠠᠯ᠎ᠠ᠎ᠶ᠋ᠢᠨ ᠲᠠᠭᠤᠨ᠂ ᠭᠣᠣᠯ ᠤᠷᠤᠰᠭᠠᠯ᠎ᠤᠨ ᠦᠷᠳᠡᠭ᠂ ᠴᠠᠭ ᠦᠶ᠎ᠡ᠎ᠶ᠋ᠢᠨ ᠱᠢᠨ᠎ᠡ ᠰᠤᠷᠲᠠᠯ᠎ᠢᠶᠠᠷ ᠰᠦᠯᠵᠢᠶᠡᠨ᠎ᠦ ᠣᠷᠣᠨ ᠵᠠᠢ᠎ᠶ᠋ᠢ ᠴᠣᠭ᠍ᠴᠠᠯᠠᠬᠤ᠎ᠶ᠋ᠢ ᠪᠠᠷᠢᠮᠲᠠᠯᠠᠬᠤ ᠬᠡᠷᠡᠭ᠌ᠲᠡᠢ ᠭᠡᠵᠦ᠍ ᠵᠢᠭᠠᠵᠤ ᠭᠠᠷᠭᠠᠪᠠ᠃
ᠬᠥᠮᠦᠨ ᠬᠠᠮᠢᠭ᠎ᠠ ᠪᠠᠢᠪᠠᠯ ᠰᠡᠳᠭᠢᠯ ᠨᠢᠭᠡᠳᠦᠨ ᠬᠦᠴᠦ᠍᠎ᠪᠡᠨ ᠬᠠᠮᠲᠤᠳᠭᠠᠬᠤ᠎ᠶ᠋ᠢᠨ ᠭᠤᠤᠯᠳᠠᠯᠭ᠎ᠠ ᠲᠡᠨᠳᠡ ᠪᠠᠢᠨ᠎ᠠ᠃ ᠣᠳᠣᠬᠠᠨ᠎ᠳᠤ᠂ ᠮᠠᠨ᠎ᠤ ᠤᠯᠤᠰ᠎ᠤᠨ ᠰᠦᠯᠵᠢᠶᠡᠠᠤ ᠠᠷᠠᠳ᠎ᠤᠨ ᠲᠣᠭ᠎ᠠ 11 ᠳ᠋ᠦᠩᠱᠢᠭᠤᠷ᠎ᠢ ᠳᠠᠪᠠᠪᠠ᠃ ᠬᠡᠨ ᠢᠨᠲ᠋ᠸᠷ ᠰᠦᠯᠵᠢᠶ᠎ᠡ᠎ᠶ᠋ᠢ ᠡᠵᠡᠮᠱᠢᠪᠡᠯ ᠲᠡᠷᠡ ᠳᠠᠷᠤᠢ ᠴᠠᠭ ᠦᠶ᠎ᠡ᠎ᠶ᠋ᠢᠨ ᠰᠠᠨᠠᠭᠠᠴᠢᠯᠠᠭᠠᠲᠤ ᠡᠷᠬᠡ᠎ᠶ᠋ᠢ ᠡᠵᠡᠮᠱᠢᠵᠦ᠍ ᠴᠢᠳᠠᠨ᠎ᠠ᠃
ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠰᠣᠯᠢᠯᠴᠠᠭᠠᠨ᠎ᠤ ᠲᠠᠪᠴᠠᠩ᠎ᠢ ᠢᠳᠡᠪᠬᠢᠲᠡᠢ ᠪᠠᠢᠭᠤᠯᠵᠤ᠂ ᠳᠤᠮᠳᠠᠳᠤ ᠤᠯᠤᠰ᠎ᠤᠨ ᠰᠦᠯᠵᠢᠶᠡᠨ᠎ᠦ ᠪᠣᠯᠪᠠᠰᠤᠨ᠎ᠤ ᠶᠡᠬᠡ ᠬᠤᠷᠠᠯ᠂ ᠳᠡᠯᠡᠬᠡᠢ᠎ᠶ᠋ᠢᠨ ᠢᠨᠲ᠋ᠸᠷ ᠰᠦᠯᠵᠢᠶᠡᠨ᠎ᠦ ᠶᠡᠬᠡ ᠬᠤᠷᠠᠯ᠎ᠤᠨ ᠡᠣ ᠵᠸᠨ ᠤ᠋ ᠲᠦᠷᠦᠭᠦᠴᠦᠳ᠎ᠦᠨ ᠬᠤᠷᠠᠯ᠂ ᠤᠯᠤᠰ᠎ᠤᠨ ᠰᠦᠯᠵᠢᠶᠡᠨ᠎ᠦ ᠠᠮᠤᠷ ᠲᠦᠪᠱᠢᠨ᠎ᠦ ᠤᠬᠠᠭᠤᠯᠭ᠎ᠠ᠎ᠶ᠋ᠢᠨ ᠭᠠᠷᠠᠭ ᠵᠡᠷᠭᠡ ᠠᠵᠢᠯᠯᠠᠭ᠎ᠠ᠎ᠶ᠋ᠢ ᠠᠮᠵᠢᠯᠲᠠ᠎ᠲᠠᠶ ᠡᠷᠬᠢᠯᠡᠵᠦ᠍᠂ ᠦᠢᠯᠡᠳᠦᠯᠭᠡ᠎ᠶ᠋ᠢᠨ ᠦᠷ᠎ᠡ ᠪᠦᠲᠦᠭᠡᠯ᠎ᠢ ᠬᠤᠪᠢᠶᠠᠯᠴᠠᠵᠤ᠂ ᠤᠯᠠᠨ ᠤᠯᠤᠰ᠎ᠤᠨ ᠬᠠᠮᠲᠤᠷᠠᠯᠴᠠᠭ᠎ᠠ᠎ᠶ᠋ᠢ ᠭᠦᠨᠵᠡᠭᠡᠢᠷᠡᠭᠦᠯᠪᠡ᠃
ᠲᠤᠰᠭᠠᠢ ᠠᠵᠢᠯᠯᠠᠭ᠎ᠠ᠎ᠶ᠋ᠢ ᠥᠷᠨᠢᠭᠦᠯᠵᠦ᠍᠂ ᠰᠦᠯᠵᠢᠶᠡᠨ᠎ᠦ ᠱᠢᠭᠤᠳ ᠨᠡᠪᠲᠡᠷᠡᠭᠦᠯᠭᠡ᠎ᠪᠡᠷ ᠪᠡᠯᠡᠭ ᠬᠦᠷᠭᠡᠬᠦ ᠰᠠᠮᠠᠭᠤᠨ ᠦᠵᠡᠭ᠌ᠳᠡᠯ᠂ 《ᠬᠤᠪᠢ᠎ᠶ᠋ᠢᠨ ᠵᠠᠭᠤᠴᠢᠯᠠᠭᠤᠷ》 ᠵᠢᠡᠷ ᠬᠤᠳᠠᠯ ᠬᠠᠭᠤᠷᠮᠠᠭ ᠮᠡᠳᠡᠭᠡ ᠵᠠᠩᠭᠢ ᠨᠡᠢᠲᠡᠯᠡᠬᠦ᠌᠂ ᠪᠡᠶ᠎ᠡ᠎ᠶ᠋ᠢᠨ ᠲᠠᠮᠢᠷ᠎ᠤᠨ 《ᠰᠦᠯᠵᠢᠶᠠᠨ ᠤ᠋ ᠬᠦᠷᠢᠶᠠᠯᠡᠭᠴᠢᠳ ᠤ᠋ᠨ ᠰᠠᠮᠠᠭᠤᠷᠠᠯ》 ᠤ᠋ᠨ ᠮᠠᠭᠤ ᠦᠢᠯᠡ ᠠᠵᠢᠯᠯᠠᠭ᠎ᠠ ᠵᠡᠷᠭᠡ ᠠᠰᠠᠭᠤᠳᠠᠯ᠎ᠢ ᠶᠡᠬᠡᠪᠡᠷ ᠴᠡᠭ᠌ᠴᠡᠯᠡᠨ ᠵᠠᠰᠠᠵᠤ᠂ ᠰᠦᠯᠵᠢᠶᠡᠨ᠎ᠦ ᠠᠮᠢ ᠠᠬᠤᠢ᠎ᠶ᠋ᠢᠨ ᠵᠠᠰᠠᠯᠲᠠ᠎ᠶ᠋ᠢ ᠦᠷᠭᠦᠯᠵᠢᠯᠡᠨ ᠭᠦᠨᠵᠡᠭᠡᠢᠷᠡᠭᠦᠯᠪᠡ᠃
ᠨᠢᠭᠡ ᠵᠢᠯ᠎ᠦᠨ ᠲᠤᠷᠰᠢ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠢᠳᠡᠪᠬᠢᠲᠡᠢ ᠪᠥᠭᠡᠳ ᠡᠷᠡᠭᠦᠯ ᠰᠦᠯᠵᠢᠶᠡᠨ᠎ᠦ ᠰᠣᠶᠣᠯ᠎ᠢ ᠬᠦᠴᠦᠯᠡᠨ ᠪᠤᠢ ᠪᠣᠯᠭᠠᠵᠤ᠂ ᠰᠦᠯᠵᠢᠶᠡᠨ᠎ᠦ ᠣᠷᠣᠨ ᠵᠠᠢ ᠤᠯᠠᠮ ᠴᠡᠪᠡᠷ ᠪᠤᠯᠵᠤ᠂ ᠥᠭᠡᠳᠡᠯᠡᠨ ᠳᠠᠪᠱᠢᠬᠤ ᠰᠠᠢ᠌ᠨ ᠰᠠᠢᠬᠠᠨ ᠬᠦᠴᠦᠨ᠎ᠢ ᠨᠢᠭ᠍ᠲᠠᠷᠠᠭᠤᠯᠪᠠ᠃
ᠳᠤᠮᠳᠠᠳᠤ᠎ᠶ᠋ᠢᠨ ᠰᠣᠶᠣᠯ᠎ᠤᠨ ᠠᠮᠢᠨ ᠰᠤᠳᠠᠰᠤ ᠵᠢ ᠵᠠᠯᠭᠠᠮᠵᠢᠯᠠᠵᠤ ᠡᠭᠦᠳᠦᠨ ᠪᠦᠲᠦᠭᠡᠬᠦ᠌ ᠠᠮᠢᠵᠢᠷᠠᠯ᠎ᠤᠨ ᠬᠦᠴᠦᠨ᠎ᠢ ᠬᠥᠭ᠌ᠵᠢᠭᠡᠪᠡ
ᠰᠣᠶᠣᠯ᠎ᠤᠨ ᠤᠯᠠᠮᠵᠢᠯᠠᠯ ᠨᠢ ᠶᠡᠷᠦ᠍᠎ᠡᠴᠡ ᠳᠥᠭᠥᠮᠬᠡᠨ᠎ᠢᠶᠡᠷ ᠬᠠᠭᠤᠯᠪᠤᠷᠢᠯᠠᠵᠤ ᠬᠠᠭᠤᠴᠢᠨ ᠵᠢᠡᠨ ᠰᠠᠬᠢᠬᠤ ᠪᠢᠰᠢ᠂ ᠬᠠᠷᠢᠨ ᠦᠨᠳᠦᠰᠦᠲᠡᠨ᠎ᠦ ᠵᠣᠷᠢᠭ ᠰᠠᠨᠠᠭᠠᠨ᠎ᠤ ᠠᠮᠢᠨ ᠰᠤᠳᠠᠰᠤ᠎ᠶ᠋ᠢ ᠦᠷᠭᠦᠯᠵᠢᠯᠡᠭᠦᠯᠬᠦ᠌ ᠳᠤᠮᠳᠠ ᠵᠠᠮ ᠨᠡᠭᠡᠭᠡᠨ ᠤᠷᠤᠭ᠍ᠰᠢᠯᠠᠵᠤ᠂ ᠱᠢᠨ᠎ᠡ᠎ᠶ᠋ᠢ ᠡᠭᠦᠳᠦᠨ ᠬᠥᠭ᠌ᠵᠢᠵᠦ᠍᠂ ᠳᠤᠮᠳᠠᠳᠤ᠎ᠶ᠋ᠢᠨ ᠰᠣᠶᠣᠯ᠎ᠤᠨ ᠠᠮᠢᠨ ᠰᠤᠳᠠᠰᠤ᠎ᠶ᠋ᠢ ᠴᠠᠭ ᠦᠶ᠎ᠡ᠎ᠶ᠋ᠢᠨ ᠤᠷᠤᠰᠭᠠᠯ ᠳᠤᠮᠳᠠ ᠱᠢᠨᠡᠠᠮᠢᠵᠢᠷᠠᠯ ᠤ᠋ᠨ ᠬᠦᠴᠤᠨ ᠲᠠᠢ ᠪᠣᠯᠭᠠᠬᠤ ᠳ᠋ᠦ ᠪᠠᠢᠨ᠎ᠠ᠃
ᠰᠣᠶᠣᠯ᠎ᠤᠨ ᠠᠮᠢᠨ ᠰᠤᠳᠠᠰᠤ ᠵᠢ ᠵᠠᠯᠭᠠᠮᠵᠢᠯᠠᠨ᠂ ᠡᠭᠦᠳᠦᠨ ᠪᠦᠲᠦᠭᠡᠯᠲᠡ᠎ᠶ᠋ᠢ ᠬᠥᠭ᠌ᠵᠢᠭᠡᠵᠦ᠍᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠡᠭᠦᠷᠭᠡ ᠪᠠᠲᠤ ᠴᠢᠩᠭ᠎ᠠ᠂ ᠬᠠᠷᠢᠭᠤᠴᠠᠯᠭ᠎ᠠ ᠬᠦᠨᠳᠦ ᠪᠠᠢᠨ᠎ᠠ᠃
ᠤᠳᠤᠮ ᠤᠯᠠᠮᠵᠢᠯᠠᠯ ᠵᠢᠡᠨ ᠰᠠᠬᠢᠵᠤ᠂ ᠰᠣᠶᠣᠯ᠎ᠤᠨ ᠥᠪᠢᠶᠡᠨ ᠬᠠᠮᠠᠭᠠᠯᠠᠭ᠍ᠰᠠᠨ ᠦᠷ᠎ᠡ ᠪᠦᠲᠦᠮᠵᠢ ᠢᠯᠡᠳᠲᠡ ᠪᠣᠯᠪᠠ —
ᠯᠦᠸᠧᠶᠠᠩ᠎ᠤᠨ ᠡᠮᠦᠨ᠎ᠡ᠂ ᠢ ᠱᠦᠶ ᠭᠤᠤᠯ᠎ᠤᠨ ᠬᠥᠪᠡᠭᠡᠨ ᠳ᠋ᠤ᠂ ᠯᠦᠩᠮᠧᠨ ᠤ᠋ ᠴᠢᠯᠠᠭᠤᠨ ᠠᠭᠤᠶ ᠳ᠋ᠤ ᠮᠢᠩᠭᠠᠨ ᠭᠦᠩᠭᠠᠷᠠᠪᠠ ᠵᠢ ᠲᠡᠯᠭᠡᠨ ᠦᠵᠡᠬᠦᠯᠪᠡ᠃ ᠠᠰᠭ᠎ᠠ ᠬᠠᠲᠠᠨ᠎ᠤ ᠬᠣᠭᠣᠷᠣᠨᠳᠣ᠂ ᠤᠮᠠᠷᠠᠲᠤ ᠸᠧᠶ ᠤᠯᠤᠰ᠎ᠤᠨ ᠴᠦᠴᠠ ᠵᠢᠨ ᠣᠷᠣᠮ᠂ ᠲᠠᠩ ᠤᠯᠤᠰ᠎ᠤᠨ ᠴᠦᠴᠡ ᠲᠠᠮᠠᠭ᠎ᠠ ᠵᠡᠷᠭᠡ ᠨᠢ ᠥᠨᠢ ᠡᠭᠦᠷᠢᠳᠡ᠎ᠶ᠋ᠢᠨ ᠪᠣᠯᠪᠠᠰᠤᠨ ᠢᠮ ᠳᠡᠮᠳᠡᠭ᠎ᠢ ᠰᠡᠢᠯᠪᠠ᠃
2025 ᠣᠨ᠎ᠤ 5 ᠰᠠᠷ᠎ᠠ᠎ᠶ᠋ᠢᠨ 19᠎ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠡᠾᠧᠨᠠᠨ᠎ᠳᠤ ᠱᠢᠨᠵᠢᠯᠡᠨ ᠪᠠᠢᠴᠠᠭᠠᠬᠤ ᠬᠤᠭᠤᠴᠠᠭᠠᠨ᠎ᠳᠠᠭᠠᠨ ᠡᠨᠳᠡ ᠢᠷᠡᠵᠦ᠍᠂ ᠲᠡᠦᠬᠡ᠎ᠶ᠋ᠢ ᠪᠠᠷᠠᠯᠠᠵᠤ᠄《ᠡᠳᠡᠭᠡᠷ ᠳᠤᠮᠳᠠᠳᠤ᠎ᠶ᠋ᠢᠨ ᠰᠣᠶᠣᠯ᠎ᠤᠨ ᠦᠨᠡᠲᠦ ᠡᠷᠳᠡᠨᠢ᠎ᠶ᠋ᠢ ᠰᠠᠢᠲᠤᠷ ᠬᠠᠮᠠᠭᠠᠯᠠᠵᠤ᠂ ᠰᠠᠢᠲᠤᠷ ᠵᠠᠯᠭᠠᠮᠵᠢᠯᠠᠵᠤ᠂ ᠰᠠᠢᠲᠤᠷ ᠤᠯᠠᠮᠵᠢᠯᠠᠬᠤ ᠬᠡᠷᠡᠭ᠌ᠲᠡᠢ》 ᠭᠡᠵᠤ ᠰᠡᠳᠬᠢᠯ ᠲᠤᠬᠳᠤᠯᠤᠨ ᠬᠡᠯᠡᠪᠡ᠃
ᠤᠭᠢᠶᠠᠨ ᠮᠠᠷᠲᠠᠬᠤ ᠦᠭᠡᠢ ᠪᠣᠯ ᠰᠠᠶᠢ ᠢᠷᠡᠭᠡᠳᠦᠶ᠎ᠶ᠋ᠢ ᠨᠡᠭᠡᠭᠡᠵᠦ᠍ ᠴᠢᠳᠠᠨ᠎ᠠ᠂ ᠴᠢᠳᠠᠮᠠᠭᠠᠶ᠎ᠪᠠᠷ ᠵᠠᠯᠭᠠᠮᠵᠢᠯᠠᠪᠠᠯ ᠰᠠᠶᠢ ᠨᠠᠩ ᠰᠠᠢᠨ ᠱᠢᠨ᠎ᠡ᠎ᠶ᠋ᠢ ᠡᠭᠦᠳᠴᠦ᠍ ᠴᠢᠳᠠᠨ᠎ᠠ᠃
ᠰᠣᠶᠣᠯ᠎ᠤᠨ ᠥᠪ᠎ᠲᠦ ᠠᠭᠤᠤ ᠶᠡᠬᠡ ᠡᠭᠦᠳᠦᠯᠲᠡ ᠠᠭᠤᠯᠤᠭ᠍ᠳᠠᠵᠤ᠂ ᠲᠡᠦᠬᠡ᠎ᠶ᠋ᠢᠨ ᠤᠯᠠ ᠮᠦᠷ ᠢ᠋ ᠲᠡᠮᠳᠡᠭ᠌ᠯᠡᠵᠦ᠍᠂ ᠦᠨᠳᠦᠰᠦᠲᠡᠨ᠎ᠦ ᠬᠠᠢᠷ᠎ᠠ ᠰᠡᠳᠭᠢᠯᠭᠡ᠎ᠶ᠋ᠢ ᠬᠠᠳᠠᠭᠠᠯᠠᠵᠤ᠂ ᠥᠩᠭᠡᠷᠡᠭ᠌ᠰᠡᠨ᠎ᠢ ᠠᠮᠢᠳᠤᠯᠢᠭ᠎ᠢᠶᠠᠷ ᠲᠣᠭᠠᠴᠢᠵᠤ ᠪᠠᠢᠬᠤ ᠪᠦᠭᠡᠳ ᠪᠢᠳᠡᠨ᠎ᠤ ᠲᠡᠦᠬᠡ᠎ᠶ᠋ᠢ ᠡᠷᠭᠢᠴᠡᠭᠦᠯᠬᠦ᠌ ᠶᠠᠪᠤᠴᠠ᠎ᠳᠠᠭᠠᠨ ᠢᠷᠡᠭᠡᠳᠦᠶ ᠵᠦᠭ ᠤᠷᠤᠭ᠍ᠰᠢᠯᠠᠬᠤ ᠢᠲᠡᠭᠡᠯ ᠵᠣᠷᠢᠭ᠎ᠢ ᠬᠥᠪᠴᠢᠯᠡᠵᠦ᠍ ᠪᠠᠢᠨ᠎ᠠ᠃
ᠰᠣᠶᠣᠯ᠎ᠤᠨ ᠥᠪ᠎ᠢ ᠰᠠᠢᠲᠤᠷ ᠬᠠᠮᠠᠭᠠᠯᠠᠵᠤ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ ᠨᠢ ᠰᠣᠶᠣᠯ᠎ᠤᠨ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠎ᠶ᠋ᠢ ᠠᠬᠢᠭᠤᠯᠬᠤ᠎ᠳᠤ ᠭᠦᠨ ᠵᠤᠵᠠᠭᠠᠨ ᠬᠦᠴᠦᠨ ᠢ᠋ ᠨᠥᠭᠡᠴᠡᠯᠡᠨ᠎ᠡ᠃
ᠥᠩᠭᠡᠷᠡᠭ᠌ᠰᠡᠨ ᠨᠢᠭᠡ ᠵᠢᠯ᠎ᠳᠦ᠂ 《ᠪᠠᠷᠠᠭᠤᠨ ᠱᠢᠶᠠ ᠵᠢᠨ ᠤᠨᠭᠭᠤᠨ》 ᠢ᠋ 《ᠳᠡᠯᠡᠬᠡᠢ᠎ᠶ᠋ᠢᠨ ᠥᠪ᠎ᠦᠨ ᠨᠡᠷᠡᠰ᠎ᠦᠨ ᠵᠢᠭ᠍ᠰᠠᠭᠠᠯᠲᠠ》 ᠳ᠋ᠤ ᠠᠮᠵᠢᠯᠲᠠ᠎ᠲᠠᠶ ᠣᠷᠣᠭᠤᠯᠵᠤ᠂ ᠶᠠᠷᠢᠶᠠᠨ ᠤ᠋ ᠤᠷᠠᠯᠢᠭ 《ᠾᠸᠵ ᠦᠨᠳᠦᠰᠦᠲᠡᠨ ᠤ᠋ ᠢᠮᠠᠺᠠᠨ》 ᠢ᠋ ᠪᠠᠴᠢᠮ ᠬᠠᠮᠠᠭᠠᠯᠠᠬᠤ ᠴᠢᠬᠤᠯᠠᠲᠠᠢ ᠪᠣᠳᠠᠰ᠎ᠤᠨ ᠪᠤᠰᠤ ᠰᠣᠶᠣᠯ᠎ᠤᠨ ᠥᠪ᠎ᠦᠨ ᠨᠡᠷᠡᠰ᠎ᠦᠨ ᠵᠢᠭ᠍ᠰᠠᠭᠠᠯᠲᠠ᠎ᠡᠴᠡ ᠬᠥᠮᠦᠨ ᠲᠥᠷᠥᠯᠬᠢᠲᠡᠨ᠎ᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠭ᠌ᠴᠢ ᠪᠦᠲᠦᠭᠡᠯ᠎ᠦᠨ ᠨᠡᠷᠡᠰ᠎ᠦᠨ ᠵᠢᠭ᠍ᠰᠠᠭᠠᠯᠲᠠ᠎ᠳᠤ ᠱᠢᠯᠵᠢᠭᠦᠯᠦᠨ ᠣᠷᠣᠭᠤᠯᠵᠤ᠂《〈ᠾᠸᠵ ᠦᠨᠳᠦᠰᠦᠲᠡᠨ ᠤ᠋ ᠢᠮᠠᠺᠠᠨ〉 ᠢ᠋ ᠬᠠᠮᠠᠭᠠᠯᠠᠬᠤ ᠲᠥᠯᠥᠪᠯᠡᠭᠡ》 ᠶ᠋ᠢ ᠬᠠᠮᠠᠭᠠᠯᠠᠬᠤ ᠱᠢᠯᠢᠳᠡᠭ ᠦᠢᠯᠡᠳᠦᠯᠭᠡ᠎ᠶ᠋ᠢᠨ ᠨᠡᠷᠡᠰ᠎ᠦᠨ ᠵᠢᠭ᠍ᠰᠠᠭᠠᠯᠲᠠ᠎ᠳᠤ ᠰᠣᠩᠭᠣᠨ ᠣᠷᠣᠭᠤᠯᠵᠤ᠂ ᠮᠠᠨ᠎ᠤ ᠤᠯᠤᠰ᠎ᠤᠨ ᠰᠣᠶᠣᠯ᠎ᠤᠨ ᠥᠪ᠎ᠢ ᠬᠠᠮᠠᠭᠠᠯᠠᠵᠤ ᠤᠯᠠᠮᠵᠢᠯᠠᠨ ᠵᠠᠯᠭᠠᠮᠵᠢᠯᠠᠬᠤ ᠠᠵᠢᠯ ᠳᠡᠯᠡᠬᠡᠢ ᠳ᠋ᠠᠬᠢᠨ᠎ᠤ ᠬᠠᠯᠠᠭᠤᠨ ᠬᠦᠷᠢᠶᠡᠯᠡᠯ᠎ᠢ ᠣᠯᠤᠭ᠍ᠰᠠᠨ ᠪᠠᠢᠨ᠎ᠠ᠃
ᠳᠥᠷᠪᠡᠳᠦᠭᠡᠷ ᠤᠳᠠᠭ᠎ᠠ ᠵᠢᠨ ᠪᠥᠬᠥ᠌ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠨᠡᠢᠳᠡᠮ ᠪᠠᠢᠴᠠᠭᠠᠯᠲᠠ᠎ᠶ᠋ᠢᠨ ᠱᠢᠨ᠎ᠡ᠎ᠪᠡᠷ ᠢᠯᠡᠷᠡᠭᠦᠯᠦᠭ᠌ᠰᠡᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠲᠣᠭ᠎ᠠ 13 ᠲᠦᠮᠡ᠎ᠶ᠋ᠢ ᠳᠠᠪᠠᠵᠤ᠂ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠡᠬᠢ ᠪᠠᠶᠠᠯᠢᠭ᠎ᠤᠨ ᠪᠠᠢᠳᠠᠯ᠎ᠢ ᠦᠨᠳᠦᠰᠦᠨ᠎ᠳᠡᠭᠡᠨ ᠲᠣᠳᠣᠷᠬᠠᠶ ᠣᠢᠯᠠᠭᠠᠪᠠ; ᠱᠢᠨ᠎ᠡ᠎ᠪᠡᠷ ᠵᠠᠰᠠᠪᠤᠷᠢ ᠣᠷᠣᠭᠤᠯᠤᠭ᠍ᠰᠠᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠬᠠᠮᠠᠭᠠᠯᠠᠬᠤ ᠬᠠᠤᠯᠢ᠎ᠶ᠋ᠢ ᠬᠡᠷᠡᠭ᠌ᠵᠢᠭᠦᠯᠵᠦ᠍᠂ ᠰᠣᠶᠣᠯ᠎ᠤᠨ ᠥᠪ᠎ᠦᠨ ᠬᠠᠮᠠᠭᠠᠯᠠᠯᠲᠠ᠎ᠶ᠋ᠢ ᠳᠦᠷᠢᠮᠵᠢᠭᠦᠯᠬᠦ᠌ ᠪᠠᠢᠭᠤᠯᠤᠯᠲᠠ ᠨᠡᠩ ᠲᠡᠭᠦᠯᠳᠡᠷᠵᠢᠪᠡ; ᠭᠠᠳᠠᠭᠠᠳᠤ᠎ᠳᠤ 79 ᠵᠢᠯ ᠲᠡᠨᠦᠭᠦᠴᠢᠯᠡᠭ᠌ᠰᠡᠨ ᠤᠯᠤᠰ᠎ᠤᠨ ᠡᠷᠳᠡᠨᠢ — ᠰᠤᠮᠤ ᠳᠠᠷᠢ᠎ᠶ᠋ᠢᠨ ᠬᠥᠮᠥᠷᠭᠡ ᠲᠤᠷᠭᠠᠨ ᠨᠡᠭᠡᠮᠡᠯ ᠤ᠋ᠨ ᠪᠢᠴᠢᠮᠠᠯ 《ᠲᠠᠪᠤᠨ ᠮᠠᠬᠠᠪᠣᠳ᠎ᠤᠨ ᠵᠠᠷᠯᠢᠭ》᠂ 《ᠳᠠᠭᠠᠷᠢᠨ ᠰᠠᠬᠢᠵᠤ ᠡᠵᠡᠯᠡᠭ᠌ᠰᠡᠨ ᠨᠢ》 ᠡᠴᠦᠰ᠎ᠲᠡᠬᠡᠨ ᠡᠬᠡ ᠨᠤᠲᠤᠭ᠎ᠲᠠᠭᠠᠨ ᠪᠤᠴᠠᠵᠤ᠂ ᠮᠠᠨ᠎ᠤ ᠤᠯᠤᠰ ᠭᠡᠭᠡᠭ᠌ᠳᠡᠭ᠌ᠰᠡᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠨᠡᠬᠡᠮᠵᠢᠯᠡᠨ ᠠᠪᠬᠤ ᠪᠠ ᠡᠭᠡᠭᠦᠯᠦᠨ ᠪᠤᠴᠠᠭᠠᠬᠤ ᠵᠠᠮ ᠳᠡᠭᠡᠷ᠎ᠡ ᠯᠠᠪᠳᠠᠭᠤᠨ ᠪᠠᠲᠤᠲᠠᠶ ᠨᠢᠭᠡ ᠠᠯᠬᠤᠮ ᠠᠯᠬᠤᠪᠠ᠃
