ᠮᠣᠷᠢ ᠭᠡᠵᠦ ᠬᠡᠯᠡᠬᠦ ᠳ᠋ᠦ ᠮᠠᠭᠠᠳ ᠪᠢᠳᠡᠨᠤ 《ᠰᠠᠢᠨ ᠲᠠᠨᠢᠯ》 ᠪᠠᠢᠵᠦ᠍ ᠲᠠᠭᠠᠷᠠᠨᠠ᠃ ᠬᠡᠦᠬᠡᠳ ᠨᠠᠰᠣᠨᠤ ᠲᠣᠮᠣᠬᠤᠨ ᠴᠡᠩᠭᠡᠷ ᠵᠡᠬᠦᠲᠦᠨ ᠳ᠋ᠦ ᠠᠯᠲᠠᠨ ᠣᠨᠠᠭᠠ ᠦᠣᠷᠰᠡᠵᠦ᠂ ᠠᠷᠠᠨᠵᠠᠯ ᠵᠡᠭᠡᠷᠲᠡ ᠢᠨᠴᠠᠭᠠᠲᠠᠬ᠃ ᠬᠣᠯᠠᠶᠢᠨ ᠵᠠᠮᠢ ᠲᠣᠪᠴᠢᠯᠠᠵᠦ᠂ ᠬᠦᠰᠡᠵᠦ ᠵᠣᠷᠢᠬᠰᠠᠨ ᠭᠠᠵᠠᠷ ᠲᠠᠭᠠᠨ ᠪᠢᠳᠡ ᠬᠦᠯᠦᠭᠤᠨ ᠬᠣᠷᠲᠣ ᠪᠡᠷ ᠲᠠᠪᠬᠢᠭᠣᠯᠵᠦ ᠬᠦᠷᠲᠡᠭ᠃ ᠬᠣᠭᠣᠷ ᠴᠣᠭᠣᠷᠤᠨ ᠡᠭᠡᠰᠢᠭ ᠲᠦ᠍ ᠠᠮᠢᠯᠠᠬᠰᠠᠨ 《ᠲᠦᠮᠡᠨ ᠠᠬᠲᠠᠶᠢᠨ ᠲᠦᠪᠡᠷᠬᠡᠨ》 ᠲᠠᠯᠠ ᠨᠣᠲᠣᠬ ᠡᠴᠡ ᠲᠡᠯᠡᠬᠡᠢᠶᠢᠨ ᠰᠣᠨᠣᠷ ᠲᠦ᠍ ᠬᠦᠷᠲᠡᠯᠡ ᠬᠠᠩᠬᠢᠨᠠᠵᠦ ᠲᠠᠶᠠᠭᠠᠷ ᠣᠯᠠᠨᠢ ᠱᠠᠬᠰᠢᠭᠣᠯᠣᠬᠰᠠᠨ᠃ ᠲᠡᠷᠡᠴᠢᠯᠡᠨ ᠲᠠᠰᠪᠣᠷᠢ ᠬᠠᠲᠠᠭᠣᠵᠢᠯᠲᠠᠢ᠂ ᠴᠣᠴᠠᠯᠲᠠ ᠦᠭᠡᠢ ᠲᠠᠮᠡᠤᠯᠬᠦ᠂ ᠵᠣᠷᠢᠬᠰᠠᠨ ᠳ᠋ᠠᠭᠠᠨ ᠵᠠᠪᠠᠯ ᠬᠦᠷᠬᠦ ᠮᠣᠩᠭᠣᠯ ᠮᠣᠷᠢᠨᠤ ᠵᠣᠷᠢᠬ ᠰᠠᠨᠠᠭᠠ ᠨᠢ ᠦᠨᠦᠲᠦᠷ ᠨᠢᠭᠡᠨᠲᠡ ᠦᠪᠦᠷ ᠮᠣᠩᠭᠣᠯ ᠣᠷᠣᠨᠤ ᠠᠵᠢᠯ ᠦᠢᠯᠡᠰᠤᠨ ᠬᠢᠨᠤ ᠡᠷᠡᠮᠡᠬᠡᠢ ᠵᠣᠷᠢᠬ ᠰᠢᠭᠣᠳᠤᠮᠠᠭᠠᠢ ᠠᠷᠠᠨᠰᠢᠨᠤ ᠲᠦᠯᠦᠭᠡᠨᠤ ᠨᠡᠷᠡ ᠪᠣᠯᠵᠦ᠂ ᠣᠯᠣᠰ ᠲᠦᠮᠡᠨᠤ ᠰᠡᠳᠬᠢᠯ ᠳ᠋ᠦ ᠬᠠᠲᠠᠩᠰᠢᠵᠦ᠂ ᠣᠶᠣᠨ ᠰᠠᠨᠠᠭᠠᠨᠤ ᠬᠡᠢᠮᠦᠷᠢ ᠴᠣᠬ ᠰᠦᠯᠲᠡ ᠪᠣᠯᠣᠬᠰᠠᠨ ᠪᠢᠯᠡ᠃
ᠬᠣᠯᠠᠶᠢ ᠣᠢᠷᠠᠲᠣᠭᠣᠯᠬᠣ ᠠᠵᠢᠨᠠᠢ ᠬᠦᠯᠦᠭ᠂ ᠡᠨᠡ ᠪᠣᠯ ᠦᠩᠭᠡᠷᠡᠭ᠌ᠰᠡᠨᠤ ᠲᠠᠨᠢᠯᠲᠠ᠃ ᠬᠦᠰᠡᠯ ᠢᠲᠡᠭᠡᠯᠤᠨ ᠠᠵᠠ ᠬᠡᠢᠮᠦᠷᠢ᠂ ᠡᠨᠡ ᠪᠣᠯ ᠦᠵᠡᠯ ᠰᠠᠨᠠᠭᠠᠨᠤ ᠲᠠᠪᠠᠯᠲᠠ᠃ ᠣᠲᠣᠬᠢᠴᠢᠯᠠᠯᠲᠠ ᠰᠢᠨᠠᠴᠢᠯᠡᠯᠲᠡ ᠢᠲᠡ ᠬᠦᠭ ᠲᠠᠢ ᠦᠷᠨᠢᠵᠦ ᠪᠠᠢᠭᠠ ᠦᠨᠦᠲᠦᠷ᠂ ᠭᠠᠵᠠᠷ ᠣᠷᠣᠨᠤ ᠪᠣᠲᠠᠲᠦ ᠪᠠᠢᠲᠠᠯ ᠳ᠋ᠠᠭᠠᠨ ᠲᠣᠬᠢᠷᠠᠭᠣᠯᠣᠨ ᠠᠮᠢ ᠠᠬᠤᠢ ᠵᠢᠨ ᠦᠷᠡ ᠠᠰᠢᠬ ᠪᠠ ᠠᠵᠦ ᠠᠬᠤᠢ ᠵᠢᠨ ᠦᠷᠡ ᠠᠰᠢᠬᠢ ᠣᠷᠭᠠᠨᠢᠬ ᠶ᠋ᠢᠡᠷ ᠨᠢᠭᠡᠳᠭᠡᠵᠦ᠂ ᠮᠣᠷᠢ ᠭᠡᠮᠡᠬᠦ ᠮᠣᠯᠣᠷ ᠡᠷᠳᠡᠨᠢᠶᠢ ᠮᠡᠳᠡᠯᠭᠡ ᠭᠡᠬᠦ ᠲᠦᠯᠬᠢᠬᠦᠷ ᠶ᠋ᠢᠡᠷ ᠨᠡᠭᠡᠭᠡᠨ ᠠᠰᠢᠬᠯᠠᠵᠦ᠂ ᠬᠡᠷᠡᠭᠴᠡᠭᠡ ᠦᠢᠯᠡᠲᠦᠯᠢ ᠨᠢ ᠢᠯᠡᠷᠡᠬᠦᠯᠵᠦ᠂ ᠮᠠᠯᠴᠢᠳᠤᠨ ᠣᠷᠣᠯᠭᠠ ᠵᠢ ᠨᠡᠮᠡᠭᠲᠡᠬᠦᠯᠬᠦ ᠠᠷᠭᠠ ᠵᠠᠮᠢ ᠦᠷᠭᠡᠳᠭᠡᠬᠦ ᠪᠣᠯ ᠪᠦᠲᠦᠮᠵᠢᠲᠡᠢ ᠮᠦᠷᠲᠡᠭᠡᠨ ᠠᠰᠢᠬᠲᠠᠢ ᠲᠣᠷᠰᠢᠴᠠ ᠪᠣᠯᠬᠣ ᠶᠣᠮ᠃ ᠦᠪᠦᠷ ᠮᠣᠩᠭᠣᠯᠤᠨ ᠶᠣᠸᠠᠨ ᠮᠠ ᠲᠠᠷᠢᠶᠠᠯᠠᠩ ᠮᠠᠯ ᠠᠵᠦ ᠠᠬᠣᠢᠶᠢᠨ ᠰᠢᠨᠵᠢᠯᠡᠬᠦ ᠣᠬᠠᠭᠠᠨ ᠲᠸᠭᠨᠢᠭ ᠮᠡᠷᠭᠡᠵᠢᠯᠤᠨ ᠬᠢᠵᠠᠭᠠᠷᠲᠣ ᠺᠣᠮᠫᠠᠨᠢ ᠬᠡᠭᠡᠯ ᠲᠠᠢ ᠭᠡᠬᠦᠦᠶᠢᠨ ᠰᠢᠭᠡᠰᠦᠨ ᠡᠴᠡ ᠨᠡᠢᠯᠡᠮᠡᠯ ᠡᠮᠡ ᠬᠣᠷᠮᠣᠨ ᠵᠡᠷᠭᠡ ᠦᠨᠳᠦᠷ ᠨᠡᠮᠡᠯᠲᠡ ᠦᠷᠲᠡᠭ ᠪᠦᠬᠦᠢ ᠠᠮᠢᠲᠣ ᠪᠣᠲᠠᠰᠤᠨ ᠪᠦᠷᠢᠯᠲᠦᠬᠦᠨᠢ ᠰᠢᠷᠭᠠᠭᠠᠨ ᠠᠪᠴᠣ᠂ ᠬᠦᠭᠰᠢᠷᠡᠯᠤᠨ ᠨᠡᠢᠯᠡᠭ ᠭᠡᠮ᠂ ᠵᠢᠷᠦᠬᠡᠨ ᠲᠢᠲᠢᠮᠤᠨ ᠡᠪᠡᠳᠴᠢᠨᠢ ᠵᠠᠰᠠᠬᠣ ᠵᠡᠷᠭᠡ ᠡᠮ ᠡᠮᠨᠡᠯᠭᠡ᠂ ᠡᠷᠡᠬᠦᠯᠵᠢᠯ ᠰᠣᠪᠢᠯᠠᠯᠲᠠᠶᠢᠨ ᠬᠦᠷᠢᠶᠡᠨ ᠳ᠋ᠦ ᠬᠡᠷᠡᠭᠯᠡᠬᠦ ᠪᠣᠯᠵᠠᠢ᠃ ᠢᠩᠬᠢᠭᠡᠳ ᠰᠢᠯᠢᠶᠢᠨ ᠭᠣᠣᠯ ᠠᠢᠮᠠᠬᠤᠨ 13 ᠮᠡᠯᠵᠢᠬᠤ ᠡᠷᠦᠬᠡ ᠬᠡᠭᠡᠯ ᠲᠠᠢ ᠭᠡᠬᠦᠦᠶᠢᠨ ᠰᠢᠭᠡᠰᠦᠶᠢ ᠪᠣᠷᠣᠯᠠᠭᠣᠯᠣᠭᠠᠳ 52 ᠲᠦᠮᠡᠨ ᠲᠦᠬᠦᠷᠢᠭᠤᠨ ᠣᠷᠣᠯᠭᠠ ᠡᠬᠦᠤᠨᠴᠡᠢ᠃ ᠡᠨᠡ ᠮᠡᠲᠦ ᠪᠡᠷ ᠦᠢᠯᠡᠳᠪᠦᠷᠢᠯᠡᠯ ᠠᠮᠢᠲᠣᠷᠠᠯ᠂ ᠢᠲᠡᠭᠡᠨ ᠣᠮᠲᠠᠭᠠᠨ᠂ ᠰᠣᠶᠣᠯ ᠵᠢᠭᠣᠯᠴᠢᠯᠠᠯ᠂ ᠡᠮ ᠡᠮᠨᠡᠯᠭᠡ᠂ ᠡᠷᠡᠬᠦᠯᠵᠢᠯ ᠰᠣᠪᠢᠯᠠᠯᠲᠠ᠂ ᠣᠳᠬᠠ ᠣᠷᠠᠯᠢᠬ ᠁ ᠵᠡᠷᠭᠡ ᠣᠯᠠᠨ ᠬᠦᠷᠢᠶᠡᠨ ᠳ᠋ᠦ ᠬᠦᠯᠦᠭ ᠦᠣᠷᠰᠡᠵᠦ᠂ ᠬᠡᠷᠡᠭᠴᠡᠭᠡ ᠦᠢᠯᠡᠲᠦᠯ ᠶ᠋ᠢᠡᠨ ᠪᠠᠲᠠᠷᠠᠭᠣᠯᠣᠬᠰᠠᠭᠠᠷ ᠪᠤᠢ ᠭᠡᠯᠲᠡᠢ᠃
ᠵᠢᠵᠢᠭ ᠵᠦᠢᠯ ᠡᠴᠡ ᠵᠢᠷᠤᠨ ᠪᠣᠰᠣ ᠠᠮᠵᠢᠯᠲᠠ ᠣᠯᠬᠣᠶᠢ ᠲᠠᠪᠠᠯᠲᠠ ᠭᠡᠳᠡᠭ ᠪᠣᠯ ᠬᠡᠷᠡᠭᠴᠡᠭᠡ ᠦᠢᠯᠡᠲᠦᠯᠢ ᠨᠢ ᠠᠭᠣᠲᠠᠯᠣᠨ ᠢᠯᠡᠷᠡᠬᠦᠯᠵᠦ᠂ ᠲᠠᠬᠢᠨ ᠲᠠᠨᠢᠬᠣᠨᠢ ᠡᠬᠦᠲᠦᠯᠲᠡ ᠪᠣᠶᠣ᠃ ᠡᠬᠦᠨ ᠳ᠋ᠦ ᠦᠵᠡᠯᠲᠡ ᠲᠠᠨᠢᠯᠲᠠᠶᠢᠨ ᠰᠢᠨᠡᠴᠢᠯᠡᠯ ᠴᠢᠬᠣᠯᠠ ᠬᠡᠬᠦᠳᠦ ᠣᠷᠣᠯᠲᠣᠵᠦ ᠲᠣᠷᠰᠢᠬᠣ ᠵᠣᠷᠢᠬ ᠰᠠᠮᠪᠠᠭᠠ ᠨᠡᠩ ᠴᠢᠬᠣᠯᠠ᠃ ᠣᠲᠣᠬᠢᠴᠢᠯᠠᠯᠲᠠᠶᠢᠨ ᠣᠷᠣᠰᠬᠠᠯ ᠳ᠋ᠦ ᠬᠣᠮᠢᠬᠲᠠᠵᠦ᠂ ᠮᠣᠷᠢ ᠮᠠᠨᠤ ᠠᠮᠢᠲᠣᠷᠠᠯ ᠡᠴᠡ ᠠᠭᠠᠵᠢᠮ ᠶ᠋ᠢᠡᠷ ᠬᠣᠯᠠᠲᠠᠵᠦ ᠪᠠᠢᠭᠠ ᠪᠣᠯᠪᠠᠴᠣ 《ᠴᠣᠴᠠᠯᠲᠠ ᠦᠭᠡᠢ ᠣᠷᠣᠬᠰᠢᠯᠠᠨ》 ᠰᠡᠳᠬᠢᠵᠦ ᠰᠦᠪᠡᠭᠴᠢᠯᠡᠬᠦ ᠬᠦᠮᠦᠰᠤᠨ ᠬᠠᠷᠠᠭᠠᠨ ᠳ᠋ᠦ ᠮᠣᠷᠢ ᠮᠦᠨᠬᠦ ᠮᠣᠯᠣᠷ ᠡᠷᠳᠡᠨᠢ ᠬᠡᠪ ᠶ᠋ᠢᠡᠷ ᠶ᠋ᠢᠡᠨ᠃
