《ᠴᠠᠭᠠᠨ ᠰᠠᠷ᠎ᠠ》 ᠠᠮᠳᠠᠯᠠᠭᠳᠠᠬᠰᠠᠨ ᠨᠠᠩᠬᠢ ᠪᠤᠤᠪᠤ
2026-02-13 12:06:12
ᠵᠣᠬᠢᠶᠠᠭ᠍ᠴᠢ᠄
ᠪᠦᠦ ᠴᠢᠩ ᠱᠧᠩ
ᠣᠩᠱᠢᠭ᠍ᠰᠠᠨ ᠣᠳᠠᠭ᠎ᠠ᠄
★★★☆☆

ᠯᠠ ᠰᠠᠷ᠎ᠠ ᠶ᠋ᠢᠨ ᠬᠤᠷᠴᠢᠨ ᠨᠤᠲᠤᠬ ᠲᠤ᠌ ᠬᠥᠢᠳᠠᠨ ᠤ᠋ ᠡᠷᠴᠢ ᠴᠢᠩᠭᠠᠷᠠᠵᠠᠢ᠃ ᠲᠦᠩᠯᠢᠶᠤᠤ ᠬᠤᠳᠠ ᠵᠢᠨ ᠵᠠᠷᠤᠳ ᠬᠣᠰᠢᠭᠤᠨ ᠤ᠋ ᠰᠢᠶᠠᠩᠱᠠᠨ ᠲᠠᠷᠢᠶᠠᠯᠠᠩ ᠤ᠋ᠨ ᠲᠠᠯᠠᠪᠠᠢ ᠶ᠋ᠢᠨ ᠠᠵᠢᠯᠴᠢᠨ ᠵᠤᠤ ᠬᠣᠩ ᠶᠠᠨ ᠤ᠋ ᠡᠭᠥᠰᠭᠡᠨ ᠪᠠᠢᠭᠤᠯᠤᠬᠰᠠᠨ 《ᠬᠤᠩ ᠶᠠᠨ ᠤ᠋ ᠵᠢᠩᠨᠡᠭᠰᠡᠨ ᠠᠮᠲᠠᠲᠤ ᠢᠳᠡᠭᠡᠨ ᠤ᠋ ᠦᠢᠯᠡᠳᠬᠡᠯ ᠤ᠋ᠨ ᠭᠠᠵᠠᠷ》 ᠲᠤ᠌ ᠬᠦᠷᠪᠡᠯ᠂ ᠬᠠᠯᠠᠭᠤᠨ ᠠᠭᠤᠷ ᠪᠠᠭᠠᠬᠢᠭᠰᠠᠨ ᠥᠢᠯᠡᠳᠭᠡᠯ ᠤ᠋ᠨ ᠳᠠᠰᠤᠬ ᠲᠤ᠌ ᠵᠤᠤ ᠬᠣᠩ ᠶᠠᠨ ᠶᠠᠭ ᠡᠭᠡᠴᠢ ᠳᠡᠭᠦᠦ ᠨᠠᠷ ᠲᠠᠢ ᠪᠡᠨ ᠨᠠᠩᠬᠢ ᠪᠤᠤᠪᠤ ᠪᠠᠷᠢᠵᠤ ᠵᠢᠩᠨᠠᠨ ᠶᠠᠭᠠᠷᠠᠯᠳᠤᠵᠤ ᠪᠠᠢᠯ᠎ᠠ᠃