ᠴᠢᠨᠠᠷ ᠢ᠋ ᠳᠡᠭᠡᠭ᠌ᠰᠢᠯᠡᠭᠦᠯᠦᠨ ᠬᠦᠴᠤᠨ ᠣᠯᠭᠣᠵᠤ᠂ ᠰᠣᠶᠣᠯ᠎ᠢᠶᠠᠷ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠱᠢᠨ᠎ᠡ ᠬᠥᠳᠡᠯᠭᠡᠬᠦ᠌ ᠡᠨᠧᠷᠭᠢ᠎ᠶ᠋ᠢ ᠬᠥᠭ᠌ᠵᠢᠭᠡᠪᠠ —
ᠰᠣᠶᠣᠯ᠎ᠢᠶᠠᠷ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠬᠦᠴᠦᠨ ᠨᠡᠮᠡᠷᠢᠯᠡᠬᠦ᠌ ᠪᠣᠯ ᠶᠡᠷᠦᠩᠬᠡᠢ ᠱᠦᠵᠢ ᠰᠢ ᠵᠢᠨ ᠫᠢᠩ᠎ᠦᠨ 2025 ᠣᠨ᠎ᠤ ᠪᠦᠬᠦ᠌ ᠤᠯᠤᠰ᠎ᠤᠨ ᠬᠣᠶᠠᠷ ᠬᠤᠷᠠᠯ᠎ᠤᠨ ᠬᠤᠭᠤᠴᠠᠭᠠᠨ᠎ᠳᠤ ᠳᠤᠷᠠᠳᠤᠭ᠍ᠰᠠᠨ ᠴᠢᠬᠤᠯᠠ ᠶᠡᠬᠡ ᠰᠡᠳᠦᠪ ᠪᠠᠢᠵᠤ᠂ ᠰᠣᠶᠣᠯ᠎ᠤᠨ ᠭᠦᠨ ᠳᠠᠪᠬᠤᠷᠭ᠎ᠠ᠎ᠶ᠋ᠢᠨ ᠬᠥᠳᠡᠯᠭᠡᠬᠦ᠌ ᠬᠦᠴᠦᠨ᠎ᠢ ᠢᠯᠡᠷᠡᠭᠦᠯᠪᠡ᠃
2025 ᠣᠨ᠎ᠳᠤ᠂ 《ᠨᠸ ᠵᠠ ᠱᠢᠳᠢᠲᠦ ᠬᠡᠦᠬᠡᠳ ᠲᠡᠯᠡᠶ᠎ᠶ᠋ᠢ ᠲᠦᠢᠪᠡᠭᠡᠭ᠌ᠰᠡᠨ ᠨᠢ》 ᠦᠵᠡᠭᠴᠢ ᠲᠦᠮᠡᠨ ᠲᠠᠢ ᠵᠤᠯᠭᠠᠪᠠ! ᠡᠨᠡ ᠬᠦ᠌ ᠳᠤᠮᠳᠠᠳᠤ ᠤᠯᠤᠰ᠎ᠤᠨ ᠡᠷᠲᠡᠨ᠎ᠦ ᠰᠣᠩᠭᠣᠳᠠᠭ ᠳᠣᠮᠣᠭ᠎ᠢᠶᠠᠷ ᠰᠡᠳᠦᠪᠯᠡᠭ᠌ᠰᠡᠨ ᠺᠢᠨᠣ᠋ ᠨᠢ 《ᠦᠵᠡᠭ᠌ᠴᠢᠳ᠎ᠲᠡᠶ ᠵᠣᠯᠭᠠᠮᠠᠭ᠍ᠴᠠ ᠬᠠᠯᠠᠮᠰᠢᠯ ᠪᠤᠯᠪᠠ》᠂ ᠳᠤᠮᠳᠠᠳᠤ ᠤᠯᠤᠰ᠎ᠤᠨ ᠺᠢᠨᠣ᠋᠎ᠶ᠋ᠢᠨ ᠲᠡᠦᠬᠡᠨ ᠳᠡᠭᠡᠷ᠎ᠡ ᠪᠢᠯᠧᠲ᠎ᠦᠨ ᠣᠷᠣᠯᠭ᠎ᠠ᠎ᠶ᠋ᠢᠨ ᠵᠢᠭ᠍ᠰᠠᠭᠠᠯᠲᠠ᠂ ᠪᠥᠬᠥ᠌ ᠪᠦᠮᠪᠦᠷᠴᠡᠭ ᠤ᠋ᠨ ᠺᠠᠷᠲ᠋ᠣᠨ ᠺᠢᠨᠣ᠋᠎ᠶ᠋ᠢᠨ ᠪᠢᠯᠧᠲ᠎ᠦᠨ ᠣᠷᠣᠯᠭ᠎ᠠ᠎ᠶ᠋ᠢᠨ ᠵᠢᠭ᠍ᠰᠠᠭᠠᠯᠲᠠ᠎ᠳᠤ ᠴᠦᠮ ᠲᠦᠷᠦᠬᠦᠯᠠᠵᠠᠢ᠃
《ᠨᠸ ᠵᠠ》 ᠬᠠᠯᠠᠮᠰᠢᠯ ᠪᠤᠯᠵᠤ᠂ ᠢᠳᠡᠭᠡᠨ ᠤᠮᠳᠠᠭᠠᠨᠤ᠋ ᠨᠡᠷ᠎ᠡ ᠬᠣᠯᠪᠣᠬᠰᠡᠨ ᠢᠵᠢ ᠦᠢᠯᠡᠴᠢᠯᠡᠭᠡ ᠵᠢᠨ ᠬᠠᠯᠠᠮᠰᠢᠯ ᠪᠤᠷᠤᠯᠠᠭᠤᠯᠭ᠎ᠠ᠂ ᠭᠠᠷ ᠦᠢᠯᠡᠳᠭᠡᠯ ᠵᠡᠷᠭᠡ ᠰᠣᠶᠣᠯ᠎ᠤᠨ ᠡᠭᠦᠳᠦᠯᠲᠡ᠎ᠶ᠋ᠢᠨ ᠪᠣᠷᠣᠯᠠᠭᠤᠯᠭ᠎ᠠ ᠵᠢ ᠲᠠᠢ᠌ᠴᠢᠯᠠᠵᠦ᠍᠂ 《ᠨᠸ ᠵᠠ ᠵᠢ ᠲᠠᠭᠠᠵᠦ᠍ ᠵᠢᠭᠤᠯᠴᠢᠯᠠᠬᠤ》 ᠨᠢ ᠱᠢᠨ᠎ᠡ ᠤᠷᠤᠰᠭᠠᠯ ᠪᠤᠯᠵᠦ᠍᠂ ᠭᠡᠷᠡᠭᠯᠡᠭᠡ ᠵᠢ ᠪᠦᠬᠦ ᠲᠠᠯ᠎ᠠ ᠪᠡᠷ ᠬᠦᠭᠵᠢᠭᠡᠪᠡ᠃
ᠠᠵᠤ ᠠᠬᠤᠶ᠎ᠶ᠋ᠢᠨ ᠦᠷ᠎ᠡ ᠠᠱᠢᠭ᠎ᠢ ᠳᠠᠢᠴᠢᠯᠠᠨ 《ᠰᠠᠯᠬᠢᠨ ᠬᠦᠷᠳᠦ》 ᠲᠡᠭᠡᠷ᠎ᠡ ᠲᠠᠪᠬᠢᠵᠦ ᠪᠠᠢᠭ᠎ᠠ ᠨᠢ ᠵᠦᠪᠬᠡᠨ 《ᠨᠧ ᠵᠠ》 ᠪᠠᠷ ᠵᠣᠭ᠍ᠰᠤᠨᠠ ᠤᠤ?
ᠰᠣᠶᠣᠯ᠎ᠤᠨ ᠪᠦᠲᠦᠭᠡᠯᠴᠢ ᠰᠡᠳᠭᠢᠮᠵᠢ ᠪᠡᠷ 《ᠤᠷᠤᠰᠴᠠ》 ᠶ᠋ᠢᠨ ᠨᠢᠭᠤᠴᠠ ᠵᠤᠷ ᠪᠤᠯᠵᠦ᠂ ᠬᠤᠶᠠᠷ ᠭᠡᠮᠵᠢᠯᠳᠦ ᠶᠢᠷᠳᠢᠨᠴᠦ ᠵᠢᠨ ᠬᠠᠮᠢᠶ᠎ᠠ ᠪᠦᠬᠦᠢ ᠲᠠᠸᠠᠷ᠎ᠤᠨ ᠵᠠᠬ᠎ᠠ ᠳᠡᠯᠭᠡᠭᠦᠷ ᠥᠷᠭᠡᠨ ᠠᠭᠤᠳᠠᠮ ᠪᠠᠢᠨ᠎ᠠ; ᠬᠠᠯᠠᠮᠰᠢᠯ ᠲᠤᠭᠯᠠᠯᠲᠠ ᠶ᠋ᠢᠨ ᠪᠢᠯᠧᠲ ᠲᠡᠷᠡ ᠲᠠᠷᠤᠢ᠎ᠳᠦ ᠬᠤᠳᠠᠯᠳᠤᠨ ᠲᠠᠭᠤᠰᠴᠤ᠂ ᠲᠣᠭ᠍ᠯᠠᠯᠲᠠ᠎ᠶ᠋ᠢᠨ ᠠᠵᠤ ᠠᠬᠤᠶ ᠨᠢ ᠶᠠᠪᠤᠭᠤᠯ GDP ᠪᠤᠯᠪᠠ; 《ᠪᠢᠯᠧᠲ᠎ᠦᠨ ᠠᠵᠤ ᠠᠬᠤᠶ》 ᠨᠢ 《ᠰᠣᠶᠣᠯ ᠵᠢᠡᠷ ᠤᠷᠤᠰᠴᠠ ᠵᠢ ᠲᠠᠢᠴᠢᠯᠠᠬᠤ + ᠬᠤᠳᠠᠯᠳᠤᠭᠠᠨ᠎ᠤ ᠪᠡᠯᠡᠨ ᠵᠣᠭᠣᠰ ᠪᠣᠯᠭᠠᠬᠤ》 ᠵᠠᠬᠪᠤᠷ᠎ᠢ ᠰᠦᠪᠡᠭ᠌ᠴᠢᠯᠡᠵᠦ᠍᠂ ᠬᠡᠷᠡᠭ᠌ᠯᠡᠭᠡᠨ᠎ᠦ ᠱᠢᠨ᠎ᠡ ᠳᠠᠯᠳᠠ ᠬᠦᠴᠦᠨ᠎ᠢ ᠬᠥᠭ᠌ᠵᠢᠭᠡᠪᠡ᠃
ᠨᠢᠭᠡ ᠵᠢᠯ᠎ᠦᠨ ᠲᠤᠷᠰᠢ᠂ ᠰᠣᠶᠣᠯ ᠨᠢ ᠬᠡᠷᠡᠭ᠌ᠯᠡᠭᠡ᠎ᠳᠦ ᠬᠦᠴᠦᠨ ᠨᠡᠮᠡᠷᠢᠯᠡᠭᠰᠡᠨ ᠪᠥᠭᠡᠳ ᠪᠠᠰᠠ ᠱᠢᠨ᠎ᠡ ᠠᠬᠤᠶ ᠪᠠᠢᠳᠠᠯ᠂ ᠱᠢᠨ᠎ᠡ ᠡᠵᠡᠩᠨᠡᠯᠲᠡ᠎ᠶ᠋ᠢᠨ ᠬᠡᠯᠪᠡᠷᠢ᠎ᠶ᠋ᠢ ᠲᠠᠰᠤᠷᠠᠯᠲᠠ ᠥᠬᠡᠶ ᠪᠠᠶᠠᠯᠢᠭ᠍ᠵᠢᠭᠤᠯᠵᠤ᠂ ᠡᠯ᠎ᠡ ᠠᠵᠤ ᠠᠬᠤᠶ᠎ᠶ᠋ᠢᠨ ᠬᠦᠷᠢᠶᠡᠨ᠎ᠳᠡᠬᠢ ᠠᠵᠢᠯ ᠲᠥᠷᠥᠯ᠎ᠤᠨ ᠠᠯᠤᠰᠯᠠᠨ ᠠᠭᠤᠰᠤᠯᠴᠠᠬᠤ᠎ᠶ᠋ᠢ ᠪᠡᠶᠡᠯᠡᠭᠦᠯᠪᠡ᠃