ᠭᠠᠯ ᠮᠣᠷᠢᠨ ᠵᠢᠯ ᠲᠠᠯ ᠰᠡᠬᠦᠯ ᠬᠡᠢᠰᠭᠡᠨ ᠲᠣᠪᠲᠣᠯᠵᠦ ᠠᠢᠰᠦᠢ᠃ ᠰᠢᠨᠡ ᠤᠨᠤ ᠰᠢᠨᠡ ᠠᠶᠠᠯᠠᠯ 《ᠠᠷᠪᠠᠨ ᠲᠠᠪᠣᠲᠣᠭᠠᠷ ᠲᠠᠪᠣᠨ ᠵᠢᠯ》 ᠤ᠋ᠨ ᠲᠦᠯᠦᠪᠵᠢᠬᠦᠯᠭᠡᠶᠢᠨ ᠠᠣᠭᠠ ᠬᠠᠷᠠᠯᠲᠠ ᠲᠠᠢ ᠰᠠᠭᠠᠲᠠᠯᠠ᠃ ᠤᠯᠤᠰᠤᠨ ᠲᠡᠷᠢᠬᠦᠯᠡᠭᠴᠢ ᠰᠢ ᠵᠢᠨ ᠫᠢᠩ ᠰᠢᠨᠡ ᠵᠢᠯᠤᠨ ᠪᠠᠶᠠᠷᠤᠨ ᠦᠭᠡ ᠳ᠋ᠡᠭᠡᠨ 《ᠬᠣᠷᠲᠣᠨ ᠮᠣᠷᠢᠨ ᠳ᠋ᠠᠭᠠᠨ ᠲᠠᠰᠢᠭᠣᠷ ᠲᠠᠯᠪᠢᠬᠣ ᠣᠮᠣᠬ ᠵᠣᠷᠢᠬ ᠶ᠋ᠢᠡᠷ ᠲᠦᠮᠡᠨ ᠠᠬᠲᠠᠶᠢᠨ ᠲᠦᠪᠡᠷᠭᠡᠨᠤ ᠰᠦᠷ ᠵᠢᠪᠬᠣᠭᠠᠶᠢ ᠬᠦᠭᠵᠢᠭᠡᠵᠦ ᠴᠣᠴᠠᠯᠲᠠ ᠦᠭᠡᠢ ᠣᠷᠣᠬᠰᠢᠯᠠᠬᠣ ᠡᠷᠴᠢ ᠵᠣᠷᠢᠬ ᠶ᠋ᠢᠡᠷ ᠬᠠᠮᠲᠣ ᠪᠡᠷ ᠬᠦᠰᠡᠯ ᠵᠡᠬᠦᠲᠦᠶᠢᠨ ᠶ᠋ᠢᠡᠨ ᠲᠦᠯᠦᠭᠡ ᠲᠡᠮᠡᠴᠡᠬᠦ ᠬᠡᠷᠡᠭᠲᠡᠢ》 ᠭᠡᠵᠦ ᠵᠠᠬᠢᠬᠰᠠᠨ ᠪᠢᠯᠡ᠃
ᠬᠣᠯᠠ ᠭᠡᠮᠡᠨ ᠪᠣᠣ ᠴᠦᠬᠦ ᠶᠠᠪᠣᠪᠠᠰᠣ ᠬᠦᠷᠦᠶᠦ᠂ ᠬᠦᠨᠲᠦ ᠭᠡᠮᠡᠨ ᠪᠣᠣ ᠠᠶᠣ ᠡᠷᠬᠦᠪᠡᠰᠦ ᠲᠠᠭᠠᠭᠠᠶᠣ᠃ ᠮᠣᠷᠢᠲᠠᠢ ᠵᠤᠷᠢᠭᠲᠠᠢ ᠶᠠᠪᠣᠬᠰᠠᠨ ᠴᠠᠬ ᠲᠦ᠍ ᠪᠦᠲᠦᠭᠡᠳ ᠯᠡ ᠢᠷᠡᠨᠡ ᠳᠠ᠃