935d1bee-08b7-45ed-92ce-e65a19e3b0a0.png


ᠰᠢᠨᠡᠭᠡᠨ ᠵᠢᠩᠨᠡᠭᠰᠡᠨ ᠨᠠᠩᠬᠢ ᠪᠤᠤᠪᠤ


ᠡᠳᠡᠨ ᠤ᠋ ᠬᠢᠨ ᠤᠯᠠᠮᠵᠢᠯᠠᠯᠳᠥ ᠨᠠᠩᠬᠢ ᠪᠤᠤᠪᠤ ᠬᠢᠬᠦ ᠠᠷᠭ᠎ᠠ ᠶ᠋ᠢ ᠪᠠᠷᠢᠮᠳᠠᠯᠠᠵᠤ᠂ ᠨᠠᠩᠬᠢ ᠪᠤᠳᠠᠭ᠎ᠠ ᠪᠡᠨ ᠴᠠᠢᠯᠭᠠᠬᠤ᠂ ᠳᠡᠪᠳᠦᠭᠡᠬᠦ᠂ ᠭᠤᠯᠢᠷ ᠶ᠋ᠢᠡᠨ ᠢᠰᠭᠡᠵᠦ ᠬᠦᠭᠡᠭᠡᠯᠭᠡᠬᠦ ᠡᠴᠡ ᠪᠠᠷᠢᠵᠤ ᠵᠢᠩᠨᠡᠬᠦ ᠪᠤᠯᠳᠠᠯᠠᠬᠢ ᠪᠦᠬᠦ ᠶᠠᠪᠤᠴᠠ ᠶ᠋ᠢ ᠤᠯᠠᠮᠵᠢᠯᠠᠯᠳᠤ ᠭᠠᠷ ᠦᠢᠯᠡᠳᠭᠡᠯ ᠤ᠋ᠨ ᠠᠷᠭ᠎ᠠ ᠪᠡᠷ ᠬᠢᠳᠡᠭ ᠡᠴᠡ ᠵᠢᠩᠨᠡᠵᠦ ᠭᠠᠷᠭᠠᠭᠰᠠᠨ ᠨᠠᠩᠬᠢ ᠪᠤᠤᠪᠤ ᠨᠢ ᠤᠵᠤᠭᠤᠷ ᠤ᠋ᠨ ᠴᠠᠭᠠᠨ ᠰᠠᠷ᠎ᠠ ᠶ᠋ᠢᠨ ᠨᠠᠩᠬᠢ ᠪᠤᠤᠪᠤ ᠶ᠋ᠢᠨ ᠠᠮᠳᠠ ᠮᠡᠳᠡᠷᠡᠭᠳᠡᠵᠦ᠂ ᠨᠤᠳᠤᠭ ᠤ᠋ᠨ ᠤᠯᠠᠨ ᠤ᠋ ᠬᠥᠷᠢᠶᠡᠯᠡᠯ ᠢ᠋ ᠤᠯᠤᠬᠰᠠᠨ ᠶ᠋ᠢᠡᠷ ᠪᠠᠷᠠᠬᠤ ᠦᠭᠡᠢ ᠨᠠᠩ ᠴᠤ᠌ ᠰᠦᠯᠵᠢᠶᠡᠨ ᠲᠠᠪᠴᠠᠩ ᠶ᠋ᠢᠡᠷ ᠤᠯᠤᠰ ᠳᠠᠶᠠᠭᠠᠷ ᠲᠤ᠌ ᠪᠤᠷᠤᠯᠠᠭᠤᠯᠤᠭᠳᠠᠨ᠂ ᠬᠠᠮ ᠳᠡᠯᠭᠡᠭᠦᠷ ᠪᠠ ᠢᠳᠡᠭᠡᠨ ᠤᠮᠳᠠᠭᠠᠨ ᠤ᠋ ᠵᠤᠢᠯ ᠡᠵᠡᠩᠨᠡᠭᠴᠢᠳ ᠤ᠋ᠨ ᠵᠠᠬᠢᠶᠠᠯᠠᠭ᠎ᠠ ᠶ᠋ᠢᠨ ᠬᠠᠭᠤᠳᠠᠰᠤ ᠵᠢ ᠲᠠᠰᠤᠷᠠᠯᠲᠠ ᠦᠭᠡᠢ ᠲᠤᠰᠴᠥ ᠪᠤᠢ᠃ ᠣᠳᠣᠬᠠᠨ ᠳ᠋ᠤ ᠲᠤᠰ ᠥᠢᠯᠡᠳᠭᠡᠯ ᠤ᠋ᠨ ᠭᠠᠵᠠᠷ ᠨᠢ ᠡᠳᠦᠷ ᠪᠦᠷᠢ 800 — 1000 ᠵᠢᠩ ᠨᠠᠩᠬᠢ ᠪᠤᠤᠪᠤ ᠵᠢᠩᠨᠡᠨ ᠪᠤᠷᠤᠯᠠᠭᠤᠯᠵᠤ ᠪᠠᠢᠨ᠎ᠠ᠃


c6d449a0-7ea9-4852-a777-112c4c50816e.png


ᠨᠠᠩᠬᠢ ᠪᠤᠤᠪᠤ ᠠᠮᠳᠠᠯᠠᠨ᠎ᠠ



ᠨᠠᠩᠬᠢ ᠪᠤᠤᠪᠤ ᠪᠠᠷᠢᠨ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号