ᠲᠦᠩᠯᠢᠶᠣᠣ ᠬᠣᠲᠠ᠎ᠶᠢᠨ ᠠᠩᠬᠠᠳᠠᠭ᠍ᠴᠢ ᠡᠮ᠎ᠦᠨ ᠮᠠᠲᠧᠷᠢᠶᠠᠯ᠎ᠢ ᠰᠣᠷᠭᠣᠭ ᠡᠳ᠋ᠰᠢᠭᠦᠯᠬᠦ ᠠᠵᠤ ᠠᠬᠤᠢᠯᠠᠯ ᠨᠢ᠋ᠮᠠᠨ ᠬᠤᠰᠢᠭᠤᠨ ᠳ᠋ᠤ ᠠᠰᠢᠭ᠍ᠯᠠᠯᠲᠠ᠎ᠳᠤ ᠤᠷᠤᠯ᠎ᠠ
2026-01-08 10:08:25
ᠵᠣᠬᠢᠶᠠᠭ᠍ᠴᠢ᠄
ᠪᠦᠦ ᠴᠢᠩ ᠱᠧᠩ
ᠣᠩᠱᠢᠭ᠍ᠰᠠᠨ ᠣᠳᠠᠭ᠎ᠠ᠄
★★★☆☆

ᠡᠪᠦᠯ ᠎ᠦᠨ ᠲᠤᠢᠯ ᠥᠩᠭᠡᠷᠡᠭᠰᠡᠨ ᠎ᠦ ᠳᠠᠷᠠᠭ᠎ᠠ ᠬᠥᠢᠳᠡᠨ᠎ᠤ ᠡᠷᠴᠢ ᠴᠢᠩᠭᠠᠷᠠᠵᠤ ᠪᠠᠢᠬᠤ ᠳ᠋ᠤ᠂ ᠲᠦᠩᠯᠢᠶᠣᠣ ᠬᠣᠲᠠ᠎ᠶᠢᠨ ᠨᠠᠢ᠍ᠮᠠᠨ ᠬᠣᠰᠢᠭᠤᠨ᠎ᠤ ᠰᠢᠷᠠᠬᠤᠭᠤᠯᠠᠢ ᠪᠠᠯᠭᠠᠰᠤᠨ᠎ᠤ ᠬᠢᠳᠠᠳ (ᠮᠣᠩᠭᠣᠯ) ᠡᠮ ᠎ᠦᠨ ᠮᠠᠲᠧᠷᠢᠶᠠᠯ ᠎ᠤᠨ ᠭᠠᠷᠤᠯᠲᠠ᠎ᠶᠢᠨ ᠣᠷᠣᠨ᠎ᠤ ᠰᠣᠷᠭᠣᠭ ᠡᠳ᠋ᠰᠢᠭᠥᠯᠥᠯᠲᠠ ᠵᠢᠴᠢ ᠬᠥᠮᠥᠷᠭᠡᠯᠡᠨ ᠬᠠᠳᠠᠭᠠᠯᠠᠬᠤ ᠲᠥᠷᠥᠯ ᠵᠥᠢᠯ᠎ᠤᠨ ᠤᠷᠤᠨ᠎ᠤ ᠥᠢᠯᠡᠳᠪᠥᠷᠢᠯᠡᠯ᠎ᠤᠨ ᠲᠠᠰᠤᠬ᠎ᠲᠦ ᠬᠠᠷᠢᠨ ᠬᠥᠷ ᠬᠥᠭᠵᠢᠶᠡᠨ ᠵᠢᠨᠷ ᠪᠢᠯᠬᠠᠵᠤ ᠪᠠᠢᠯ᠎ᠠ᠃ ᠥᠢᠯᠡᠳᠪᠥᠷᠢ ᠵᠢᠨ ᠲᠠᠰᠤᠭ᠎ᠲᠤ ᠣᠷᠣᠬᠤ᠎ᠳᠤ ᠰᠠᠶᠢᠬᠠᠨ ᠳᠡᠭᠥᠵᠤ ᠬᠤᠷᠢᠶᠠᠬᠰᠠᠨ ᠬᠤᠨᠴᠢᠷ ᠎ᠤᠳ ᠳᠠᠮᠵᠢᠭᠤᠯᠬᠤ ᠪᠦᠰᠡ ᠪᠡᠷ ᠬᠦᠷᠭᠡᠭᠳᠡᠵᠦ᠂ ᠰᠢᠯᠢᠵᠦ ᠰᠣᠩᠭᠣᠬᠤ ᠪᠠ ᠤᠬᠢᠶᠠᠵᠤ ᠴᠡᠪᠡᠷᠯᠡᠬᠦ ᠠᠵᠢᠯ᠎ᠤᠨ ᠳᠠᠷᠠᠭᠠᠯᠠᠯ᠎ᠢᠶᠠᠷ ᠳᠡᠮᠵᠢᠨ᠂ ᠡᠮ᠎ᠦᠨ ᠮᠠᠲᠧᠷᠢᠶᠠᠯ᠎ᠤᠨ ᠳᠣᠲᠣᠷᠠᠬᠢ ᠡᠯᠡᠰᠥ ᠰᠢᠷᠥᠢ ᠂ ᠬᠣᠯᠢᠮᠠᠬ ᠪᠣᠳᠠᠰ᠎ᠢ ᠲᠤᠢᠯᠪᠤᠷᠢᠲᠠᠢ ᠠᠷᠢᠯᠭᠠᠵᠤ᠂ ᠵᠠᠯᠭᠠᠭᠠᠳ ᠬᠤᠨᠴᠢᠷ᠎ᠢ ᠨᠠᠷᠢᠯᠢᠭ᠋ ᠣᠨᠣᠪᠴᠢᠲᠠᠶ ᠬᠡᠷᠴᠢᠨ᠂ ᠬᠠᠲᠠᠭᠠᠬᠤ ᠮᠠᠰᠢᠨ ᠳ᠋ᠤ ᠲᠣᠭᠲᠠᠮᠠᠯ ᠳᠤᠯᠠᠭᠠᠨ᠎ᠢᠶᠠᠷ ᠬᠠᠳᠠᠭᠠᠵᠤ᠂ ᠳᠠᠬᠢᠨ ᠫᠧᠩ ᠳ᠋ᠤ ᠰᠢᠯᠵᠢᠭᠦᠯᠦᠨ ᠳᠡᠯᠭᠡᠵᠤ ᠳᠡᠯᠪᠢᠨ᠂ ᠪᠠᠷᠢᠮᠵᠢᠶ᠎ᠠ᠎ᠳᠤ ᠬᠦᠷᠦᠭᠰᠡᠨ᠎ᠦ ᠳᠠᠷᠠᠭ᠎ᠠ ᠨᠢᠭᠡᠳᠦᠯᠲᠡᠢ᠎ᠪᠡᠷ ᠤᠭᠤᠲᠠᠯᠠᠵᠤ ᠬᠥᠮᠥᠷᠭᠡ᠎ᠳᠦ ᠤᠷᠤᠭᠤᠯᠵᠤ ᠪᠠᠢᠪᠠ᠃

ᠲᠣᠰ ᠲᠥᠷᠥᠯ ᠵᠦᠢᠯ ᠎ᠢ ᠨᠠᠢ᠍ᠮᠠᠨ ᠬᠣᠰᠢᠭᠤᠨ ᠎ᠤ ᠭᠦᠸᠧ ᠠᠨ ᠲᠠᠷᠢᠶᠠᠯᠠᠩ᠎ᠤᠨ ᠨᠡᠭᠡᠭᠡᠨ ᠬᠥᠭᠵᠢᠭᠦᠯᠦᠯᠲᠡ᠎ᠶᠢᠨ ᠬᠢᠵᠠᠭᠠᠷᠲᠤ ᠺᠣᠮᠫᠠᠨᠢ᠎ᠳᠤ ᠨᠠᠢᠳᠠᠪᠥᠷᠢᠵᠢᠭᠤᠯᠵᠤ᠂ ᠲᠤᠰ ᠺᠤᠮᠫᠠᠨᠢ ᠨᠢ ᠲᠦᠩᠯᠢᠶᠣᠣ ᠬᠤᠲᠠ ᠵᠢᠨ ᠠᠩᠬᠠᠳᠠᠭ᠍ᠴᠢ ᠡᠮ᠎ᠦᠨ ᠮᠠᠲᠧᠷᠢᠶᠠᠯ᠎ᠤᠨ ᠰᠣᠷᠭᠣᠭ ᠡᠳ᠋ᠰᠢᠭᠥᠯᠥᠯᠲᠠ ᠵᠢᠨ ᠠᠵᠤ ᠠᠬᠤᠢᠯᠠᠯ᠎ᠤᠨ ᠬᠤᠪᠢ ᠪᠡᠷ 335 ᠲᠦᠮᠡᠨ ᠲᠥᠭᠥᠷᠢᠭ᠎ᠦᠨ ᠬᠣᠲᠠ᠎ᠶᠢᠨ ᠲᠠᠰ᠎ᠤᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠶᠢ ᠵᠣᠯᠭᠠᠭᠤᠯᠬᠤ ᠪᠡᠯᠡ ᠮᠥᠩᠭᠥ᠎ᠳᠦ ᠲᠦᠰᠢᠭᠯᠡᠨ ᠪᠦᠲᠦᠭᠡᠨ ᠪᠠᠢᠭᠤᠯᠤᠬᠰᠠᠨ ᠶᠤᠮ᠃ ᠲᠥᠷᠥᠯ ᠵᠦᠢᠯ ᠨᠢ 800 ᠲᠡᠭᠰᠢ ᠳᠥᠷᠪᠡᠯᠵᠢᠨ ᠮᠧᠲᠷ ᠎ᠦᠨ ᠡᠳ᠋ᠰᠢᠭᠦᠯᠬᠦ ᠦᠢᠯᠡᠳᠪᠦᠷᠢ᠎ᠶᠢᠨ ᠲᠠᠰᠤᠭ᠂ 8800 ᠲᠡᠭᠰᠢ ᠳᠥᠷᠪᠡᠯᠵᠢᠨ ᠮᠧᠲᠷ ᠎ᠦᠨ ᠬᠠᠲᠠᠭᠠᠬᠤ ᠲᠠᠯᠠᠪᠤᠷ᠎ᠢ ᠢᠵᠢ ᠪᠦᠷᠢᠳᠦᠭᠦᠯᠦᠨ ᠪᠦᠲᠦᠭᠡᠨ ᠪᠠᠢᠭᠤᠯᠵᠤ᠂ ᠨᠡᠭᠦᠷᠡᠰᠦ ᠰᠢᠲᠠᠭᠠᠬᠤ ᠬᠠᠯᠠᠭᠠᠯᠲᠠ᠎ᠶᠢᠨ ᠵᠤᠤᠬ᠎ᠠ᠂ ᠬᠢᠲᠠᠳ ᠬᠡᠷᠴᠢᠮ ᠡᠮ᠎ᠦᠨ ᠬᠠᠳᠠᠭᠠᠯᠲᠠ ᠵᠢᠨ ᠮᠠᠰᠢᠨ ᠵᠡᠷᠭᠡ ᠲᠤᠰᠬᠠᠢ ᠲᠥᠬᠦᠭᠡᠷᠦᠮᠵᠢ᠎ᠶᠢ ᠲᠣᠬᠢᠷᠠᠭᠤᠯᠤᠨ᠂ ᠡᠮ᠎ᠦᠨ ᠮᠠᠲᠧᠷᠢᠶᠠᠯ᠎ᠢ ᠡᠳ᠋ᠰᠢᠭᠦᠯᠵᠤ᠂ ᠶᠠᠰᠤ ᠴᠢᠨᠠᠷ᠎ᠢ ᠳᠡᠭᠡᠭᠰᠢᠯᠡᠭᠦᠯᠥᠨ᠂ ᠦᠷ᠎ᠡ ᠠᠰᠢᠭ᠋᠎ᠢ ᠨᠡᠮᠡᠭᠳᠡᠭᠦᠯᠬᠦ᠎ᠳᠦ ᠬᠠᠲᠠᠭᠤ ᠬᠡᠷᠡᠭᠰᠡᠯ᠎ᠦᠨ ᠰᠠᠭᠤᠷᠢ᠎ᠶᠢ ᠪᠠᠲᠤᠳᠬᠠᠬᠰᠠᠨ ᠪᠠᠢᠨ᠎ᠠ᠃

