ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠡᠯ᠎ᠡ ᠠᠢᠮᠠᠭ ᠬᠣᠲᠠ᠎ᠳᠤ ᠬᠦᠷᠴᠦ᠍ 2025 ᠣᠨ᠎ᠤ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠳᠤ ᠣᠷᠣᠯᠴᠠᠵᠤ ᠵᠢᠭᠠᠨ ᠵᠢᠯᠣᠭᠣᠳᠤᠭ᠍ᠰᠠᠨ ᠪᠥᠭᠡᠳ ᠦᠨᠳᠦᠰᠦᠨ ᠱᠠᠲᠤᠨ᠎ᠳᠤ ᠭᠦᠨᠵᠡᠭᠡᠢᠷᠡᠨ ᠡᠷᠬᠢᠨ ᠦᠵᠡᠵᠦ ᠲᠣᠬᠣᠨᠢᠭᠤᠯᠪᠠ
2026-02-16 16:59:47
ᠵᠣᠬᠢᠶᠠᠭ᠍ᠴᠢ᠄
ᠱᠢᠶᠤᠤ ᠯᠦ᠍ ᠯᠢ ᠢᠦᠢ ᠵᠦᠸᠸ ᠵᠢᠶᠠ ᠱᠢᠤᠸᠠᠢ ᠪᠢᠯᠢᠭᠪᠡᠭᠠᠲᠤᠷ ᠯᠢᠦ ᠬᠣᠩ ᠵᠠᠩ ᠭᠤᠤ ᠮᠢᠨ ᠨᠠ ᠸᠠᠩ ᠶᠠ ᠵᠢᠩ ᠼᠠᠢ ᠳ᠋ᠦᠩ ᠮᠧᠢ ᠬᠠᠢ ᠵᠢᠶᠦ᠋ᠨ ᠾᠦᠸᠸ ᠱᠢᠶᠤᠤ ᠴᠢᠩ ᠬᠤᠤ ᠪᠢᠶᠤᠤ ᠴᠧᠨ ᠴᠦᠨ ᠶᠠᠨ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠶ᠋ᠢᠨ ᠡᠳᠦᠷ᠎ᠤᠳ᠎ᠲᠦ᠂ ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠲᠤᠰ ᠲᠤᠰ ᠡᠯ᠎ᠡ ᠠᠢᠮᠠᠭ ᠬᠤᠳᠠ᠎ᠳᠤ ᠬᠦᠷᠴᠦ᠍ 2025 ᠣᠨ᠎ᠤ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠳᠤ ᠣᠷᠣᠯᠴᠠᠵᠤ ᠵᠢᠭᠠᠨ ᠵᠢᠯᠣᠭᠣᠳᠤᠭ᠍ᠰᠠᠨ ᠪᠥᠭᠡᠳ ᠦᠨᠳᠦᠰᠦᠨ ᠱᠠᠲᠤᠨ᠎ᠳᠤ ᠭᠦᠨᠵᠡᠭᠡᠢᠷᠡᠨ ᠡᠷᠬᠢᠨ ᠦᠵᠡᠵᠦ ᠲᠣᠬᠣᠨᠢᠭᠤᠯᠪᠠ᠃

2 ᠰᠠᠷ᠎ᠠ᠎ᠶ᠋ᠢᠨ 1 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠳᠡᠳ᠋ ᠱᠦᠵᠢ᠂ ᠤᠯᠤᠰ ᠲᠥᠷᠥ᠍ ᠬᠠᠤᠯᠢ ᠴᠠᠭᠠᠵᠠ᠎ᠶ᠋ᠢᠨ ᠬᠤᠷᠢᠶ᠎ᠠ ᠵᠢᠨ ᠱᠦᠵᠢ ᠱ᠌ᠢ ᠭᠤᠸᠠᠩ ᠬᠣᠶ ᠤᠯᠠᠭᠠᠨᠬᠠᠳᠠ ᠬᠣᠲᠠ᠎ᠳᠤ ᠬᠦᠷᠴᠦ᠍ ᠡᠷᠬᠢᠨ ᠦᠵᠡᠵᠦ ᠲᠣᠬᠣᠨᠢᠭᠤᠯᠪᠠ᠃ ᠲᠡᠢ᠌ᠷᠦᠯᠲᠦ ᠰᠤᠮᠤᠨ᠎ᠤ ᠴᠡᠷᠢᠭ᠎ᠦᠨ ᠨᠢᠭᠡᠨ ᠴᠡᠷᠢᠭ ᠠᠩᠭᠢ᠎ᠳᠤ᠂ ᠲᠡᠷᠡ ᠳᠠᠷᠤᠭ᠎ᠠ ᠪᠠᠢᠯᠳᠤᠭ᠍ᠴᠢᠳ᠎ᠲᠤ ᠪᠠᠶᠠᠷ᠎ᠤᠨ ᠡᠳᠦᠷ᠎ᠦᠨ ᠮᠡᠨᠳᠦᠴᠢᠯᠡᠯ ᠪᠠ ᠡᠷᠬᠢᠮ ᠳᠡᠭᠡᠳᠦ ᠬᠦᠨᠳᠦᠳᠭᠡᠯ ᠳᠡᠪᠱᠢᠭᠦᠯᠵᠦ᠍᠂ ᠬᠣᠯᠪᠣᠭ᠍ᠳᠠᠯ ᠪᠦᠬᠦᠢ ᠰᠠᠯᠠᠭ᠎ᠠ ᠮᠥᠴᠢᠷ ᠪᠣᠯᠤᠨ ᠰᠠᠭᠤᠭ᠎ᠠ ᠭᠠᠵᠠᠷ᠎ᠤᠨ ᠬᠢᠨ᠎ᠢ ᠬᠣᠶᠠᠷ᠎ᠢ ᠬᠦᠷᠢᠶᠡᠯᠡᠬᠦ᠌ ᠠᠵᠢᠯ᠎ᠢ ᠨᠡᠩ ᠴᠢᠨᠠᠷ ᠰᠠᠢᠲᠠᠢ ᠥᠨᠳᠥᠷ ᠪᠦᠲᠦᠮᠵᠢᠲᠡᠢ᠎ᠪᠡᠷ ᠰᠠᠢᠲᠤᠷ ᠬᠢᠵᠦ᠍᠂ ᠴᠡᠷᠢᠭ ᠠᠩᠭᠢ᠎ᠶ᠋ᠢᠨ ᠪᠣᠯᠪᠠᠰᠤᠷᠠᠯ ᠬᠢᠵᠦ᠍ ᠳᠠᠢ᠌ᠨ᠎ᠳᠦ ᠪᠡᠯᠡᠳᠭᠡᠬᠦ᠌᠎ᠳᠦ ᠨᠠᠷᠢᠯᠢᠭ ᠦᠢᠯᠡᠴᠢᠯᠡᠬᠦ᠌ ᠬᠡᠷᠡᠭ᠌ᠲᠡᠢ ᠭᠡᠵᠦ᠍ ᠱᠠᠭᠠᠷᠳᠠᠪᠠ᠃ ᠱ᠌ᠢ ᠭᠤᠸᠠᠩ ᠬᠣᠶ ᠬᠦᠴᠢᠷᠲᠡᠯᠲᠡᠢ ᠠᠵᠢᠯᠲᠠᠨ ᠠᠵᠢᠯᠴᠢᠨ᠂ ᠵᠡᠮᠳᠡᠭ ᠬᠡᠤᠬᠡᠳ᠎ᠤᠨ ᠭᠡᠷ ᠲᠤ᠌ ᠬᠦᠷᠴᠦ᠂ ᠡᠳᠦᠷ ᠲᠤᠳᠤᠮ᠎ᠤᠨ ᠠᠮᠢᠳᠤᠷᠠᠯ᠂ ᠲᠤᠯᠭᠠᠷᠠᠵᠤ ᠪᠠᠢᠭ᠎ᠠ ᠬᠦᠴᠢᠷᠳᠡᠯ᠂ ᠰᠤᠷᠤᠯᠴᠠᠯᠭ᠎ᠠ ᠦᠰᠦᠨ ᠪᠤᠢᠵᠢᠯᠲᠠ ᠵᠡᠷᠭᠡ ᠪᠠᠢᠳᠠᠯ᠎ᠢ ᠨᠢ ᠨᠠᠷᠢᠨ ᠬᠢᠨᠠᠮᠠᠭᠠᠢ ᠤᠢᠯᠠᠭᠠᠵᠤ᠂ ᠲᠤᠬᠠᠶ᠎ᠶ᠋ᠢᠨ ᠭᠠᠵᠠᠷ᠎ᠤᠨ᠎ᠬᠢᠨ᠎ᠢ ᠡᠯ᠎ᠡ ᠵᠦᠶ᠋ᠯ᠎ᠦᠨ ᠲᠡᠳᠬᠦᠨ ᠳᠡᠮᠵᠢᠬᠦ᠌ ᠲᠥᠷᠥ᠎ᠶ᠋ᠢᠨ ᠪᠣᠳᠣᠯᠭ᠎ᠠ᠎ᠶ᠋ᠢ ᠰᠠᠢᠲᠤᠷ ᠨᠠᠢᠳᠠᠪᠤᠷᠢᠵᠢᠭᠤᠯᠵᠤ᠂ ᠬᠠᠯᠠᠮᠵᠢᠯᠠᠨ ᠬᠠᠢᠷᠠᠯᠠᠬᠤ ᠠᠵᠢᠯ᠎ᠢ ᠰᠡᠳᠭᠢᠯ ᠲᠠᠯᠪᠢᠨ ᠬᠠᠢᠷ᠎ᠠ ᠰᠡᠳᠭᠢᠯᠭᠡ ᠲᠠᠢ ᠪᠡᠷ ᠰᠠᠢᠲᠤᠷ ᠬᠢᠵᠦ᠍᠂ ᠲᠡᠳᠡᠨ᠎ᠢ ᠬᠠᠪᠰᠤᠷᠤᠨ ᠨᠠᠩ ᠰᠠᠢᠨ ᠰᠠᠢᠬᠠᠨ ᠠᠮᠢᠳᠤᠷᠠᠯ᠎ᠢ ᠡᠳ᠋ᠯᠡᠭᠦᠯᠦᠭᠡᠷᠡᠢ ᠭᠡᠵᠦ᠍ ᠵᠠᠬᠢᠪᠠ᠃ ᠱ᠌ᠢ ᠭᠤᠸᠠᠩ ᠬᠣᠶ ᠡᠮᠦᠨ᠎ᠡ ᠹᠷᠣᠨᠲ᠎ᠤᠨ ᠣᠷᠴᠢᠨ ᠲᠣᠭᠣᠷᠢᠨ᠎ᠤ ᠠᠷᠢᠭᠤᠨ ᠴᠡᠪᠡᠷ᠎ᠦᠨ ᠠᠵᠢᠯᠴᠢᠳ᠎ᠢ ᠳᠣᠲᠣᠨᠣ᠎ᠪᠠᠷ ᠲᠣᠬᠣᠨᠢᠭᠤᠯᠵᠤ ᠪᠠᠢᠬᠤ᠎ᠪᠠᠨ ᠢᠯᠡᠳᠭᠡᠵᠦ᠍᠂ ᠲᠡᠳᠡᠨ᠎ᠦ ᠱᠢᠷᠭᠠᠭᠤ ᠬᠠᠲᠠᠭᠤᠵᠢᠯᠲᠠᠶ ᠬᠥᠳᠡᠯᠮᠦᠷᠢ ᠪᠡᠷ᠎ᠢᠶᠡᠨ ᠬᠣᠲᠠ ᠵᠢᠨ ᠠᠷᠢᠭᠤᠨ ᠴᠡᠪᠡᠷ ᠲᠡᠷᠢ ᠲᠡᠭ᠌ᠰᠢ ᠪᠠᠢᠬᠤ ᠵᠢ ᠪᠠᠲᠤᠯᠠᠵᠤ ᠪᠠᠢᠭ᠎ᠠ᠎ᠳᠤ ᠲᠠᠯᠠᠷᠬᠠᠵᠤ᠂ ᠬᠣᠯᠪᠣᠭ᠍ᠳᠠᠯ ᠪᠥᠬᠥᠶ ᠲᠠᠯ᠎ᠠ᠎ᠶ᠋ᠢᠨ᠎ᠬᠢᠨ᠎ᠳᠤ ᠲᠡᠳᠡᠨ᠎ᠤ ᠠᠵᠢᠯ᠎ᠤᠨ ᠨᠥᠬᠥᠴᠡᠯ᠎ᠢ ᠦᠷᠭᠦᠯᠵᠢᠯᠡᠨ ᠰᠠᠢᠵᠢᠷᠠᠭᠤᠯᠤᠭᠠᠷᠠᠢ ᠭᠡᠵᠦ᠍ ᠵᠠᠬᠢᠪᠠ᠃ ᠱ᠌ᠢ ᠭᠤᠸᠠᠩ ᠬᠣᠶ ᠪᠠᠰᠠ ᠰᠦᠯᠵᠢᠶ᠎ᠡ᠎ᠪᠡᠷ ᠪᠣᠯᠵᠣᠬᠤ ᠮᠠᠱᠢᠨ ᠲᠡᠷᠭᠡᠨ᠎ᠦ ᠵᠢᠯᠣᠭᠣᠴᠢ᠎ᠶ᠋ᠢᠨ ᠬᠡᠷ᠎ᠲᠦ ᠬᠦᠷᠴᠦ᠍᠂ ᠣᠷᠣᠯᠭ᠎ᠠ᠂ ᠨᠡᠢᠭᠡᠮ᠎ᠦᠨ ᠲᠠᠭᠠᠳᠬᠠᠯ ᠵᠡᠷᠭᠡ ᠪᠠᠢᠳᠠᠯ᠎ᠢ ᠨᠢ ᠬᠠᠯᠠᠮᠵᠢᠯᠠᠨ ᠠᠰᠠᠭᠤᠵᠤ᠂ ᠱᠢᠨ᠎ᠡ᠎ᠪᠡᠷ ᠠᠵᠢᠯ ᠣᠯᠤᠭ᠍ᠰᠠᠨ ᠬᠥᠮᠦᠰ᠎ᠲᠦ ᠴᠠᠭᠠᠨ ᠰᠠᠷ᠎ᠠ᠎ᠶ᠋ᠢᠨ ᠵᠥᠩᠨᠡᠯ ᠳᠡᠪᠱᠢᠭᠦᠯᠵᠦ᠍᠂ ᠲᠤᠬᠠᠶ᠎ᠶ᠋ᠢᠨ ᠭᠠᠵᠠᠷ᠎ᠤᠨ᠎ᠬᠢᠨ᠎ᠢ ᠱᠢᠨ᠎ᠡ᠎ᠪᠡᠷ ᠠᠵᠢᠯ ᠣᠯᠤᠭ᠍ᠰᠠᠨ ᠬᠥᠮᠦᠰ᠎ᠢ ᠬᠠᠯᠠᠮᠵᠢᠯᠠᠨ ᠨᠢᠭ᠍ᠲᠠᠷᠠᠭᠤᠯᠬᠤ ᠠᠷᠭ᠎ᠠ ᠬᠡᠮᠵᠢᠶ᠎ᠡ᠎ᠶ᠋ᠢ ᠪᠣᠳᠠᠲᠠᠶ᠎ᠳᠤ ᠨᠠᠢᠳᠠᠪᠤᠷᠢᠵᠢᠭᠤᠯᠵᠤ᠂ ᠨᠠᠮ᠎ᠤᠨ ᠱᠢᠨ᠎ᠡ᠎ᠪᠡᠷ ᠮᠠᠨᠳᠤᠭ᠍ᠰᠠᠨ ᠠᠵᠢᠯ᠎ᠤᠨ ᠬᠦᠷᠢᠶᠡᠨ᠎ᠳᠡᠬᠢ ᠤᠷᠢᠶᠠᠯᠠᠬᠤ ᠬᠦᠴᠦᠨ ᠨᠢᠭ᠍ᠲᠠᠷᠠᠭᠤᠯᠬᠤ ᠬᠦᠴᠦᠨ ᠨᠥᠯᠥᠭᠡᠯᠡᠬᠦ᠌ ᠬᠦᠴᠦᠨ᠎ᠢ ᠲᠠᠰᠤᠷᠠᠯᠲᠠ ᠥᠬᠡᠶ ᠴᠢᠩᠭᠠᠳᠭᠠᠬᠤ ᠬᠡᠷᠡᠭ᠌ᠲᠡᠶ ᠭᠡᠵᠦ᠍ ᠱᠠᠭᠠᠷᠳᠠᠪᠠ᠃

1 ᠰᠠᠷ᠎ᠠ᠎ᠶ᠋ᠢᠨ 29  ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠪᠠᠢᠩᠭᠤ᠎ᠶ᠋ᠢᠨ ᠭᠡᠱᠢᠭᠦᠨ᠂ ᠰᠠᠬᠢᠯᠭ᠎ᠠ ᠪᠠᠲᠤ ᠪᠠᠢᠴᠠᠭᠠᠬᠤ ᠬᠤᠷᠢᠶ᠎ᠠ ᠵᠢᠨ ᠱᠦᠵᠢ᠂ ᠬᠢᠨᠠᠨ ᠪᠠᠢᠴᠠᠭᠠᠬᠤ ᠵᠥᠪᠯᠡᠯ᠎ᠦᠨ ᠡᠷᠬᠢᠯᠡᠭ᠌ᠴᠢ ᠯᠢᠦ ᠱᠤᠸᠠᠩ ᠬᠥᠯᠥᠨ ᠪᠣᠢᠷ ᠬᠣᠲᠠ᠎ᠶ᠋ᠢᠨ ᠨᠠᠮ᠎ᠤᠨ ᠬᠤᠷᠢᠶ᠎ᠠ ᠵᠢᠨ ᠪᠠᠢᠩᠭᠤ᠎ᠶ᠋ᠢᠨ ᠬᠤᠷᠢᠶ᠎ᠠ ᠵᠢᠨ ᠤᠳᠤᠷᠢᠳᠭᠤ ᠪᠠᠭ᠎ᠤᠨ 2025 ᠣᠨ᠎ᠤ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠳᠤ ᠣᠷᠣᠯᠴᠠᠵᠤ ᠵᠢᠭᠠᠨ ᠵᠢᠯᠣᠭᠣᠳᠪᠠ᠃ ᠯᠢᠦ ᠱᠤᠸᠠᠩ᠂ ᠶᠡᠷᠦᠩᠬᠡᠢ ᠱᠦᠵᠢ ᠰᠢ ᠵᠢᠨ ᠫᠢᠩ᠎ᠦᠨ ᠨᠠᠮ᠎ᠤᠨ ᠪᠠᠢᠭᠤᠯᠤᠯᠲᠠ᠎ᠶ᠋ᠢᠨ ᠲᠤᠬᠠᠢ ᠴᠢᠬᠤᠯᠠ ᠦᠵᠡᠯ ᠰᠠᠨᠠᠭ᠎ᠠ᠂ ᠨᠠᠮ᠎ᠤᠨ ᠥᠪᠡᠷ ᠪᠡᠶ᠎ᠡ ᠵᠢᠨ ᠬᠤᠪᠢᠰᠭᠠᠯ᠎ᠤᠨ ᠲᠤᠬᠠᠶ ᠴᠢᠬᠤᠯᠠ ᠦᠵᠡᠯ ᠰᠠᠨᠠᠭ᠎ᠠ ᠪᠠ ᠥᠪᠥᠷ ᠮᠣᠩᠭᠣᠯ᠎ᠤᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠲᠤᠭᠤᠱᠢᠯᠠᠭᠤᠯᠵᠤ᠂ 《ᠭᠤᠷᠪᠠᠨ ᠨᠠᠩ》 ᠤ᠋ᠨ ᠴᠢᠬᠤᠯᠠ ᠱᠠᠭᠠᠷᠳᠠᠯᠭ᠎ᠠ᠎ᠶ᠋ᠢ ᠭᠦᠨᠵᠡᠭᠡᠶ ᠣᠢᠯᠠᠭᠠᠵᠤ᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠤᠯᠤᠰ ᠲᠦᠷᠦ᠍᠎ᠶ᠋ᠢᠨ ᠬᠠᠷᠢᠭᠤᠴᠠᠯᠭ᠎ᠠ᠎ᠶ᠋ᠢ ᠨᠠᠷᠢᠨ ᠬᠢᠨᠠᠮᠠᠭᠠᠢ ᠭᠦᠢᠴᠡᠳᠭᠡᠵᠦ᠂ ᠰᠤᠷᠲᠠᠯ᠎ᠢ ᠴᠡᠭ᠌ᠴᠡᠯᠡᠨ ᠰᠠᠬᠢᠯᠭ᠎ᠠ ᠪᠠᠲᠤ᠎ᠶ᠋ᠢ ᠴᠢᠩᠳᠠᠯᠠᠵᠤ ᠢᠯᠵᠢᠷᠠᠯ᠎ᠢ ᠡᠰᠡᠷᠭᠦᠴᠡᠬᠦ᠌ ᠠᠵᠢᠯ᠎ᠢ ᠦᠷᠭᠦᠯᠵᠢᠯᠡᠨ ᠭᠦᠨᠵᠡᠭᠡᠢᠷᠡᠭᠦᠯᠵᠦ᠂ ᠢᠯᠵᠢᠷᠡᠬᠦ ᠡᠴᠡ ᠵᠢᠷᠦᠬᠡᠱᠢᠶᠡᠬᠦ᠂ ᠢᠯᠵᠢᠷᠠᠵᠤ ᠪᠣᠯᠬᠤ ᠦᠭᠡᠢ᠂ ᠢᠯᠵᠢᠷᠠᠬᠦ ᠵᠢ ᠪᠤᠳᠤᠬᠤ ᠦᠭᠡᠢ ᠪᠠᠢᠬᠤ ᠵᠢ ᠨᠢᠭᠡ ᠴᠣᠭ᠍ᠴᠠᠵᠢᠭᠤᠯᠤᠨ ᠠᠬᠢᠭᠤᠯᠬᠤ ᠡᠷᠴᠢᠮ᠎ᠢ ᠴᠢᠩᠭᠠᠷᠠᠭᠤᠯᠵᠤ᠂ ᠢᠯᠵᠢᠷᠠᠯ᠎ᠤᠨ ᠡᠭᠦᠰᠦᠨ ᠳᠡᠯᠭᠡᠷᠡᠬᠦ᠌ ᠬᠥᠷᠥᠰᠥ᠍ ᠱᠢᠷᠣᠶ ᠪᠠ ᠨᠥᠬᠥᠴᠡᠯ᠎ᠢ ᠨᠠᠩ ᠬᠦᠴᠦᠲᠡᠶ ᠪᠥᠭᠡᠳ ᠪᠦᠲᠦᠮᠵᠢᠲᠡᠶ᠎ᠪᠡᠷ ᠠᠷᠢᠯᠭᠠᠵᠤ᠂ ᠨᠠᠩ ᠥᠨᠳᠥᠷ ᠪᠠᠷᠢᠮᠵᠢᠶ᠎ᠠ ᠨᠠᠩ ᠪᠣᠳᠠᠲᠠᠶ ᠠᠷᠭ᠎ᠠ ᠬᠡᠮᠵᠢᠶ᠎ᠡ᠎ᠪᠡᠷ ᠲᠤᠱᠢᠶᠠᠯ ᠬᠠᠷᠢᠭᠤᠴᠠᠯᠭ᠎ᠠ᠎ᠪᠠᠨ ᠭᠦᠶ᠋ᠴᠡᠳᠭᠡᠨ ᠵᠢᠳᠭᠦᠯ ᠴᠢᠷᠮᠠᠢᠯᠭ᠎ᠠ ᠭᠠᠷᠭᠠᠵᠤ᠂ ᠨᠠᠮ᠎ᠤᠨ ᠲᠥᠪ ᠬᠤᠷᠢᠶ᠎ᠠ ᠵᠢᠨ ᠴᠢᠬᠤᠯᠠ ᠶᠡᠬᠡ ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ ᠵᠢᠴᠢ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ 《1571》 ᠠᠵᠢᠯ᠎ᠤᠨ ᠪᠠᠢᠷᠢᠯᠠᠭᠤᠯᠤᠯᠲᠠ᠎ᠶ᠋ᠢ ᠪᠣᠳᠠᠲᠠᠢ᠎ᠳᠤ ᠨᠠᠢᠳᠠᠪᠤᠷᠢᠵᠢᠭᠤᠯᠵᠤ ᠦᠷ᠎ᠡ ᠪᠦᠲᠦᠮᠵᠢ ᠭᠠᠷᠭᠠᠬᠤ᠎ᠶ᠋ᠢ ᠪᠠᠲᠤᠯᠠᠬᠤ ᠬᠡᠷᠡᠭ᠌ᠲᠡᠢ ᠭᠡᠵᠡᠢ᠃ ᠲᠤᠰ ᠡᠳᠦᠷ᠂ ᠯᠢᠦ ᠱᠤᠸᠠᠩ ᠪᠠᠰᠠ ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ ᠶᠠᠨ ᠱᠦᠨ ᠯᠢ ᠪᠣᠯᠤᠨ ᠠᠵᠢᠯ᠎ᠡᠴᠡ᠎ᠪᠠᠨ ᠳᠠᠷᠬᠠᠯᠠᠭ᠍ᠳᠠᠭ᠍ᠰᠠᠨ ᠺᠠᠳ᠋ᠷ ᠯᠢᠦ ᠯᠢ᠎ᠶ᠋ᠢ ᠡᠷᠬᠢᠨ ᠦᠵᠡᠵᠦ ᠲᠣᠬᠣᠨᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ ᠪᠣᠯᠤᠨ ᠵᠠᠰᠠᠭ᠎ᠤᠨ ᠣᠷᠳᠣᠨ᠎ᠤ ᠳᠣᠲᠣᠨᠣ ᠬᠠᠯᠠᠮᠵᠢᠯᠠᠯ᠎ᠢ ᠬᠥᠷᠬᠡᠵᠤ ᠴᠠᠭᠠᠨ ᠰᠠᠷ᠎ᠠ᠎ᠶ᠋ᠢᠨ ᠵᠥᠩᠨᠡᠯ ᠳᠡᠪᠰᠢᠭᠦᠯᠪᠡ᠃

2 ᠰᠠᠷ᠎ᠠ᠎ᠶ᠋ᠢᠨ 10 ᠎ᠤ᠋ ᠡᠳᠦᠷ᠂ 12 ᠎ᠤ᠋ᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠪᠠᠢᠩᠭᠤ᠎ᠶ᠋ᠢᠨ ᠭᠡᠱᠢᠭᠦᠨ᠂ ᠲᠦᠩᠯᠢᠶᠣᠤ ᠬᠣᠲᠠ᠎ᠶ᠋ᠢᠨ ᠨᠠᠮ᠎ᠤᠨ ᠬᠤᠷᠢᠶ᠎ᠠ ᠵᠢᠨ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ ᠵᠢᠨ ᠳᠡᠳ᠋ ᠡᠷᠬᠢᠯᠡᠭ᠌ᠴᠢ ᠮᠸᠩ ᠱᠢᠶᠠᠨ ᠳ᠋ᠦᠩ ᠪᠦᠯᠬᠦᠮ ᠳᠠᠭᠠᠭᠤᠯᠤᠨ᠂ ᠲᠦᠩᠯᠢᠶᠣᠤ ᠬᠣᠲᠠ᠎ᠳᠤ ᠰᠠᠭᠤᠭ᠎ᠠ ᠴᠡᠷᠢᠭ ᠠᠡᠭᠭᠢ ᠴᠠᠭ᠍ᠳᠠᠭ᠎ᠠ ᠪᠣᠯᠤᠨ ᠬᠦᠷᠢᠶ᠎ᠡ ᠬᠣᠱᠢᠭᠤᠨ᠎ᠳᠤ ᠲᠣᠰ ᠲᠣᠰ ᠬᠦᠷᠴᠦ᠍᠂ ᠵᠡᠪᠰᠡᠭ᠌ᠲᠦ ᠴᠠᠭ᠍ᠳᠠᠭ᠎ᠠ᠎ᠶ᠋ᠢᠨ ᠲᠦᠩᠯᠢᠶᠣᠤ᠎ᠳᠠᠬᠢ ᠰᠠᠯᠪᠤᠷᠢ ᠠᠩᠭᠢ᠂ ᠲᠦᠩᠯᠢᠶᠣᠤ᠎ᠶ᠋ᠢᠨ ᠴᠡᠷᠢᠭ᠎ᠦᠨ ᠬᠤᠪᠢᠶᠠᠷᠢ ᠲᠣᠭᠣᠷᠢᠭ᠂ ᠵᠡᠪᠰᠡᠭ᠌ᠲᠦ ᠴᠠᠭ᠍ᠳᠠᠭ᠎ᠠ᠎ᠶ᠋ᠢᠨ ᠪᠡᠯᠡᠳᠭᠡᠯ ᠭᠤᠷᠪᠠᠳᠤᠭᠠᠷ ᠰᠠᠯᠪᠤᠷᠢ ᠠᠩᠭᠢ᠎ᠶ᠋ᠢᠨ ᠥᠷᠭᠡᠨ ᠣᠯᠠᠨ ᠳᠠᠷᠤᠭ᠎ᠠ ᠪᠠᠢᠯᠳᠤᠭ᠍ᠴᠢ᠂ ᠲᠦᠩᠯᠢᠶᠣᠤ ᠬᠣᠲᠠ᠎ᠶ᠋ᠢᠨ ᠲᠠᠰ᠎ᠤᠨ ᠬᠥᠳᠡᠯᠮᠦᠷᠢ᠎ᠶ᠋ᠢᠨ ᠵᠢᠱ᠌ᠢᠶᠡᠴᠢ᠂ ᠠᠬᠠᠮᠠᠳ ᠨᠠᠮ᠎ᠤᠨ ᠭᠡᠱᠢᠭᠦᠨ᠂ ᠬᠦᠷᠢᠶ᠎ᠡ ᠬᠣᠱᠢᠭᠤᠨ᠎ᠤ  ᠨᠠᠰᠤᠲᠠᠨ᠎ᠢ ᠠᠰᠠᠷᠠᠬᠤ ᠭᠤᠤᠯ ᠬᠦᠷᠢᠶᠡᠯᠡᠩ᠎ᠦᠨ ᠨᠠᠰᠤᠲᠠᠢᠴᠤᠳ ᠪᠣᠯᠤᠨ ᠱᠢᠨ᠎ᠡ᠎ᠪᠡᠷ ᠠᠵᠢᠯ ᠣᠯᠤᠭ᠍ᠰᠠᠨ ᠬᠥᠮᠦᠰ᠎ᠢ ᠡᠷᠭᠢᠨ ᠦᠵᠡᠵᠦ ᠲᠣᠬᠣᠨᠢᠭᠤᠯᠵᠤ᠂ ᠲᠡᠳᠡᠨ᠎ᠳᠦ ᠴᠠᠭᠠᠨ ᠰᠠᠷ᠎ᠠ᠎ᠶ᠋ᠢᠨ ᠮᠡᠨᠳᠦᠴᠢᠯᠡᠯ ᠳᠡᠪᠱᠢᠭᠦᠯᠪᠡ᠃ ᠮᠸᠩ ᠱᠢᠶᠠᠨ ᠳ᠋ᠦᠩ ᠲᠣᠬᠣᠨᠢᠭᠤᠯᠬᠤ ᠡᠲᠡᠭᠡᠳ᠎ᠲᠡᠶ ᠳᠣᠲᠣᠨᠣ᠎ᠪᠠᠷ ᠶᠠᠷᠢᠯᠴᠠᠵᠤ᠂ ᠲᠡᠳᠡᠨ᠎ᠦ ᠠᠮᠢᠳᠤᠷᠠᠯ ᠵᠡᠷᠭᠡ ᠪᠠᠢᠳᠠᠯ᠎ᠢ ᠨᠠᠷᠢᠨ ᠣᠢᠯᠠᠭᠠᠪᠠ᠃ ᠲᠡᠷᠡ᠂ ᠤᠷᠲᠤ ᠬᠤᠭᠤᠴᠠᠭᠠᠨ᠎ᠤ ᠲᠤᠷᠰᠢ ᠴᠡᠷᠢᠭ ᠠᠩᠭᠢ᠎ᠶᠢᠨ ᠳᠠᠷᠤᠭ᠎ᠠ ᠪᠠᠢᠯᠳᠤᠭ᠍ᠴᠢᠳ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠪᠦᠲᠦᠭᠡᠨ ᠪᠠᠢᠭᠤᠯᠤᠯᠲᠠ᠎ᠳᠤ ᠴᠢᠬᠤᠯᠠ ᠬᠤᠪᠢ ᠨᠡᠮᠡᠷᠢ ᠦᠵᠡᠭᠦᠯᠵᠡᠢ᠂ ᠬᠤᠲᠠ᠎ᠶᠢᠨ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠥᠩᠭᠡᠷᠡᠭᠰᠡᠨ᠎ᠲᠠᠢ᠎ᠪᠡᠨ ᠠᠳᠠᠯᠢ᠎ᠪᠠᠷ ᠴᠡᠷᠢᠭ ᠠᠩᠭᠢ᠎ᠶᠢᠨ ᠪᠦᠲᠦᠭᠡᠨ ᠪᠠᠢᠭᠤᠯᠤᠯᠲᠠ᠎ᠶᠢ ᠬᠠᠯᠠᠮᠵᠢᠯᠠᠨ ᠳᠡᠮᠵᠢᠵᠦ᠂ ᠳᠠᠷᠤᠭ᠎ᠠ ᠪᠠᠢᠯᠳᠤᠭ᠍ᠴᠢᠳ᠎ᠲᠤ᠌ ᠲᠤᠯᠭᠠᠷᠠᠭᠰᠠᠨ ᠪᠣᠳᠠᠲᠠᠢ ᠬᠦᠴᠢᠷᠳᠡᠯ ᠪᠠ ᠠᠰᠠᠭᠤᠳᠠᠯ᠎ᠢ ᠴᠠᠭ ᠲᠤᠬᠠᠢ ᠳ᠋ᠤᠨᠢ ᠰᠢᠢᠳᠪᠦᠷᠢᠯᠡᠵᠦ ᠥᠭᠭᠦᠨ᠎ᠡ; ᠬᠦᠷᠢᠶ᠎ᠡ ᠬᠣᠰᠢᠭᠤ ᠤᠯᠤᠰ᠎ᠤᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠭᠣᠣᠯᠳᠠᠯᠭ᠎ᠠ᠎ᠲᠠᠢ ᠬᠠᠪᠰᠤᠷᠤᠨ ᠲᠡᠳᠬᠦᠬᠦ ᠰᠢᠶᠠᠨ ᠪᠣᠯᠤᠭᠰᠠᠨ᠎ᠤ ᠬᠤᠪᠢ᠎ᠳᠤ᠂ ᠬᠥᠭᠵᠢᠯᠲᠡ᠎ᠶᠢᠨ ᠢᠷᠡᠭᠡᠳᠦᠢ ᠮᠠᠰᠢ ᠰᠠᠷᠠᠭᠤᠯ   ᠪᠠᠢᠨ᠎ᠠ᠂ ᠬᠣᠲᠠ᠎ᠶᠢᠨ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠠᠵᠢᠯ᠎ᠢ ᠤᠯᠠᠮ ᠴᠢᠨᠠᠭᠰᠢᠳᠠ ᠳᠡᠮᠵᠢᠵᠦ᠂ ᠬᠦᠷᠢᠶ᠎ᠡ ᠬᠣᠰᠢᠭᠤᠨ᠎ᠤ ᠠᠵᠤ ᠠᠬᠤᠢ ᠨᠡᠢᠭᠡᠮ᠎ᠦᠨ ᠬᠥᠭᠵᠢᠯᠲᠡ᠎ᠳᠦ ᠪᠠᠲᠤ ᠴᠢᠩᠭ᠎ᠠ ᠪᠠᠲᠤᠯᠠᠭ᠎ᠠ ᠬᠠᠩᠭᠠᠨ᠎ᠠ ᠭᠡᠪᠡ᠃

2 ᠰᠠᠷ᠎ᠠ᠎ᠶᠢᠨ 8 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠵᠢᠨ ᠪᠠᠢᠩᠭᠤ᠎ᠶᠢᠨ ᠭᠡᠰᠢᠭᠦᠨ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠪᠠᠢᠩᠭᠤ᠎ᠶᠢᠨ ᠳᠡᠳ᠋ ᠲᠡᠷᠢᠭᠦᠯᠡᠭᠴᠢ ᠬᠤᠸᠠᠩ ᡁᠢ ᠴᠢᠶᠠᠩ ᠰᠢᠯᠢ᠎ᠶᠢᠨ ᠭᠣᠣᠯ ᠠᠢᠮᠠᠭ᠎ᠲᠤ ᠭᠦᠨᠵᠡᠭᠡᠢᠷᠡᠵᠦ᠂ ᠠᠬᠠᠮᠠᠳ ᠨᠠᠮ᠎ᠤᠨ ᠭᠡᠰᠢᠭᠦᠨ᠂ ᠠᠮᠧᠷᠢᠺᠠ᠎ᠶᠢ ᠡᠰᠡᠷᠭᠦᠴᠡᠵᠦ ᠰᠣᠯᠣᠩᠭᠣᠰ᠎ᠢ ᠲᠤᠰᠠᠯᠠᠭᠰᠠᠨ ᠠᠬᠠᠮᠠᠳ ᠪᠠᠢᠯᠳᠤᠭ᠍ᠴᠢ᠂ ᠡᠮᠦᠨ᠎ᠡ ᠹᠷᠣᠨᠲ᠎ᠤᠨ ᠠᠵᠢᠯᠲᠠᠨ ᠠᠵᠢᠯᠴᠢᠨ ᠵᠢᠴᠢ ᠬᠦᠴᠢᠷᠳᠡᠯᠲᠡᠢ ᠤᠯᠠᠨ ᠲᠦᠮᠡᠨ᠎ᠢ ᠡᠷᠭᠢᠨ ᠦᠵᠡᠵᠦ ᠲᠣᠬᠣᠨᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠣᠨ ᠵᠠᠰᠠᠭ᠎ᠤᠨ ᠣᠷᠳᠣᠨ᠎ᠤ ᠡᠮᠦᠨ᠎ᠡ᠎ᠡᠴᠡ ᠤᠯᠠᠨ᠎ᠳᠤ ᠴᠠᠭᠠᠨ ᠰᠠᠷ᠎ᠠ᠎ᠶᠢᠨ ᠵᠥᠩᠨᠡᠯ ᠳᠡᠪᠰᠢᠭᠦᠯᠪᠡ᠃ ᠬᠦᠷᠦᠭᠰᠡᠨ ᠭᠠᠵᠠᠷ ᠪᠣᠯᠭᠠᠨ᠎ᠳᠤ᠂ ᠬᠤᠸᠠᠩ ᡁᠢ ᠴᠢᠶᠠᠩ ᠤᠯᠠᠨ᠎ᠲᠠᠢ ᠳᠣᠲᠣᠨᠣ᠌᠎ᠪᠠᠷ ᠶᠠᠷᠢᠯᠴᠠᠵᠤ᠂ ᠪᠡᠶ᠎ᠡ ᠮᠠᠬᠠᠪᠤᠳ᠎ᠤᠨ ᠪᠠᠢᠳᠠᠯ᠂ ᠦᠢᠯᠡᠳᠪᠦᠷᠢᠯᠡᠯ ᠠᠮᠢᠳᠤᠷᠠᠯ ᠵᠢᠴᠢ ᠠᠵᠢᠯ᠎ᠤᠨ ᠪᠠᠲᠤᠯᠠᠭ᠎ᠠ᠎ᠶᠢᠨ ᠪᠠᠢᠳᠠᠯ᠎ᠢ ᠨᠢ ᠨᠠᠷᠢᠨ ᠠᠰᠠᠭᠤᠵᠤ᠂ ᠤᠯᠠᠨ᠎ᠤ ᠰᠡᠳᠬᠢᠯ᠎ᠦᠨ ᠳᠠᠭᠤᠨ ᠪᠣᠯᠣᠨ ᠬᠦᠰᠡᠯ ᠡᠷᠡᠮᠡᠯᠵᠡᠯ᠎ᠢ ᠨᠢ ᠨᠠᠷᠢᠨ ᠬᠢᠨᠠᠮᠠᠭᠠᠢ ᠰᠣᠨᠣᠰᠴᠤ ᠪᠠᠢᠯ᠎ᠠ᠃ ᠲᠡᠷᠡ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠦ ᠣᠯᠠᠨ ᠲᠦᠮᠡᠨ᠎ᠦ ᠠᠮᠤᠷ ᠲᠦᠪᠰᠢᠨ ᠠᠶᠤᠯ ᠲᠦᠭᠰᠢᠭᠦᠷᠢ ᠪᠠ ᠬᠠᠯᠠᠭᠤᠨ ᠳᠤᠯᠠᠭᠠᠨ᠎ᠢ ᠢᠮᠠᠭᠲᠠ ᠰᠡᠳᠬᠢᠯ᠎ᠳᠡᠭᠡᠨ ᠪᠤᠳᠤᠵᠤ᠂ ᠠᠷᠠᠳ᠎ᠤᠨ ᠠᠮᠢᠳᠤᠷᠠᠯ᠎ᠤᠨ ᠦᠢᠯᠡᠴᠢᠯᠡᠭᠡ᠎ᠶᠢ ᠰᠡᠳᠬᠢᠯ ᠲᠠᠯᠪᠢᠵᠤ ᠬᠠᠢᠷ᠎ᠠ ᠰᠡᠳᠬᠢᠯᠭᠡ᠎ᠲᠠᠢ᠎ᠪᠡᠷ ᠰᠠᠢᠲᠤᠷ ᠬᠢᠵᠦ᠂ ᠠᠷᠠᠳ᠎ᠲᠤ ᠠᠰᠢᠭ᠋ ᠬᠦᠷᠲᠡᠭᠡᠬᠦ ᠡᠯ᠎ᠡ ᠵᠦᠢᠯ᠎ᠦᠨ ᠲᠥᠷᠥ᠎ᠶᠢᠨ ᠪᠣᠳᠣᠯᠭ᠎ᠠ᠎ᠶᠢ ᠨᠠᠷᠢᠨ ᠨᠢᠮᠪᠠᠢ ᠨᠠᠢᠳᠠᠪᠤᠷᠢᠵᠢᠭᠤᠯᠤᠨ᠂ ᠣᠯᠠᠨ ᠲᠦᠮᠡᠨ᠎ᠦ ᠪᠠᠴᠢᠮᠳᠠᠵᠤ ᠬᠦᠴᠢᠷᠳᠡᠵᠦ ᠵᠣᠪᠠᠨᠢᠵᠤ ᠬᠦᠰᠡᠵᠦ ᠪᠠᠢᠭ᠎ᠠ ᠠᠰᠠᠭᠤᠳᠠᠯ᠎ᠢ ᠦᠨᠡᠨ ᠬᠦ᠌ ᠰᠢᠢᠳᠪᠦᠷᠢᠯᠡᠵᠦ᠂ ᠥᠷᠭᠡᠨ ᠣᠯᠠᠨ ᠲᠦᠮᠡᠨ᠎ᠳᠦ ᠨᠠᠮ ᠪᠠ ᠵᠠᠰᠠᠭ᠎ᠤᠨ ᠣᠷᠳᠣᠨ᠎ᠤ ᠬᠠᠢᠷ᠎ᠠ ᠬᠠᠯᠠᠮᠵᠢ᠎ᠶᠢ ᠦᠨᠡᠨ ᠬᠦ᠌ ᠮᠡᠳᠡᠷᠡᠭᠦᠯᠬᠦ ᠬᠡᠷᠡᠭᠲᠡᠢ ᠭᠡᠵᠦ ᠵᠠᠬᠢᠪᠠ᠃ ᠡᠨᠡ ᠬᠤᠭᠤᠴᠠᠭᠠᠨ᠎ᠳᠤ᠂ ᠬᠤᠸᠠᠩ ᡁᠢ ᠴᠢᠶᠠᠩ ᠪᠠᠰᠠ 《7·1᠎ᠤ᠋ ᠭᠠᠪᠢᠶᠠᠨ ᠲᠡᠮᠳᠡᠭ》᠎ᠢ ᠬᠦᠷᠲᠡᠭᠴᠢ ᠲᠢᠩ ᠪᠠᠭᠠᠲᠤᠷ᠎ᠤᠨ ᠭᠡᠷ᠎ᠲᠦ ᠬᠦᠷᠴᠦ᠂ ᠲᠡᠬᠦᠨ᠎ᠦ ᠠᠮᠢᠳᠤᠷᠠᠯ ᠪᠠ ᠠᠵᠢᠯ᠎ᠤᠨ ᠪᠠᠢᠳᠠᠯ᠎ᠢ ᠬᠠᠯᠠᠮᠵᠢᠯᠠᠨ ᠠᠰᠠᠭᠤᠵᠤ᠂ ᠲᠡᠭᠦᠨ᠎ᠦ ᠮᠠᠯᠵᠢᠬᠤ ᠣᠷᠣᠨ᠎ᠳᠤ ᠦᠨᠳᠦᠰᠦᠯᠡᠵᠦ᠂ ᠣᠯᠠᠨ ᠲᠦᠮᠡᠨ᠎ᠳᠦ ᠦᠢᠯᠡᠴᠢᠯᠡᠵᠦ᠂ ᠠᠮᠢ ᠠᠬᠤᠢ᠎ᠶᠢ ᠰᠠᠬᠢᠨ ᠬᠠᠮᠠᠭᠠᠯᠠᠵᠤ᠂ ᠦᠨᠳᠦᠰᠦᠲᠡᠨ᠎ᠦ ᠪᠦᠯᠬᠦᠮᠳᠡᠯ᠎ᠢ ᠠᠬᠢᠭᠤᠯᠬᠤ᠎ᠳᠤ ᠦᠵᠡᠭᠦᠯᠦᠭᠰᠡᠨ ᠲᠣᠪᠣᠢᠮ᠎ᠠ ᠬᠤᠪᠢ ᠨᠡᠮᠡᠷᠢ᠎ᠳᠦ ᠬᠦᠨᠳᠦᠳᠬᠡᠯ᠎ᠢᠶᠡᠨ ᠳᠡᠪᠰᠢᠭᠦᠯᠪᠡ᠃

2 ᠰᠠᠷ᠎ᠠ᠎ᠶᠢᠨ 10 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠵᠢᠨ ᠪᠠᠢᠩᠭᠤ᠎ᠶᠢᠨ ᠭᠡᠰᠢᠭᠦᠨ᠂ ᠨᠢᠭᠡᠳᠦᠮᠡᠯ ᠹᠷᠣᠨᠲ᠎ᠤᠨ ᠬᠡᠯᠲᠡᠰ᠎ᠦᠨ ᠳᠠᠷᠤᠭ᠎ᠠ ᠬᠦᠦᠳᠠᠭᠤᠯᠠ ᠠᠯᠠᠱᠠ ᠠᠢᠮᠠᠭ᠎ᠲᠤ ᠬᠦᠷᠴᠦ᠂ ᠠᠵᠢᠯ᠎ᠡᠴᠡ᠎ᠪᠠᠨ ᠳᠠᠷᠬᠠᠯᠠᠭᠳᠠᠵᠤ ᠠᠵᠢᠯ᠎ᠡᠴᠡ᠎ᠪᠠᠨ ᠠᠮᠠᠷᠠᠭᠰᠠᠨ ᠠᠬᠠᠮᠠᠳ ᠺᠠᠳ᠋ᠷ᠂ ᠬᠥᠳᠡᠯᠮᠦᠷᠢ᠎ᠶᠢᠨ ᠵᠢᠱ᠌ᠢᠶᠡᠴᠢ᠂ ᠰᠢᠨ᠎ᠡ ᠡᠵᠡᠩᠨᠡᠯᠲᠡ᠎ᠶᠢᠨ ᠬᠡᠯᠪᠡᠷᠢ᠎ᠪᠡᠷ ᠠᠵᠢᠯ ᠣᠯᠣᠭᠰᠠᠳ ᠵᠢᠴᠢ ᠦᠨᠳᠦᠰᠦᠨ ᠱᠠᠲᠤᠨ᠎ᠤ ᠡᠮᠦᠨ᠎ᠡ ᠹᠷᠣᠨᠲ᠎ᠤᠨ ᠶᠠᠳᠠᠭᠤ ᠬᠦᠴᠢᠷᠳᠡᠯᠲᠡᠢ ᠠᠵᠢᠯᠲᠠᠨ ᠠᠵᠢᠯᠴᠢᠨ᠎ᠢ ᠡᠷᠭᠢᠨ ᠦᠵᠡᠵᠦ ᠲᠣᠬᠣᠨᠢᠭᠤᠯᠵᠤ᠂ ᠲᠡᠳᠡᠨ᠎ᠳᠦ ᠨᠠᠮ ᠪᠣᠯᠣᠨ ᠵᠠᠰᠠᠭ᠎ᠤᠨ ᠣᠷᠳᠣᠨ᠎ᠤ ᠬᠠᠢᠷ᠎ᠠ ᠬᠠᠯᠠᠮᠵᠢ ᠎ᠶᠢ ᠬᠥᠷᠬᠡᠵᠤ  ᠴᠠᠭᠠᠨ ᠰᠠᠷ᠎ᠠ᠎ᠶᠢᠨ ᠵᠥᠩᠨᠡᠯ ᠳᠡᠪᠰᠢᠭᠦᠯᠪᠡ᠃ ᠥᠪᠥᠷ ᠮᠣᠩᠭᠣᠯ᠎ᠤᠨ ᠴᠧᠨ ᠬᠠᠢ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠳᠤ᠂ ᠬᠦᠦᠳᠠᠭᠤᠯᠠ ᠠᠵᠤ ᠠᠬᠤᠢᠯᠠᠯ᠎ᠤᠨ ᠬᠠᠷᠢᠭᠤᠴᠠᠯᠭᠠᠲᠠᠨ᠎ᠡᠴᠡ ᠠᠵᠤ ᠠᠬᠤᠢᠯᠠᠯ᠎ᠤᠨ ᠬᠥᠭᠵᠢᠯᠲᠡ ᠪᠠ ᠢᠷᠡᠭᠡᠳᠦᠢ᠎ᠶᠢᠨ ᠲᠥᠯᠦᠪᠵᠢᠭᠦᠯᠭᠡ᠎ᠶᠢ ᠨᠠᠷᠢᠨ ᠣᠢᠯᠠᠭᠠᠵᠤ᠂ ᠠᠵᠤ ᠠᠬᠤᠢᠯᠠᠯ᠎ᠤᠨ ᠦᠷᠭᠦᠯᠵᠢᠯᠡᠨ ᠡᠷᠡᠯᠬᠡᠭᠯᠡᠨ ᠲᠡᠮᠡᠴᠡᠵᠦ᠂ ᠠᠵᠤ ᠠᠬᠤᠢ ᠨᠡᠢᠭᠡᠮ᠎ᠦᠨ ᠬᠥᠭᠵᠢᠯᠲᠡ᠎ᠳᠦ ᠰᠢᠨ᠎ᠡ ᠬᠤᠪᠢ ᠨᠡᠮᠡᠷᠢ ᠦᠵᠡᠭᠦᠯᠬᠦ᠎ᠶᠢ ᠵᠣᠷᠢᠭ᠍ᠵᠢᠭᠤᠯᠪᠠ᠃ ᠠᠵᠢᠯ᠎ᠡᠴᠡ᠎ᠪᠠᠨ ᠳᠠᠷᠬᠠᠯᠠᠭᠳᠠᠵᠤ ᠠᠵᠢᠯ᠎ᠡᠴᠡ᠎ᠪᠠᠨ ᠠᠮᠠᠷᠠᠭᠰᠠᠨ ᠠᠬᠠᠮᠠᠳ ᠺᠠᠳ᠋ᠷ ᠪᠦᠦ ᠰᠠᠩ ᠢ᠂ ᠴᠠᠰᠤᠲᠠᠢ᠎ᠶᠢᠨ ᠭᠡᠷ᠎ᠲᠦ᠂ ᠬᠦᠦᠳᠠᠭᠤᠯᠠ ᠲᠡᠳᠡᠨ᠎ᠦ ᠪᠡᠶ᠎ᠡ ᠮᠠᠬᠠᠪᠤᠳ ᠪᠣᠯᠣᠨ ᠠᠮᠢᠳᠤᠷᠠᠯ᠎ᠤᠨ ᠪᠠᠢᠳᠠᠯ᠎ᠢ ᠨᠢ ᠨᠠᠷᠢᠨ ᠠᠰᠠᠭᠤᠵᠤ᠂ ᠠᠬᠠᠮᠠᠳ ᠨᠥᠬᠥᠳ ᠪᠡᠶ᠎ᠡ᠎ᠪᠡᠨ ᠬᠢᠴᠢᠶᠡᠵᠦ᠂ ᠦᠷᠭᠦᠯᠵᠢᠯᠡᠨ ᠠᠪᠢᠶᠠᠰ ᠴᠢᠳᠠᠪᠤᠷᠢ᠎ᠪᠠᠨ ᠪᠠᠳᠠᠷᠠᠭᠤᠯᠵᠤ ᠬᠦᠴᠦᠨ ᠴᠢᠳᠠᠯ᠎ᠵᠢᠡᠨ ᠡᠷᠭᠦᠵᠦ᠂ ᠭᠠᠵᠠᠷ ᠣᠷᠣᠨ᠎ᠤ ᠬᠥᠭᠵᠢᠯᠲᠡ᠎ᠳᠦ ᠨᠠᠩ ᠣᠯᠠᠨ ᠣᠶᠤᠨ ᠤᠬᠠᠭᠠᠨ ᠬᠦᠴᠦᠨ ᠴᠢᠳᠠᠯ᠎ᠢᠶᠠᠨ ᠡᠷᠭᠦᠬᠦ᠎ᠶᠢ ᠬᠦᠰᠡᠪᠡ᠃ ᠬᠥᠳᠡᠯᠮᠦᠷᠢ᠎ᠶᠢᠨ ᠵᠢᠱ᠌ᠢᠶᠡᠴᠢ ᠯᠢᠦᠢ ᠱᠧᠦ ᠵᠢᠶᠠ᠂ ᠬᠦᠴᠢᠷᠳᠡᠯᠲᠡᠢ ᠠᠵᠢᠯᠲᠠᠨ ᠠᠵᠢᠯᠴᠢᠨ ᠮᠠ ᠽᠤ᠌ ᠳ᠋ᠠᠢ᠎ᠶᠢ ᠲᠣᠬᠣᠨᠢᠭᠤᠯᠬᠤ᠎ᠳᠠᠭᠠᠨ᠂ ᠬᠦᠦᠳᠠᠭᠤᠯᠠ ᠲᠡᠳᠡᠨ᠎ᠢ ᠦᠷᠭᠦᠯᠵᠢᠯᠡᠨ ᠢᠳᠡᠪᠬᠢᠲᠡᠢ᠎ᠪᠡᠷ ᠤᠷᠤᠭᠰᠢᠯᠠᠨ ᠳᠠᠪᠰᠢᠵᠤ᠂ ᠪᠣᠳᠠᠲᠠᠢ ᠠᠵᠢᠯᠯᠠᠨ ᠲᠡᠮᠡᠴᠡᠵᠦ᠂ ᠰᠢᠨ᠎ᠡ ᠴᠠᠭ ᠦᠶ᠎ᠡ᠎ᠳᠦ ᠭᠠᠪᠢᠶ᠎ᠠ ᠵᠢᠳᠬᠦᠯ ᠦᠵᠡᠭᠦᠯᠬᠦ᠎ᠶᠢ ᠵᠣᠷᠢᠭ᠍ᠵᠢᠭᠤᠯᠤᠭᠰᠠᠨ ᠪᠥᠭᠡᠳ ᠬᠣᠯᠪᠣᠭᠳᠠᠯ ᠪᠦᠬᠦᠢ ᠰᠠᠯᠠᠭ᠎ᠠ ᠮᠥᠴᠢᠷ᠎ᠦᠨ ᠬᠢᠨ᠎ᠢ ᠬᠠᠯᠠᠮᠵᠢᠯᠠᠨ ᠲᠡᠳᠬᠦᠬᠦ ᠠᠵᠢᠯ᠎ᠢ ᠴᠢᠩ ᠰᠡᠳᠬᠢᠯ᠎ᠡᠴᠡ᠎ᠪᠡᠨ ᠰᠠᠢᠲᠤᠷ ᠬᠢᠬᠦ ᠬᠡᠷᠡᠭᠲᠡᠢ ᠭᠡᠵᠦ ᠵᠠᠬᠢᠪᠠ᠃

2 ᠰᠠᠷ᠎ᠠ᠎ᠶᠢᠨ 10 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠵᠢᠨ ᠪᠠᠢᠩᠭᠤ᠎ᠶᠢᠨ ᠭᠡᠰᠢᠭᠦᠨ᠂ ᠤᠬᠠᠭᠤᠯᠬᠤ ᠬᠡᠯᠲᠡᠰ᠎ᠦᠨ ᠳᠠᠷᠤᠭ᠎ᠠ ᠪᠦᠦ ᠰᠢᠶᠠᠨ ᠬᠤᠸᠠ ᠬᠢᠩᠭᠠᠨ ᠠᠢᠮᠠᠭ᠎ᠲᠤ ᠭᠦᠨᠵᠡᠭᠡᠢᠷᠡᠨ᠂ ᠴᠡᠷᠢᠭ ᠠᠩᠭᠢ᠎ᠶᠢᠨ ᠳᠠᠷᠤᠭ᠎ᠠ ᠪᠠᠢᠯᠳᠤᠭ᠍ᠴᠢ ᠪᠣᠯᠣᠨ ᠦᠨᠳᠦᠰᠦᠨ ᠱᠠᠲᠤᠨ᠎ᠤ ᠺᠠᠳ᠋ᠷ ᠣᠯᠠᠨ ᠲᠦᠮᠡᠨ᠎ᠦ ᠲᠥᠯᠥᠭᠡᠯᠡᠭᠴᠢ᠎ᠶᠢ ᠡᠷᠭᠢᠵᠦ ᠦᠵᠡᠨ ᠲᠣᠬᠣᠨᠢᠭᠤᠯᠵᠤ᠂ ᠲᠡᠳᠡᠨ᠎ᠳᠦ ᠴᠠᠭᠠᠨ ᠰᠠᠷ᠎ᠠ᠎ᠶᠢᠨ ᠵᠥᠩᠨᠡᠯ  ᠲᠡᠪᠰᠢᠬᠥᠯᠵᠥ ᠴᠢᠩ ᠰᠡᠳᠬᠢᠯ᠎ᠦᠨ ᠮᠡᠨᠳᠦᠴᠢᠯᠡᠯ ᠬᠦᠷᠭᠡᠪᠡ᠃ ᠬᠢᠩᠭᠠᠨ᠎ᠤ ᠴᠡᠷᠢᠭ᠎ᠦᠨ ᠬᠤᠪᠢᠶᠠᠷᠢ ᠲᠣᠭᠣᠷᠢᠭ᠋᠎ᠲᠤ᠂ ᠪᠦᠦ ᠰᠢᠶᠠᠨ ᠬᠤᠸᠠ ᠳᠠᠷᠤᠭ᠎ᠠ ᠪᠠᠢᠯᠳᠤᠭ᠍ᠴᠢᠳ᠎ᠲᠠᠢ ᠴᠡᠷᠢᠭ ᠠᠩᠭᠢ ᠪᠠ ᠣᠷᠣᠨ ᠨᠤᠲᠤᠭ᠎ᠤᠨ ᠬᠥᠭᠵᠢᠯᠲᠡ᠎ᠶᠢᠨ ᠲᠤᠬᠠᠢ ᠶᠠᠷᠢᠯᠴᠠᠵᠤ᠂ ᠲᠡᠳᠡᠨ᠎ᠦ ᠤᠷᠳᠤ ᠬᠤᠭᠤᠴᠠᠭᠠᠨ᠎ᠤ ᠲᠤᠷᠰᠢ ᠬᠢᠩᠭᠠᠨ ᠠᠢᠮᠠᠭ᠎ᠤᠨ ᠠᠮᠤᠷ ᠲᠣᠭᠲᠠᠭᠤᠨ᠂ ᠨᠡᠢᠭᠡᠮ᠎ᠦᠨ ᠡᠶ᠎ᠡ ᠵᠣᠬᠢᠴᠠᠩᠭᠤᠢ ᠪᠠᠢᠬᠤ᠎ᠳᠤ ᠦᠵᠡᠭᠦᠯᠦᠭᠰᠡᠨ ᠬᠤᠪᠢ ᠨᠡᠮᠡᠷᠢ᠎ᠳᠦ ᠴᠢᠩ ᠰᠡᠳᠬᠢᠯ᠎ᠦᠨ ᠲᠠᠯᠠᠷᠬᠠᠯ ᠪᠠ ᠡᠷᠬᠢᠮ ᠳᠡᠭᠡᠳᠦ ᠬᠦᠨᠳᠦᠳᠬᠡᠯ᠎ᠢᠶᠡᠨ ᠳᠡᠪᠰᠢᠭᠦᠯᠵᠦ᠂ ᠴᠡᠷᠢᠭ ᠵᠠᠰᠠᠭ ᠴᠡᠷᠢᠭ ᠠᠷᠠᠳ᠎ᠤᠨ ᠪᠦᠯᠬᠦᠮᠳᠡᠯ᠎ᠢ ᠦᠷᠭᠦᠯᠵᠢᠯᠡᠨ ᠪᠡᠬᠢᠵᠢᠭᠦᠯᠬᠦ᠂ ᠬᠢᠯᠢ ᠬᠢᠵᠠᠭᠠᠷ᠎ᠤᠨ ᠠᠮᠤᠷ ᠲᠦᠪᠰᠢᠨ᠎ᠢ ᠬᠠᠮᠠᠭᠠᠯᠠᠬᠤ᠎ᠳᠤ ᠬᠦᠰᠡᠯ ᠱᠠᠭᠠᠷᠳᠠᠯᠭ᠎ᠠ ᠳᠤᠷᠠᠳᠴᠤ᠂ ᠴᠡᠷᠢᠭ ᠠᠩᠭᠢ᠎ᠶᠢᠨ ᠳᠠᠷᠤᠭ᠎ᠠ ᠪᠠᠢᠯᠳᠤᠭ᠍ᠴᠢᠳ᠎ᠲᠤ ᠪᠠᠶᠠᠷ᠎ᠤᠨ ᠡᠳᠦᠷ᠎ᠦᠨ ᠮᠡᠨᠳᠦᠴᠢᠯᠡᠯ ᠳᠡᠪᠰᠢᠭᠦᠯᠪᠡ᠃ ᠲᠣᠬᠣᠨᠢᠭᠤᠯᠬᠤ ᠳᠤᠮᠳᠠ᠂ ᠪᠦᠦ ᠰᠢᠶᠠᠨ ᠬᠤᠸᠠ ᠠᠬᠠᠮᠠᠳ ᠪᠠᠢᠯᠳᠤᠭ᠍ᠴᠢ᠂ ᠠᠮᠢᠳᠤᠷᠠᠯ ᠬᠦᠴᠢᠷᠳᠡᠯᠲᠡᠢ ᠤᠯᠠᠨ ᠲᠦᠮᠡᠨ ᠪᠣᠯᠣᠨ ᠪᠦᠬᠦ ᠤᠯᠤᠰ᠎ᠤᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠵᠢᠱ᠌ᠢᠶᠡᠴᠢ ᠬᠤᠪᠢ ᠬᠦᠮᠦᠨ᠎ᠲᠠᠢ ᠵᠣᠭᠣᠭ ᠳᠡᠯᠭᠡᠵᠦ᠂ ᠣᠢᠷ᠎ᠠ᠎ᠶᠢᠨ ᠪᠠᠢᠳᠠᠯ᠎ᠢ ᠨᠢ ᠤᠢᠯᠠᠭᠠᠨ ᠶᠠᠷᠢᠯᠴᠠᠵᠤ᠂ ᠲᠤᠳᠤᠨᠤ ᠪᠡᠷ ᠬᠠᠯᠠᠮᠵᠢᠯᠠᠵᠤ᠂ ᠤᠯᠠᠨ᠎ᠤ ᠴᠠᠭᠠᠨ ᠰᠠᠷ᠎ᠠ᠎ᠳᠠᠭᠠᠨ ᠪᠠᠶᠠᠷ ᠬᠦᠷ᠎ᠲᠠᠢ᠂ ᠭᠡᠷ ᠬᠣᠲᠠᠯᠠᠭᠠᠷ᠎ᠢᠶᠠᠨ ᠲᠦᠪᠰᠢᠨ ᠠᠮᠤᠭᠤᠯᠠᠨᠭ᠌ ᠪᠠᠢᠬᠤ᠎ᠶᠢ ᠵᠥᠩᠨᠡᠪᠡ᠃ ᠲᠡᠷᠡ᠂ ᠡᠯ᠎ᠡ ᠱᠠᠲᠤ ᠡᠯ᠎ᠡ ᠰᠠᠯᠠᠭ᠎ᠠ ᠮᠥᠴᠢᠷ᠎ᠦᠨ ᠬᠢᠨ ᠣᠯᠠᠨ ᠲᠦᠮᠡᠨ᠎ᠦ ᠢᠳᠡᠵᠦ ᠡᠮᠦᠰᠬᠦ ᠶᠠᠪᠤᠵᠤ ᠰᠠᠭᠤᠬᠤ᠂ ᠠᠮᠤᠷ ᠲᠦᠪᠰᠢᠨ ᠬᠠᠯᠠᠭᠤᠨ ᠬᠦᠢᠲᠡᠨ᠎ᠢ ᠴᠠᠭ ᠢᠮᠠᠭᠲᠠ ᠰᠡᠳᠬᠢᠯ᠎ᠳᠡᠭᠡᠨ ᠪᠤᠳᠤᠵᠤ᠂ ᠬᠦᠴᠢᠷᠳᠡᠯ᠎ᠢ ᠰᠢᠢᠳᠪᠦᠷᠢᠯᠡᠵᠦ ᠬᠠᠪᠰᠤᠷᠤᠨ ᠲᠡᠳᠬᠦᠬᠦ ᠡᠯ᠎ᠡ ᠵᠦᠢᠯ᠎ᠦᠨ ᠲᠥᠷᠥ᠎ᠶᠢᠨ ᠪᠣᠳᠣᠯᠭ᠎ᠠ᠎ᠶᠢ ᠰᠠᠢᠲᠤᠷ ᠨᠠᠢᠳᠠᠪᠤᠷᠢᠵᠢᠭᠤᠯᠵᠤ᠂ ᠨᠠᠮ ᠪᠣᠯᠣᠨ ᠵᠠᠰᠠᠭ᠎ᠤᠨ ᠣᠷᠳᠣᠨ᠎ᠤ ᠬᠠᠢᠷ᠎ᠠ ᠬᠠᠯᠠᠮᠵᠢ᠎ᠶᠢ ᠦᠨᠡᠨ ᠬᠦ᠌ ᠪᠣᠳᠠᠲᠠᠢ᠎ᠳᠤ ᠨᠠᠢᠳᠠᠪᠤᠷᠢᠵᠢᠭᠤᠯᠵᠤ᠂ ᠠᠷᠠᠳ ᠣᠯᠠᠨ᠎ᠤ ᠬᠦᠷ ᠬᠦᠭᠵᠢᠶᠡᠨᠲᠡᠢ ᠪᠡᠷ ᠪᠠᠶᠠᠷ᠎ᠤᠨ ᠡᠳᠦᠷ᠎ᠢᠶᠡᠨ ᠥᠩᠭᠡᠷᠡᠭᠦᠯᠬᠦ᠎ᠶᠢ ᠦᠨᠡᠨ ᠬᠦ᠌ ᠪᠠᠲᠤᠯᠠᠬᠤ ᠬᠡᠷᠡᠭᠲᠡᠢ ᠭᠡᠵᠦ ᠴᠢᠬᠤᠯᠠᠴᠢᠯᠠᠪᠠ᠃

2 ᠰᠠᠷ᠎ᠠ᠎ᠶᠢᠨ 14᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠪᠠᠢᠩᠭᠤ᠎ᠶᠢᠨ ᠭᠡᠰᠢᠭᠦᠨ᠂ ᠬᠥᠬᠡᠬᠣᠲᠠ᠎ᠶᠢᠨ ᠨᠠᠮ᠎ᠤᠨ ᠬᠣᠷᠢᠶ᠎ᠠ᠎ᠶᠢᠨ ᠱᠦᠵᠢ ᠢᠦᠢ ᠬᠤᠢ ᠸᠸᠨ ᠴᠸᠩ ᠹᠠ ᠢᠯᠴᠢ ᠬᠠᠩᠭᠠᠬᠤ ᠺᠤᠮᠫᠠᠨᠢ ᠵᠢᠨ ᠴᠢᠶᠤᠤ ᠺᠤᠤ ᠬᠤᠪᠢᠶᠠᠷᠢ ᠺᠤᠮᠫᠠᠨᠢ ᠵᠢᠨ ᠢᠯᠴᠢ ᠬᠠᠩᠭᠠᠬᠤ ᠥᠷᠲᠡᠭᠡ᠂ ᠬᠥᠬᠡᠬᠣᠲᠠ᠎ᠶᠢᠨ ᠸᠸᠢ ᠯᠠᠢ ᠤᠰᠤᠨ᠎ᠤ ᠠᠮᠢ ᠠᠬᠤᠢ᠎ᠶᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠣᠲᠠ᠎ᠶᠢᠨ ᠳᠠᠬᠢᠨ ᠡᠭᠦᠰᠬᠦ ᠤᠰᠤᠨ᠎ᠤ ᠦᠢᠯᠡᠳᠪᠦᠷᠢ᠂ ᠬᠣᠲᠠ᠎ᠶᠢᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ ᠵᠢᠴᠢ ᠬᠣᠲᠠ᠎ᠶᠢᠨ ᠨᠠᠮ᠎ᠤᠨ ᠬᠣᠷᠢᠶ᠎ᠠ᠎ᠶᠢᠨ ᠰᠦᠯᠵᠢᠶᠡᠨ᠎ᠦ ᠠᠮᠤᠷ ᠲᠦᠪᠰᠢᠨ ᠪᠤᠯᠤᠨ ᠮᠡᠳᠡᠭᠡ ᠵᠠᠨᠭᠭᠢᠴᠢᠯᠠᠯᠳᠠ ᠵᠢᠨ ᠤᠳᠤᠷᠢᠳᠬᠤ ᠳᠤᠭᠤᠢᠯᠠᠩ᠎ᠤᠨ ᠠᠯᠪᠠᠨ ᠭᠡᠷ᠎ᠤᠨ ᠰᠦᠯᠵᠢᠶᠡᠨ᠎ᠦ ᠠᠮᠤᠷ ᠲᠦᠪᠰᠢᠨ᠎ᠦ ᠪᠠᠴᠢᠮ ᠪᠠᠢᠳᠠᠯ᠎ᠢ ᠠᠷᠭᠠᠴᠡᠭᠠᠬᠤ ᠵᠢᠯᠤᠭᠣᠳᠬᠤ ᠲᠥᠪ᠎ᠲᠦ ᠭᠦᠨᠵᠡᠭᠡᠢᠷᠡᠵᠦ᠂ ᠠᠷᠠᠳ᠎ᠤᠨ ᠠᠮᠢᠳᠤᠷᠠᠯ᠎ᠤᠨ ᠪᠠᠲᠤᠯᠠᠭ᠎ᠠ᠂ ᠠᠮᠤᠷ᠎ᠢ ᠬᠠᠮᠠᠭᠠᠯᠠᠵᠤ ᠰᠡᠷᠭᠡᠢᠯᠡᠨ ᠡᠵᠡᠮᠳᠡᠬᠦ᠂ ᠪᠠᠴᠢᠮ ᠪᠠᠢᠳᠠᠯ᠎ᠢ ᠠᠷᠭᠠᠴᠡᠭᠠᠵᠤ ᠭᠡᠨᠡᠳᠲᠡ᠎ᠶᠢᠨ ᠬᠡᠷᠡᠭ᠎ᠢ ᠰᠢᠢᠳᠪᠦᠷᠢᠯᠡᠬᠦ᠂ ᠰᠦᠯᠵᠢᠶᠡᠨ᠎ᠦ ᠠᠮᠤᠷ ᠲᠦᠪᠰᠢᠨ ᠪᠠ ᠮᠡᠳᠡᠭᠡ ᠵᠠᠩᠭᠢᠴᠢᠯᠠᠯᠲᠠ᠎ᠶᠢᠨ ᠪᠠᠢᠭᠤᠯᠤᠯᠲᠠ ᠵᠡᠷᠭᠡ ᠠᠵᠢᠯ᠎ᠳᠤ ᠪᠠᠢᠴᠠᠭᠠᠨ ᠰᠤᠳᠤᠯᠤᠯᠲᠠ ᠬᠢᠵᠦ᠂ ᠠᠵᠢᠯ᠎ᠤᠨ ᠪᠠᠢᠷᠢ᠎ᠪᠠᠨ ᠪᠠᠲᠤ ᠰᠠᠬᠢᠵᠤ ᠪᠠᠢᠭ᠎ᠠ ᠨᠢᠭᠡᠳᠦᠭᠡᠷ ᠹᠷᠣᠨᠲ᠎ᠤᠨ ᠺᠠᠳ᠋ᠷ ᠠᠵᠢᠯᠲᠠᠨ᠂ ᠳᠣᠲᠣᠭᠠᠳᠤ᠎ᠶᠢ ᠬᠠᠮᠠᠭᠠᠯᠠᠬᠤ ᠺᠠᠳ᠋ᠷ ᠴᠠᠭᠳᠠᠭ᠎ᠠ᠎ᠶᠢ ᠪᠤᠯᠭᠤᠭᠠᠨ ᠲᠣᠬᠣᠨᠢᠭᠤᠯᠪᠠ᠃ ᠲᠡᠷᠡ᠂ ᠡᠯ᠎ᠡ ᠭᠠᠵᠠᠷ ᠣᠷᠣᠨ᠎ᠤ ᠡᠯ᠎ᠡ ᠰᠠᠯᠠᠭ᠎ᠠ ᠮᠥᠴᠢᠷ ᠠᠷᠠᠳ ᠲᠦᠮᠡᠨ᠎ᠢᠶᠡᠷ ᠭᠣᠣᠯ ᠪᠣᠯᠭᠠᠬᠤ ᠬᠥᠭᠵᠢᠯᠲᠡ᠎ᠶᠢᠨ ᠦᠵᠡᠯ ᠰᠠᠨᠠᠭ᠎ᠠ᠎ᠶᠢ ᠪᠠᠷᠢᠮᠲᠠᠯᠠᠵᠤ᠂ 《ᠴᠠᠭ ᠢᠮᠠᠭᠲᠠ ᠰᠠᠨᠠᠭ᠎ᠠ ᠲᠠᠯᠪᠢᠬᠤ》 ᠬᠠᠷᠢᠭᠤᠴᠠᠯᠭᠠᠲᠤ ᠰᠡᠳᠬᠢᠯᠭᠡ᠎ᠪᠡᠷ ᠴᠠᠭᠠᠨ ᠰᠠᠷ᠎ᠠ᠎ᠶᠢᠨ ᠬᠤᠭᠤᠴᠠᠭᠠᠨ᠎ᠳᠠᠬᠢ ᠵᠠᠬ᠎ᠠ ᠳᠡᠯᠭᠡᠭᠦᠷ᠎ᠦᠨ ᠬᠠᠩᠭᠠᠯᠭ᠎ᠠ᠎ᠶᠢ ᠪᠠᠲᠤᠯᠠᠨ ᠦᠨ᠎ᠡ ᠬᠠᠩᠰᠢ᠎ᠶᠢ ᠲᠣᠭᠲᠠᠪᠤᠷᠢᠵᠢᠭᠤᠯᠬᠤ᠂ ᠢᠳᠡᠭᠡᠨ᠎ᠦ ᠠᠮᠤᠷ ᠲᠦᠪᠰᠢᠨ᠂ ᠠᠶᠤᠯᠭᠦᠢ ᠦᠢᠯᠡᠳᠪᠦᠷᠢᠯᠡᠯ᠂ ᠴᠠᠭᠠᠨ ᠰᠠᠷ᠎ᠠ᠎ᠶᠢᠨ ᠵᠥᠭᠡᠭᠡᠪᠦᠷᠢ᠎ᠶᠢᠨ ᠪᠠᠲᠤᠯᠠᠭ᠎ᠠ᠂ ᠰᠣᠶᠣᠯ ᠵᠢᠭᠤᠯᠴᠢᠯᠠᠯ᠎ᠤᠨ ᠠᠵᠢᠯᠯᠠᠭ᠎ᠠ᠂ ᠲᠣᠬᠣᠨᠢᠭᠤᠯᠵᠤ ᠬᠠᠪᠰᠤᠷᠤᠨ ᠲᠡᠳᠬᠦᠬᠦ᠂ ᠵᠢᠵᠢᠭᠦᠷᠯᠡᠨ ᠰᠠᠬᠢᠬᠤ ᠵᠡᠷᠭᠡ ᠡᠯ᠎ᠡ ᠵᠦᠢᠯ᠎ᠦᠨ ᠠᠵᠢᠯ᠎ᠢ ᠨᠢᠭᠡᠳᠦᠯᠲᠡᠢ ᠲᠥᠯᠥᠪᠵᠢᠭᠦᠯᠦᠨ ᠰᠠᠢᠲᠤᠷ ᠬᠢᠵᠦ᠂ ᠪᠦᠬᠦ ᠬᠤᠳᠠ᠎ᠶᠢᠨ ᠠᠷᠠᠳ ᠲᠦᠮᠡᠨ᠎ᠦ ᠪᠠᠶᠠᠷ ᠪᠠᠶᠠᠰᠤᠯ᠎ᠲᠠᠢ᠂ ᠥᠯᠵᠡᠢ ᠪᠡᠯᠭᠡ᠎ᠲᠠᠢ᠂ ᠠᠮᠤᠷ ᠠᠮᠤᠭᠤᠯᠠᠩ ᠴᠠᠭᠠᠨ ᠰᠠᠷ᠎ᠠ᠎ᠪᠠᠨ ᠥᠩᠭᠡᠷᠡᠭᠦᠯᠬᠦ᠎ᠶᠢ ᠪᠠᠲᠤᠯᠠᠬᠤ ᠬᠡᠷᠡᠭᠲᠡᠢ ᠭᠡᠵᠦ ᠵᠠᠬᠢᠪᠠ᠃

2 ᠰᠠᠷ᠎ᠠ᠎ᠶᠢᠨ 10᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠪᠠᠢᠩᠭᠤ᠎ᠶᠢᠨ ᠭᠡᠰᠢᠭᠦᠨ᠂ ᠪᠤᠭᠤᠲᠤ ᠬᠣᠲᠠ᠎ᠶᠢᠨ ᠨᠠᠮ᠎ᠤᠨ ᠬᠣᠷᠢᠶ᠎ᠠ᠎ᠶᠢᠨ ᠱᠦᠵᠢ ᠴᠧᠨ ᡁᠢ ᠴᠠᠩ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠳᠡᠳ᠋ ᠲᠡᠷᠢᠭᠦᠯᠡᠭᠴᠢ ᠳᠠᠶ᠋ᠢᠴᠢᠨ ᠪᠤᠭᠤᠲᠤ ᠬᠣᠲᠠ᠎ᠶᠢᠨ ᠦᠨᠳᠦᠰᠦᠨ ᠱᠠᠲᠤᠨ᠎ᠤ ᠨᠢᠭᠡᠳᠦᠭᠡᠷ ᠹᠷᠣᠨᠲ᠎ᠲᠤ ᠭᠦᠨᠵᠡᠭᠡᠢᠷᠡᠨ ᠡᠷᠭᠢᠨ ᠦᠵᠡᠵᠦ ᠲᠣᠬᠣᠨᠢᠭᠤᠯᠬᠤ ᠠᠵᠢᠯᠯᠠᠭ᠎ᠠ ᠥᠷᠨᠢᠭᠦᠯᠵᠦ᠂ ᠤᠷᠢᠳ ᠬᠣᠵᠢᠳ ᠪᠤᠭᠤᠲᠦ᠎ᠳᠤ ᠰᠠᠭᠤᠭ᠎ᠠ ᠨᠢᠭᠡᠨ ᠴᠡᠷᠢᠭ ᠠᠩᠭᠢ᠎ᠶᠢᠨ ᠳᠠᠷᠤᠭ᠎ᠠ ᠪᠠᠢᠯᠳᠤᠭ᠍ᠴᠢᠳ᠂ ᠲᠣᠮᠣ᠌ ᠤᠯᠤᠰ᠎ᠤᠨ ᠤᠷᠠᠨ ᠲᠠᠷᠬᠠᠨ᠂ ᠪᠦᠬᠦ ᠤᠯᠤᠰ᠎ᠤᠨ ᠬᠥᠳᠡᠯᠮᠦᠷᠢ᠎ᠶᠢᠨ ᠵᠢᠱ᠌ᠢᠶᠡᠴᠢ ᠵᠧᠩ ᠬᠦᠢ ᠶᠢᠦ᠂ ᠨᠡᠶ᠋ᠢᠲᠡ᠎ᠶᠢᠨ ᠠᠰᠠᠷᠠᠮᠵᠢ᠎ᠶᠢᠨ ᠦᠢᠯᠡᠰ᠎ᠲᠦ ᠵᠢᠳᠬᠦᠭᠰᠡᠨ ᠯᠧᠢ ᠹᠸᠩ ᠲᠡᠷᠭᠡᠨ ᠠᠩᠭᠢ᠎ᠶᠢᠨ ᠳᠠᠷᠤᠭ᠎ᠠ ᠮᠠ ᠸᠸᠨ ᠭᠠᠩ᠂ ᠨᠡᠢᠭᠡᠮ ᠲᠣᠭᠣᠷᠢᠭ᠋᠎ᠤᠨ ᠬᠠᠪᠰᠤᠷᠤᠯᠭ᠎ᠠ᠎ᠪᠠᠷ ᠳᠠᠮᠵᠢᠨ ᠠᠮᠢᠳᠤᠯᠢᠭ᠋᠎ᠢᠶᠠᠷ ᠠᠵᠢᠯ ᠣᠯᠣᠭᠰᠠᠨ ᠵᠧᠦ ᠷᠦᠢ ᠹᠸᠩ᠂ ᠬᠣᠪᠣᠷ ᠰᠢᠷᠣᠢ᠎ᠶᠢᠨ ᠲᠡᠮᠦᠷᠯᠢᠭ ᠪᠣᠯᠪᠠᠰᠤᠷᠠᠭᠤᠯᠬᠤ ᠬᠦᠷᠢᠶᠡᠨ᠎ᠦ ᠳᠡᠭᠡᠳᠦ ᠲᠡᠰ᠎ᠤᠨ ᠴᠢᠳᠠᠪᠤᠷᠢᠲᠠᠨ ᠯᠢᠦ ᠢᠦᠢ ᠪᠦᠦ ᠪᠣᠯᠣᠨ ᠰᠢᠨ᠎ᠡ᠎ᠶᠢ ᠡᠭᠦᠳᠬᠦ ᠪᠦᠯᠬᠦᠮ᠂ ᠠᠬᠠᠮᠠᠳ ᠺᠠᠳ᠋ᠷ ᠵᠠᠩ ᠵᠢᠶᠦ᠋ᠨ ᠬᠤᠸᠠ ᠵᠢ ᠪᠣᠯᠭᠣᠭᠠᠨ ᠲᠣᠬᠣᠨᠢᠭᠤᠯᠵᠤ᠂ ᠤᠯᠠᠨ᠎ᠳᠤ ᠨᠠᠮ ᠪᠣᠯᠣᠨ ᠵᠠᠰᠠᠭ᠎ᠤᠨ ᠣᠷᠳᠣᠨ᠎ᠤ ᠬᠠᠢᠷ᠎ᠠ ᠬᠠᠯᠠᠮᠵᠢ᠎ᠶᠢ ᠬᠦᠷᠭᠡᠬᠦ᠎ᠶᠢᠨ ᠬᠠᠮᠲᠤ ᠴᠠᠭᠠᠨ ᠰᠠᠷ᠎ᠠ᠎ᠶᠢᠨ ᠮᠡᠨᠳᠦᠴᠢᠯᠡᠯ ᠪᠣᠯᠣᠨ ᠰᠠᠢᠨ ᠰᠠᠢᠬᠠᠨ ᠵᠥᠩᠨᠡᠯ ᠳᠡᠪᠰᠢᠭᠦᠯᠪᠡ᠃ ᠲᠣᠬᠣᠨᠢᠭᠤᠯᠭ᠎ᠠ ᠵᠢᠨ ᠳᠤᠮᠳᠠ᠂ ᠴᠧᠨ ᡁᠢ ᠴᠠᠩ᠂ ᠳᠠᠢ᠍ᠢᠴᠢᠨ ᠤᠯᠠᠨ᠎ᠲᠠᠢ ᠳᠣᠲᠣᠨᠣ᠌᠎ᠪᠠᠷ ᠰᠠᠨᠠᠯ᠎ᠢᠶᠠᠨ ᠰᠣᠯᠢᠯᠴᠠᠵᠤ᠂ ᠴᠡᠷᠢᠭ ᠠᠩᠭᠢ᠎ᠶᠢᠨ ᠳᠠᠷᠤᠭ᠎ᠠ ᠪᠠᠢᠯᠳᠤᠭ᠍ᠴᠢᠳ᠎ᠤᠨ ᠦᠨᠡᠨᠴᠢ ᠰᠢᠳᠤᠷᠭᠤ᠎ᠪᠠᠷ ᠬᠤᠪᠢ ᠨᠡᠮᠡᠷᠢ ᠦᠵᠡᠭᠦᠯᠦᠭᠰᠡᠨ᠂ ᠬᠥᠳᠡᠯᠮᠦᠷᠢ᠎ᠶᠢᠨ ᠵᠢᠱ᠌ᠢᠶᠡᠴᠢ ᠵᠢᠨ ᠲᠡᠷᠢᠭᠦᠨ᠎ᠦ ᠵᠢᠱ᠌ᠢᠶ᠎ᠡ ᠦᠵᠡᠭᠦᠯᠵᠦ ᠬᠥᠲᠥᠯᠥᠨ ᠳᠠᠭᠠᠭᠤᠯᠤᠭᠰᠠᠨ᠂ ᠠᠬᠠᠮᠠᠳ ᠨᠠᠮ᠎ᠤᠨ ᠭᠡᠰᠢᠭᠦᠨ ᠰᠠᠢᠨ ᠳᠤᠷᠠᠴᠤᠳ᠎ᠤᠨ ᠬᠠᠷᠠᠮ ᠦᠭᠡᠢ ᠵᠣᠷᠢᠭᠤᠯᠤᠭᠰᠠᠨ᠎ᠳᠤ ᠲᠠᠯᠠᠷᠬᠠᠵᠤ᠂ ᠬᠦᠴᠢᠷᠳᠡᠯᠲᠡᠢ ᠤᠯᠠᠨ ᠲᠦᠮᠡᠨ᠎ᠦ ᠠᠮᠢᠳᠤᠷᠠᠯ᠎ᠤᠨ ᠪᠠᠲᠤᠯᠠᠭ᠎ᠠ᠎ᠶᠢ ᠬᠠᠯᠠᠮᠵᠢᠯᠠᠨ ᠠᠰᠠᠭᠤᠪᠠ᠃ ᠤᠯᠠᠨ᠎ᠢᠶᠠᠷ᠎ᠢᠶᠠᠨ ᠲᠤᠰ ᠲᠤᠰ᠎ᠤᠨ ᠬᠦᠷᠢᠶ᠎ᠡ ᠴᠠᠷᠠᠭ᠎ᠠ᠎ᠳᠠᠭᠠᠨ ᠦᠷᠭᠦᠯᠵᠢᠯᠡᠨ᠎ᠰᠠᠢᠲᠤᠷ ᠴᠢᠷᠮᠠᠢᠵᠤ᠂ ᠴᠡᠷᠢᠭ᠎ᠢ ᠬᠦᠷᠢᠶᠡᠯᠡᠵᠤ ᠴᠡᠷᠢᠭ᠎ᠦᠨ ᠭᠡᠷ ᠪᠦᠯᠢ᠎ᠶᠢ ᠬᠠᠷᠠᠭᠠᠯᠵᠠᠬᠤ ᠢᠷᠠᠭᠤ ᠠᠯᠳᠠᠷᠲᠤ ᠤᠯᠠᠮᠵᠢᠯᠠᠯ᠎ᠢᠶᠠᠨ ᠪᠠᠳᠠᠷᠠᠭᠤᠯᠵᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ᠎ᠳᠦ ᠬᠦᠴᠦᠨ᠎ᠢᠶᠡᠨ ᠲᠥᠪᠯᠡᠷᠡᠭᠦᠯᠵᠦ᠂ ᠳᠡᠷᠭᠡᠳᠡᠬᠢ ᠨᠠᠮ᠎ᠤᠨ ᠭᠡᠰᠢᠭᠦᠳ᠎ᠢᠶᠡᠨ ᠦᠷᠭᠦᠯᠵᠢᠯᠡᠨ ᠲᠠᠢ᠍ᠢᠴᠢᠯᠠᠨ ᠬᠣᠰᠢᠭᠤᠴᠢ ᠵᠢᠱ᠌ᠢᠶᠡᠴᠢ ᠦᠢᠯᠡᠳᠦᠯ᠎ᠢ ᠨᠢ ᠪᠠᠳᠠᠷᠠᠭᠤᠯᠵᠤ᠂ ᠬᠦᠴᠢᠷᠳᠡᠯᠲᠡᠢ ᠤᠯᠠᠨ ᠲᠦᠮᠡᠨ᠎ᠳᠦ ᠬᠤᠳᠠ᠎ᠶᠢᠨ ᠬᠠᠢᠷ᠎ᠠ ᠬᠠᠯᠠᠮᠵᠢ᠎ᠶᠢ ᠬᠦᠷᠲᠡᠭᠡᠬᠦ᠎ᠶᠢ ᠵᠣᠷᠢᠭ᠍ᠵᠢᠭᠤᠯᠪᠠ᠃

2 ᠰᠠᠷ᠎ᠠ᠎ᠶᠢᠨ 9᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠪᠠᠢᠩᠭᠤ᠎ᠶᠢᠨ ᠭᠡᠰᠢᠭᠦᠨ᠂ ᠵᠣᠬᠢᠶᠠᠨ ᠪᠠᠶ᠋ᠢᠭᠤᠯᠬᠤ ᠬᠡᠯᠲᠡᠰ᠎ᠦᠨ ᠳᠠᠷᠤᠭ᠎ᠠ ᠯᠢ ᠳ᠋ᠦᠩ ᠰᠢᠦᠢ ᠤᠯᠠᠭᠠᠨᠴᠠᠪ ᠬᠣᠲᠠ᠎ᠳᠤ ᠬᠦᠷᠴᠦ᠂ ᠤᠯᠠᠭᠠᠨᠴᠠᠪ ᠬᠣᠲᠠ᠎ᠶᠢᠨ ᠨᠠᠮ᠎ᠤᠨ ᠬᠣᠷᠢᠶ᠎ᠠ᠎ᠶᠢᠨ ᠪᠠᠢᠩᠭᠤ᠎ᠶᠢᠨ ᠬᠣᠷᠢᠶ᠎ᠠ᠎ᠶᠢᠨ ᠤᠳᠤᠷᠢᠳᠬᠤ ᠪᠠᠭ᠎ᠤᠨ 2025 ᠣᠨ᠎ᠤ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠳᠤ ᠣᠷᠣᠯᠴᠠᠨ ᠵᠢᠭᠠᠨ ᠵᠢᠯᠤᠭᠣᠳᠬᠤ᠎ᠶᠢᠨ ᠬᠠᠮᠲᠤ ᠴᠠᠭᠠᠨ ᠰᠠᠷ᠎ᠠ᠎ᠶᠢᠨ ᠲᠣᠬᠣᠨᠢᠭᠤᠯᠭ᠎ᠠ ᠥᠷᠨᠢᠭᠦᠯᠪᠡ᠃ ᠬᠤᠷᠠᠯ ᠳᠡᠭᠡᠷ᠎ᠡ ᠯᠢ ᠳ᠋ᠦᠩ ᠰᠢᠦᠢ᠂ ᠪᠦᠬᠦ ᠣᠷᠣᠨ᠎ᠢᠶᠠᠷ᠎ᠢᠶᠠᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ 《1571》 ᠠᠵᠢᠯ᠎ᠤᠨ ᠪᠠᠢᠷᠢᠯᠠᠭᠤᠯᠤᠯᠲᠠ ᠵᠢᠴᠢ ᠡᠨᠡ ᠵᠢᠯ᠎ᠦᠨ ᠥᠪᠡᠷᠲᠡᠭᠡᠨ ᠵᠠᠰᠠᠬᠤ ᠣᠷᠣᠨ᠎ᠤ ᠬᠣᠶᠠᠷ ᠬᠤᠷᠠᠯ᠎ᠤᠨ ᠪᠠᠢᠷᠢᠯᠠᠭᠤᠯᠤᠯᠲᠠ ᠱᠠᠭᠠᠷᠳᠠᠯᠭ᠎ᠠ᠎ᠶᠢᠨ ᠲᠣᠭᠣᠷᠢᠨ᠎ᠳᠤ᠂ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠤᠨ 《ᠰᠡᠭᠦᠯᠴᠢ᠎ᠶᠢᠨ ᠠᠵᠢᠯ》 ᠢ᠋ ᠯᠠᠪᠳᠠᠭᠤᠨ ᠪᠠᠲᠤᠲᠠᠢ ᠰᠠᠢᠲᠤᠷ ᠬᠢᠵᠦ᠂ ᠰᠢᠯᠢᠳᠡᠭ ᠰᠤᠷᠲᠠᠯ᠎ᠢᠶᠠᠷ ᠰᠡᠳᠬᠢᠯ᠎ᠢᠶᠡᠨ ᠨᠢᠭᠡᠳᠬᠡᠨ ᠬᠦᠴᠦ ᠪᠡᠨ ᠬᠠᠮᠲᠤᠳᠬᠠᠵᠤ᠂ ᠦᠨᠡᠨ ᠬᠦ᠌ ᠠᠳᠬᠤᠨ ᠪᠣᠳᠠᠲᠠᠢ ᠠᠵᠢᠯᠯᠠᠵᠤ᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠰᠠᠢᠨ ᠡᠬᠢᠯᠡᠯᠲᠡ᠎ᠶᠢ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃ ᠥᠪᠡᠷᠲᠡᠭᠡᠨ ᠵᠠᠰᠠᠬᠤ ᠣᠷᠣᠨ᠎ᠤ 2025 ᠣᠨ᠎ᠤ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠤᠨ ᠨᠠᠢ᠍ᠮᠠᠳᠤᠭᠠᠷ ᠬᠢᠨᠠᠨ ᠵᠢᠯᠤᠭᠣᠳᠬᠤ ᠳᠤᠭᠤᠢᠯᠠᠩ᠎ᠤᠨ ᠬᠠᠷᠢᠭᠤᠴᠠᠯᠭᠠᠲᠠᠨ ᠨᠥᠬᠥᠳ ᠦᠨᠡᠯᠡᠯᠲᠡ ᠬᠢᠪᠡ᠃ ᠬᠤᠷᠠᠯ᠎ᠡᠴᠡ ᠡᠮᠦᠨ᠎ᠡ᠂ ᠯᠢ ᠳ᠋ᠦᠩ ᠰᠢᠦᠢ ᠳᠥᠷᠪᠡᠳ ᠬᠣᠰᠢᠭᠤ᠂ ᠵᠢᠨᠢᠩ ᠲᠣᠭᠣᠷᠢᠭ᠋᠂ ᠴᠠᠬᠠᠷ ᠪᠠᠷᠠᠭᠤᠨ ᠭᠠᠷᠤᠨ ᠡᠮᠦᠨᠡᠲᠦ ᠬᠣᠰᠢᠭᠤᠨ᠎ᠳᠤ ᠭᠦᠨᠵᠡᠭᠡᠢᠷᠡᠵᠦ᠂ 《ᠠᠷᠠᠳ᠎ᠤᠨ ᠵᠢᠱ᠌ᠢᠶᠡᠴᠢ》 ᠳᠦᠬᠦᠢᠮ᠎ᠡ᠂ ᠠᠵᠢᠯ᠎ᠡᠴᠡ᠎ᠪᠠᠨ ᠳᠠᠷᠬᠠᠯᠠᠭᠳᠠᠵᠤ ᠠᠵᠢᠯ᠎ᠡᠴᠡ᠎ᠪᠠᠨ ᠠᠮᠠᠷᠠᠭᠰᠠᠨ ᠨᠠᠮ᠎ᠤᠨ ᠭᠡᠰᠢᠭᠦᠨ ᠶᠢᠨ ᠶᠢᠤ ᠫᠸᠢ᠂ ᠠᠮᠢᠳᠤᠷᠠᠯ ᠨᠢ ᠬᠦᠴᠢᠷᠳᠡᠯᠲᠡᠢ ᠨᠠᠮ᠎ᠤᠨ ᠭᠡᠰᠢᠭᠦᠨ ᠶᠠᠩ ᠹᠦ ᠶᠢᠦ᠎ᠶᠢ ᠡᠷᠭᠢᠨ ᠦᠵᠡᠵᠦ ᠲᠣᠬᠣᠨᠢᠭᠤᠯᠵᠤ᠂ ᠲᠡᠳᠡᠨ᠎ᠳᠦ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠳᠣᠲᠣᠨᠣ᠌ ᠬᠠᠯᠠᠮᠵᠢᠯᠠᠯ᠎ᠢ ᠬᠥᠷᠬᠡᠵᠤ ᠴᠠᠭᠠᠨ ᠰᠠᠷ᠎ᠠ᠎ᠶᠢᠨ ᠵᠥᠩᠨᠡᠯ ᠳᠡᠪᠰᠢᠭᠦᠯᠵᠡᠢ᠃

2 ᠰᠠᠷ᠎ᠠ᠎ᠶ᠋ᠢᠨ 10 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠳᠡᠳ᠋ ᠲᠡᠷᠢᠭᠦᠯᠡᠭ᠌ᠴᠢ ᠴᠢ᠊ ᠪᠠᠲᠤ ᠠᠭᠠᠷ᠎ᠤᠨ ᠴᠡᠷᠢᠭ᠎ᠦᠨ ᠨᠢᠭᠡᠨ ᠰᠠᠭᠤᠷᠢᠨ ᠭᠠᠵᠠᠷ ᠪᠣᠯᠤᠨ ᠨᠢᠭᠡᠨ ᠴᠡᠷᠢᠭ ᠠᠩᠭᠢ᠎ᠶ᠋ᠢ ᠡᠷᠭᠢᠨ ᠦᠵᠡᠵᠦ ᠲᠣᠬᠣᠨᠢᠭᠤᠯᠵᠤ᠂ ᠥᠷᠭᠡᠨ ᠣᠯᠠᠨ ᠳᠠᠷᠤᠭ᠎ᠠ ᠪᠠᠢᠯᠳᠤᠭ᠍ᠴᠢᠳ᠎ᠲᠤ ᠴᠠᠭᠠᠨ ᠰᠠᠷ᠎ᠠ᠎ᠶ᠋ᠢᠨ ᠮᠡᠨᠳᠦᠴᠢᠯᠡᠯ ᠪᠣᠯᠤᠨ ᠰᠠᠢᠨ ᠰᠠᠢᠬᠠᠨ ᠵᠦᠩᠨᠡᠯ ᠳᠡᠪᠱᠢᠭᠦᠯᠵᠡᠶ᠃ ᠴᠡᠷᠢᠭ ᠠᠩᠭᠢ᠎ᠶ᠋ᠢᠨ ᠬᠠᠷᠢᠭᠤᠴᠠᠯᠭᠠᠲᠠᠨ᠎ᠲᠠᠶ ᠶᠠᠷᠢᠯᠴᠠᠬᠤ᠎ᠳᠠᠭᠠᠨ᠂ ᠴᠢ᠊ ᠪᠠᠲᠤ ᠴᠡᠷᠢᠭ ᠠᠩᠭᠢ᠎ᠶ᠋ᠢᠨ ᠣᠷᠳᠣ ᠬᠤᠭᠤᠴᠠᠭᠠᠨ᠎ᠤ ᠲᠤᠷᠰᠢ ᠥᠪᠥᠷ ᠮᠣᠩᠭᠣᠯ᠎ᠤᠨ ᠠᠵᠤ ᠠᠬᠤᠶ ᠨᠡᠢᠭᠡᠮ᠎ᠦᠨ ᠬᠥᠭ᠌ᠵᠢᠯᠲᠡ᠎ᠶᠢᠨ ᠪᠥᠲᠥᠭᠡᠨ ᠪᠠᠢᠭᠤᠯᠤᠯᠲᠠ᠎ᠳᠤ ᠬᠠᠩᠭᠠᠭ᠍ᠰᠠᠨ ᠳᠡᠮᠵᠢᠯᠭᠡ ᠪᠠ ᠬᠠᠪᠰᠤᠷᠤᠯᠭ᠎ᠠ᠎ᠳᠤ ᠴᠢᠩ ᠰᠡᠳᠭᠢᠯ᠎ᠡᠴᠡ᠎ᠪᠡᠨ ᠲᠠᠯᠠᠷᠬᠠᠵᠤ ᠪᠠᠢᠬᠤ᠎ᠪᠠᠨ ᠢᠯᠡᠳᠭᠡᠭ᠌ᠰᠡᠨ ᠪᠥᠭᠡᠳ ᠥᠪᠡᠷᠲᠡᠭᠡᠨ ᠵᠠᠰᠠᠬᠤ ᠣᠷᠣᠨ᠎ᠤ ᠡᠯ᠎ᠡ ᠱᠠᠲᠤᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠴᠡᠷᠢᠭ᠎ᠢᠶᠡᠨ ᠬᠦᠷᠢᠶᠡᠯᠡᠨ ᠬᠡᠷ ᠪᠦᠯᠢ᠎ᠶ᠋ᠢ᠎ᠨᠢ ᠬᠠᠷᠠᠭᠠᠯᠵᠠᠬᠤ ᠢᠷᠠᠭᠤ ᠠᠯᠳᠠᠷᠲᠤ ᠤᠯᠠᠮᠵᠢᠯᠠᠯ᠎ᠢᠶᠠᠨ ᠦᠷᠭᠦᠯᠵᠢᠯᠡᠨ ᠪᠠᠳᠠᠷᠠᠭᠤᠯᠵᠤ᠂ ᠴᠡᠷᠢᠭ ᠠᠩᠭᠢ᠎ᠯᠤᠭ᠎ᠠ ᠬᠥᠭ᠌ᠵᠢᠯᠳᠡ ᠵᠢ ᠬᠠᠮᠲᠤ᠎ᠪᠠᠷ ᠪᠦᠳᠦᠭᠡᠨ ᠪᠠᠢᠭᠤᠯᠬᠤ ᠪᠠᠨ ᠴᠢᠩᠭᠠᠳᠭᠠᠵᠤ᠂ ᠥᠩᠭᠡᠷᠡᠭ᠌ᠰᠡᠨ᠎ᠲᠡᠶ᠎ᠪᠡᠨ ᠠᠳᠠᠯᠢ᠎ᠪᠠᠷ ᠰᠠᠨᠰᠠᠷ᠎ᠤᠨ ᠠᠶᠠᠯᠠᠯ᠂ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠦᠶ᠋ᠯᠡᠰ᠎ᠦᠨ ᠲᠥᠯᠥᠭᠡ ᠡᠯ᠎ᠡ ᠵᠦᠶ᠋ᠯ᠎ᠦᠨ ᠦᠶ᠋ᠯᠡᠴᠢᠯᠡᠭᠡ ᠪᠠᠲᠤᠯᠠᠭ᠎ᠠ᠎ᠶ᠋ᠢᠨ ᠠᠵᠢᠯ᠎ᠢ ᠰᠠᠢᠲᠤᠷ ᠬᠢᠵᠦ᠍᠂ ᠴᠡᠷᠢᠭ ᠠᠩᠭᠢ ᠣᠷᠣᠨ ᠨᠤᠲᠤᠭ ᠬᠣᠶᠠᠷ ᠲᠠᠯ᠎ᠠ᠎ᠪᠠᠷ᠎ᠢᠶᠠᠨ ᠭᠠᠷ ᠬᠣᠯᠪᠣᠨ ᠡᠷᠡᠯᠬᠡᠭ᠌ᠯᠡᠨ ᠤᠷᠤᠭ᠍ᠰᠢᠯᠠᠵᠤ᠂ ᠬᠣᠶᠠᠷ ᠶᠡᠬᠡ ᠰᠠᠭᠤᠷᠢᠨ ᠭᠠᠵᠠᠷ ᠎ᠢ ᠨᠠᠩ ᠰᠠᠢᠨ ᠰᠠᠢᠬᠠᠨ ᠪᠣᠯᠭᠠᠨ ᠪᠥᠲᠥᠭᠡᠨ ᠪᠠᠢᠭᠤᠯᠵᠤ᠂ ᠰᠢᠯᠢᠳᠡᠭ ᠠᠮᠵᠢᠯᠲᠠ ᠪᠦᠲᠦᠮᠵᠢ᠎ᠶ᠋ᠢ ᠳᠠᠬᠢᠨ ᠡᠭᠦᠳᠦᠨ᠎ᠡ ᠭᠡᠵᠦ᠍ ᠢᠯᠡᠳᠭᠡᠪᠡ᠃

2 ᠰᠠᠷ᠎ᠠ᠎ᠶ᠋ᠢᠨ 12 ᠎ᠤ᠋ᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠳᠡᠳ᠋ ᠲᠡᠷᠢᠭᠦᠯᠡᠭ᠌ᠴᠢ᠂ ᠳᠣᠲᠣᠭᠠᠳᠤ᠎ᠶ᠋ᠢ ᠬᠠᠮᠠᠭᠠᠯᠠᠬᠤ ᠲᠢᠩᠬᠢᠮ᠎ᠦᠨ ᠳᠠᠷᠤᠭ᠎ᠠ ᠵᠧᠩ ᠭᠤᠸᠠᠩ ᠵᠣᠣ ᠬᠥᠬᠡᠬᠣᠲᠠ᠎ᠳᠤ ᠳᠣᠲᠣᠭᠠᠳᠤ᠎ᠶ᠋ᠢ ᠬᠠᠮᠠᠭᠠᠯᠠᠬᠤ ᠠᠷᠠᠳ᠎ᠤᠨ ᠴᠠᠭ᠍ᠳᠠᠭ᠎ᠠ ᠲᠤᠰᠠᠯᠠᠭ᠍ᠴᠢ ᠴᠠᠭ᠍ᠳᠠᠭ᠎ᠠ᠎ᠶ᠋ᠢ ᠡᠷᠭᠢᠨ ᠦᠵᠡᠵᠦ ᠲᠣᠬᠣᠨᠢᠭᠤᠯᠪᠠ᠃ ᠵᠧᠩ ᠭᠤᠸᠠᠩ ᠵᠣᠣ ᠤᠷᠢᠳ ᠬᠣᠵᠢᠳ ᠲᠣᠪᠴᠢ ᠵᠠᠰᠠᠮᠠᠯ ᠵᠠᠮ᠎ᠤᠨ ᠳᠣᠲᠣᠭᠠᠳᠤ᠎ᠶ᠋ᠢ ᠬᠠᠮᠠᠭᠠᠯᠠᠬᠤ ᠪᠠᠢᠴᠠᠭᠠᠬᠤ ᠥᠷᠲᠡᠭᠡ᠂ ᠬᠥᠬᠡᠬᠣᠲᠠ᠎ᠶ᠋ᠢᠨ ᠪᠠᠷᠠᠭᠤᠨ ᠬᠡᠰᠡᠭ᠎ᠦᠨ ᠦᠶ᠋ᠯᠡᠴᠢᠯᠡᠭᠡᠨ᠎ᠦ ᠲᠣᠭᠣᠷᠢᠭ ᠪᠠ ᠲᠦᠷᠭᠡᠨ ᠤ᠋ ᠵᠠᠰᠠᠮᠠᠯ ᠵᠠᠮ᠎ᠤᠨ ᠢ ᠵᠢᠶᠠᠨ ᠹᠠᠩ ᠳᠤᠮᠳᠠ ᠠᠩᠭᠢ᠎ᠳᠤ ᠬᠦᠷᠴᠦ᠍᠂ ᠴᠠᠭᠠᠨ ᠰᠠᠷ᠎ᠠ᠎ᠶ᠋ᠢᠨ ᠵᠥᠭᠡᠭᠡᠪᠦᠷᠢ᠎ᠶ᠋ᠢᠨ ᠠᠮᠤᠷ᠎ᠢ ᠬᠠᠮᠠᠭᠠᠯᠠᠬᠤ ᠠᠵᠢᠯ᠎ᠢ ᠪᠠᠢᠴᠠᠭᠠᠨ ᠵᠢᠯᠣᠭᠣᠳᠤᠭ᠍ᠰᠠᠨ ᠪᠥᠭᠡᠳ ᠵᠢᠵᠢᠭᠦᠷᠯᠡᠵᠦ᠍ ᠪᠠᠢᠭ᠎ᠠ ᠠᠷᠠᠳ᠎ᠤᠨ ᠴᠠᠭ᠍ᠳᠠᠭ᠎ᠠ ᠲᠤᠰᠠᠯᠠᠭ᠍ᠴᠢ ᠴᠠᠭ᠍ᠳᠠᠭ᠎ᠠ᠎ᠶ᠋ᠢ ᠲᠣᠬᠣᠨᠢᠭᠤᠯᠵᠤ᠂ ᠤᠯᠠᠭᠠᠨᠬᠠᠳᠠ ᠬᠣᠲᠠ᠂ ᠤᠯᠠᠭᠠᠨᠴᠠᠪ ᠬᠣᠲᠠ᠂ ᠠᠯᠠᠱᠠ ᠠᠢᠮᠠᠭ᠎ᠤᠨ ᠳᠣᠲᠣᠭᠠᠳᠤ᠎ᠶ᠋ᠢ ᠬᠠᠮᠠᠭᠠᠯᠠᠬᠤ ᠦᠨᠳᠦᠰᠦᠨ ᠱᠠᠲᠤᠨ᠎ᠤ ᠡᠮᠦᠨ᠎ᠡ ᠹᠷᠣᠨᠲ᠎ᠤᠨ ᠣᠷᠣᠨ ᠪᠠᠢᠷᠢ᠎ᠶ᠋ᠢ ᠸᠢᠳᠢᠤ᠋᠎ᠪᠠᠷ ᠲᠣᠬᠢᠷᠠᠭᠤᠯᠵᠤ᠂ ᠵᠢᠵᠢᠭᠦᠷᠯᠡᠬᠦ᠌ ᠪᠡᠯᠡᠳᠭᠡᠯ ᠠᠵᠢᠯ ᠪᠠ ᠠᠷᠤ ᠲᠠᠯ᠎ᠠ᠎ᠶ᠋ᠢᠨ ᠦᠶ᠋ᠯᠡᠴᠢᠯᠡᠭᠡᠨ᠎ᠦ ᠪᠠᠲᠤᠯᠠᠭ᠎ᠠ᠎ᠶ᠋ᠢᠨ ᠪᠠᠢᠳᠠᠯ᠎ᠢ ᠬᠠᠯᠠᠮᠵᠢᠯᠠᠨ ᠠᠰᠠᠭᠤᠵᠤ᠂ ᠣᠯᠠᠨ᠎ᠢ ᠡᠭᠦᠷᠭᠡ ᠬᠠᠷᠢᠭᠤᠴᠠᠯᠭ᠎ᠠ᠎ᠪᠠᠨ ᠬᠢᠴᠢᠶᠡᠩᠭᠦᠢᠯᠡᠨ ᠭᠦᠶ᠋ᠴᠡᠳᠭᠡᠵᠦ᠍᠂ ᠵᠣᠷᠢᠭ᠍ᠲᠠᠶ᠎ᠪᠠᠷ ᠬᠠᠷᠢᠭᠤᠴᠠᠯᠭ᠎ᠠ ᠡᠭᠦᠷᠭᠡᠯᠡᠨ᠂ ᠠᠷᠠᠳ ᠣᠯᠠᠨ᠎ᠤ ᠠᠮᠤᠷ ᠲᠣᠭ᠍ᠲᠠᠭᠤᠨ ᠪᠠᠢᠬᠤ ᠪᠠ ᠪᠠᠶᠠᠷ᠎ᠤᠨ ᠡᠳᠦᠷ᠎ᠢᠶᠡᠨ ᠥᠩᠭᠡᠷᠡᠭᠦᠯᠬᠦ᠌᠎ᠳᠦ ᠰᠠᠢᠨ ᠰᠠᠢᠬᠠᠨ ᠣᠷᠴᠢᠨ ᠨᠥᠬᠥᠴᠡᠯ᠎ᠢ ᠴᠢᠷᠮᠠᠢᠨ ᠡᠭᠦᠳᠴᠦ᠍ ᠥᠭ᠌ᠬᠦ ᠬᠡᠷᠡᠭ᠌ᠲᠡᠶ ᠭᠡᠵᠦ᠍ ᠵᠣᠷᠢᠭ᠍ᠵᠢᠭᠤᠯᠪᠠ᠃

2 ᠰᠠᠷ᠎ᠠ᠎ᠶ᠋ᠢᠨ 9 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠳᠡᠳ᠋ ᠲᠡᠷᠢᠭᠦᠯᠡᠭ᠌ᠴᠢ᠂ ᠤᠯᠤᠰ ᠲᠥᠷᠥ᠎ᠶ᠋ᠢᠨ ᠵᠥᠪᠯᠡᠯᠭᠡᠨ᠎ᠦ ᠳᠡᠳ᠋ ᠲᠡᠷᠢᠭᠦᠯᠡᠭ᠌ᠴᠢ ᠶᠤᠤ ᠶᠦᠩ ᠪᠥᠸᠧ ᠲᠦᠩᠯᠢᠶᠣᠤ ᠬᠣᠲᠠ᠎ᠳᠤ ᠬᠦᠷᠴᠦ᠍ ᠡᠷᠬᠢᠨ ᠦᠵᠡᠵᠦ᠍ ᠲᠣᠬᠣᠨᠢᠭᠤᠯᠬᠤ ᠠᠵᠢᠯᠯᠠᠭ᠎ᠠ ᠥᠷᠨᠢᠭᠦᠯᠵᠦ᠍᠂ ᠴᠡᠷᠢᠭ ᠠᠩᠭᠢ᠎ᠶ᠋ᠢᠨ ᠳᠠᠷᠤᠭ᠎ᠠ ᠪᠠᠢᠯᠳᠤᠭ᠍ᠴᠢ ᠪᠣᠯᠤᠨ ᠰᠢᠥᠳᠠᠨ ᠬᠦᠷᠭᠡᠭ᠌ᠴᠢ᠎ᠳᠦ ᠨᠠᠮ ᠪᠣᠯᠤᠨ ᠵᠠᠰᠠᠭ᠎ᠤᠨ ᠣᠷᠳᠣᠨ᠎ᠤ ᠬᠠᠢᠷ᠎ᠠ ᠬᠠᠯᠠᠮᠵᠢ᠎ᠶ᠋ᠢ ᠬᠦᠷᠭᠡᠪᠡ᠃ ᠲᠦᠩᠯᠢᠶᠣᠤ᠎ᠶ᠋ᠢᠨ ᠴᠡᠷᠢᠭ᠎ᠦᠨ ᠬᠤᠪᠢᠶᠠᠷᠢ ᠲᠣᠭᠣᠷᠢᠭ᠎ᠲᠤ᠂ ᠶᠤᠤ ᠶᠦᠩ ᠪᠥᠸᠧ ᠳᠠᠷᠤᠭ᠎ᠠ ᠪᠠᠢᠯᠳᠤᠭ᠍ᠴᠢᠳ᠎ᠲᠠᠶ ᠳᠣᠲᠣᠨᠣ᠎ᠪᠠᠷ ᠶᠠᠷᠢᠯᠴᠠᠵᠤ᠂ ᠴᠡᠷᠢᠭ ᠠᠩᠭᠢ᠎ᠶ᠋ᠢᠨ ᠲᠡᠢᠨ᠎ᠦ ᠪᠡᠯᠡᠳᠭᠡᠯ᠎ᠦᠨ ᠪᠣᠯᠪᠠᠰᠤᠷᠠᠯ᠂ ᠠᠷᠤ ᠲᠠᠯ᠎ᠠ᠎ᠶ᠋ᠢᠨ ᠦᠶ᠋ᠯᠡᠴᠢᠯᠡᠭᠡᠨ᠎ᠦ ᠪᠠᠲᠤᠯᠠᠭ᠎ᠠ ᠵᠡᠷᠭᠡ ᠪᠠᠢᠳᠠᠯ᠎ᠢ ᠨᠠᠷᠢᠨ ᠣᠢᠯᠠᠭᠠᠵᠤ᠂ ᠴᠡᠷᠢᠭ ᠠᠩᠭᠢ᠎ᠶ᠋ᠢᠨ ᠣᠷᠣᠨ ᠨᠤᠲᠤᠭ᠎ᠤᠨ ᠠᠵᠤ ᠠᠬᠤᠶ ᠨᠡᠢᠭᠡᠮ᠎ᠦᠨ ᠬᠥᠭ᠌ᠵᠢᠯᠲᠡ᠎ᠳᠦ ᠦᠵᠡᠭᠦᠯᠦᠭ᠌ᠰᠡᠨ ᠬᠤᠪᠢ ᠨᠡᠮᠡᠷᠢ᠎ᠶ᠋ᠢ ᠳᠡᠭᠡᠳᠦ ᠬᠡᠮᠵᠢᠶ᠎ᠡ᠎ᠪᠡᠷ ᠨᠤᠲᠠᠯᠠᠪᠠ᠃ ᠲᠦᠩᠯᠢᠶᠣᠤ ᠬᠣᠲᠠ᠎ᠶ᠋ᠢᠨ ᠠᠵᠢᠯᠴᠢᠨ᠎ᠤ ᠰᠣᠶᠣᠯ᠎ᠤᠨ ᠣᠷᠳᠣᠨ᠎ᠳᠤ᠂ ᠲᠡᠷᠡᠪᠡᠷ ᠰᠢᠥᠳᠠᠨ ᠬᠦᠷᠭᠡᠭ᠌ᠴᠢ᠎ᠶ᠋ᠢᠨ ᠠᠵᠢᠯ ᠠᠮᠢᠳᠤᠷᠠᠯ᠎ᠤᠨ ᠪᠠᠢᠳᠠᠯ᠎ᠢ ᠬᠠᠯᠠᠮᠵᠢᠯᠠᠨ ᠠᠰᠠᠭᠤᠵᠤ᠂ ᠲᠡᠳᠡᠨ᠎ᠦ ᠬᠣᠲᠠ᠎ᠶ᠋ᠢᠨ ᠪᠠᠷᠠᠭᠠᠨ᠎ᠤ ᠭᠦᠶ᠋ᠯᠭᠡᠭᠡ᠎ᠶ᠋ᠢᠨ ᠰᠠᠭᠠᠳ ᠥᠬᠡᠶ ᠨᠡᠪᠲᠡᠷᠡᠬᠦ᠌᠎ᠶ᠋ᠢ ᠪᠠᠲᠤᠯᠠᠭ᠍ᠰᠠᠨ᠎ᠳᠤ ᠲᠠᠯᠠᠷᠬᠠᠪᠠ᠃ ᠲᠡᠷᠡ ᠥᠷᠭᠡᠨ ᠤᠯᠠᠨ ᠺᠠᠳ᠋ᠷ ᠤᠯᠠᠨ ᠲᠦᠮᠡᠨ᠂ ᠴᠡᠷᠢᠭ ᠠᠩᠬᠢ᠎ᠶ᠋ᠢᠨ ᠳᠠᠷᠤᠭ᠎ᠠ ᠪᠠᠢᠯᠳᠤᠭ᠍ᠴᠢ ᠪᠣᠯᠤᠨ ᠡᠮᠦᠨ᠎ᠡ ᠹᠷᠣᠨᠲ᠎ᠤᠨ ᠬᠥᠳᠡᠯᠮᠦᠷᠢᠴᠢᠳ ᠴᠤᠭ ᠪᠠᠳᠠᠷᠠᠩᠭᠤᠢ ᠳᠦᠷᠰᠦ ᠪᠠᠢᠳᠠᠯ᠎ᠢᠶᠠᠷ ᠲᠦᠩᠯᠢᠶᠣᠤ᠎ᠶ᠋ᠢᠨ ᠴᠢᠨᠠᠷ ᠰᠠᠢᠲᠠᠢ ᠬᠥᠭ᠌ᠵᠢᠯᠲᠡ᠎ᠶ᠋ᠢᠨ ᠦᠢᠯᠡᠳᠦᠯᠭᠡ᠎ᠳᠦ ᠣᠷᠣᠯᠴᠠᠵᠤ᠂ ᠰᠢᠨ᠎ᠡ ᠵᠢᠯ ᠴᠠᠭᠠᠨ ᠰᠠᠷ᠎ᠠ᠎ᠪᠠᠨ ᠬᠠᠮᠲᠤ᠎ᠪᠠᠷ ᠤᠭ᠍ᠲᠤᠬᠤ᠎ᠶ᠋ᠢ ᠵᠣᠷᠢᠭ᠍ᠵᠢᠭᠤᠯᠪᠠ᠃

1 ᠰᠠᠷ᠎ᠠ᠎ᠶ᠋ᠢᠨ 21 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠳᠡᠳ᠋ ᠲᠡᠷᠢᠭᠦᠯᠡᠭ᠌ᠴᠢ ᠰᠦᠨ ᠵᠢᠶᠦ᠋ᠨ ᠴᠢᠩ ᠦᠬᠠᠶ ᠬᠣᠲᠠ᠎ᠳᠤ ᠴᠠᠭᠠᠨ ᠰᠠᠷ᠎ᠠ᠎ᠶ᠋ᠢᠨ ᠲᠣᠬᠣᠨᠢᠭᠤᠯᠬᠤ ᠠᠵᠢᠯᠯᠠᠭ᠎ᠠ ᠥᠷᠨᠢᠭᠦᠯᠪᠡ᠃ ᠦᠬᠠᠶ᠎ᠶᠢᠨ ᠴᠡᠷᠢᠭ᠎ᠦᠨ ᠬᠤᠪᠢᠶᠠᠷᠢ ᠲᠣᠭᠣᠷᠢᠭ᠎ᠲᠤ᠂ ᠰᠦᠨ ᠵᠢᠶᠦ᠋ᠨ ᠴᠢᠩ ᠳᠠᠷᠤᠭ᠎ᠠ ᠪᠠᠢᠯᠳᠤᠭ᠍ᠴᠢᠳ᠎ᠲᠤ ᠴᠠᠭᠠᠨ ᠰᠠᠷ᠎ᠠ᠎ᠶ᠋ᠢᠨ ᠵᠥᠩᠨᠡᠯ ᠪᠣᠯᠤᠨ ᠡᠷᠬᠢᠮ ᠳᠡᠭᠡᠳᠦ ᠬᠦᠨᠳᠦᠳᠭᠡᠯ ᠳᠡᠪᠱᠢᠭᠦᠯᠵᠦ᠍᠂ ᠤᠯᠠᠨ᠎ᠢᠶᠠᠷ᠎ᠢᠶᠠᠨ ᠱᠢᠯᠢᠳᠡᠭ ᠤᠯᠠᠮᠵᠢᠯᠠᠯ ᠪᠣᠯᠤᠨ ᠪᠠᠳᠤ ᠴᠢᠩᠭ᠎ᠠ ᠰᠤᠷᠲᠠᠯ᠎ᠢᠶᠠᠨ ᠦᠷᠭᠦᠯᠵᠢᠯᠡᠨ ᠪᠠᠳᠠᠷᠠᠭᠤᠯᠵᠤ᠂ ᠴᠡᠷᠢᠭ ᠠᠩᠬᠢ᠎ᠶ᠋ᠢᠨ ᠪᠠᠢᠭᠤᠯᠤᠯᠲᠠ᠂ ᠣᠷᠣᠨ ᠨᠤᠲᠤᠭ᠎ᠤᠨ ᠬᠥᠭ᠌ᠵᠢᠯᠲᠡ᠎ᠳᠦ ᠨᠡᠩ ᠶᠡᠬᠡ ᠬᠤᠪᠢ ᠨᠡᠮᠡᠷᠢ ᠦᠵᠡᠭᠦᠯᠬᠦ᠌᠎ᠶ᠋ᠢ ᠬᠦᠰᠡᠵᠦ᠍ ᠪᠠᠢᠨ᠎ᠠ ᠭᠡᠪᠡ᠃ ᠠᠮᠢᠳᠤᠯᠢᠭ᠎ᠢᠶᠠᠷ ᠠᠵᠢᠯ ᠣᠯᠤᠭ᠍ᠰᠠᠨ ᠰᠤ᠌ ᡁᠢ ᠢ᠎ᠶ᠋ᠢᠨ ᠭᠡᠷ᠎ᠲᠦ᠂ ᠰᠦᠨ ᠵᠢᠶᠦ᠋ᠨ ᠴᠢᠩ ᠲᠡᠭᠦᠨ᠎ᠦ ᠪᠠᠶ᠎ᠡ  ᠮᠠᠬᠠᠪᠤᠳ ᠎ᠤᠨ ᠪᠠᠢᠳᠠᠯ ᠪᠣᠯᠤᠨ ᠪᠣᠳᠠᠲᠠᠢ ᠬᠦᠴᠢᠷᠳᠡᠯ᠎ᠢ ᠨᠠᠷᠢᠨ ᠠᠰᠠᠭᠤᠵᠤ᠂ ᠲᠡᠭᠦᠨ᠎ᠢ ᠪᠡᠶ᠎ᠡ᠎ᠪᠡᠨ ᠳᠠᠭᠠᠭᠠᠵᠤ ᠦᠪᠡᠷ᠎ᠢ ᠪᠠᠨ ᠬᠦᠴᠦᠷᠬᠡᠭ᠌ᠵᠢᠬᠦᠯᠬᠦ ᠪᠠᠨ ᠪᠠᠷᠢᠮᠲᠠᠯᠠᠭᠠᠷᠠᠢ ᠭᠡᠵᠦ᠍ ᠵᠣᠷᠢᠭ᠍ᠵᠢᠭᠤᠯᠪᠠ᠃ ᠴᠡᠷᠢᠭ ᠠᠩᠭᠢ᠎ᠶ᠋ᠢᠨ ᠠᠵᠢᠯ ᠡᠴᠡ᠎ᠪᠠᠨ ᠠᠮᠠᠷᠠᠭ᠍ᠰᠠᠨ ᠺᠠᠳ᠋ᠷ ᠴᠧᠩ ᠶᠦᠩ ᠬᠣᠩ᠎ᠤᠨ ᠬᠡᠷ᠎ᠲᠦ᠂ ᠰᠦᠨ ᠵᠢᠶᠦ᠋ᠨ ᠴᠢᠩ ᠬᠣᠯᠪᠣᠭ᠍ᠳᠠᠯ ᠪᠥᠬᠥᠶ ᠰᠠᠯᠠᠭ᠎ᠠ ᠮᠥᠴᠢᠷ᠎ᠤᠨ ᠬᠢᠨ ᠦᠶ᠋ᠯᠡᠴᠢᠯᠡᠭᠡᠨ᠎ᠦ ᠪᠠᠲᠤᠯᠠᠭ᠎ᠠ ᠪᠠᠨ ᠰᠠᠢᠲᠤᠷ ᠬᠢᠵᠦ᠍᠂ ᠨᠠᠩ ᠣᠯᠠᠨ ᠬᠠᠢᠷ᠎ᠠ ᠬᠠᠯᠠᠮᠵᠢ ᠬᠦᠷᠲᠡᠭᠡᠬᠦ᠌ ᠬᠡᠷᠡᠭ᠌ᠲᠡᠶ ᠭᠡᠵᠦ᠍ ᠵᠠᠬᠢᠪᠠ᠃ ᠰᠦᠨ ᠵᠢᠶᠦ᠋ᠨ ᠴᠢᠩ ᠪᠠᠰᠠ ᠪᠦᠬᠦ᠌ ᠤᠯᠤᠰ᠎ᠤᠨ ᠲᠡᠷᠢᠭᠦᠨ᠎ᠦ ᠠᠵᠢᠯᠳᠠᠨ᠂ ᠪᠦᠬᠦ᠌ ᠤᠯᠤᠰ᠎ᠤᠨ ᠱᠢᠯᠢᠳᠡᠭ ᠠᠷᠠᠳ᠎ᠤᠨ ᠴᠠᠭ᠍ᠳᠠᠭ᠎ᠠ ᠯᠢᠦ ᠪᠥᠸᠧ᠎ᠶ᠋ᠢ ᠲᠣᠬᠣᠨᠢᠭᠤᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号