ᠪᠠᠶᠠᠵᠢᠯ ᠬᠤᠷᠤᠢᠯᠠᠭᠰᠠᠨ ᠮᠣᠷᠢᠨ ᠲᠦᠪᠡᠷᠬᠡᠨ
2026-02-19 11:05:53
ᠵᠣᠬᠢᠶᠠᠭ᠍ᠴᠢ᠄
ᠰᠦᠩ ᠵᠢᠶᠠ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ ᠲᠠᠯ᠎ᠠ ᠨᠤᠲᠤᠭ᠎ᠲᠤ ᠴᠠᠭᠠᠨ ᠰᠠᠷ᠎ᠠ᠎ᠶ᠋ᠢᠨ ᠠᠭᠤᠷ ᠠᠮᠢᠰᠭᠤᠯ ᠪᠢᠯᠬᠠᠨ᠎ᠠ᠃ ᠱᠢᠯᠢ᠎ᠶ᠋ᠢᠨ ᠭᠣᠣᠯ ᠠᠢᠮᠠᠭ᠎ᠤᠨ ᠲᠤᠯᠤᠨ ᠨᠤᠤᠷ ᠱᠢᠶᠠᠨ᠎ᠤ ᠲᠤᠯᠤᠨ ᠨᠤᠤᠷ ᠪᠠᠯᠭᠠᠰᠤ᠎ᠶ᠋ᠢᠨ ᠱᠧᠩ ᠯᠢ ᠲᠣᠰᠭᠣᠨ᠎ᠤ ᠪᠠᠷᠢᠮᠵᠢᠶᠠᠵᠢᠭ᠍ᠰᠠᠨ ᠮᠤᠷᠢᠨ ᠬᠠᠱᠢᠶᠠᠨ᠎ᠳᠤ ᠲᠡᠵᠢᠭᠡᠨ ᠦᠷᠡᠵᠢᠭᠦᠯᠬᠦ᠌ ᠡᠷᠦᠬᠡ ᠵᠤᠤ ᠶᠠᠨ ᠪᠢᠨ ᠱᠢᠨ᠎ᠡ ᠽᠢᠯᠡᠨᠳ᠋᠎ᠦᠨ ᠤᠷᠤᠯᠳᠤᠭᠠᠨ ᠤ᠋ ᠬᠦᠯᠦᠭ ᠵᠢᠡᠨ ᠠᠷᠠᠴᠢᠯᠠᠵᠤ  ᠪᠠᠢᠯ᠎ᠠ᠂ ᠲᠡᠭᠦᠨ᠎ᠦ ᠭᠠᠷ ᠤᠲᠠᠰᠤᠨ᠎ᠳᠤ ᠲᠠᠯ᠎ᠠ ᠨᠤᠲᠤᠭ᠎ᠤᠨ ᠴᠠᠭᠠᠨ ᠰᠠᠷ᠎ᠠ᠎ᠶ᠋ᠢᠨ ᠦᠵᠡᠮᠵᠢ ᠪᠠᠢᠬᠤ᠎ᠪᠠᠷ ᠪᠠᠷᠠᠬᠤ ᠦᠭᠡᠢ ᠨᠡᠩ ᠴᠤ᠌ ᠤᠷᠤᠯᠳᠤᠭᠠᠨ ᠤ᠋ ᠮᠤᠷᠢᠨ ᠤ᠋ ᠪᠠᠷᠢᠶᠠᠨ ᠎ᠤ ᠭᠠᠵᠠᠷ ᠲᠦ᠍ ᠬᠦᠷᠴᠦ ᠪᠠᠢᠭ᠎ᠠ ᠭᠡᠷᠡᠯ ᠵᠢᠷᠤᠬ ᠵᠢᠨᠷ ᠲᠦᠬᠦᠷᠴᠤ᠂ ᠲᠡᠬᠦᠨ ᠤ᠋ 7 