ᠣᠢᠷ᠎ᠠ ᠳ᠋ᠤ ᠣᠷᠳᠣᠰ ᠬᠣᠲᠠ ᠵᠢᠨ ᠦᠦᠰᠢᠨ ᠬᠣᠰᠢᠭᠤᠨ ᠤ᠋ ᠭᠠᠯᠠᠭᠤᠲᠤ ᠪᠠᠯᠭᠠᠰᠤ ᠵᠢᠨ ᠪᠤᠵᠠᠢ ᠭᠠᠴᠠᠭᠠᠨ ᠤ᠋ ᠠᠷᠠᠳ ᠤ᠋ᠨ ᠰᠡᠳᠬᠢᠯ ᠴᠠᠭᠠᠨ ᠢᠳᠡᠭᠡᠨ ᠤ᠋ ᠦᠢᠯᠡᠳᠪᠦᠷᠢ ᠶ᠋ᠢᠨ ᠠᠵᠢᠯᠴᠢᠳ ᠰᠦ ᠪᠤᠴᠠᠯᠭᠠᠵᠤ ᠦᠷᠦᠮ᠎ᠡ ᠬᠦᠬᠡᠷᠦᠬᠦᠯᠬᠦ ᠭᠡᠳ ᠶᠡᠬᠡ ᠪᠡᠷ ᠶᠠᠭᠠᠷᠠᠯᠳᠤᠨ᠎ᠠ᠃

《ᠥᠩᠭᠡᠷᠡᠭᠰᠡᠨ ᠳ᠋ᠤ ᠦᠷᠦᠮ᠎ᠡ ᠪᠡᠨ ᠣᠯᠠᠩᠬᠢ ᠵᠢ ᠨᠢ ᠥᠪᠡᠷ ᠶ᠋ᠢᠡᠨ ᠢᠳᠡᠵᠦ ᠪᠠᠢᠭᠰᠠᠨ ᠪᠤᠶᠤ ᠤᠢᠷ᠎ᠠ ᠤᠷᠴᠢᠮ ᠶ᠋ᠢᠡᠷ ᠪᠠᠭ᠎ᠠ ᠬᠡᠮᠵᠢᠶ᠎ᠠ ᠪᠡᠷ ᠪᠤᠷᠤᠯᠠᠭᠤᠯᠵᠤ ᠪᠠᠢᠵᠠᠢ᠃ ᠡᠨᠡ ᠵᠢᠯ ᠦᠷᠦᠮ᠎ᠡ ᠰᠦᠯᠵᠢᠶᠡᠨ ᠤ᠋ ᠬᠠᠯᠠᠮᠰᠢᠯ ᠢᠳᠡᠭᠡᠨ ᠪᠤᠯᠤᠭᠰᠠᠨ ᠡᠴᠡ ᠵᠠᠬᠢᠶᠠᠯᠠᠭ᠎ᠠ ᠤᠯᠠᠰᠢᠷᠠᠵᠤ᠂ ᠬᠠᠩᠭᠠᠯᠭ᠎ᠠ ᠨᠢ ᠬᠡᠷᠡᠭᠴᠡᠭᠡ ᠳ᠋ᠡᠭᠡᠨ ᠬᠦᠷᠬᠦ ᠦᠭᠡᠢ ᠪᠤᠯᠵᠤ ᠪᠠᠢᠨ᠎ᠠ》 ᠭᠡᠵᠦ ᠠᠷᠠᠳ ᠤ᠋ᠨ ᠰᠡᠳᠬᠢᠯ ᠴᠠᠭᠠᠨ ᠢᠳᠡᠭᠡᠨ ᠤ᠋ ᠦᠢᠯᠡᠳᠪᠦᠷᠢ ᠶ᠋ᠢᠨ ᠬᠠᠷᠢᠭᠤᠴᠠᠯᠭᠠᠲᠠᠨ ᠮᠦᠷᠡᠨ ᠲᠠᠨᠢᠯᠴᠠᠭᠤᠯᠤᠨ᠎ᠠ᠃ ᠲᠡᠳᠡ ᠤᠯᠠᠮᠵᠢᠯᠠᠯᠲᠤ ᠠᠷᠭ᠎ᠠ ᠪᠠ ᠣᠲᠣ᠌ ᠦᠶ᠎ᠡ ᠵᠢᠨ ᠪᠠᠷᠢᠮᠵᠢᠶ᠎ᠠ ᠵᠢ ᠤᠶᠠᠯᠳᠤᠭᠤᠯᠤᠭᠰᠠᠨ ᠰᠢᠨ᠎ᠡ ᠬᠡᠯᠪᠡᠷᠢ ᠶ᠋ᠢᠨ ᠦᠢᠯᠡᠳᠪᠦᠷᠢᠯᠡᠯ ᠤ᠋ᠨ ᠱᠤᠭᠤᠮ ᠢ᠋ ᠪᠦᠷᠢᠯᠳᠦᠬᠦᠯᠵᠦ᠂ ᠲᠤᠬᠠᠢ ᠵᠢᠨ ᠭᠠᠵᠠᠷ ᠤ᠋ᠨ ᠰᠢᠮ᠎ᠠ ᠰᠠᠢᠲᠠᠢ ᠰᠦ ᠵᠢ ᠰᠣᠩᠭᠣᠨ᠂ ᠡᠳᠦᠷ ᠳᠤᠮᠳᠠᠴᠢ ᠪᠡᠷ 2000 ᠭᠠᠷᠤᠢ ᠬᠡᠰᠡᠭ ᠦᠷᠦᠮ᠎ᠡ ᠬᠦᠬᠡᠷᠦᠬᠦᠯᠵᠤ᠂ ᠡᠯᠧᠺᠲᠷᠣᠨ ᠬᠤᠳᠠᠯᠳᠤᠭᠠᠨ ᠤ᠋ ᠲᠠᠪᠴᠠᠩ ᠪᠤᠶᠤ ᠬᠦᠢᠲᠡᠨ ᠬᠡᠯᠬᠢᠶ᠎ᠠ ᠶ᠋ᠢᠨ ᠡᠳ᠋ ᠪᠠᠷᠠᠭᠠᠨ ᠤ᠋ ᠭᠦᠢᠯᠭᠡᠭᠡ ᠪᠡᠷ ᠳᠡᠮᠵᠢᠨ ᠪᠡᠭᠡᠵᠢᠩ᠂ ᠱᠠᠩᠬᠠᠢ᠂ ᠭᠤᠸᠠᠩᠵᠧᠦ ᠵᠡᠷᠭᠡ ᠭᠠᠵᠠᠷ ᠲᠤ᠌ ᠪᠤᠷᠤᠯᠠᠭᠤᠯᠵᠤ ᠪᠠᠢᠨ᠎ᠠ᠃

ᠤᠳᠤ ᠦᠦᠰᠢᠨ ᠬᠣᠰᠢᠭᠤᠨ ᠳ᠋ᠤ ᠡᠯ᠎ᠡ ᠲᠥᠷᠥᠯ ᠤ᠋ᠨ ᠴᠠᠭᠠᠨ ᠢᠳᠡᠭᠡᠨ ᠤ᠋ ᠠᠵᠤ ᠠᠬᠤᠢᠯᠠᠯ ᠵᠢᠴᠢ ᠲᠤᠰᠬᠠᠢ ᠬᠣᠷᠰᠢᠶ᠎ᠠ 20 ᠭᠠᠷᠤᠢ ᠪᠠᠢᠵᠤ᠂ ᠦᠷᠤᠮ᠎ᠠ᠂ ᠱᠦᠭᠦᠮᠡᠯ᠂ ᠬᠤᠷᠤᠳ᠂ ᠰᠢᠷ᠎ᠠ ᠳᠤᠰᠤ ᠵᠡᠷᠭᠡ ᠪᠦᠲᠦᠭᠡᠭᠳᠡᠬᠦᠨ ᠢ᠋ ᠪᠠᠷᠢᠮᠵᠢᠶᠠᠵᠢᠭᠤᠯᠤᠨ ᠦᠢᠯᠡᠳᠪᠦᠷᠢᠯᠡᠬᠦ ᠴᠠᠭᠠᠨ ᠢᠳᠡᠭᠡᠨ ᠤ᠋ ᠠᠵᠤ ᠦᠢᠯᠡᠰ ᠤ᠋ᠨ ᠬᠡᠯᠬᠢᠶ᠎ᠡ ᠵᠢ ᠪᠦᠷᠢᠯᠳᠦᠬᠦᠯᠦᠨ᠂ ᠭᠠᠯᠠᠭᠤᠲᠤ ᠪᠠᠯᠭᠠᠰᠤ ᠨᠢ 《ᠦᠷᠦᠮ᠎ᠡ ᠶ᠋ᠢᠨ ᠵᠢᠵᠢᠭ ᠪᠠᠯᠭᠠᠰᠤ》 ᠬᠡᠮᠡᠭᠳᠡᠵᠦ᠂ ᠠᠦ᠋ᠰᠲᠷᠠᠯᠢᠶ᠎ᠠ ᠡᠴᠡ ᠰᠠᠢᠨ ᠡᠬᠦᠯᠳᠡᠷ ᠤ᠋ᠨ ᠵᠢᠤᠸᠠᠨ ᠱᠠᠨ ᠰᠠᠭᠠᠯᠢ ᠵᠢᠨ ᠦᠨᠢᠶ᠎ᠡ ᠤᠷᠤᠭᠤᠯᠵᠤ ᠠᠪᠴᠢᠷᠠᠨ᠂ ᠴᠠᠭᠠᠨ ᠢᠳᠡᠭᠡᠨ ᠤ᠋ ᠦᠢᠯᠡᠳᠪᠦᠷᠢᠯᠡᠯ ᠳ᠋ᠤ ᠰᠦ ᠵᠢᠨ ᠢᠷᠡᠯᠳᠡ ᠵᠢᠨ ᠳᠤᠯᠭᠠᠭᠤᠷᠢᠯᠠᠯ ᠬᠠᠩᠭᠠᠵᠤ᠂ ᠵᠢᠯ ᠳ᠋ᠤ 300 ᠭᠠᠷᠤᠢ ᠲᠦᠮᠡᠨ ᠺᠢᠯᠦᠭᠷᠠᠮ ᠴᠠᠭᠠᠨ ᠢᠳᠡᠭᠡᠨ ᠪᠤᠯᠪᠠᠰᠤᠷᠠᠭᠤᠯᠤᠨ ᠪᠤᠷᠤᠯᠠᠭᠤᠯᠵᠤ ᠪᠠᠢᠨ᠎ᠠ᠃