《ᠵᠢᠶᠠᠨᠭᠰᠤ ᠵᠢᠨ ᠬᠦᠯ ᠪᠦᠮᠪᠦᠭᠡ ᠵᠢᠨ ᠲᠡᠰ ᠡᠴᠡ ᠲᠠᠪᠠᠭᠰᠠᠨ ᠤᠷᠤᠯᠳᠤᠭᠠᠨ》 ᠠᠮᠵᠢᠯᠲᠠ᠎ᠲᠠᠶ᠎ᠪᠠᠷ ᠠᠯᠳᠠᠷ ᠨᠡᠷ᠎ᠡ ᠪᠠᠨ ᠮᠠᠨᠳᠤᠭᠤᠯᠵᠤ᠂ ᠪᠡᠶ᠎ᠡ᠎ᠶ᠋ᠢᠨ ᠲᠠᠮᠢᠷ᠎ᠤᠨ ᠥᠷᠢᠰᠥᠯᠳᠦᠭᠡᠨ᠎ᠦ ᠱᠢᠨᠵᠢ ᠴᠢᠨᠠᠷ᠂ ᠬᠤᠳᠠ᠎ᠶ᠋ᠢᠨ ᠰᠣᠶᠣᠯ ᠢᠷᠭᠡᠨᠱᠢᠯ᠎ᠦᠨ ᠱᠢᠨᠵᠢ ᠴᠢᠨᠠᠷ᠂ ᠰᠣᠶᠣᠯ ᠵᠢᠭᠤᠯᠴᠢᠯᠠᠯ᠎ᠤᠨ ᠠᠵᠤ ᠠᠬᠤᠢ᠎ᠶ᠋ᠢᠨ ᠱᠢᠨᠵᠢ ᠴᠢᠨᠠᠷ᠎ᠢ ᠭᠦᠨᠵᠡᠭᠡᠢ ᠠᠭᠤᠰᠤᠯᠴᠠᠭᠤᠯᠵᠤ᠂ ᠰᠣᠶᠣᠯ᠎ᠵᠢᠡᠷ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠬᠦᠴᠦᠨ ᠤᠯᠭᠤᠭᠰᠠᠨ ᠱᠢᠨ᠎ᠡ ᠵᠠᠮ ᠵᠢᠡᠷ ᠵᠠᠮᠨᠠᠵᠠᠢ᠃
《ᠲᠣᠰᠭᠣᠨ᠎ᠤ ᠬᠦᠯ ᠪᠦᠮᠪᠦᠭᠡ ᠵᠢᠨ ᠲᠡᠰ ᠡᠴᠡ ᠲᠠᠪᠠᠭᠰᠠᠨ ᠤᠷᠤᠯᠳᠤᠭᠠᠨ》᠂ 《ᠲᠣᠰᠭᠣᠨ᠎ᠤ ᠲᠡᠰ ᠡᠴᠡ ᠲᠠᠪᠠᠭᠰᠠᠨ ᠰᠠᠭᠰᠤᠨ ᠪᠦᠮᠪᠦᠭᠡ ᠵᠢᠨ ᠤᠷᠤᠯᠳᠤᠭᠠᠨ》 ᠦᠷᠭᠦᠯᠵᠢᠯᠡᠨ ᠬᠥᠭ᠌ᠵᠢᠶᠡᠨᠲᠡᠶ ᠶᠠᠪᠤᠭ᠍ᠳᠠᠵᠤ᠂ 《ᠰᠣᠶᠣᠯ + ᠬᠥᠳᠡᠭᠡ ᠲᠣᠰᠭᠣᠨ》 ᠨᠢ ᠲᠣᠰᠭᠣᠨ᠎ᠤ ᠠᠷᠠᠳ᠎ᠢ ᠳᠠᠢᠴᠢᠯᠠᠨ ᠤᠷᠤᠯᠭ᠎ᠠ ᠵᠢ ᠨᠡᠮᠡᠭᠳᠡᠭᠦᠯᠦᠨ ᠤᠶᠤᠨ ᠰᠠᠨᠠᠭ᠎ᠠ ᠵᠢ ᠨᠢ ᠪᠠᠶᠠᠯᠢᠭᠵᠢᠭᠤᠯᠪᠠ; ᠲᠣᠭᠠᠴᠢᠯᠠᠭ᠍ᠰᠠᠨ ᠦᠵᠡᠬᠦᠯᠭᠡ ᠵᠢᠨ ᠤᠳᠤᠷᠢᠳᠤᠭᠠᠴᠢ᠂ ᠰᠤᠳᠤᠯᠤᠨ ᠰᠤᠷᠤᠯᠴᠠᠬᠤ ᠵᠢᠭᠤᠯᠴᠢᠯᠠᠯ᠎ᠤᠨ ᠵᠢᠯᠣᠭᠣᠳᠣᠭ᠍ᠴᠢ ᠵᠡᠷᠭᠡ ᠠᠵᠢᠯ ᠮᠡᠷᠭᠡᠵᠢᠯ᠎ᠦᠨ ᠠᠵᠢᠯ ᠣᠯᠭᠣᠯᠲᠠ᠎ᠶ᠋ᠢᠨ ᠱᠢᠨ᠎ᠡ ᠣᠷᠣᠨ ᠵᠠᠶ᠎ᠶ᠋ᠢ ᠥᠷᠭᠡᠳᠭᠡᠪᠡ ᠁ ᠰᠣᠶᠣᠯ᠎ᠤᠨ 《ᠵᠥᠭᠡᠯᠡᠨ ᠪᠣᠳᠠᠲᠤ ᠬᠦᠴᠦᠨ》 ᠶᠠᠭ ᠠᠵᠤ ᠠᠬᠤᠶ ᠨᠡᠢᠭᠡᠮ᠎ᠦᠨ ᠬᠥᠭ᠌ᠵᠢᠯᠲᠡ᠎ᠶ᠋ᠢ ᠠᠬᠢᠭᠤᠯᠬᠤ 《ᠬᠠᠲᠠᠭᠤ ᠪᠣᠳᠠᠲᠤ ᠬᠦᠴᠦᠨ》 ᠪᠤᠯᠤᠨ ᠲᠠᠰᠤᠷᠠᠯᠲᠠ ᠥᠬᠡᠶ ᠬᠤᠪᠢᠷᠠᠵᠤ ᠪᠠᠢᠨ᠎ᠠ᠃
ᠥᠷᠭᠡᠨ᠎ᠢᠶᠡᠷ ᠣᠷᠣᠯᠴᠠᠵᠤ᠂ ᠤᠯᠠᠨ ᠲᠦᠮᠡᠨ᠎ᠤ ᠰᠣᠶᠣᠯ᠎ᠤᠨ ᠬᠠᠯᠠᠭᠤᠨ ᠰᠡᠳᠭᠢᠯᠭᠡ ᠡᠳᠦᠷ ᠢᠷᠡᠬᠦᠶ᠎ᠡ ᠣᠷᠭᠢᠯᠵᠤ ᠪᠠᠢᠨ᠎ᠠ —
8630 ᠲᠦᠮᠡ ᠰᠢᠬᠠᠮ ᠬᠥᠮᠦᠨ ᠤᠳᠠᠭ᠎ᠠ! 2025 ᠣᠨ᠎ᠤ ᠤᠯᠤᠰ᠎ᠤᠨ ᠪᠠᠶᠠᠷ ᠨᠠᠢ᠍ᠮᠠᠨ ᠰᠠᠷ᠎ᠠ᠎ᠶ᠋ᠢᠨ ᠲᠡᠷᠭᠡᠯ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ ᠪᠦᠬᠦ᠌ ᠤᠯᠤᠰ ᠲᠦ᠍ ᠮᠦᠽᠧᠢ ᠪᠡᠷ ᠲᠤᠭᠤᠷᠢᠨ ᠰᠤᠨᠢᠷᠬᠠᠬᠤ ᠬᠠᠯᠠᠭᠤᠨ ᠦᠷᠨᠢᠯᠲᠡ ᠭᠠᠷᠪᠠ᠃
ᠬᠠᠭᠠᠨ᠎ᠤ ᠣᠷᠳᠣᠨ᠎ᠤ ᠮᠦᠽᠧᠶ ᠪᠠᠢᠭᠤᠯᠤᠭ᠍ᠳᠠᠭ᠍ᠰᠠᠨ ᠵᠠᠭᠤᠨ ᠵᠢᠯ᠎ᠦᠨ ᠤᠢ᠎ᠶ᠋ᠢᠨ ᠲᠠᠱᠢᠷᠠᠮ᠎ᠢᠶᠠᠷ᠂ 《ᠵᠠᠭᠤᠨ ᠵᠢᠯ᠎ᠦᠨ ᠰᠠᠬᠢᠨ ᠪᠠᠷᠠᠯᠠᠯ — ᠪᠣᠷᠣ ᠬᠣᠲᠠ᠎ᠡᠴᠡ ᠬᠠᠭᠠᠨ᠎ᠤ ᠣᠷᠳᠣᠨ᠎ᠤ ᠮᠦᠽᠧᠶ ᠬᠦᠷᠲᠡᠯ᠎ᠡ》 ᠦᠵᠡᠭᠦᠯᠭᠡ ᠨᠢ ᠵᠢᠭᠤᠯᠴᠢᠯᠠᠭᠰᠠᠳ᠎ᠤᠨ ᠠᠩᠬᠠᠷᠤᠯ᠎ᠢ ᠲᠠᠲᠠᠪᠠ; ᠰᠢ ᠠᠨ᠎ᠤ ᠲᠠᠩ ᠤᠯᠤᠰ᠎ᠤᠨ ᠰᠥᠨᠢ᠎ᠶ᠋ᠢᠨ ᠦᠵᠡᠮᠵᠢ ᠵᠢᠨ ᠬᠣᠲᠠ᠎ᠳᠤ ᠵᠢᠭᠤᠯᠴᠢᠯᠠᠭᠰᠠᠳ 《ᠯᠢ ᠪᠠᠶ》 ᠶ᠋ᠢ ᠲᠤᠭᠯᠠᠭᠰᠠᠨ ᠲᠣᠭ᠍ᠯᠠᠭ᠍ᠴᠢ᠎ᠲᠠᠶ ᠶᠠᠷᠢᠯᠴᠠᠵᠤ᠂ ᠤᠯᠠᠮᠵᠢᠯᠠᠯᠲᠤ ᠰᠣᠶᠣᠯ᠎ᠤᠨ ᠷᠢᠳᠢ ᠱᠢᠳᠢ᠎ᠶ᠋ᠢ ᠣᠢᠯᠠᠭᠠᠨ᠎ᠠ; 《ᠳᠠᠭᠤ ᠦᠭᠡᠢ ᠢᠷᠠᠭᠤ ᠠᠯᠳᠠᠷ》᠂ 《ᠲᠦᠮᠡᠨ ᠪᠣᠳᠠᠰ ᠲᠦᠯᠵᠢᠨ ᠠᠮᠢᠯᠠᠨ᠎ᠠ》᠂ 《ᠲᠡᠤᠬᠡ ᠵᠢᠨ ᠲᠤᠷᠠᠰᠬᠠᠯᠳᠤ ᠵᠦᠢᠯᠡᠰ᠎ᠢ ᠬᠠᠢᠨ ᠬᠠᠮᠠᠭᠠᠯᠠᠭᠰᠠᠨ ᠨᠢ》 ᠵᠡᠷᠭᠡ ᠲᠧᠯᠸᠢᠰ ᠵᠦᠴᠦᠭᠡ᠎ᠶ᠋ᠢᠨ ᠬᠠᠯᠠᠮᠱᠢᠯ ᠪᠤᠯᠵᠤ᠂ ᠮᠠᠰᠢ ᠤᠯᠠᠨ ᠬᠦᠮᠦᠰ᠎ᠤᠨ ᠠᠨᠭᠬᠠᠷᠤᠯᠢ ᠲᠠᠳᠠᠪᠠ ᠁
ᠨᠢᠭᠡ ᠵᠢᠯ᠎ᠦᠨ ᠲᠤᠷᠰᠢ᠂ ᠠᠬᠤᠢ ᠪᠠᠢᠳᠠᠯ᠎ᠤᠨ ᠦᠵᠡᠭᠦᠯᠭᠡ᠎ᠡᠴᠡ ᠭᠦᠨ ᠰᠠᠭᠤᠭᠳᠠᠯᠳᠦ ᠮᠠᠶᠢᠭ᠎ᠤᠨ ᠪᠡᠶᠡᠴᠢᠯᠡᠨ ᠤᠢᠯᠠᠭᠠᠯᠲᠠ ᠬᠦᠷᠲᠡᠯ᠎ᠡ᠂ ᠴᠡᠭᠡᠨ ᠬᠥᠱᠢᠭᠡ᠎ᠶ᠋ᠢᠨ ᠪᠦᠲᠦᠭᠡᠯ᠎ᠡᠴᠡ ᠡᠳᠦᠷ ᠲᠤᠲᠤᠮ᠎ᠤᠨ ᠶᠠᠷᠢᠶᠠᠨ᠎ᠤ ᠰᠡᠳᠦᠪ ᠬᠦᠷᠲᠡᠯ᠎ᠡ᠂ ᠠᠷᠠᠳ ᠣᠯᠠᠨ᠎ᠤ ᠰᠣᠶᠣᠯ᠎ᠤᠨ ᠬᠠᠯᠠᠭᠤᠨ ᠰᠡᠳᠭᠢᠯᠭᠡ ᠤᠯᠠᠮ ᠣᠷᠭᠢᠯᠵᠤ ᠪᠠᠢᠨ᠎ᠠ᠃
ᠰᠣᠶᠣᠯ᠎ᠤᠨ ᠬᠠᠯᠠᠭᠤᠨ ᠰᠡᠳᠭᠢᠯᠭᠡ ᠲᠠᠰᠤᠷᠠᠯᠲᠠ ᠦᠭᠡᠢ ᠳᠡᠭᠡᠭ᠌ᠰᠢᠯᠡᠬᠦ᠌᠎ᠶ᠋ᠢ ᠳᠠᠭᠠᠯᠳᠤᠨ᠂ ᠠᠷᠠᠳ ᠤᠯᠠᠨ ᠶᠠᠭ ᠰᠣᠶᠣᠯ᠎ᠤᠨ ᠪᠠᠬᠠᠷᠬᠠᠭ᠍ᠴᠢ ᠪᠠᠢᠭ᠍ᠰᠠᠨ ᠡᠴᠡ᠎ᠪᠠᠨ ᠢᠳᠡᠪᠬᠢᠲᠡᠢ ᠣᠷᠣᠯᠴᠠᠭ᠍ᠴᠢ ᠪᠤᠯᠵᠤ ᠪᠠᠢᠨ᠎ᠠ᠃
ᠲᠠᠷᠢᠶᠠᠴᠢᠨ ᠱᠢᠯᠦᠭ᠌ᠴᠢᠳ ᠲᠠᠷᠢᠶᠠᠨ ᠭᠠᠵᠠᠷ ᠲᠠᠭᠠᠨ ᠠᠮᠢᠳᠤᠷᠠᠯ᠎ᠢᠶᠠᠨ ᠤᠶᠠᠩᠭᠠᠯᠠᠵᠤ᠂ ᠡᠩ᠎ᠦᠨ ᠤᠷᠤᠯᠴᠠᠭᠴᠢ ᠬᠡᠯᠡᠨ᠎ᠤ ᠤᠷᠠᠯᠢᠭ᠎ᠤᠨ ᠲᠠᠢᠰᠠᠨ᠎ᠠ ᠭᠠᠷᠴᠤ᠌᠂ ᠠᠳᠠᠯᠢ ᠪᠤᠰᠤ ᠨᠠᠰᠤ ᠵᠢᠯ᠂ ᠠᠵᠢᠯ ᠮᠡᠷᠭᠡᠵᠢᠯ᠂ ᠭᠠᠵᠠᠷ ᠣᠷᠣᠨ᠎ᠤ ᠬᠥᠮᠦᠰ ᠢᠨᠲ᠋ᠸᠷ ᠰᠦᠯᠵᠢᠶ᠎ᠡ᠎ᠶ᠋ᠢ ᠠᠱᠢᠭ᠍ᠯᠠᠨ ᠳᠠᠭᠤᠤ ᠪᠥᠵᠢᠭ᠂ ᠥᠭᠦᠯᠡᠯᠭᠡ᠂ ᠨᠠᠢᠷᠠᠭᠤᠯᠤᠯ᠎ᠢᠶᠠᠨ ᠬᠤᠪᠢᠶᠠᠯᠴᠠᠬᠤ ᠪᠤᠶᠤ ᠬᠠᠮᠤᠭ᠎ᠤᠨ ᠡᠭᠡᠯ ᠵᠢᠷ᠎ᠦᠨ ᠠᠮᠢᠳᠤᠷᠠᠯ᠎ᠢ ᠲᠤᠷᠠᠨᠳᠠᠭᠤᠷ᠎ᠢᠶᠠᠷ ᠲᠡᠮᠳᠡᠭ᠌ᠯᠡᠳᠡᠭ ᠪᠤᠯᠵᠠᠢ᠃
ᠣᠳᠣᠬᠠᠨ᠎ᠳᠤ᠂ ᠤᠳᠭ᠎ᠠ ᠤᠷᠠᠯᠢᠭ᠎ᠤᠨ ᠵᠣᠬᠢᠶᠠᠨ ᠪᠦᠲᠦᠭᠡᠯᠭᠡᠨᠡᠢᠭᠡᠮᠦᠨ ᠠᠮᠢᠳᠤᠷᠠᠯ᠎ᠤᠨ ᠥᠨᠴᠥᠭ ᠪᠤᠯᠤᠩ ᠪᠦᠷᠢᠳᠦ ᠬᠦᠷᠲᠡᠯ᠎ᠡ ᠦᠷᠭᠦᠯᠵᠢᠯᠡᠵᠦ᠍᠂ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠵᠢᠡᠷ ᠬᠦᠴᠦᠨ ᠣᠯᠭᠣᠵᠤ᠂ ᠮᠡᠳᠡᠯᠭᠡ ᠵᠢᠨ ᠰᠢᠮ᠎ᠡ ᠵᠢ ᠬᠦᠷᠳᠡᠭᠰᠡᠨ ᠴᠠᠭ ᠦᠶ᠎ᠡ ᠵᠢᠨ ᠤᠷᠢᠶᠠᠯᠠᠭ᠎ᠠ ᠵᠢ ᠳᠠᠭᠠᠭᠰᠠᠨ ᠲᠦᠭ ᠲᠦᠮᠡᠨ ᠡᠭᠡᠯ ᠵᠢᠷ᠎ᠦᠨ ᠬᠥᠮᠦᠨ᠂ ᠬᠠᠮᠤᠭ᠎ᠤᠨ ᠠᠮᠢᠳᠤᠯᠢᠭ ᠰᠠᠢᠬᠠᠨ ᠠᠮᠢᠳᠤᠷᠠᠯ᠎ᠤᠨ ᠥᠩᠭᠡᠷᠡᠭᠡᠯᠲᠡ᠂ ᠬᠠᠮᠤᠭ᠎ᠤᠨ ᠪᠠᠶᠠᠯᠢᠭ ᠠᠮᠢ ᠨᠠᠰᠤᠨ᠎ᠤ ᠬᠠᠢᠷ᠎ᠠ ᠰᠡᠳᠭᠢᠯᠭᠡ᠎ᠪᠡᠷ ᠱᠢᠨ᠎ᠡ ᠤᠯᠠᠨ ᠲᠦᠮᠡᠨᠴᠢ ᠤᠳᠭ᠎ᠠ ᠤᠷᠠᠯᠢᠭ᠎ᠤᠨ ᠬᠠᠮᠤᠭ᠎ᠤᠨ ᠰᠦᠷ ᠳᠠᠯᠠᠢᠴᠠᠲᠠᠢ ᠪᠦᠳᠦᠭᠡᠯᠴᠢ ᠬᠦᠴᠦᠨ᠎ᠢ ᠨᠢᠭ᠍ᠲᠠᠷᠠᠭᠤᠯᠪᠠ᠃
ᠳᠤᠮᠳᠠᠳᠤ ᠤᠯᠤᠰ᠎ᠤᠨ ᠦᠯᠢᠭᠡᠷ᠎ᠢ ᠰᠠᠢᠲᠤᠷ ᠶᠠᠷᠢᠵᠤ ᠡᠶ᠎ᠡ ᠨᠠᠢᠷᠠᠮᠳᠠᠭᠤᠬᠠᠮᠳᠤᠷᠠᠯᠴᠠᠭᠠᠨᠤ ᠲᠠᠭᠤᠨ᠎ᠢ ᠴᠤᠤᠷᠢᠶᠠᠳᠤᠭᠤᠯᠪᠠ
2025 ᠣᠨ᠎ᠤ 12 ᠰᠠᠷ᠎ᠠ᠎ᠶ᠋ᠢᠨ 5᠎ᠤ᠋ ᠡᠳᠦᠷ᠂ ᠴᠧᠩᠳᠦ᠋ ᠶ᠋ᠢᠨ ᠳ᠋ᠦ᠋ ᠵᠢᠶᠠᠩ ᠶᠠᠨ᠎ᠳᠤ᠂ ᠶᠡᠷᠦᠩᠬᠡᠶ ᠱᠦᠵᠢ ᠰᠢ ᠵᠢᠨ ᠫᠢᠩ ᠹᠷᠠᠨᠼᠢ᠎ᠶ᠋ᠢᠨ ᠶᠡᠷᠦᠩᠬᠡᠢᠯᠡᠭ᠌ᠴᠢ ᠮᠠᠢ᠌ᠺᠷᠤᠨ᠎ᠲᠠᠢ ᠨᠥᠬᠥᠷᠰᠡᠭ ᠶᠠᠷᠢᠯᠴᠠᠭ᠎ᠠ ᠬᠢᠪᠠ᠃ ᠢᠦᠢ ᠯᠧᠢ ᠠᠭᠤᠯᠠ ᠵᠢᠨ ᠬᠤᠷᠮᠤᠢ᠂ ᠮᠢᠨᠵᠢᠶᠠᠩ ᠮᠥᠷᠡᠨ᠎ᠦ ᠬᠥᠪᠡᠭᠡᠨ᠎ᠳᠦ᠂ 《ᠲᠡᠭᠡᠳᠦ ᠲᠡᠰ᠎ᠤᠨ ᠶᠠᠷᠢᠯᠴᠠᠭᠠᠨ》 ᠤ᠋ ᠳᠠᠭᠤᠷᠢᠰᠤᠮᠠ ᠦᠯᠢᠭᠡᠷ᠎ᠢ ᠳᠠᠬᠢᠨᠲᠠ ᠪᠢᠴᠢᠭᠯᠡᠪᠡ᠃
ᠶᠠᠷᠢᠯᠴᠠᠭᠠᠨ᠎ᠤ ᠳᠤᠮᠳᠠ᠂ ᠶᠡᠷᠦᠩᠬᠡᠶ ᠱᠦᠵᠢ ᠰᠢ ᠵᠢᠨ ᠫᠢᠩ ᠳ᠋ᠦ᠋ ᠵᠢᠶᠠᠩ ᠶᠠᠨ᠎ᠤ ᠲᠡᠦᠬᠡ ᠪᠠ ᠠᠴᠢ ᠬᠣᠯᠪᠣᠭ᠍ᠳᠠᠯ᠎ᠢ ᠲᠠᠨᠢᠯᠴᠠᠭᠤᠯᠵᠤ᠂ 《ᠳ᠋ᠦ᠋ ᠵᠢᠶᠠᠩ ᠶᠠᠨ᠎ᠳᠤ ᠢᠷᠡᠬᠦ᠌ ᠪᠦᠷᠢ ᠴᠥᠮ ᠤᠷᠢᠳᠤᠬᠢ ᠬᠥᠮᠦᠰ᠎ᠦᠨ ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠵᠤ᠂ ᠪᠠᠢᠳᠠᠯ᠎ᠢ᠎ᠲᠠᠭᠠᠨ ᠠᠵᠢᠯᠯᠠᠵᠤ᠂ ᠬᠥᠮᠦᠨ ᠪᠠᠢᠭᠠᠯᠢ ᠨᠢᠭᠡᠳᠦᠭ᠌ᠰᠡᠨ᠂ ᠤᠰᠤ᠎ᠶ᠋ᠢ ᠵᠠᠰᠠᠵᠤ ᠠᠷᠠᠳ ᠲᠦ᠍ ᠠᠰᠢᠭ ᠬᠦᠷᠳᠡᠭᠡᠭᠰᠡᠨ ᠠᠭᠤᠤ ᠶᠡᠬᠡ ᠦᠢᠯᠡ ᠠᠵᠢᠯᠯᠠᠭ᠎ᠠ᠎ᠵᠢ ᠣᠢᠯᠠᠭᠠᠨ ᠮᠡᠳᠡᠷᠡᠵᠦ᠂ ᠡᠭᠦᠨ᠎ᠦ ᠳᠤᠮᠳᠠ᠎ᠡᠴᠡ ᠲᠥᠷᠥ᠎ᠶ᠋ᠢ ᠵᠠᠰᠠᠵᠤ ᠵᠠᠰᠠᠭ᠎ᠢ ᠡᠷᠭᠢᠯᠡᠬᠦ᠌ ᠣᠶᠤᠨ ᠤᠬᠠᠭᠠᠨ᠎ᠢ ᠣᠯᠳᠠᠭ ᠶᠤᠮ》 ᠭᠡᠵᠦ᠍ ᠬᠡᠯᠡᠪᠡ᠃
《ᠳᠤᠮᠳᠠᠳᠤ ᠤᠯᠤᠰ᠎ᠤᠨ ᠠᠷᠠᠳ ᠲᠦᠮᠡᠨ᠎ᠦ ᠠᠵᠢᠯᠴᠢ ᠬᠥᠳᠡᠯᠮᠦᠷᠢᠴᠢ ᠤᠶᠤᠨ ᠤᠬᠠᠭᠠᠨ ᠨᠢ ᠬᠥᠮᠦᠰ᠎ᠢ ᠭᠠᠢᠬᠠᠰᠢ ᠠᠯᠳᠠᠭᠤᠯᠤᠨ᠎ᠠ᠃ ᠹᠷᠠᠨᠼᠢ ᠳᠤᠮᠳᠠᠳᠤ ᠬᠣᠶᠠᠷ ᠤᠯᠤᠰ ᠴᠥᠮ ᠥᠨᠢ ᠤᠳᠠᠭᠠᠨ ᠲᠡᠦᠬᠡ ᠰᠣᠶᠣᠯ᠎ᠲᠠᠶ᠂ ᠬᠣᠶᠠᠷ ᠤᠯᠤᠰ᠎ᠤᠨ ᠠᠷᠠᠳ ᠲᠦᠮᠡᠨ᠎ᠦ ᠰᠠᠢ᠌ᠨ ᠰᠠᠢᠬᠠᠨ ᠠᠮᠢᠳᠤᠷᠠᠯ᠎ᠤᠨ ᠲᠤᠬᠠᠢ ᠬᠥᠭᠡᠭᠡᠴᠡᠯᠳᠦᠯ ᠪᠣᠯ ᠠᠳᠠᠯᠢᠬᠠᠨ ᠶᠤᠮ》 ᠭᠡᠵᠦ ᠮᠠᠢᠺᠷᠤᠨ ᠭᠦᠨ ᠰᠠᠭᠤᠭ᠍ᠳᠠᠯ᠎ᠲᠠᠶ ᠬᠡᠯᠡᠪᠡ᠃
ᠤᠯᠤᠰ᠎ᠤᠨ ᠲᠡᠷᠢᠭᠦᠨ᠎ᠦ ᠭᠠᠳᠠᠭᠠᠳᠤ ᠬᠠᠷᠢᠯᠴᠠᠭ᠎ᠠ ᠨᠢ ᠳᠡᠯᠡᠭᠡᠢ ᠨᠡᠢᠭᠡᠮ᠎ᠳᠦ ᠢᠲᠡᠭᠡᠮᠵᠢᠲᠡᠢ᠂ ᠬᠠᠢᠷᠠᠯᠠᠯᠲᠠᠢ᠂ ᠬᠦᠨᠳᠦᠳᠭᠡᠭᠦᠱᠢᠲᠡᠢ ᠳᠤᠮᠳᠠᠳᠤ ᠤᠯᠤᠰ᠎ᠤᠨ ᠲᠦᠷᠢ ᠲᠥᠷᠬᠦ᠌᠎ᠶ᠋ᠢ ᠢᠯᠡᠷᠡᠭᠦᠯᠪᠡ᠃ ᠶᠡᠷᠦᠩᠬᠡᠢ ᠱᠦᠵᠢ ᠰᠢ ᠵᠢᠨ ᠫᠢᠩ᠎ᠦᠨ ᠲᠠᠭᠠᠭᠤᠯᠭ᠎ᠠ ᠳᠣᠣᠷ᠎ᠠ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠰᠣᠶᠣᠯ᠎ᠢᠶᠠᠷ ᠶᠣᠰᠣ᠎ᠶ᠋ᠢ ᠢᠯᠡᠳᠭᠡᠬᠦ᠌᠂ ᠰᠣᠶᠣᠯ᠎ᠢᠶᠠᠷ ᠲᠠᠭᠤᠨ᠎ᠢ ᠳᠠᠮᠵᠢᠭᠤᠯᠬᠤ᠂ ᠰᠣᠶᠣᠯ᠎ᠢᠶᠠᠷ ᠬᠥᠮᠦᠨ᠎ᠢ ᠤᠬᠠᠭᠠᠷᠠᠭᠤᠯᠬᠤ᠎ᠶ᠋ᠢ ᠪᠠᠷᠢᠮᠲᠠᠯᠠᠵᠤ᠂ ᠨᠡᠩ ᠠᠮᠢᠵᠢᠷᠠᠯ᠎ᠤᠨ ᠬᠦᠴᠦᠨ᠎ᠲᠡᠶ ᠪᠣᠯᠪᠠᠰᠤᠨ᠎ᠤ ᠠᠮᠵᠢᠯᠲᠠ᠎ᠪᠠᠷ ᠳᠡᠯᠡᠬᠡᠢ ᠳ᠋ᠠᠬᠢᠨ᠎ᠳᠤ ᠬᠤᠪᠢ ᠨᠡᠮᠡᠷᠢ ᠦᠵᠡᠭᠦᠯᠪᠡ᠃