ᠵᠢᠯ᠎ᠦᠨ ᠬᠤᠭᠤᠴᠠᠭᠠᠨ᠎ᠳᠤ ᠬᠡᠳᠦᠭᠡᠨ ᠮᠣᠷᠢ᠎ᠡᠴᠡ 20 ᠭᠠᠷᠤᠢ ᠱᠢᠯᠢᠳᠡᠭ ᠤᠷᠤᠯᠳᠤᠭᠠᠨ ᠤ᠋ ᠮᠣᠷᠢ ᠲᠡᠵᠢᠬᠡᠨ ᠠᠷᠠᠴᠢᠯᠠᠵᠤ ᠦᠢᠯᠡᠰ ᠪᠤᠰᠭᠠᠬᠰᠠᠨ ᠵᠠᠮ᠎ᠢ ᠲᠡᠮᠳᠡᠭ᠌ᠯᠡᠵᠦ᠍᠂ ᠪᠠᠰᠠ ᠡᠨᠡ ᠬᠦ᠌ ᠲᠠᠯ᠎ᠠ ᠨᠤᠲᠤᠭ᠎ᠤᠨ ᠬᠢᠯᠢ᠎ᠶ᠋ᠢᠨ ᠬᠤᠳᠠ᠎ᠶ᠋ᠢᠨ 《ᠮᠤᠷᠢᠨ ᠨᠢᠷᠤᠭᠤᠨ ᠲᠡᠭᠡᠷᠡᠬᠢ ᠠᠵᠤ ᠠᠬᠤᠢ》 ᠵᠢ ᠬᠥᠭ᠌ᠵᠢᠭᠦᠯᠦᠭ᠌ᠰᠡᠨ ᠤᠷᠤᠭ᠍ᠰᠢᠯᠠᠯᠲᠠ᠎ᠶ᠋ᠢᠨ ᠠᠶᠠᠰ᠎ᠢ ᠲᠡᠮᠳᠡᠭ᠌ᠯᠡᠵᠦ᠍ ᠪᠠᠢᠯ᠎ᠠ᠃

《ᠲᠠᠯ᠎ᠠ ᠨᠤᠲᠤᠭ᠎ᠢᠶᠠᠨ ᠰᠠᠬᠢᠨ ᠮᠣᠷᠢ ᠲᠡᠵᠢᠭᠡᠵᠦ᠍ ᠪᠠᠢᠬᠤ ᠨᠢ ᠶᠠᠭᠤᠨ᠎ᠤ ᠲᠥᠯᠥᠭᠡ ᠪᠤᠢ? 》 ᠭᠡᠬᠦ ᠤᠯᠠᠨ ᠬᠦᠮᠦᠨ ᠳ᠋ᠦ ᠠᠰᠠᠭᠤᠯᠳᠠ ᠳ᠋ᠦ ᠲᠡᠷᠡᠪᠡᠷ᠄《ᠡᠨᠡ ᠬᠦ᠌ ᠮᠤᠷᠢᠨ ᠲᠦᠪᠡᠷᠬᠡᠨ᠎ᠳᠤ ᠲᠠᠯ᠎ᠠ ᠨᠤᠲᠤᠭ᠎ᠤᠨ ᠬᠥᠮᠦᠰ᠎ᠦᠨ ᠮᠥᠷᠥᠭᠡᠳᠦᠯ ᠲᠤᠬᠳᠠᠨᠢᠵᠤ᠂ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠪᠠᠶᠠᠵᠢᠭᠤᠯᠬᠤ ᠬᠥᠳᠡᠯᠭᠡᠬᠦ᠌ ᠬᠦᠴᠦᠨ᠎ᠢ ᠬᠦᠭᠵᠢᠭᠡᠵᠦ ᠪᠠᠢᠨ᠎ᠠ》 ᠬᠡᠵᠤ ᠬᠠᠷᠢᠭᠤᠯᠳᠠᠭ᠃ ᠵᠤᠤ ᠶᠠᠨ ᠪᠢᠨ ᠮᠣᠷᠢᠨ᠎ᠳᠠᠭᠠᠨ ᠡᠪᠡᠰᠦ ᠪᠣᠷᠳᠣᠭ᠎ᠠ ᠥᠭ᠌ᠬᠦ᠎ᠶ᠋ᠢᠨ ᠳᠠᠭᠠᠤ ᠭᠠᠷ ᠵᠢᠡᠷ᠎ᠢᠶᠠᠨ ᠮᠣᠷᠢᠨ᠎ᠤ ᠨᠢᠷᠤᠭᠤᠨ ᠳᠡᠭᠡᠷᠡᠬᠢ ᠴᠠᠰᠤ᠎ᠶ᠋ᠢ ᠭᠦᠪᠢᠬᠦ ᠎ᠳᠤ᠂ ᠴᠢᠷᠡᠢ ᠲᠦᠬᠦᠷᠡᠩ ᠬᠦᠰᠡᠯ ᠡᠷᠡᠮᠡᠯᠵᠡᠯ᠎ᠢᠶᠡᠷ ᠪᠢᠯᠬᠠᠵᠤ ᠪᠠᠢᠯ᠎ᠠ᠂ 《ᠴᠠᠭᠠᠨ ᠰᠠᠷ᠎ᠠ᠎ᠶ᠋ᠢᠨ ᠱᠢᠨ᠎ᠡ ᠳᠦᠷᠰᠦ ᠪᠠᠢᠳᠠᠯ ᠵᠢᠨᠷ ᠪᠢᠯᠬᠠᠵᠤ᠂ ᠡᠨᠡ ᠵᠢᠯ ᠪᠢ ᠪᠠᠰᠠ ᠬᠡᠳᠦᠨ ᠱᠢᠯᠢᠳᠡᠭ ᠡᠭᠦᠯᠳᠡᠷ᠎ᠦᠨ ᠮᠣᠷᠢ ᠣᠷᠣᠭᠤᠯᠵᠤ᠂ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠳᠠᠭᠠᠭᠤᠯᠤᠨ ᠤᠷᠤᠯᠳᠤᠭᠠᠨ᠎ᠳᠤ ᠢᠯᠡᠭᠦᠬᠡᠨ ᠣᠷᠣᠯᠴᠠᠵᠤ᠂ ᠣᠯᠠᠨ᠎ᠤ ᠤᠷᠤᠯᠭ᠎ᠠ ᠵᠢ ᠨᠡᠮᠡᠭᠳᠡᠬᠦᠯᠬᠦ  ᠪᠡᠷ ᠲᠥᠯᠥᠪᠯᠡᠵᠦ᠍ ᠪᠠᠢᠨ᠎ᠠ》 ᠬᠡᠵᠤ ᠲᠡᠷᠡ ᠡᠨᠡ ᠵᠢᠯ ᠎ᠤᠨ ᠲᠦᠰᠦᠪ ᠵᠢᠨᠨ ᠶᠠᠷᠢᠨ᠎ᠠ᠃

2025 ᠣᠨ᠎ᠳᠤ ᠲᠡᠷᠡ 20 ᠭᠠᠷᠤᠶ ᠤᠳᠠᠭᠠᠨ᠎ᠤ ᠤᠷᠤᠯᠳᠤᠭᠠᠨ᠎ᠳᠤ ᠣᠷᠣᠯᠴᠠᠭᠠᠳ 12 ᠱᠠᠩᠨᠠᠯ ᠭᠥᠷᠳᠡᠵᠦ᠍᠂ ᠱᠢᠯᠢᠳᠡᠭ ᠡᠭᠦᠯᠳᠡᠷ᠎ᠦᠨ ᠤᠨᠠᠭ᠎ᠠ᠎ᠶ᠋ᠢ ᠬᠡᠭᠡᠯᠲᠦᠭᠦᠯᠦᠨ ᠬᠤᠳᠠᠯᠳᠤᠭᠰᠠᠨ ᠨᠢ ᠲᠡᠭᠦᠨ᠎ᠦ ᠵᠢᠯ᠎ᠦᠨ ᠣᠷᠣᠯᠭ᠎ᠠ᠎ᠶ᠋ᠢ 40 ᠭᠠᠷᠤᠶ ᠲᠦᠮᠡᠨ ᠲᠥᠭᠥᠷᠢᠭ ᠨᠡᠮᠡᠭ᠌ᠳᠡᠭᠦᠯᠵᠦ᠍᠂ ᠲᠠᠪᠤ ᠵᠢᠷᠭᠤᠭᠠᠨ ᠰᠠᠷ᠎ᠠ᠎ᠳᠠᠢ ᠤᠨᠠᠭ᠎ᠠ᠎ᠶ᠋ᠢ 2 ᠲᠦᠮᠡ ᠭᠠᠷᠤᠶ ᠲᠥᠭᠥᠷᠢᠭ᠎ᠢᠶᠡᠷ ᠬᠤᠳᠠᠯᠳᠤᠪᠠ᠃ ᠲᠡᠭᠦᠨ᠎ᠦ ᠳᠠᠭᠠᠭᠤᠯᠭ᠎ᠠ ᠳᠤᠤᠷ᠎ᠠ ᠱᠧᠩ ᠯᠢ ᠲᠣᠰᠭᠣᠨ᠎ᠤ ᠣᠯᠠᠨ ᠡᠷᠦᠬᠡ ᠮᠠᠯᠴᠢᠳ ᠤᠷᠤᠯᠳᠤᠭᠠᠨ᠎ᠤ ᠮᠤᠷᠢ ᠲᠡᠵᠢᠬᠡᠨ ᠦᠷᠡᠵᠢᠭᠦᠯᠬᠦ᠌ ᠠᠵᠢᠯ᠎ᠳᠤ ᠣᠷᠣᠯᠴᠠᠵᠤ᠂ ᠤᠤᠯ᠎ᠤᠨ ᠲᠠᠩ ᠴᠤᠯᠭᠤᠶ ᠮᠠᠯᠵᠢᠬᠤ ᠵᠠᠭ᠍ᠪᠤᠷ᠎ᠨᠢ 《ᠤᠷᠤᠯᠳᠤᠭᠠᠨ᠎ᠮᠦᠷᠤᠢᠴᠡᠬᠡᠨ ᠤ᠋ ᠮᠡᠷᠭᠡᠵᠢᠯ + ᠵᠠᠬ᠎ᠠ ᠳᠡᠯᠭᠡᠭᠦᠷ᠎ᠦᠨ ᠠᠷᠠᠯᠵᠢᠶ᠎ᠠ》 ᠪᠠᠷ ᠪᠠᠶᠠᠵᠢᠬᠤ ᠱᠢᠨ᠎ᠡ ᠵᠠᠮ ᠪᠣᠯᠤᠭ᠍ᠰᠠᠨ ᠪᠠᠢᠨ᠎ᠠ᠃ ᠤᠷᠤᠯᠳᠤᠭᠠᠨ᠎ᠤ ᠮᠤᠷᠢ ᠲᠡᠵᠢᠭᠡᠨ ᠦᠷᠡᠵᠢᠭᠦᠯᠦᠭ᠌ᠰᠡᠨ᠎ᠡᠴᠡ ᠣᠷᠣᠯᠭ᠎ᠠ ᠨᠡᠮᠡᠭ᠌ᠳᠡᠵᠦ᠍᠂ ᠡᠨᠡ ᠴᠠᠭᠠᠨ ᠰᠠᠷ᠎ᠠ ᠵᠢ ᠦᠩᠬᠡᠷᠡᠬᠡᠬᠦ ᠳ᠋ᠤ ᠤᠯᠠᠮ ᠢᠳᠡ ᠬᠦᠴᠦᠨ᠎ᠲᠡᠶ ᠪᠤᠯᠵᠠᠢ ᠬᠡᠪᠡ᠃

