2003 ᠣᠨ᠎ᠳᠤ ᠤᠷᠠᠨᠲᠤᠩᠭᠠᠯᠠᠭ᠂ ᠨᠥᠬᠥᠷ ᠳᠠᠪᠰᠢᠯᠲᠤᠲᠠᠢᠪᠡᠨ ᠭᠡᠷ ᠪᠦᠯᠢ ᠪᠣᠯᠵᠤ ᠬᠥᠳᠡᠭᠡ ᠶᠢᠨ ᠰᠠᠢᠬᠠᠨ ᠠᠮᠢᠳᠤᠷᠠᠯ᠎ᠢᠶᠠᠨ ᠡᠬᠢᠯᠡᠭᠦᠯᠦᠭᠰᠡᠨ ᠴᠤ᠌ ᠲᠡᠳᠡ ᠬᠣᠶᠠᠷ᠎ᠲᠤ ᠮᠠᠰᠢ ᠶᠡᠬᠡ ᠠᠮᠢᠳᠤᠷᠠᠯ᠎ᠤᠨ ᠨᠤᠭᠤᠷᠠᠯ ᠤᠴᠠᠷᠠᠭᠰᠠᠨ ᠪᠠ ᠪᠡᠯᠴᠢᠭᠡᠷ ᠨᠤᠲᠤᠭ᠎ᠤᠨ ᠭᠠᠩᠳᠠᠯ᠂ ᠮᠠᠯ᠎ᠤᠨ ᠦᠨ᠎ᠡ ᠶᠡᠬᠡᠪᠡᠷ ᠪᠠᠭᠤᠷᠠᠭᠰᠠᠨ᠂ ᠮᠥᠨᠴᠦ ᠬᠣᠶᠠᠷ ᠬᠡᠦᠬᠡᠳ ᠨᠢ ᠰᠤᠷᠭᠠᠭᠤᠯᠢ᠎ᠳᠤ ᠰᠠᠭᠤᠭᠰᠠᠨ᠎ᠤ ᠤᠴᠢᠷ ᠤᠤᠯ᠎ᠠᠴᠠ᠎ᠪᠠᠨ ᠰᠠᠭᠤᠷᠢ ᠨᠢᠮᠭᠡᠨ ᠲᠡᠳᠡ ᠬᠣᠶᠠᠷ᠎ᠲᠤ ᠮᠠᠰᠢ ᠶᠡᠬᠡ ᠠᠮᠢᠳᠤᠷᠠᠯ᠎ᠤᠨ ᠳᠠᠷᠤᠭᠠᠰᠤ᠎ᠲᠠᠢ ᠪᠣᠯᠤᠭᠰᠠᠨ ᠪᠠᠢᠨ᠎ᠠ᠃

《ᠵᠣᠪᠠᠬᠤ᠎ᠶᠢᠨ ᠴᠠᠭ᠎ᠲᠤ ᠵᠣᠷᠢᠭ᠋ ᠬᠡᠷᠡᠭᠲᠡᠢ》 ᠭᠡᠳᠡᠭᠴᠢᠯᠡᠨ ᠭᠠᠷ᠎ᠢᠶᠠᠨ ᠨᠤᠬᠤᠯᠠᠨ ᠭᠠᠴᠢᠭ᠍ᠳᠠᠵᠤ ᠪᠡᠲᠡᠷᠢᠭᠰᠡᠨ ᠤᠷᠠᠨᠲᠤᠩᠭᠠᠯᠠᠭ ᠬᠣᠲᠠ ᠣᠷᠣᠵᠤ ᠬᠡᠦᠬᠡᠳ᠎ᠢᠶᠡᠨ ᠬᠠᠷᠠᠵᠤ ᠬᠠᠷᠠᠭᠠᠯᠵᠠᠬᠤ᠎ᠶᠢᠨ ᠳᠠᠭᠠᠤ᠎ᠳᠤ ᠵᠠᠪᠠᠯ ᠨᠢᠭᠡ ᠶᠠᠭᠤᠮ᠎ᠠ ᠬᠢᠵᠦ ᠦᠵᠡᠶ᠎ᠡ ᠭᠡᠰᠡᠨ ᠭᠠᠭᠴᠠ ᠪᠣᠳᠣᠯ᠎ᠢ ᠡᠪᠦᠷᠯᠡᠨ ᠬᠣᠢᠰᠢ ᠰᠠᠭᠤᠭᠰᠠᠨ ᠦᠭᠡᠢ᠃ 2017 ᠣᠨ᠎ᠤ 5 ᠰᠠᠷ᠎ᠠ ᠶᠢᠨ ᠨᠢᠭᠡ ᠥᠷᠯᠥᠭᠡ ᠬᠠᠯᠠᠭᠠᠰᠤᠨ᠎ᠳᠠᠭᠠᠨ 200 ᠬᠦᠷᠬᠦ ᠦᠭᠡᠢ ᠲᠥᠭᠥᠷᠢᠭ᠎ᠲᠠᠢ᠂ ᠬᠥᠯᠳᠡᠭᠡᠭᠦᠷ᠎ᠲᠦ ᠪᠠᠢᠭᠰᠠᠨ ᠵᠢᠭᠠᠬᠠᠨ ᠮᠢᠬ᠎ᠠ ᠲᠣᠰᠣ᠌᠂ ᠢᠳᠡᠵᠦ ᠪᠠᠢᠭᠰᠠᠨ ᠬᠠᠭᠠᠰ ᠤᠭᠤᠳᠠ ᠭᠤᠯᠢᠷ᠂ ᠵᠤᠤᠬ᠎ᠠ ᠲᠣᠭᠣᠭ᠎ᠠ᠎ᠪᠠᠨ ᠲᠡᠭᠡᠭᠡᠭᠡᠳ ᠬᠣᠰᠢᠭᠤᠨ ᠲᠥᠪ᠎ᠢ ᠴᠢᠭᠯᠡᠯ᠎ᠡ᠃
ᠲᠡᠷᠡ ᠨᠢᠭᠡ ᠲᠠᠰᠤᠯᠭ᠎ᠠ ᠭᠡᠷ ᠲᠦᠷᠢᠶᠡᠰᠦᠯᠡᠨ᠂ 180 ᠭᠠᠷᠤᠢ ᠬᠥᠮᠥᠨ᠎ᠲᠠᠢ ᠵᠢᠷᠬᠢᠶ᠎ᠠ ᠵᠢᠨ ᠴᠤᠭᠯᠠᠷᠠᠯ ᠪᠠᠢᠭᠤᠯᠵᠤ᠂ ᠳᠥᠭᠥᠮ ᠬᠣᠭᠣᠯᠠ ᠬᠢᠵᠦ ᠬᠤᠳᠠᠯᠳᠤᠵᠤ ᠠᠵᠢᠯ᠎ᠢᠶᠠᠨ ᠡᠬᠢᠯᠡᠭᠦᠯᠵᠡᠢ᠃ ᠪᠤᠤᠰᠠ᠂ ᠴᠠᠭᠠᠨ ᠪᠤᠳᠠᠭ᠎ᠠ᠂ ᠲᠥᠮᠥᠰᠥᠨ᠎ᠦ ᠬᠠᠭᠤᠷᠤᠯᠭ᠎ᠠ ᠵᠡᠷᠭᠡ ᠭᠠᠷᠤᠨ ᠬᠣᠭᠣᠯᠠ᠎ᠪᠠᠨ ᠬᠢᠭᠡᠳ ᠬᠤᠳᠠᠯᠳᠤᠭᠰᠠᠨ᠎ᠳᠤ ᠰᠠᠨᠠᠭᠠᠨ᠎ᠠᠴᠠ ᠭᠠᠳᠠᠭᠤᠷ ᠪᠣᠷᠤᠯᠠᠭᠤᠯᠭ᠎ᠠ ᠮᠠᠰᠢ ᠰᠠᠢᠨ ᠪᠠᠢᠵᠤ᠂ ᠬᠠᠮᠤᠭ᠎ᠤᠨ ᠠᠩᠬᠠᠨ᠎ᠤ ᠡᠳᠦᠷ᠎ᠲᠦ 800 ᠭᠠᠷᠤᠢ ᠲᠥᠭᠥᠷᠢᠭ᠎ᠦᠨ ᠣᠷᠣᠯᠭ᠎ᠠ ᠡᠭᠦᠳᠦᠭᠰᠡᠨ ᠪᠠᠢᠵᠠᠢ᠃ ᠲᠠᠪᠤᠨ ᠡᠳᠦᠷ᠎ᠦᠨ ᠳᠠᠷᠠᠭ᠎ᠠ ᠲᠡᠷᠡ 200 ᠲᠥᠭᠥᠷᠢᠭ᠎ᠢᠶᠡᠷ ᠪᠤᠰᠤᠳ᠎ᠠᠴᠠ ᠬᠠᠭᠤᠴᠢᠨ ᠴᠠᠬᠢᠯᠭᠠᠨ ᠬᠥᠳᠡᠯᠭᠡᠭᠦᠷᠲᠦ ᠲᠡᠷᠭᠡ ᠠᠪᠴᠤ᠂ ᠦᠳᠡ ᠣᠷᠣᠢ᠎ᠶᠢᠨ ᠴᠠᠭ᠎ᠢᠶᠠᠷ ᠰᠠᠭᠤᠭᠠᠯᠢ ᠠᠷᠠᠳ᠎ᠤᠨ ᠲᠣᠭᠣᠷᠢᠭ᠋᠎ᠢᠶᠠᠷ ᠲᠣᠭᠣᠷᠢᠵᠤ᠂ ᠬᠢᠭᠰᠡᠨ ᠬᠣᠭᠣᠯᠠ᠎ᠪᠠᠨ ᠬᠤᠳᠠᠯᠳᠤᠨ ᠪᠣᠷᠣᠯᠠᠭᠤᠯᠳᠠᠭ ᠪᠣᠯᠤᠭᠰᠠᠨ᠎ᠢᠶᠠᠷ ᠮᠠᠢᠮᠠᠢ ᠴᠤ᠌ ᠮᠠᠰᠢ ᠤᠷᠤᠭᠰᠢᠲᠠᠢ ᠰᠠᠢᠨ᠂ ᠣᠷᠣᠯᠭ᠎ᠠ ᠨᠢ ᠴᠦ᠍ ᠡᠳᠦᠷ᠎ᠡᠴᠡ ᠡᠳᠦᠷ ᠨᠡᠮᠡᠭᠳᠡᠭᠰᠡᠭᠡᠷ ᠪᠠᠢᠯ᠎ᠠ᠃
《ᠴᠢ ᠬᠦᠯᠤᠰᠤᠨᠤ ᠬᠦᠮᠦᠨ ᠵᠠᠷᠦᠵᠦ ᠬᠡᠪᠴᠢᠶ᠎ᠡ᠎ᠪᠠᠨ ᠥᠷᠭᠡᠳᠬᠡᠬᠦ ᠦᠭᠡᠢ ᠪᠣᠯ ᠲᠠᠨ᠎ᠤ ᠨᠢᠭᠡ ᠬᠣᠶᠠᠷ ᠬᠥᠮᠥᠨ᠎ᠦ ᠬᠥᠳᠡᠯᠮᠦᠷᠢ ᠬᠦᠴᠦ ᠶᠠᠭᠠᠬᠢᠵᠤ ᠴᠢᠷᠮᠠᠢᠪᠠᠴᠤ ᠬᠢᠵᠠᠭᠠᠷ᠎ᠲᠠᠢ᠂ ᠬᠡᠵᠢᠶ᠎ᠡ ᠴᠦ᠍ ᠤᠷᠤᠭ᠍ᠰᠢ᠎ᠪᠠᠨ ᠶᠠᠪᠤᠵᠤ ᠳᠡᠶ᠋ᠢᠯᠬᠦ ᠦᠭᠡᠢ ᠰᠢᠤ》ᠭᠡᠰᠡᠨ ᠨᠢᠭᠡ ᠠᠷᠠᠯᠵᠢᠶᠠᠴᠢᠨ᠎ᠤ ᠶᠠᠷᠢᠶᠠᠨ᠎ᠠᠴᠠ ᠰᠡᠳᠡᠯᠲᠡ ᠣᠯᠵᠠᠢ᠃ 《ᠭᠠᠷᠤᠭ᠎ᠠ ᠰᠠᠢᠲᠠᠢ ᠪᠣᠯ ᠭᠠᠨᠵᠤᠭ᠎ᠠ ᠰᠠᠢᠲᠠᠢ》 ᠭᠡᠳᠡᠭ᠎ᠢᠶᠡᠷ ᠤᠷᠠᠨᠲᠤᠩᠭᠠᠯᠠᠭ 2018 ᠣᠨ᠎ᠤ ᠨᠠᠮᠤᠷ᠎ᠠᠴᠠ ᠵᠡᠭᠦᠨ ᠦᠵᠦᠮᠦᠴᠢᠨ ᠬᠣᠰᠢᠭᠤᠨ᠎ᠤ᠎ᠪᠠᠨ ᠬᠣᠶᠠᠳᠤᠭᠠᠷ ᠪᠠᠭ᠎ᠠ ᠰᠤᠷᠭᠠᠭᠤᠯᠢ᠎ᠶᠢᠨ ᠡᠰᠡᠷᠭᠦ ᠲᠠᠯ᠎ᠠ᠎ᠳᠤ 120 ᠲᠡᠭᠰᠢ ᠳᠥᠷᠪᠡᠯᠵᠢᠨ ᠮᠧᠲᠷ ᠲᠠᠯᠠᠪᠠᠢ᠎ᠲᠠᠢ ᠭᠡᠷ ᠲᠦᠷᠢᠶᠡᠰᠦᠯᠡᠵᠦ᠂ 《ᠬᠥᠬᠡ ᠲᠣᠲᠧᠮ》 ᠭᠤᠯᠢᠷ ᠢᠳᠡᠭᠡᠨ᠎ᠦ ᠭᠠᠵᠠᠷ᠎ᠢᠶᠡᠨ ᠨᠡᠭᠡᠭᠡᠵᠦ᠂ 10 ᠰᠢᠬᠠᠮ ᠲᠦᠮᠡᠨ ᠲᠥᠭᠥᠷᠢᠭ᠎ᠦᠨ ᠪᠡᠯᠡ ᠣᠷᠣᠭᠤᠯᠵᠤ᠂ ᠶᠡᠬᠡ ᠪᠠᠭ᠎ᠠ ᠬᠥᠯᠳᠡᠭᠡᠭᠦᠷ᠂ ᠭᠤᠯᠢᠷ ᠵᠢᠭᠤᠷᠠᠬᠤ᠂ ᠭᠤᠯᠢᠷ ᠡᠯᠳᠡᠬᠦ ᠮᠠᠰᠢᠨ ᠬᠡᠷᠡᠭᠰᠡᠯᠦᠳᠢ ᠪᠦᠷᠢᠨᠰᠢᠭᠦᠯᠦᠨ ᠠᠵᠢᠯᠯᠠᠭᠤᠯᠵᠠᠢ᠃
2022 ᠣᠨ᠎ᠳᠤ ᠥᠪᠡᠷ᠎ᠦᠨ ᠭᠡᠰᠡᠨ ᠲᠠᠸᠠᠷ᠎ᠤᠨ ᠲᠡᠮᠳᠡᠭ ᠵᠢᠡᠨ ᠳᠠᠩᠰᠠᠯᠠᠭᠤᠯᠤᠨ᠂ ᠪᠠᠰᠠ ᠨᠢᠭᠡ ᠲᠠᠰᠤᠯᠭ᠎ᠠ ᠠᠵᠢᠯ᠎ᠤᠨ ᠭᠡᠷ ᠪᠠ 20 ᠲᠡᠭᠰᠢ ᠳᠥᠷᠪᠡᠯᠵᠢᠨ ᠮᠧᠲᠷ ᠲᠠᠯᠠᠪᠠᠢ᠎ᠲᠠᠢ ᠬᠦᠢᠲᠡᠨ ᠬᠥᠮᠥᠷᠭᠡ᠎ᠲᠠᠢ ᠭᠡᠷ ᠨᠡᠮᠡᠵᠦ ᠲᠦᠷᠢᠶᠡᠰᠦᠯᠡᠨ᠂ ᠵᠢᠷᠭᠤᠭ᠎ᠠ ᠳᠣᠯᠣᠭᠠᠨ ᠬᠥᠮᠥᠨ᠎ᠳᠦ ᠠᠵᠢᠯ᠎ᠤᠨ ᠪᠠᠢᠷᠢ ᠬᠠᠩᠭᠠᠨ ᠳᠣᠣᠷ᠎ᠠ᠎ᠪᠠᠨ ᠠᠵᠢᠯᠯᠠᠭᠤᠯᠬᠤ ᠪᠣᠯᠤᠭᠰᠠᠨ᠎ᠠᠴᠠ ᠬᠥᠳᠡᠭᠡᠨᠦ ᠣᠷᠣᠭ ᠬᠤᠷᠢᠮ᠂ ᠨᠠᠰᠤᠨ ᠪᠠᠶᠠᠷ᠎ᠤᠨ ᠪᠤᠤᠰᠠ᠂ ᠪᠠᠩᠰᠢ᠎ᠶᠢᠨ ᠵᠡᠬᠢᠶᠠᠯᠠᠭᠠ ᠶᠡᠬᠡᠪᠡᠷ ᠲᠣᠰᠬᠤ ᠪᠣᠯᠤᠭᠰᠠᠨ ᠪᠠ ᠬᠣᠰᠢᠭᠤᠨ᠎ᠤ᠎ᠪᠠᠨ ᠪᠤᠰᠤᠳ ᠬᠣᠷᠰᠢᠶ᠎ᠠ ᠳᠡᠯᠭᠡᠭᠦᠷ᠂ ᠡᠯ᠎ᠡ ᠰᠤᠮᠤ ᠪᠠᠯᠭᠠᠰᠤᠨ᠎ᠤ ᠳᠡᠯᠭᠡᠭᠦᠷᠦᠳᠲᠦ ᠪᠠᠷᠠᠭ᠎ᠠ᠎ᠪᠠᠨ ᠬᠦᠷᠭᠡᠳᠡᠭ᠎ᠡᠴᠡ ᠪᠣᠷᠤᠯᠠᠭᠤᠯᠭ᠎ᠠ᠎ᠶᠢᠨ ᠵᠠᠮ ᠱᠤᠭᠤᠮ ᠨᠢ ᠮᠠᠰᠢ ᠥᠷᠭᠡᠨ ᠳᠡᠯᠭᠡᠷ ᠪᠣᠯᠤᠭᠰᠠᠨ ᠪᠠᠢᠯ᠎ᠠ᠃ ᠳᠠᠭᠠᠤ᠎ᠳᠤ ᠨᠢ ᠵᠠᠷᠢᠮ ᠠᠢᠯ᠎ᠤᠨ ᠥᠪᠡᠷᠲᠡᠭᠡᠨ ᠢᠷᠡᠵᠦ ᠪᠤᠤᠰᠠ᠂ ᠪᠠᠩᠰᠢ ᠪᠠᠷᠢᠬᠤ᠎ᠳᠤ ᠲᠠᠯᠠᠪᠤᠷ ᠬᠠᠩᠭᠠᠬᠤ ᠵᠡᠷᠭᠡ ᠪᠤᠰᠤᠳ ᠦᠢᠯᠡᠴᠢᠯᠡᠭᠡ᠎ᠶᠢ ᠳᠠᠪᠬᠤᠷ ᠬᠢᠳᠡᠭ ᠪᠠᠢᠯ᠎ᠠ᠃ ᠣᠳᠣ᠌ ᠪᠣᠯᠬᠤ᠎ᠳᠤ᠂ ᠡᠳᠦᠷ᠎ᠲᠦ ᠲᠡᠭᠰᠢᠳᠬᠡᠭᠡᠳ 3000 ᠭᠠᠷᠤᠢ ᠪᠠᠩᠰᠢ᠂ 1000 ᠭᠠᠷᠤᠢ ᠪᠤᠤᠰᠠ ᠪᠦᠷᠢᠨ ᠬᠢᠬᠦ ᠴᠢᠳᠠᠪᠬᠢ᠎ᠲᠠᠢ ᠪᠣᠯᠵᠤ ᠬᠡᠪᠴᠢᠶᠡᠵᠢᠭᠰᠡᠨ ᠪᠠᠢᠨ᠎ᠠ᠃
ᠤᠷᠠᠨᠲᠤᠩᠭᠠᠯᠠᠭ ᠬᠣᠢᠰᠢᠳᠠ᠎ᠶᠢᠨ ᠠᠵᠢᠯ᠎ᠤᠨ ᠲᠥᠯᠥᠪᠯᠡᠭᠡ ᠶᠢᠨ᠎ᠢᠶᠡᠨ ᠲᠠᠯ᠎ᠠ᠎ᠪᠠᠷ ᠶᠠᠷᠢᠬᠤ᠎ᠳᠠᠭᠠᠨ 《ᠭᠣᠣᠯᠳᠠᠭᠤ ᠪᠤᠤᠰᠠ ᠪᠠᠩᠰᠢ᠎ᠶᠢᠨ ᠠᠵᠢᠯ᠎ᠳᠤ ᠬᠦᠴᠦ ᠲᠠᠯᠪᠢᠵᠤ᠂ ᠴᠢᠨᠠᠷ᠎ᠢ ᠪᠠᠲᠤᠯᠠᠨ᠂ ᠨᠠᠢᠷᠠᠯᠭ᠎ᠠ᠎ᠶᠢ ᠣᠯᠠᠨ ᠲᠥᠷᠥᠯ᠎ᠢᠶᠡᠷ ᠬᠢᠵᠦ᠂ ᠬᠡᠷᠡᠭᠯᠡᠭᠴᠢᠳ᠎ᠦᠨ ᠰᠠᠨᠠᠭᠠᠨ᠎ᠳᠤ ᠲᠣᠬᠢᠷᠠᠭᠤᠯᠬᠤ᠎ᠶᠢ ᠬᠢᠴᠢᠶᠡᠨ᠎ᠡ᠃ ᠪᠠᠰᠠ ᠣᠨᠴᠠᠯᠢᠭ᠍ᠲᠤ ᠪᠠᠩᠰᠢ᠎ᠶᠢᠨ ᠳᠥᠭᠥᠮ ᠬᠣᠭᠣᠯᠠᠨ᠎ᠤ ᠭᠠᠵᠠᠷ ᠭᠠᠷᠭᠠᠬᠤ ᠰᠠᠨᠠᠭ᠎ᠠ᠎ᠲᠠᠢ᠂ ᠮᠥᠨᠴᠦ ᠴᠠᠬᠢᠮ ᠰᠦᠯᠵᠢᠶᠡᠨ᠎ᠦ ᠲᠠᠯ᠎ᠠ᠎ᠪᠠᠷ ᠰᠤᠷᠤᠯᠴᠠᠵᠤ ᠬᠣᠢᠰᠢᠳᠠ᠎ᠶᠢᠨ ᠪᠣᠷᠤᠯᠠᠭᠤᠯᠭ᠎ᠠ᠎ᠶᠢᠨ ᠵᠠᠮ ᠱᠤᠭᠤᠮ᠎ᠢᠶᠠᠨ ᠨᠠᠩ ᠥᠷᠭᠡᠨ ᠪᠣᠯᠭᠠᠨ ᠬᠥᠭᠵᠢᠭᠦᠯᠦᠨ᠎ᠡ》 ᠭᠡᠵᠦ ᠪᠠᠢᠯ᠎ᠠ᠃