ᠬᠥᠮᠦᠰ᠎ᠦᠨ ᠰᠡᠳᠭᠢᠯ᠎ᠢ ᠰᠡᠩᠬᠡᠷᠡᠭᠦᠯᠦᠭᠰᠡᠨ ᠳᠤᠮᠳᠠᠳᠤ ᠤᠯᠤᠰ᠎ᠤᠨ ᠣᠢᠯᠠᠭᠠᠭ᠍ᠳᠠᠬᠤᠨ ᠨᠢ ᠡᠯ᠎ᠡ ᠤᠯᠤᠰ᠎ᠤᠨ ᠭᠠᠷ ᠬᠣᠯᠪᠣᠯᠴᠠᠨ ᠥᠷᠢᠰᠥᠯᠳᠦᠭᠡᠨ᠎ᠢ ᠢᠯᠠᠨ ᠳᠠᠪᠠᠬᠤ᠎ᠳᠤ ᠦᠵᠡᠯ ᠰᠠᠨᠠᠭᠠᠨ᠎ᠤ ᠵᠢᠯᠤᠭᠤᠳᠤᠯᠭ᠎ᠠ ᠬᠠᠩᠭᠠᠪᠠ᠃
《ᠪᠢ ᠳᠤᠷᠠᠲᠠᠶ᠎ᠠ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠰᠠᠨᠠᠭᠠᠴᠢᠯᠠᠭ᠎ᠠ᠎ᠶ᠋ᠢ ᠳᠤᠷᠠᠳᠴᠤ᠌᠂ ᠡᠯ᠎ᠡ ᠤᠯᠤᠰ᠎ᠲᠠᠶ ᠬᠠᠮᠲᠤ᠎ᠪᠠᠷ᠂ ᠨᠡᠩ ᠲᠥᠪ ᠭᠣᠣᠯᠴᠢ ᠵᠦᠢ ᠵᠣᠬᠢᠰᠲᠠᠢ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠱᠢᠰᠲ᠋ᠧᠮ᠎ᠢ ᠪᠠᠢᠭᠤᠯᠬᠤ᠎ᠶ᠋ᠢ ᠠᠬᠢᠭᠤᠯᠵᠤ᠂ ᠭᠠᠷ ᠬᠣᠯᠪᠣᠯᠴᠠᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ ᠲᠡᠢᠰᠢ ᠤᠷᠤᠭ᠍ᠰᠢᠯᠠᠨ᠎ᠠ》᠃
2025 ᠣᠨ᠎ᠤ 9 ᠰᠠᠷ᠎ᠠ᠎ᠶ᠋ᠢᠨ 1᠎ᠤ᠋ ᠡᠳᠦᠷ᠂ ᠲᠢᠶᠠᠨᠵᠢᠨ᠎ᠳᠤ ᠶᠠᠪᠤᠭ᠍ᠳᠠᠭ᠍ᠰᠠᠨ 《ᠱᠠᠩᠬᠠᠢ᠎ᠶ᠋ᠢᠨ ᠬᠠᠮᠲᠤᠷᠠᠯᠴᠠᠭᠠᠨ᠎ᠤ ᠵᠣᠬᠢᠶᠠᠨ ᠪᠠᠢᠭᠤᠯᠤᠯᠲᠠ +》 ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠰᠠᠨᠠᠭᠠᠴᠢᠯᠠᠭ᠎ᠠ᠎ᠶ᠋ᠢ ᠲᠥᠪ ᠴᠢᠩᠭ᠎ᠠ᠎ᠪᠠᠷ ᠳᠤᠷᠠᠳᠴᠤ᠌᠂ ᠳᠡᠯᠡᠬᠡᠢ ᠨᠡᠢᠭᠡᠮ᠎ᠦᠨ ᠢᠳᠡᠪᠬᠢᠲᠡᠢ ᠬᠦᠷᠢᠶᠡᠯᠡᠯ᠎ᠢ ᠤᠯᠪᠠ᠃
ᠡᠭᠦᠨ᠎ᠢᠶᠡᠷ ᠠᠵᠠ ᠲᠣᠬᠢᠶᠠᠯ ᠪᠣᠯᠭᠠᠵᠤ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠪᠦᠬᠦ᠌ ᠪᠥᠮᠪᠥᠷᠴᠡᠭ᠎ᠦᠨ ᠬᠥᠭ᠌ᠵᠢᠯᠲᠡ᠎ᠶ᠋ᠢᠨ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠦᠨ ᠠᠮᠤᠷ ᠲᠦᠪᠱᠢᠨ᠎ᠦ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠦᠨ ᠪᠣᠯᠪᠠᠰᠤᠨ᠎ᠤ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠰᠠᠨᠠᠭᠠᠴᠢᠯᠠᠭ᠎ᠠ ᠵᠡᠷᠭᠡ ᠴᠢᠬᠤᠯᠠ ᠰᠠᠨᠠᠭᠠᠴᠢᠯᠠᠭ᠎ᠠ᠎ᠶ᠋ᠢ ᠢᠳᠡᠪᠬᠢᠲᠡᠢ ᠤᠬᠠᠭᠤᠯᠤᠨ ᠲᠠᠨᠢᠯᠴᠠᠭᠤᠯᠵᠤ᠂ ᠪᠦᠬᠦ᠌ ᠲᠠᠯ᠎ᠠ᠎ᠪᠠᠷ᠂ ᠤᠯᠠᠨ ᠬᠠᠷᠠᠭᠠᠰᠤ ᠡᠴᠡ ᠳᠡᠯᠡᠬᠡᠢ ᠳ᠋ᠠᠬᠢᠨ᠎ᠳᠤ 《ᠳᠤᠮᠳᠠᠳᠤ ᠤᠯᠤᠰ᠎ᠤᠨ ᠲᠤᠷᠱᠢᠯᠭ᠎ᠠ》 ᠵᠢ ᠳᠠᠮᠵᠢᠭᠤᠯᠵᠤ᠂ 《ᠳᠤᠮᠳᠠᠳᠤ ᠤᠯᠤᠰ᠎ᠤᠨ ᠲᠥᠰᠦᠯ》 ᠢ᠋ ᠬᠤᠪᠢᠶᠠᠯᠴᠠᠪᠠ᠃
ᠡᠶᠡᠯᠳᠡᠭ ᠬᠥᠷᠰᠢ᠂ ᠠᠮᠤᠭᠤᠯᠠᠨᠭᠳᠤ ᠬᠦᠷᠰᠢ᠂ ᠪᠠᠶᠠᠨ ᠬᠥᠷᠰᠢ᠂ ᠳᠣᠲᠣᠨᠣ ᠦᠨᠡᠨᠴᠢ ᠠᠱᠢᠭ᠍ᠲᠠᠢ ᠪᠠᠭ᠍ᠲᠠᠭᠠᠮᠵᠢᠲᠠᠢ᠂ ᠬᠤᠪᠢ ᠵᠠᠶᠠᠭ᠎ᠠ᠎ᠪᠠᠨ ᠬᠠᠮᠲᠤᠳᠭᠠᠬᠤ ᠣᠢᠯᠠᠭᠠᠭ᠍ᠳᠠᠬᠤᠨ᠎ᠤ ᠴᠢᠭ᠌ᠯᠡᠯᠲᠡ᠎ᠶ᠋ᠢ ᠲᠠᠢᠯᠪᠤᠷᠢᠯᠠᠬᠤ᠎ᠡᠴᠡ ᠠᠯᠳᠠᠨ ᠲᠣᠭᠣᠰᠭ᠎ᠠ ᠤᠯᠤᠰ᠎ᠤᠳ᠎ᠤᠨ ᠵᠣᠷᠢᠭ ᠰᠠᠨᠠᠭ᠎ᠠ᠂ 《ᠱᠠᠩᠬᠠᠢ᠎ᠶ᠋ᠢᠨ ᠵᠣᠷᠢᠭ ᠰᠠᠨᠠᠭ᠎ᠠ》᠂ 《ᠳᠤᠮᠳᠠᠳᠤ ᠤᠯᠤᠰ — ᠳᠤᠮᠳᠠ ᠠᠽᠢᠶ᠎ᠠ᠎ᠶ᠋ᠢᠨ ᠵᠣᠷᠢᠭ ᠰᠠᠨᠠᠭ᠎ᠠ》 ᠶ᠋ᠢ ᠪᠠᠳᠠᠷᠠᠭᠤᠯᠬᠤ ᠬᠦᠷᠲᠡᠯ᠎ᠡ᠂ ᠡᠳᠡᠭᠡᠷ ᠳᠤᠮᠳᠠᠳᠤ ᠤᠯᠤᠰ᠎ᠤᠨ ᠤᠶᠤᠨ ᠤᠬᠠᠭᠠᠨ᠎ᠢ ᠠᠭᠤᠯᠤᠭᠰᠠᠨ ᠣᠢᠯᠠᠭᠠᠭ᠍ᠳᠠᠬᠤᠨ ᠪᠣᠯᠤᠨ ᠬᠦᠰᠡᠯ ᠡᠷᠡᠮᠡᠯᠵᠡᠯ ᠨᠢ ᠵᠠᠭᠤᠴᠢᠯᠠᠭᠤᠷ᠎ᠤᠨ ᠲᠠᠪᠴᠠᠩ᠎ᠢᠶᠠᠷ ᠳᠠᠮᠵᠢᠨ ᠠᠭᠤᠯᠠ ᠤᠰᠤ᠎ᠶ᠋ᠢ ᠳᠠᠪᠠᠵᠤ᠂ ᠦᠢᠮᠡᠭᠡᠨ ᠳᠡᠪᠵᠢᠶᠡᠨ᠎ᠲᠡᠶ ᠳᠡᠯᠡᠬᠡᠢ ᠳ᠋ᠠᠬᠢᠨ᠎ᠳᠤ ᠢᠲᠡᠭᠡᠯ ᠵᠣᠷᠢᠭ ᠬᠦᠴᠦᠨ ᠴᠢᠳᠠᠯ ᠨᠡᠮᠡᠷᠢᠯᠡᠭ᠌ᠰᠡᠨ ᠪᠠᠢᠨ᠎ᠠ᠃
ᠳᠤᠮᠳᠠᠳᠤ ᠤᠯᠤᠰ᠎ᠤᠨ ᠣᠢᠯᠠᠭᠠᠭ᠍ᠳᠠᠬᠤᠨ᠎ᠢ ᠳᠠᠮᠵᠢᠭᠤᠯᠵᠦ᠂ ᠶᠣᠰᠣ ᠤᠴᠢᠷ᠎ᠢ ᠭᠦᠢᠴᠡᠳ ᠶᠠᠷᠢᠬᠤ ᠮᠥᠷᠲᠡᠭᠡᠨ ᠰᠡᠯᠡᠮ᠎ᠡ᠎ᠪᠡᠨ ᠵᠣᠷᠢᠭ᠍ᠲᠠᠢ ᠭᠠᠷᠭᠠᠵᠤ᠂ ᠲᠤᠭ ᠲᠡᠮᠳᠡᠭ ᠲᠣᠳᠣᠷᠬᠠᠢ᠎ᠪᠠᠷ ᠳᠤᠮᠳᠠᠳᠤ ᠤᠯᠤᠰ᠎ᠤᠨ ᠳᠠᠭᠤᠨ᠎ᠢ ᠴᠤᠤᠷᠢᠶᠠᠳᠤᠭᠤᠯᠬᠤ ᠬᠡᠷᠡᠭ᠌ᠲᠡᠢ᠃
ᠨᠢᠭᠡ ᠵᠢᠯ᠎ᠦᠨ ᠲᠤᠷᠰᠢ᠂ ᠠᠮᠧᠷᠢᠺᠠ ᠪᠠ ᠥᠷᠥᠨᠡᠳᠠᠬᠢᠨ᠎ᠤ ᠱᠢᠨᠵᠢᠶᠠᠩ᠎ᠲᠠᠶ ᠬᠣᠯᠪᠣᠭ᠍ᠳᠠᠭ᠍ᠰᠠᠨ᠂ ᠲᠥᠪᠡᠳ᠎ᠲᠡᠶ ᠬᠣᠯᠪᠣᠭ᠍ᠳᠠᠭ᠍ᠰᠠᠨ᠂ ᠱᠢᠶᠠᠩᠭᠠᠩ᠎ᠲᠠᠶ ᠬᠣᠯᠪᠣᠭ᠍ᠳᠠᠭ᠍ᠰᠠᠨ᠂ ᠠᠵᠤ ᠠᠬᠤᠢ ᠠᠷᠠᠯᠵᠢᠶ᠎ᠠ᠎ᠲᠠᠶ ᠬᠣᠯᠪᠣᠭ᠍ᠳᠠᠭ᠍ᠰᠠᠨ᠂ ᠬᠥᠮᠦᠨ᠎ᠦ ᠡᠷᠬᠡ᠎ᠲᠡᠶ ᠬᠣᠯᠪᠣᠭ᠍ᠳᠠᠭ᠍ᠰᠠᠨ ᠵᠡᠷᠭᠡ ᠬᠦᠷᠢᠶᠡᠨ᠎ᠳᠡᠬᠢ ᠳᠤᠮᠳᠠᠳᠤ ᠤᠯᠤᠰ᠎ᠢ ᠬᠦᠳᠭᠡᠭᠰᠡᠨ ᠲᠠᠭᠠᠷᠢᠯᠳᠡ᠎ᠶ᠋ᠢᠨ ᠲᠤᠬᠠᠢ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ 《ᠲᠠᠭᠠᠷᠢᠬᠤ》 ᠪᠠ 《ᠰᠠᠬᠢᠬᠤ》᠂ 《ᠲᠡᠮᠡᠴᠡᠬᠦ᠌》 ᠪᠠ 《ᠨᠠᠢᠷᠠᠮᠳᠠᠬᠤ》 ᠵᠢᠨ ᠬᠠᠷᠢᠴᠠᠭ᠎ᠠ᠎ᠶ᠋ᠢ ᠰᠠᠢᠲᠤᠷ ᠱᠢᠢᠳᠪᠦᠷᠢᠯᠡᠵᠦ᠂ ᠭᠠᠳᠠᠭᠠᠳᠤ᠎ᠳᠤ ᠦᠭᠡ ᠬᠡᠯᠡᠬᠦ᠌ ᠴᠢᠳᠠᠪᠤᠷᠢ ᠲᠦᠪᠱᠢᠨ᠎ᠢᠶᠡᠨ ᠲᠠᠰᠤᠷᠠᠯᠳᠠ ᠦᠭᠡᠢ ᠳᠡᠭᠡᠭ᠌ᠰᠢᠯᠡᠭᠦᠯᠪᠡ᠃