《ᠲᠦᠷᠦᠯ ᠵᠦᠢᠯ᠎ᠢ ᠡᠵᠡᠩᠨᠡᠯᠲᠠ ᠳ᠋ᠤ ᠤᠷᠤᠭᠤᠯᠤᠬᠰᠠᠨ 20 ᠭᠠᠷᠤᠢ ᠡᠳᠦᠷ᠎ᠲᠦ ᠨᠢᠭᠡᠨᠲᠡ 700 ᠭᠠᠷᠤᠢ ᠲᠣᠨ ᠰᠤᠷᠭᠤᠬ ᠡᠮ᠎ᠤᠨ ᠮᠠᠲᠧᠷᠢᠶᠠᠯ᠎ᠢ ᠬᠡᠷᠴᠢᠨ ᠦᠢᠯᠡᠳᠴᠦ᠂ ᠪᠠᠰᠠ 500 ᠭᠠᠷᠤᠢ ᠲᠣᠨ ᠡᠳ᠋ᠰᠢᠭᠦᠯᠬᠦ ᠪᠡᠷ ᠪᠡᠯᠡᠳᠭᠡᠵᠤ ᠪᠤᠢ》 ᠭᠡᠵᠤ ᠨᠠᠢ᠍ᠮᠠᠨ ᠬᠣᠰᠢᠭᠤᠨ᠎ᠤ ᠭᠦᠸᠧ ᠠᠨ ᠲᠠᠷᠢᠶᠠᠯᠠᠩ᠎ᠤᠨ ᠨᠡᠭᠡᠭᠡᠨ ᠬᠥᠭᠵᠢᠭᠦᠯᠦᠯᠲᠡ᠎ᠶᠢᠨ ᠬᠢᠵᠠᠭᠠᠷᠲᠤ ᠺᠣᠮᠫᠠᠨᠢ᠎ᠶᠢᠨ ᠶᠡᠷᠦᠩᠬᠡᠢ ᠳᠠᠭᠠᠭᠠᠮᠠᠯ ᠯᠢᠦ ᠭᠦᠸᠧ ᠠᠨ ᠲᠠᠨᠢᠯᠴᠠᠭᠤᠯᠤᠨ᠎ᠠ᠃ ᠲᠣᠰ ᠦᠢᠯᠡᠳᠪᠦᠷᠢᠯᠡᠯ᠎ᠦᠨ ᠱᠤᠭᠤᠮ ᠨᠢ ᠡᠳᠦᠷ᠎ᠲᠦ 30 ᠲᠣᠨ ᠰᠤᠷᠭᠤᠬ ᠡᠮ᠎ᠤᠨ ᠮᠠᠲᠧᠷᠢᠶᠠᠯ ᠡᠳ᠋ᠰᠢᠭᠥᠯᠵᠤ᠂ ᠵᠢᠯ᠎ᠦᠨ ᠦᠢᠯᠡᠳᠪᠦᠷᠢᠯᠡᠯ᠎ᠦᠨ ᠴᠢᠳᠠᠪᠤᠷᠢ ᠨᠢ 5000 ᠲᠣᠨ ᠎ᠢ ᠳᠠᠪᠠᠬᠤ ᠪᠤᠯᠤᠨ᠎ᠠ᠃ ᠺᠣᠮᠫᠠᠨᠢ ᠨᠢ 《ᠺᠣᠮᠫᠠᠨᠢ + ᠬᠣᠷᠰᠢᠶ᠎ᠠ + ᠲᠠᠷᠢᠶᠠᠴᠢᠨ ᠡᠷᠦᠬᠡ》 ᠶ᠋ᠢᠨ ᠵᠠᠭᠪᠤᠷ᠎ᠢ ᠬᠡᠷᠡᠭᠯᠡᠨ᠂ ᠡᠷᠬᠢᠨ ᠲᠣᠭᠣᠷᠢᠨ᠎ᠤ ᠮᠠᠯᠴᠢᠨ ᠲᠠᠷᠢᠶᠠᠴᠢᠨ᠎ᠢ ᠳᠠᠶ᠋ᠢᠴᠢᠯᠠᠨ 7000 ᠭᠠᠷᠤᠢ ᠮᠦ᠍ ᠡᠮ᠎ᠦᠨ ᠮᠠᠲᠧᠷᠢᠶᠠᠯ ᠳᠠᠷᠢᠬᠤ᠎ᠶᠢ ᠪᠡᠶᠡᠯᠡᠭᠥᠯᠪᠡ᠃ ᠡᠭᠦᠨ᠎ᠡᠴᠡ ᠡᠮᠦᠨ᠎ᠡ᠂ ᠲᠠᠷᠢᠶᠠᠴᠢᠨ ᠡᠷᠦᠬᠡ ᠵᠥᠪᠬᠡᠨ ᠬᠤᠷᠢᠶᠠᠬᠰᠠᠨ ᠰᠣᠷᠭᠣᠭ ᠡᠮ᠎ᠤᠨ ᠮᠠᠲᠧᠷᠢᠶᠠᠯ ᠵᠢᠨᠨ ᠬᠤᠳᠠᠯᠳᠤᠬᠤ ᠳ᠋ᠤ ᠲᠥᠰᠢᠭᠯᠡᠵᠤ ᠪᠠᠢᠬᠰᠠᠨ ᠪᠣᠯᠬᠣᠷ ᠵᠠᠬ᠎ᠠ ᠳᠡᠯᠭᠡᠭᠦᠷ᠎ᠦᠨ ᠦᠨ᠎ᠡ ᠬᠠᠩᠰᠢ᠎ᠶᠢᠨ ᠬᠡᠯᠪᠡᠯᠵᠡᠯ ᠶᠡᠬᠡ ᠪᠠᠢᠬᠤ᠎ᠪᠠᠷ ᠪᠠᠷᠠᠬᠤ ᠦᠭᠡᠢ᠂ ᠬᠥᠮᠥᠷᠭᠡᠯᠡᠨ ᠬᠠᠳᠠᠭᠠᠯᠠᠬᠤ᠎ᠳᠤ ᠬᠦᠴᠢᠷ ᠠᠰᠠᠭᠤᠳᠠᠯ ᠨᠢ ᠴᠤ᠌ ᠠᠵᠤ ᠦᠢᠯᠡᠰ᠎ᠦᠨ ᠬᠥᠭᠵᠢᠯᠲᠡ᠎ᠶᠢ ᠬᠦᠨᠳᠦ ᠨᠣᠴᠢᠲᠠᠢ ᠬᠢᠵᠠᠭᠠᠷᠯᠠᠵᠤ ᠪᠠᠢᠪᠠ᠃《ᠣᠳᠣᠬᠠᠨ᠎ᠳᠤ ᠰᠣᠷᠭᠣᠭ ᠡᠳ᠋ᠰᠢᠭᠦᠯᠥᠯᠲᠠ ᠨᠢ ᠡᠮ ᠎ᠦᠨ ᠮᠠᠲᠧᠷᠢᠶᠠᠯ ᠎ᠤᠨ ᠨᠡᠮᠡᠯᠲᠡ ᠥᠷᠲᠡᠭ᠎ᠢ 25% ᠣᠷᠴᠢᠮ ᠳᠡᠭᠡᠭᠰᠢᠯᠡᠭᠦᠯᠵᠦ᠂ ᠬᠠᠳᠠᠭᠠᠬᠰᠠᠨ ᠡᠮ ᠎ᠤᠨ ᠮᠠᠲᠧᠷᠢᠶᠠᠯ ᠎ᠢ ᠪᠠᠰᠠ ᠨᠥᠭᠡᠴᠡᠯᠡᠵᠦ ᠳᠡᠢᠯᠬᠥ ᠪᠣᠯᠬᠤᠷ ᠦᠨ᠎ᠡ ᠬᠠᠩᠰᠢ ᠨᠢ ᠰᠠᠢᠨ ᠪᠣᠯᠬᠤ ᠦᠶ᠎ᠡ᠎ᠳᠦ ᠳᠠᠬᠢᠨ ᠪᠣᠷᠣᠯᠠᠭᠤᠯᠥᠨ᠂ ᠪᠣᠷᠤᠯᠠᠭᠤᠯᠭ᠎ᠠ᠎ᠶᠢᠨ ᠠᠷᠭ᠎ᠠ ᠵᠠᠮ ᠬᠠᠮᠵᠢᠯᠴᠠᠭᠠᠨ᠎ᠤ ᠡᠮ᠎ᠦᠨ ᠠᠵᠤ ᠠᠬᠤᠢᠯᠠᠯ᠂ ᠬᠤᠳᠠᠯᠳᠤᠭᠠᠴᠢᠨ ᠵᠢᠴᠢ ᠲᠥᠪᠯᠡᠷᠡᠭᠦᠯᠦᠨ ᠬᠤᠳᠠᠯᠳᠤᠨ ᠠᠪᠬᠤ ᠲᠠᠪᠴᠠᠩ᠎ᠢ ᠬᠠᠮᠤᠷᠴᠤ᠂ ᠠᠵᠤ ᠠᠬᠤᠢ᠎ᠶᠢᠨ ᠦᠷ᠎ᠡ ᠠᠰᠢᠭ᠋ ᠎ᠢ ᠢᠯᠡᠳᠲᠡ ᠳᠡᠭᠡᠭᠰᠢᠯᠡᠭᠦᠯᠤᠯ᠎ᠡ》 ᠭᠡᠵᠦ ᠯᠢᠦ ᠭᠦᠸᠧ ᠠᠨ ᠬᠡᠯᠡᠨ᠎ᠡ᠃

ᠬᠢᠲᠠᠳ (ᠮᠣᠩᠭᠣᠯ) ᠡᠮ ᠎ᠦᠨ ᠮᠠᠲᠧᠷᠢᠶᠠᠯ᠎ᠤᠨ ᠭᠠᠷᠤᠯᠲᠠ᠎ᠶᠢᠨ ᠣᠷᠣᠨ᠎ᠤ ᠰᠣᠷᠭᠣᠭ ᠡᠳ᠋ᠰᠢᠭᠦᠯᠥᠯᠲᠠ ᠵᠢᠨ ᠲᠥᠷᠥᠯ ᠵᠦᠢᠯ ᠎ᠢ ᠨᠠᠢᠳᠠᠪᠤᠷᠢᠵᠢᠭᠤᠯᠤᠭᠰᠠᠨ ᠶᠠᠪᠤᠳᠠᠯ ᠨᠢ ᠲᠤᠬᠠᠢ᠎ᠶᠢᠨ ᠭᠠᠵᠠᠷ᠎ᠤᠨ ᠣᠯᠠᠨ ᠲᠦᠮᠡᠨ᠎ᠳᠦ ᠣᠷᠣᠯᠭ᠎ᠠ᠎ᠪᠠᠨ ᠲᠣᠭᠲᠠᠭᠤᠨ᠎ᠢᠶᠠᠷ ᠨᠡᠮᠡᠭᠳᠡᠭᠦᠯᠬᠦ ᠠᠷᠭ᠎ᠠ ᠵᠠᠮ᠎ᠢ ᠨᠡᠭᠡᠭᠡᠨ ᠥᠭᠴᠡᠢ᠃ ᠣᠳᠣᠬᠠᠨ᠎ᠳᠤ ᠺᠣᠮᠫᠠᠨᠢ ᠳ᠋ᠤ ᠣᠷᠳᠣ᠌ ᠬᠤᠭᠤᠴᠠᠭ᠎ᠠ᠎ᠪᠠᠷ ᠠᠵᠢᠯᠯᠠᠵᠤ ᠪᠠᠢᠭ᠎ᠠ ᠬᠥᠮᠥᠨ 28 ᠪᠠᠢᠵᠤ᠂ ᠬᠥᠮᠥᠨ ᠳᠤᠮᠳᠠᠴᠢ᠎ᠶᠢᠨ ᠵᠢᠯ᠎ᠦᠨ ᠣᠷᠣᠯᠭ᠎ᠠ ᠨᠢ 6 ᠲᠦᠮᠡᠨ ᠲᠥᠭᠥᠷᠢᠭ᠎ᠲᠦ ᠬᠥᠷᠴᠥ᠂ ᠤᠯᠠᠷᠢᠯ ᠎ᠤᠨ ᠴᠢᠨᠠᠷᠲᠠᠢ ᠠᠵᠢᠯ ᠬᠥᠳᠡᠯᠮᠦᠷᠢ ᠳ᠋ᠤ 1.8 ᠲᠦᠮᠡᠨ ᠬᠥᠮᠥᠨ ᠤᠳᠠᠭ᠎ᠠ ᠬᠡᠷᠡᠭᠰᠡᠵᠤ᠂ ᠡᠳᠦᠷ ᠎ᠦᠨ ᠴᠠᠯᠢᠩ ᠨᠢ 140 