2023 ᠣᠨ᠎ᠡᠴᠡ ᠲᠤᠯᠤᠨ ᠨᠤᠤᠷ ᠱᠢᠶᠠᠨ᠎ᠤ ᠨᠠᠮ᠎ᠤᠨ ᠬᠣᠷᠢᠶ᠎ᠠ᠂ ᠱᠢᠶᠠᠨ᠎ᠤ ᠵᠠᠰᠠᠭ᠎ᠤᠨ ᠣᠷᠳᠣᠨ ᠠᠳᠤᠭᠤᠨ᠎ᠤ ᠠᠵᠤ ᠦᠢᠯᠡᠰ᠎ᠦᠨ ᠴᠢᠨᠠᠷ ᠰᠠᠢᠲᠠᠢ ᠬᠥᠭ᠌ᠵᠢᠯᠲᠡ᠎ᠶ᠋ᠢᠨ ᠤᠳᠤᠷᠢᠳᠭᠤ ᠳᠤᠭᠤᠢᠯᠠᠩ᠎ᠢ ᠪᠠᠢᠭᠤᠯᠵᠤ᠂ ᠶᠡᠷᠦᠩᠬᠡᠢ ᠪᠡᠯᠡ ᠣᠷᠣᠭᠤᠯᠤᠯᠲᠠ ᠨᠢ 1.3 ᠳ᠋ᠦᠩᠱᠢᠭᠤᠷ ᠲᠥᠭᠥᠷᠢᠭ᠎ᠤ᠋ᠨ 300 ᠺᠢᠯᠤᠮᠸᠲᠷ᠎ᠤᠨ ᠠᠮᠢ ᠠᠬᠤᠢ᠎ᠶ᠋ᠢᠨ ᠮᠤᠷᠢᠨ ᠵᠠᠮ᠎ᠢ ᠴᠣᠭ᠍ᠴᠠᠯᠠᠵᠤ᠂ 《1 ᠰᠠᠭᠤᠷᠢᠨ ᠭᠠᠵᠠᠷ + 12 ᠤᠯᠠᠭ᠎ᠠ ᠦᠷᠳᠡᠬᠡ》 ᠵᠢᠨ ᠦᠢᠯᠡᠴᠢᠯᠡᠭᠡᠨ᠎ᠦ ᠱᠢᠰᠲᠸᠮ᠎ᠢ ᠪᠠᠢᠭᠤᠯᠵᠤ᠂ ᠭᠣᠣᠯ ᠦᠵᠡᠮᠵᠢ᠎ᠶ᠋ᠢᠨ ᠣᠷᠣᠨ᠎ᠢ ᠬᠣᠯᠪᠣᠵᠤ᠂ ᠠᠳᠤᠭᠤᠨ᠎ᠤ ᠭᠣᠣᠯ ᠰᠡᠳᠦᠪᠲᠦ ᠠᠵᠤ ᠦᠢᠯᠡᠰ᠎ᠦᠨ ᠪᠦᠯᠦᠭ᠌ᠵᠢᠯ᠎ᠢ ᠪᠦᠷᠢᠯᠳᠦᠭᠦᠯᠪᠠ᠃

2025 ᠣᠨ᠎ᠤ ᠲᠥᠷᠥᠯ ᠵᠦᠶ᠋ᠯ᠎ᠦᠨ ᠬᠦᠭᠵᠢᠯᠲᠠ ᠵᠢᠨ ᠬᠤᠷᠳᠤᠴᠠ ᠲᠦᠷᠭᠡᠰᠴᠦ᠍᠂ ᠬᠡᠦᠬᠡᠨ ᠨᠠᠭᠤᠷ ᠥᠷᠲᠡᠭᠡᠨ᠎ᠦ ᠰᠠᠭᠤᠷᠢ ᠲᠥᠬᠥᠭᠡᠷᠦᠮᠵᠢ ᠵᠢᠨ ᠪᠠᠷᠢᠯᠭ᠎ᠠ ᠳᠠᠭᠤᠰᠴᠤ᠌᠂ ᠴᠢᠩ ᠯᠦᠩ ᠪᠧᠶ ᠤᠯᠠᠭ᠎ᠠ ᠥᠷᠲᠡᠭᠡ ᠯᠠᠪᠳᠠᠭᠤᠨ᠎ᠢᠶᠠᠷ ᠠᠭᠢᠵᠤ᠂ 《ᠪᠡᠭᠡᠵᠢᠩ᠎ᠤᠨ ᠠᠷᠤ ᠳ᠋ᠠᠬᠢ ᠮᠤᠷᠢ ᠤᠨᠤᠬᠤ ᠨᠠᠷᠠᠲᠤ ᠭᠠᠵᠠᠷ》 ᠤ᠋ᠨ ᠨᠡᠷ᠎ᠡ ᠠᠯᠳᠠᠷ ᠤᠯᠠᠮ᠎ᠢᠶᠠᠷ ᠮᠠᠨᠳᠤᠪᠠ᠃ ᠴᠠᠭᠠᠨ ᠰᠠᠷ᠎ᠠ ᠬᠦᠷᠴᠦ᠍ ᠢᠷᠡᠬᠦ᠌ ᠲᠠᠱᠢᠷᠠᠮ᠎ᠳᠤ᠂ ᠤᠯᠠᠭ᠎ᠠ ᠥᠷᠲᠡᠭᠡ᠎ᠳᠦ ᠤᠯᠠᠭᠠᠨ ᠳ᠋ᠧᠩᠯᠦ᠍ ᠡᠯᠭᠦᠵᠦ᠍᠂ ᠠᠵᠢᠯᠲᠠᠳ ᠴᠠᠭᠠᠨ ᠰᠠᠷ᠎ᠠ᠎ᠶ᠋ᠢᠨ ᠦᠨᠦᠷ ᠠᠮᠲᠠ᠎ᠶ᠋ᠢᠨ ᠢᠵᠢ ᠬᠣᠭᠣᠯᠠ ᠪᠡᠯᠡᠳᠭᠡᠨ᠂ ᠡᠷᠬᠢᠨ ᠲᠣᠭᠣᠷᠢᠨ᠎ᠤ ᠮᠠᠯᠴᠢᠳ ᠴᠤ᠌ ᠱᠢᠨ᠎ᠡ ᠠᠵᠠ ᠲᠣᠬᠢᠶᠠᠯ᠎ᠢ ᠤᠭ᠍ᠲᠤᠨ ᠠᠪᠴᠢᠷᠠᠯ᠎ᠠ᠄ 《ᠮᠤᠷᠢᠨ ᠵᠠᠮ᠎ᠢ ᠬᠡᠷ᠎ᠦᠨ ᠡᠭᠦᠳᠡᠨ᠎ᠳᠦ ᠬᠦᠷᠲᠡᠯ᠎ᠡ ᠵᠠᠰᠠᠵᠤ᠂ ᠪᠢᠳᠡ ᠬᠡᠷ᠎ᠦᠨ ᠡᠭᠦᠳᠡᠨ᠎ᠳ᠋ᠡᠬᠡᠨ 〈ᠵᠢᠭᠤᠯᠴᠢᠯᠠᠯ᠎ᠤᠨ ᠬᠣᠭᠣᠯᠠ〉 ᠢᠳᠡᠵᠦ᠍᠂ ᠰᠡᠳᠭᠢᠯ ᠰᠠᠨᠠᠭ᠎ᠠ ᠲᠤᠢᠯ ᠤ᠋ᠨ ᠲᠠᠭᠠᠯᠠᠮᠵᠢᠳᠠᠢ ᠪᠠᠢᠨ᠎ᠠ》 ᠬᠡᠵᠡᠢ᠃

ᠠᠳᠤᠭᠤᠨ᠎ᠤ ᠠᠵᠤ ᠦᠢᠯᠡᠰ᠎ᠦᠨ ᠠᠱᠢᠭ ᠣᠯᠵᠠᠪᠤᠷᠢ ᠨᠢ ᠨᠡᠩ ᠤᠯᠠᠨ ᠲᠣᠰᠭᠣᠨ᠎ᠳᠤ ᠠᠱᠢᠭ ᠬᠦᠷᠲᠡᠭᠡᠵᠦ᠍ ᠪᠠᠢᠨ᠎ᠠ᠃ ᠱᠢᠨᠼᠠᠩ ᠲᠣᠰᠭᠣᠨ ᠪᠣᠯ ᠡᠭᠦᠨ᠎ᠦ ᠳᠣᠲᠣᠷᠠᠬᠢ ᠠᠮᠢᠳᠤᠯᠢᠭ ᠬᠤᠷᠢᠶᠠᠩᠭᠤᠢ ᠳᠦᠷᠰᠦ ᠪᠣᠯᠤᠨ᠎ᠠ᠃ ᠦᠩᠬᠡᠷᠡᠭᠰᠡᠨ ᠳ᠋ᠤ ᠲᠣᠰᠭᠣᠨ᠎ᠤ ᠠᠷᠠᠳ ᠮᠣᠷᠢ ᠠᠷᠠᠴᠢᠯᠠᠬᠤ ᠳ᠋ᠤ ᠮᠡᠷᠭᠡᠵᠢᠯ ᠵᠢᠨᠷ ᠳᠤᠲᠠᠭ᠍ᠳᠠᠵᠤ᠂ ᠲᠥᠯᠥᠪᠯᠡᠭᠡ ᠲᠤᠳᠠᠬᠳᠠᠵᠤ᠂ ᠣᠷᠣᠯᠭ᠎ᠠ᠎ᠪᠠᠨ ᠨᠡᠮᠡᠭ᠌ᠳᠡᠭᠦᠯᠬᠦ᠌᠎ᠳᠦ ᠬᠦᠴᠢᠷ ᠪᠠᠢᠯ᠎ᠠ᠃ ᠣᠳᠣᠬᠠᠨ᠎ᠳᠤ ᠲᠣᠰᠭᠣᠨ᠎ᠤ ᠨᠠᠮ᠎ᠤᠨ ᠡᠭᠦᠷ᠎ᠦᠨ ᠳᠠᠭᠠᠭᠤᠯᠭ᠎ᠠ ᠳᠤᠤᠷ᠎ᠠ 《ᠡᠯ ᠴᠢᠤᠸᠠᠨ ᠠᠵᠢᠨᠠᠶ ᠬᠦᠯᠦᠭ ᠵᠢᠭᠤᠯᠴᠢᠯᠠᠯ᠎ᠤᠨ ᠬᠣᠷᠱᠢᠶ᠎ᠠ》 ᠶ᠋ᠢ ᠵᠣᠬᠢᠶᠠᠨ ᠪᠠᠢᠭᠤᠯᠵᠤ᠂ 100 ᠭᠠᠷᠤᠶ ᠠᠳᠤᠭᠤ ᠪᠣᠯᠤᠨ ᠠᠷᠠᠳ᠎ᠤᠨ ᠤᠯᠠᠮᠵᠢᠯᠠᠯᠳᠤ ᠰᠠᠭᠤᠴᠠ᠎ᠶ᠋ᠢᠨ ᠪᠠᠭᠤᠳᠠᠯ ᠤ᠋ᠨ ᠡᠬᠢ ᠪᠠᠶᠠᠯᠢᠭ᠎ᠢ ᠡᠮᠬᠢᠯᠡᠨ ᠨᠡᠢᠯᠡᠭᠦᠯᠵᠦ᠍᠂ ᠥᠪᠡᠷᠮᠢᠴᠡ ᠣᠨᠴᠠᠯᠢᠭ᠎ᠲᠠᠶ ᠪᠡᠶᠡᠴᠢᠯᠡᠨ ᠣᠢᠯᠠᠭᠠᠬᠤ ᠲᠦᠷᠤᠯ ᠵᠤᠢᠯ᠎ᠢ ᠭᠠᠷᠭᠠᠪᠠ᠃ ᠲᠠᠷᠠᠬᠠᠶ ᠪᠤᠲᠠᠷᠬᠠᠶ ᠮᠠᠯᠵᠢᠬᠤ ᠡᠷᠦᠬᠡ᠎ᠶ᠋ᠢ ᠨᠡᠢᠳᠭᠡᠨ 《ᠮᠣᠷᠢᠨ ᠨᠢᠷᠤᠭᠤᠨ ᠳᠡᠭᠡᠷᠡᠬᠢ ᠠᠵᠤ ᠠᠬᠤᠶ》 ᠶ᠋ᠢ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠬᠥᠳᠡᠯᠭᠡᠭᠦᠷ ᠪᠣᠯᠭᠠᠪᠠ᠃ ᠣᠳᠣᠬᠠᠨ᠎ᠳᠤ᠂ ᠲᠤᠰ ᠬᠤᠷᠱᠢᠶ᠎ᠠ᠎ᠶ᠋ᠢᠨ ᠵᠢᠯ᠎ᠦᠨ ᠣᠷᠣᠯᠭ᠎ᠠ 100 ᠲᠦᠮᠡᠨ ᠲᠥᠭᠥᠷᠢᠭ᠎ᠢ ᠳᠠᠪᠠᠵᠤ᠂ ᠠᠵᠤ ᠦᠢᠯᠡᠰ᠎ᠦᠨ ᠠᠭᠤᠰᠤᠯᠴᠠᠯ᠎ᠤᠨ ᠱᠢᠨ᠎ᠡ ᠰᠣᠷᠭᠣᠭ ᠦᠯᠢᠭᠡᠷ ᠳᠠᠭᠤᠷᠢᠶᠠᠯ ᠪᠣᠯᠵᠠᠢ ᠬᠡᠵᠤ ᠲᠣᠰᠭᠣᠨ᠎ᠤ ᠨᠠᠮ᠎ᠤᠨ ᠡᠭᠦᠷ᠎ᠦᠨ ᠱᠦᠵᠢ ᠬᠤ᠌ ᠶᠠᠨ ᠶᠦᠨ ᠳᠠᠨᠢᠯᠴᠠᠭᠤᠯᠤᠨ᠎ᠠ᠃

ᠬᠠᠪᠤᠷ᠎ᠤᠨ ᠤᠷᠢᠨ ᠲᠤᠯᠠᠭᠠᠨ ᠳ᠋ᠤ ᠮᠣᠷᠢᠨ ᠲᠦᠪᠡᠷᠭᠡᠨ ᠪᠠ ᠢᠨᠢᠶᠡᠯᠴᠡᠬᠦ ᠲᠠᠭᠤᠨ ᠬᠤᠯᠠ ᠡᠴᠡ ᠰᠤᠨᠤᠰᠳᠠᠵᠤ᠂ ᠲᠤᠯᠤᠨ ᠨᠤᠤᠷ᠎ᠤᠨ ᠡᠬᠡ ᠭᠠᠵᠠᠷ᠎ᠲᠤ ᠠᠳᠤᠭᠤᠨ᠎ᠤ ᠠᠵᠤ ᠦᠢᠯᠡᠰ ᠨᠢ ᠰᠣᠶᠣᠯ ᠪᠠ ᠵᠢᠭᠤᠯᠴᠢᠯᠠᠯ᠎ᠤᠨ ᠠᠭᠤᠰᠤᠯᠴᠠᠯ᠎ᠤᠨ ᠱᠢᠨ᠎ᠡ ᠬᠠᠭᠤᠳᠠᠰᠤ᠎ᠶ᠋ᠢ ᠦᠷᠭᠦᠯᠵᠢᠯᠡᠨ ᠪᠢᠴᠢᠭ᠌ᠯᠡᠵᠦ᠍᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠰᠠᠢ᠌ᠨ ᠰᠠᠢᠬᠠᠨ ᠵᠢᠷᠤᠭ ᠲᠥᠰᠦᠪ᠎ᠢ ᠵᠢᠷᠤᠭ᠍ᠯᠠᠵᠤ᠂ ᠠᠮᠢᠵᠢᠷᠠᠯ᠎ᠤᠨ ᠬᠦᠴᠦᠨ᠎ᠢᠶᠡᠷ ᠪᠢᠯᠬᠠᠭ᠍ᠰᠠᠨ ᠤᠷᠢᠬᠠᠨ ᠬᠠᠪᠤᠷ᠎ᠢ ᠤᠭ᠍ᠲᠤᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号