ᠢᠯᠠᠩᠭᠤᠶ᠎ᠠ ᠶᠠᠫᠣᠨ᠎ᠤ ᠲᠡᠷᠢᠭᠦᠨ ᠰᠠᠢᠳ ᠲᠠᠺᠠᠶᠢᠴᠢ ᠰᠠᠨᠠᠶᠧ ᠵᠢᠨ ᠲᠠᠢᠸᠠᠨ᠎ᠳᠤ ᠬᠣᠯᠪᠣᠭ᠍ᠳᠠᠭ᠍ᠰᠠᠨ ᠪᠤᠷᠤᠭᠤ ᠦᠭᠡ ᠶᠠᠷᠢᠶ᠎ᠠ᠎ᠳᠤ ᠴᠢᠭ᠌ᠯᠡᠭᠦᠯᠦᠨ᠂ ᠲᠡᠬᠦᠨ᠎ᠤ ᠲᠡᠦᠬᠡ ᠪᠠ ᠬᠠᠤᠯᠢ ᠶᠣᠰᠣᠨ᠎ᠤ ᠪᠣᠳᠠᠲᠤ ᠬᠡᠷᠡᠭ᠎ᠢ ᠦᠯᠦ᠍ ᠬᠠᠢᠬᠤᠷᠤᠨ ᠢᠯᠡ᠎ᠪᠡᠷ 《ᠲᠠᠢᠸᠠᠨ᠎ᠢ ᠲᠤᠰᠠᠭᠠᠷ ᠲᠣᠭ᠍ᠲᠠᠨᠢᠭᠤᠯᠬᠤ》 ᠬᠦᠴᠦᠨ᠎ᠢ ᠳᠠᠮᠵᠢᠨ ᠦᠳᠦᠭᠡᠭᠰᠡᠨ ᠬᠠᠷ᠎ᠠ ᠬᠣᠣᠷᠲᠠᠢ ᠠᠵᠢᠯᠯᠠᠭ᠎ᠠ᠎ᠶ᠋ᠢ ᠬᠦᠴᠦᠯᠡᠨ ᠱᠢᠭᠦᠮᠵᠢᠯᠡᠵᠦ᠍᠂ ᠳᠤᠮᠳᠠᠳᠤ ᠤᠯᠤᠰ᠎ᠤᠨ ᠠᠷᠠᠳ ᠲᠦᠮᠡᠨ᠎ᠦ ᠤᠯᠤᠰ᠎ᠤᠨ ᠡᠷᠬᠡ ᠮᠡᠳᠡᠯ ᠪᠠ ᠨᠤᠲᠤᠭ ᠳᠡᠪᠢᠰᠭᠡᠷ᠎ᠦᠨ ᠪᠦᠷᠢᠨ ᠪᠦᠲᠦᠨ ᠪᠠᠢᠬᠤ᠎ᠶ᠋ᠢ ᠬᠠᠮᠠᠭᠠᠯᠠᠬᠤ ᠡᠷᠡᠰ ᠵᠣᠷᠢᠭ᠎ᠢ ᠢᠳᠡᠪᠬᠢᠲᠡᠢ ᠳᠠᠮᠵᠢᠭᠤᠯᠤᠨ᠂ ᠳᠡᠯᠡᠬᠡᠢ ᠨᠡᠢᠭᠡᠮ᠎ᠤᠨ ᠮᠥᠨ ᠴᠢᠨᠠᠷ᠎ᠤᠨ ᠦᠨᠡᠨ ᠪᠠᠢᠳᠠᠯ᠎ᠢ ᠲᠣᠳᠣᠷᠬᠠᠢ ᠲᠠᠨᠢᠬᠤ᠎ᠶ᠋ᠢ ᠬᠦᠴᠦᠲᠡᠢ ᠬᠦᠲᠦᠯᠦᠨ ᠵᠢᠯᠣᠭᠣᠳᠪᠠ᠃
ᠳᠤᠮᠳᠠᠳᠤ ᠤᠯᠤᠰ᠎ᠤᠨ ᠲᠠᠭᠤᠨ ᠳᠡᠯᠡᠬᠡᠢ ᠳ᠋ᠠᠬᠢᠨ᠎ᠳᠤ ᠴᠤᠤᠷᠢᠶᠠᠲᠤᠵᠤ᠂ ᠳᠤᠮᠳᠠᠳᠤ᠎ᠶ᠋ᠢᠨ ᠰᠣᠶᠣᠯ ᠳᠡᠯᠡᠬᠡᠢ ᠳ᠋ᠠᠬᠢᠨ᠎ᠢ ᠭᠠᠢᠬᠠᠭᠤᠯᠪᠠ᠃
2025 ᠣᠨ᠎ᠳᠤ᠂ ᠯᠠᠪᠦ᠋ᠪᠦ᠋ — ᠵᠢᠵᠢᠭ ᠰᠤᠶᠤᠭ᠎ᠠ ᠲᠠᠢ᠂ ᠳᠡᠯᠳᠡᠭᠡᠷ ᠴᠢᠬᠢ ᠲᠠᠢ ᠳᠤᠮᠳᠠᠳᠤ ᠤᠯᠤᠰ᠎ᠤᠨ ᠬᠦᠬᠡᠷᠦᠬᠦᠨ ᠬᠡᠦᠬᠡᠯᠳᠡᠢ ᠪᠦᠬᠦ᠌ ᠳᠡᠯᠡᠬᠡᠢ᠎ᠳᠦ ᠠᠯᠳᠠᠷᠰᠢᠪᠠ᠃ ᠭᠠᠳᠠᠭᠠᠳᠤ᠎ᠶ᠋ᠢᠨ ᠵᠠᠭᠤᠴᠢᠯᠠᠭᠤᠷ᠂ ᠳᠤᠮᠳᠠᠳᠤ ᠤᠯᠤᠰ᠎ᠤᠨ ᠰᠣᠶᠣᠯ᠎ᠤᠨ 《ᠤᠶᠠᠨ ᠬᠠᠳᠠᠨ ᠬᠦᠴᠦᠨ》 ᠨᠢ ᠭᠠᠳᠠᠭᠠᠳᠤ᠎ᠶ᠋ᠢᠨ ᠬᠡᠷᠡᠭ᠌ᠯᠡᠭ᠌ᠴᠢᠳ᠎ᠦᠨ ᠪᠠᠬᠠᠷᠬᠠᠯ᠎ᠢ ᠣᠯᠵᠤ ᠪᠠᠢᠨ᠎ᠠ ᠭᠡᠵᠦ ᠦᠨᠡᠯᠡᠪᠡ᠃
ᠦᠵᠡᠭ᠌ᠳᠡᠯ᠎ᠦᠨ ᠲᠠᠰ᠎ᠤᠨ ᠰᠣᠶᠣᠯ᠎ᠤᠨ IP ᠵᠢᠨ ᠠᠮᠵᠢᠯᠲᠠ ᠣᠯᠤᠭ᠍ᠰᠠᠨ ᠨᠢ ᠮᠠᠨ᠎ᠤ ᠤᠯᠤᠰ᠎ᠤᠨ ᠰᠣᠶᠣᠯ᠎ᠤᠨ ᠭᠠᠳᠠᠭᠠᠳᠤ᠎ᠳᠠᠬᠢ ᠨᠥᠯᠥᠭᠡᠯᠡᠬᠦ᠌ ᠬᠦᠴᠦᠨ᠎ᠦ ᠲᠠᠰᠤᠷᠠᠯᠲᠠ ᠥᠬᠡᠶ ᠳᠡᠭᠡᠭ᠌ᠰᠢᠯᠡᠭ᠌ᠰᠡᠨᠢ ᠬᠠᠷᠠᠭᠤᠯᠵᠤ ᠪᠠᠢᠨ᠎ᠠ᠃
ᠲᠧᠯᠸᠢᠰ ᠵᠦᠴᠦᠭᠡ 《ᠽᠠᠩ ᠬᠠᠢ ᠵᠤᠸᠠᠨ》 ᠪᠦᠬᠦ᠌ ᠪᠥᠮᠪᠥᠷᠴᠡᠭ᠎ᠦᠨ ᠬᠠᠯᠠᠮᠱᠢᠯ ᠪᠤᠯᠵᠤ᠂ ᠰᠦᠯᠵᠢᠶᠡᠨ ᠤ᠋ ᠥᠭᠦᠯᠡᠯᠭᠡ 《ᠱᠠᠩ ᠶᠤᠸᠠᠨ ᠬᠤᠸᠠᠨ》 ᠤ᠋ ᠠᠨᠭ᠌ᠭ᠌ᠯᠢ ᠬᠡᠯᠡᠨ᠎ᠦ ᠬᠡᠪᠯᠡᠯ᠎ᠢ ᠭᠠᠳᠠᠭᠠᠳᠤ᠎ᠳᠤ ᠬᠡᠪᠯᠡᠨ ᠲᠠᠷᠬᠠᠭᠠᠵᠤ᠂ ᠪᠢᠴᠢᠯ ᠣᠬᠣᠷ ᠵᠦᠴᠦᠭᠡ᠎ᠶ᠋ᠢᠨ App ᠪᠦᠬᠦ᠌ ᠪᠥᠮᠪᠥᠷᠴᠡᠭ᠎ᠦᠨ ᠪᠠᠭᠤᠯᠭᠠᠨ ᠠᠪᠤᠬᠰᠠᠨ ᠬᠡᠮᠵᠢᠢ᠎ᠡ ᠦᠷᠭᠦᠯᠵᠢᠯᠡᠨ ᠨᠡᠮᠡᠭ᠌ᠳᠡᠪᠡ ᠁ ᠨᠢᠭᠡ ᠵᠢᠯ᠎ᠦᠨ ᠲᠤᠷᠰᠢ ᠂ ᠱᠢᠯᠢᠳᠡᠭ ᠤᠯᠠᠮᠵᠢᠯᠠᠯᠲᠤ ᠰᠣᠶᠣᠯ᠎ᠢ ᠨᠡᠩ ᠤᠯᠠᠨ ᠵᠠᠯᠭᠠᠮᠵᠢᠯᠠᠬᠤ᠎ᠶ᠋ᠢᠨ ᠬᠠᠮᠲᠤ ᠴᠠᠭ ᠦᠶ᠎ᠡ᠎ᠶ᠋ᠢᠨ ᠵᠣᠷᠢᠭ ᠰᠠᠨᠠᠭ᠎ᠠ᠎ᠶ᠋ᠢ ᠨᠡᠩ ᠤᠯᠠᠨ ᠪᠠᠳᠠᠷᠠᠭᠤᠯᠵᠤ᠂ ᠲᠤᠰ ᠤᠯᠤᠰ᠎ᠲᠠᠭᠠᠨ ᠰᠠᠭᠤᠷᠢᠯᠠᠭ᠍ᠰᠠᠨ ᠪᠥᠭᠡᠳ ᠳᠡᠯᠡᠬᠡᠢ᠎ᠳᠦ ᠬᠠᠨᠳᠤᠭ᠍ᠰᠠᠨ ᠤᠯᠠᠨ ᠶᠠᠩᠵᠤ᠎ᠶ᠋ᠢᠨ ᠰᠣᠶᠣᠯ ᠭᠠᠳᠠᠭᠠᠳᠤ᠎ᠳᠦ ᠲᠠᠷᠬᠠᠵᠤ᠂ ᠳᠡᠯᠡᠬᠡᠢ᠎ᠶ᠋ᠢᠨ ᠲᠠᠭᠠᠱᠢᠶᠠᠯ᠎ᠢ ᠣᠯᠤᠭ᠍ᠰᠠᠨ ᠪᠠᠢᠨ᠎ᠠ᠃
ᠭᠠᠷᠴᠤ᠌ ᠶᠠᠪᠤᠬᠤ ᠪᠦᠭᠡᠳ ᠪᠠᠰᠠ ᠤᠷᠤᠭᠤᠯᠵᠤ ᠠᠪᠴᠢᠷᠠᠨ᠎ᠠ᠃ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ ᠠᠨᠠᠪᠠᠳ ᠲᠠᠯᠠᠢ ᠵᠠᠭᠤᠨ ᠮᠥᠷᠡᠨ᠎ᠢ ᠪᠠᠭ᠍ᠲᠠᠭᠠᠬᠤ ᠭᠡᠬᠦᠳᠡᠭ ᠴᠡᠭᠡᠵᠢ᠎ᠪᠡᠷ ᠳᠡᠯᠡᠭᠡᠢ ᠳ᠋ᠠᠬᠢᠨ ᠯᠤᠭᠡ ᠵᠢᠨ ᠰᠠᠢᠨ ᠰᠠᠢᠬᠠᠨ ᠬᠠᠮᠳᠤᠷᠠᠯᠴᠠᠭ᠎ᠠ ᠵᠢ ᠬᠦᠦᠷᠨᠢᠨᠠ᠄
ᠪᠥᠬᠥ᠌ ᠪᠥᠮᠪᠥᠷᠴᠡᠭ᠎ᠦᠨ ᠡᠮᠡᠭ᠌ᠲᠡᠢᠴᠦᠳ᠎ᠦᠨ ᠲᠦᠷᠦᠭᠦᠴᠦᠳ᠎ᠦᠨ ᠬᠤᠷᠠᠯ ᠳᠡᠭᠡᠷ᠎ᠡ᠂ ᠳᠤᠮᠳᠠᠳᠤ ᠤᠯᠤᠰ᠎ᠤᠨ ᠨᠠᠷᠠᠲᠤ ᠠᠶ᠎ᠠ 《ᠮᠡᠯᠡᠷᠡᠭ ᠴᠡᠴᠡᠭ》᠂ ᠭᠠᠨᠠᠤᠯᠤᠰᠤᠨ ᠬᠥᠭ᠌ᠵᠢᠮ 《ᠡᠩᠬᠡ ᠲᠠᠢᠪᠤᠩ᠎ᠢ ᠬᠦᠰᠡᠨ ᠡᠷᠡᠮᠡᠯᠵᠡᠶᠡ》 ᠪᠣᠯᠤᠨ ᠠᠢᠰᠯᠠᠨᠳ᠋᠎ᠤᠨ ᠬᠥᠭ᠌ᠵᠢᠮ᠎ᠦᠨ ᠠᠶ᠎ᠠ 《ᠲᠠᠪᠤᠨ ᠰᠠᠷ᠎ᠠ᠎ᠶ᠋ᠢᠨ ᠣᠳᠣᠨ》 ᠨᠢ ᠬᠠᠩᠭᠢᠨᠠᠮ᠎ᠠ ᠴᠤᠤᠷᠢᠶᠠᠲᠤᠵᠤ᠂ ᠤᠷᠠᠯᠢᠭ᠎ᠤᠨ ᠭᠤᠤ᠎ᠠ ᠰᠠᠢᠬᠠᠨ᠂ ᠰᠣᠶᠣᠯ᠎ᠤᠨ ᠢᠷᠠᠭᠤ ᠡᠭᠡᠱᠢᠭ᠂ ᠨᠥᠬᠥᠷᠯᠡᠯ᠎ᠦᠨ ᠲᠠᠭᠤᠨ ᠪᠠ ᠬᠥᠪᠴᠢ ᠵᠢ ᠴᠢᠪᠬᠠᠳᠠᠨ᠎ᠠ;