ᠲᠥᠭᠥᠷᠢᠭ᠎ᠡᠴᠡ 180 ᠲᠥᠭᠥᠷᠢᠭ ᠬᠥᠷᠴᠥ ᠪᠠᠢᠪᠠ᠃ ᠲᠦᠷᠦᠯ ᠵᠦᠢᠯ᠎ᠢ ᠡᠵᠡᠩᠨᠡᠭᠰᠡᠨ᠎ᠡᠴᠡ ᠨᠠᠭᠠᠰᠢ᠂ ᠡᠷᠬᠢᠨ ᠲᠣᠭᠣᠷᠢᠨ᠎ᠤ ᠲᠠᠷᠢᠮᠠᠯ᠎ᠤᠨ ᠡᠷᠦᠬᠡ ᠬᠣᠢᠨ᠎ᠠ ᠬᠣᠢᠨ᠎ᠠ᠎ᠠᠴᠠ᠎ᠪᠠᠨ ᠬᠦᠷᠦᠯᠴᠡᠨ ᠢᠷᠡᠵᠦ ᠡᠮ᠎ᠤᠨ ᠮᠠᠲᠧᠷᠢᠶᠠᠯ ᠵᠢᠨᠨ ᠡᠳ᠋ᠰᠢᠭᠥᠯᠵᠤ ᠪᠠᠢᠬᠤ ᠪᠡᠷ ᠪᠠᠷᠠᠬᠤ ᠦᠭᠡᠢ᠂ ᠣᠢᠷ᠎ᠠ ᠬᠠᠪᠢ᠎ᠶᠢᠨ ᠬᠣᠰᠢᠭᠤ ᠰᠢᠶᠠᠨ᠎ᠤ ᠲᠠᠷᠢᠮᠠᠯ ᠎ᠤᠨ ᠡᠷᠦᠬᠡ ᠴᠦ᠍ ᠡᠷᠢᠨ ᠢᠷᠡᠵᠤ ᠡᠳ᠋ᠰᠢᠯᠡᠭᠥᠯᠵᠤ ᠪᠠᠢᠪᠠ᠃ 《ᠢᠷᠡᠭᠡᠳᠦᠢ᠎ᠳᠦ ᠭᠠᠳᠠᠭᠠᠳᠤ ᠵᠠᠬ᠎ᠠ ᠳᠡᠯᠭᠡᠭᠦᠷ ᠎ᠢ ᠦᠷᠭᠦᠯᠵᠢᠯᠡᠨ ᠥᠷᠭᠡᠳᠬᠡᠵᠦ᠂ ᠨᠡᠩ ᠤᠯᠠᠨ ᠬᠤᠳᠠᠯᠳᠤᠨ ᠠᠪᠬᠤ ᠵᠠᠬᠢᠶᠠᠯᠠᠭ᠎ᠠ᠎ᠶᠢᠨ ᠬᠠᠭᠤᠳᠠᠰᠤ᠎ᠶᠢ ᠤᠯᠬᠤ ᠪᠡᠷ ᠴᠢᠷᠮᠠᠢᠨ᠂ ᠠᠵᠤ ᠦᠢᠯᠡᠰ ᠎ᠦᠨ ᠬᠥᠭᠵᠢᠯᠲᠡ᠎ᠶᠢᠨ ᠰᠡᠯᠭᠦᠬᠦ ᠬᠦᠴᠦᠨ ᠎ᠢ ᠨᠡᠮᠡᠭᠳᠡᠭᠦᠯᠦᠨ᠎ᠡ》 ᠭᠡᠵᠤ ᠯᠢᠦ ᠭᠦᠸᠧ ᠠᠨ ᠢᠲᠡᠭᠡᠯ ᠲᠡᠭᠦᠯᠳᠡᠷ ᠬᠡᠯᠡᠵᠤ ᠪᠠᠢᠯ᠎ᠠ᠃

ᠣᠢᠷ᠎ᠠ᠎ᠶᠢᠨ ᠵᠢᠯ᠎ᠦᠳ᠎ᠲᠦ᠂ ᠨᠠᠢ᠍ᠮᠠᠨ ᠬᠣᠰᠢᠭᠤᠨ᠎ᠤ ᠡᠮ᠎ᠦᠨ ᠮᠠᠲᠧᠷᠢᠶᠠᠯ ᠳᠠᠷᠢᠬᠤ ᠲᠠᠯᠠᠪᠠᠶ 7 ᠵᠢᠯ ᠳᠠᠷᠠᠭᠠᠯᠠᠨ 20 ᠲᠦᠮᠡᠨ ᠮᠦ᠍᠎ᠡᠴᠡ ᠳᠡᠭᠡᠭᠰᠢ ᠬᠡᠮᠵᠢᠶᠡᠨ᠎ᠳᠦ ᠲᠣᠭᠲᠠᠪᠤᠷᠢᠵᠢᠵᠤ᠂ 15 ᠰᠤᠮᠤ ᠰᠢᠶᠠᠩ ᠪᠠᠯᠭᠠᠰᠤ᠎ᠶᠢᠨ 150 ᠰᠢᠬᠠᠮ ᠵᠠᠰᠠᠭ ᠵᠠᠬᠢᠷᠭᠠᠨ᠎ᠤ ᠭᠠᠴᠠᠭ᠎ᠠ ᠲᠣᠰᠬᠣᠨ᠎ᠳᠤ ᠬᠣᠯᠪᠣᠭᠳᠠᠨ᠂ 5000 ᠰᠢᠬᠠᠮ ᠡᠷᠦᠬᠡ ᠡᠮ ᠎ᠦᠨ ᠮᠠᠲᠧᠷᠢᠶᠠᠯ ᠳᠠᠷᠢᠵᠤ ᠪᠤᠢ᠃ ᠰᠣᠷᠭᠣᠭ ᠡᠳ᠋ᠰᠢᠭᠥᠯᠥᠯᠲᠠ ᠵᠢᠨ ᠲᠥᠷᠥᠯ ᠵᠦᠢᠯ ᠎ᠢ ᠵᠢᠩᠬᠢᠨᠢ᠎ᠪᠡᠷ ᠠᠰᠢᠭ᠍ᠯᠠᠯᠲᠠ᠎ᠳᠤ ᠣᠷᠣᠭᠤᠯᠤᠭᠰᠠᠨ ᠶᠠᠪᠤᠳᠠᠯ ᠨᠢ ᠨᠠᠢ᠍ᠮᠠᠨ ᠬᠣᠰᠢᠭᠤᠨ ᠎ᠤ ᠡᠮ ᠎ᠦᠨ ᠮᠠᠲᠧᠷᠢᠶᠠᠯ᠎ᠤᠨ ᠭᠠᠷᠤᠯᠲᠠ᠎ᠶᠢᠨ ᠣᠷᠣᠨ ᠎ᠤ ᠡᠳ᠋ᠰᠢᠭᠦᠯᠦᠯᠲᠡ᠎ᠶᠢ ᠬᠡᠪᠴᠢᠶᠡᠵᠢᠭᠦᠯᠬᠦ᠂ ᠵᠢᠷᠤᠮᠵᠢᠭᠤᠯᠬᠤ᠂ ᠡᠷᠴᠢᠮᠵᠢᠭᠦᠯᠬᠦ ᠬᠥᠭᠵᠢᠯᠲᠡ᠎ᠶᠢᠨ ᠰᠢᠨ᠎ᠡ ᠱᠠᠲᠤᠨ᠎ᠳᠤ ᠣᠷᠣᠭᠤᠯᠵᠤ᠂ ᠪᠥᠬᠥ ᠬᠣᠰᠢᠭᠤᠨ᠎ᠤ ᠡᠮ᠎ᠦᠨ ᠮᠠᠲᠧᠷᠢᠶᠠᠯ᠎ᠤᠨ ᠠᠵᠤ ᠦᠢᠯᠡᠰ᠎ᠦᠨ ᠴᠢᠨᠠᠷ ᠰᠠᠢᠲᠠᠢ ᠬᠥᠭᠵᠢᠯᠲᠡ᠎ᠳᠦ ᠬᠦᠴᠦᠲᠡᠢ ᠬᠥᠳᠡᠯᠭᠡᠬᠦ ᠬᠦᠴᠦᠨ ᠨᠡᠮᠡᠷᠢᠯᠡᠭᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号