2025 ᠣᠯᠠᠨ ᠤᠯᠤᠰ᠎ᠤᠨ ᠵᠠᠯᠠᠭᠤᠴᠤᠳ᠎ᠤᠨ ᠱᠢᠯᠦᠭ᠎ᠦᠨ ᠴᠤᠭ᠍ᠯᠠᠭᠠᠨ ᠳᠡᠭᠡᠷ᠎ᠡ᠂ ᠲᠠᠩ ᠤᠯᠤᠰ᠎ᠤᠨ ᠱᠢᠯᠦᠭ᠎ᠦᠨ ᠠᠢᠵᠠᠮ ᠴᠣᠬᠢᠯᠭ᠎ᠠ ᠨᠢ ᠠᠬᠤᠢᠴᠢ ᠦᠵᠡᠯ᠎ᠦᠨ ᠣᠷᠭᠢᠯᠤᠮ᠎ᠠ ᠰᠡᠳᠭᠢᠯᠭᠡ᠎ᠲᠡᠶ ᠠᠭᠤᠰᠤᠯᠴᠠᠵᠤ᠂ ᠳᠤᠮᠳᠠᠳᠤ ᠤᠯᠤᠰ᠎ᠤᠨ ᠱᠢᠯᠦᠭ᠌ᠴᠢᠨ ᠬᠢᠭᠡᠳ ᠯᠠᠲ᠋ᠢᠨ ᠠᠮᠧᠷᠢᠺᠠ᠎ᠶ᠋ᠢᠨ ᠱᠢᠯᠦᠭ᠌ᠴᠢᠨ ᠱᠢᠯᠦᠭ᠎ᠢᠶᠡᠷ ᠵᠠᠭᠤᠴᠢ ᠪᠣᠯᠭᠠᠨ᠂ ᠬᠥᠮᠦᠨ ᠲᠥᠷᠥᠯᠬᠢᠲᠡᠨ᠎ᠦ ᠪᠣᠯᠪᠠᠰᠤᠨ᠎ᠤ ᠬᠠᠮᠲᠤ᠎ᠶ᠋ᠢᠨ ᠬᠠᠢᠷ᠎ᠠ ᠰᠡᠳᠭᠢᠯᠭᠡ᠎ᠶ᠋ᠢ ᠤᠶᠠᠩᠭᠠᠯᠠᠵᠠᠢ;
ᠬᠣᠶᠠᠳᠤᠭᠠᠷ ᠬᠤᠭᠤᠴᠠᠭᠠᠨ᠎ᠤ ᠳᠡᠯᠡᠬᠡᠢ᠎ᠶ᠋ᠢᠨ ᠳᠤᠮᠳᠠᠳᠤ ᠤᠯᠤᠰ᠎ᠤᠨ ᠰᠤᠳᠤᠯᠤᠯ᠎ᠤᠨ ᠶᠡᠬᠡ ᠬᠤᠷᠠᠯ ᠳᠡᠭᠡᠷ᠎ᠡ᠂ 1591 ᠣᠨ᠎ᠳᠤ ᠺᠤᠯᠤᠠᠳᠤ ᠬᠡᠪᠯᠡᠭ᠌ᠳᠡᠭ᠌ᠰᠡᠨ 《ᠧᠦ᠋ᠺᠯᠢᠳ᠋ᠦᠨ ᠭᠧᠣᠮᠧᠲ᠋ᠷᠢ᠎ᠶ᠋ᠢᠨ ᠤᠬ ᠶᠤᠰᠤ》 ᠪᠣᠯᠤᠨ 1858 ᠣᠨ᠎ᠳᠤ ᠱᠠᠩᠬᠠᠢ᠎ᠳᠤ ᠬᠡᠪᠯᠡᠭ᠌ᠳᠡᠭ᠌ᠰᠡᠨ 《ᠭᠧᠣᠮᠧᠲ᠋ᠷᠢ᠎ᠶ᠋ᠢᠨ ᠤᠭ ᠳᠡᠪᠲᠡᠷ》 ᠢ᠋ ᠬᠠᠮᠲᠤ᠎ᠪᠠᠷ ᠳᠡᠯᠭᠡᠨ ᠦᠵᠡᠭᠦᠯᠵᠦ᠍᠂ ᠶᠠᠭ ᠯᠠ ᠦᠷᠦᠨᠡᠳᠠᠬᠢᠨ ᠲᠤᠷᠤᠨᠠᠳᠠᠬᠢᠨᠤ ᠲᠡᠦᠬᠡ᠎ᠶ᠋ᠢᠨ ᠥᠩᠭᠡᠷᠡᠯᠲᠡ᠎ᠶ᠋ᠢ ᠶᠠᠷᠢᠵᠤ ᠪᠠᠢᠭ᠎ᠠ ᠱᠢᠭ᠋ ᠪᠠᠢᠯ᠎ᠠ;
ᠪᠦᠬᠦ᠌ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ᠎ᠤᠳ᠎ᠤᠨ ᠣᠳᠣᠬᠢᠴᠢᠯᠠᠯᠲᠠ᠎ᠶ᠋ᠢᠨ ᠶᠠᠷᠢᠶᠠᠨ᠎ᠤ ᠲᠠᠪᠴᠠᠩ ᠳᠡᠭᠡᠷ᠎ᠡ᠂ 《ᠳᠡᠯᠡᠬᠡᠢ ᠳ᠋ᠠᠬᠢᠨ᠎ᠢᠶᠠᠷ᠎ᠢᠶᠠᠨ ᠨᠢᠭᠡᠳᠦᠯᠲᠡᠢ ᠪᠠᠢᠬᠤ》 ᠬᠦᠰᠡᠯᠡᠩ ᠪᠣᠯᠤᠨ 《ᠦᠪᠠᠨᠲ᠋ᠤ᠋ ᠵᠢᠨ ᠵᠣᠷᠢᠭ ᠰᠠᠨᠠᠭ᠎ᠠ》 ᠰᠣᠯᠪᠢᠴᠠᠨ ᠭᠡᠷᠡᠯᠲᠦᠵᠦ᠍᠂ ᠰᠠᠢ᠌ᠨ ᠰᠠᠢᠬᠠᠨ ᠳᠡᠯᠡᠬᠡᠢ ᠶᠢᠷᠲᠢᠨᠴᠦ᠍᠎ᠶ᠋ᠢ ᠪᠦᠳᠦᠭᠡᠨ ᠪᠠᠢᠭᠤᠯᠬᠤ ᠬᠦᠰᠡᠯ ᠡᠷᠡᠮᠡᠯᠵᠡᠯ ᠪᠣᠯᠤᠨ ᠬᠥᠭᠡᠭᠡᠴᠡᠯᠳᠦᠯ᠎ᠢ ᠬᠠᠮᠲᠤ᠎ᠪᠠᠷ ᠵᠢᠷᠤᠭ᠍ᠯᠠᠪᠠ;
᠁᠁
ᠬᠠᠷᠢᠯᠴᠠᠨ ᠰᠣᠯᠢᠯᠴᠠᠵᠤ ᠬᠠᠷᠢᠯᠴᠠᠨ ᠲᠤᠯᠢ ᠪᠣᠯᠭᠠᠵᠤ᠂ ᠤᠯᠠᠨ᠎ᠤ ᠰᠠᠢ᠌ᠨ᠎ᠲᠠᠶ ᠲᠠᠯ᠎ᠠ᠎ᠶ᠋ᠢ ᠥᠷᠭᠡᠨ᠎ᠢᠶᠡᠷ ᠱᠢᠩᠭᠡᠭᠡᠨ ᠠᠪᠴᠤ᠌᠂ 2025 ᠣᠨ᠎ᠳᠤ᠂ ᠠᠳᠠᠯᠢ ᠪᠤᠰᠤ ᠰᠣᠶᠣᠯ᠎ᠤᠨ ᠳᠤᠷᠠᠰᠤᠮᠵᠢ ᠂ ᠠᠳᠠᠯᠢ ᠪᠤᠰᠤ ᠪᠣᠯᠪᠠᠰᠤᠨ᠎ᠤ ᠵᠢᠷᠤᠭ ᠳᠦᠷᠰᠦ ᠳᠤᠮᠳᠠᠳᠤ᠎ᠶ᠋ᠢᠨ ᠡᠬᠡ ᠭᠠᠵᠠᠷ ᠳᠡᠭᠡᠷ᠎ᠡ ᠴᠤᠭ᠍ᠯᠠᠷᠠᠵᠤ᠂ ᠭᠡᠷᠡᠯ ᠰᠠᠴᠤᠷᠠᠩᠭᠤᠢ ᠬᠠᠭᠤᠳᠠᠰᠤ᠎ᠶ᠋ᠢ ᠪᠢᠴᠢᠭ᠌ᠯᠡᠪᠡ᠃
ᠠᠶᠠᠨ ᠵᠠᠮ᠎ᠳᠠᠭᠠᠨ ᠠᠯᠤᠰ᠎ᠤᠨ ᠳᠠᠪᠠᠯᠭᠠᠨ᠎ᠢ ᠰᠦᠷᠴᠦ᠂ ᠳᠠᠷᠪᠠᠭᠤᠯ ᠬᠡᠢᠰᠭᠡᠨ ᠡᠷᠡᠮᠡᠬᠡᠢᠯᠡᠨ ᠤᠷᠤᠭ᠍ᠰᠢᠯᠠᠨ᠎ᠠ᠃
2026 ᠣᠨ᠎ᠤ ᠬᠥᠱᠢᠭᠡ ᠠᠯᠭᠤᠷᠬᠠᠨ ᠰᠡᠬᠦᠭ᠌ᠳᠡᠵᠦ᠍᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠡᠬᠢᠯᠡᠯᠲᠡ᠎ᠶ᠋ᠢᠨ ᠳᠠᠭᠠᠤ᠂ ᠰᠦᠷ ᠳᠠᠯᠠᠢᠴᠠᠲᠠᠢ ᠴᠠᠭ ᠦᠶ᠎ᠡ᠎ᠶ᠋ᠢᠨ ᠵᠢᠷᠤᠭ᠎ᠤᠨ ᠬᠠᠭᠤᠳᠠᠰᠤ ᠪᠢᠳᠡᠨ᠎ᠦ ᠵᠢᠷᠤᠵᠤ ᠲᠦᠯᠦᠪᠯᠡᠬᠦ ᠵᠢ ᠬᠦᠰᠡᠨ ᠬᠦᠯᠢᠶᠡᠵᠦ ᠪᠤᠢ᠃
ᠢᠷᠡᠭᠡᠳᠦᠢ᠎ᠳᠦ ᠬᠠᠨᠳᠤᠵᠤ᠂ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠤᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭᠠᠨ᠎ᠤ ᠱᠢᠨᠵᠢᠯᠡᠬᠦ᠌ ᠤᠬᠠᠭᠠᠨᠴᠢ ᠵᠢᠯᠤᠭᠤᠳᠤᠯᠭ᠎ᠠ ᠳᠣᠣᠷ᠎ᠠ᠂ ᠪᠦᠬᠦ᠌ ᠦᠨᠳᠦᠰᠦᠲᠡᠨ᠎ᠦ ᠰᠣᠶᠣᠯ᠎ᠤᠨ ᠱᠢᠨ᠎ᠡ᠎ᠶ᠋ᠢ ᠡᠭᠦᠳᠬᠦ᠌ ᠡᠭᠦᠳᠦᠨ ᠪᠦᠲᠦᠭᠡᠬᠦ᠌ ᠠᠮᠢᠵᠢᠷᠠᠯ᠎ᠤᠨ ᠬᠦᠴᠦᠨ᠎ᠢ ᠬᠥᠭ᠌ᠵᠢᠭᠡᠬᠦ᠌ ᠴᠢᠬᠤᠯᠠ ᠶᠡᠬᠡ ᠡᠭᠦᠷᠭᠡ᠎ᠶ᠋ᠢ ᠡᠭᠦᠷᠭᠡᠯᠡᠵᠦ᠍᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠬᠢᠨ ᠪᠣᠳᠠᠲᠠᠢ ᠠᠵᠢᠯᠯᠠᠵᠤ ᠬᠠᠷᠢᠭᠤᠴᠠᠯᠭ᠎ᠠ ᠡᠭᠦᠷᠭᠡᠯᠡᠵᠦ᠍᠂ ᠵᠤᠷᠢᠭᠳᠠᠢ ᠤᠷᠤᠭᠰᠢᠯᠠᠵᠤ᠂ ᠨᠡᠩ ᠴᠤᠭ ᠪᠠᠳᠠᠷᠠᠩᠭᠤᠢ ᠳᠦᠷᠰᠦ ᠪᠠᠢᠳᠠᠯ᠎ᠢᠶᠠᠷ ᠱᠢᠨ᠎ᠡ ᠠᠶᠠᠨ᠎ᠳᠠᠭᠠᠨ ᠮᠣᠷᠳᠠᠨ᠎ᠠ᠃
(ᠰᠤᠷᠪᠤᠯᠵᠢᠯᠠᠭ᠍ᠴᠢ ᠸᠠᠩ ᠽᠢ ᠮᠢᠩ ᠸᠠᠩ ᠰᠧ ᠪᠸᠢ ᠱᠢᠩ ᠲᠦᠸᠸ ᠶᠠᠩ ᠵᠠᠨ ᠹᠸᠢ)
(ᠱᠢᠨᠬᠤᠸᠠ ᠬᠤᠷᠢᠶ᠎ᠠ ᠵᠢᠨ ᠪᠡᠭᠡᠵᠢᠩ᠎ᠦᠨ 1 ᠰᠠᠷ᠎ᠠ᠎ᠶ᠋ᠢᠨ 4 ᠤ᠋ ᠴᠠᠬᠢᠯᠭᠠᠨ ᠮᠡᠳᠡᠭᠡ)