ᠬᠡᠳᠦᠢᠪᠡᠷ ᠬᠠᠪᠤᠷ᠎ᠤᠨ ᠠᠭᠤᠷ ᠤᠷᠤᠭ᠍ᠰᠠᠨ ᠪᠣᠯᠪᠠᠴᠤ᠌᠂ ᠬᠥᠯᠥᠨ ᠪᠤᠢ᠌ᠷ ᠮᠥᠨ ᠯᠡ ᠬᠠᠬᠢᠷ ᠬᠦᠢᠳᠡᠨ ᠬᠡᠪ᠎ᠢᠶᠡᠷ᠎ᠢᠶᠡᠨ᠂ ᠡᠸᠡᠩᠬᠢ ᠦᠨᠳᠦᠰᠦᠲᠡᠨ ᠦ ᠥᠪᠡᠷᠲᠡᠭᠡᠨ ᠵᠠᠰᠠᠬᠤ ᠬᠣᠱᠢᠭᠤᠨ᠎ᠤ ᠬᠤᠢ ᠰᠤᠮᠤᠨ᠎ᠤ ᠬᠠᠷᠢᠯᠴᠠᠨ ᠬᠠᠪᠰᠤᠷᠤᠯᠴᠠᠵᠤ ᠨᠠᠰᠤᠲᠠᠨ ᠢ ᠠᠰᠠᠷᠠᠬᠤ ᠵᠢᠷᠭᠠᠯᠠᠨᠭᠳᠤ ᠬᠦᠷᠢᠶᠠᠯᠠᠩ᠎ᠳᠦ᠂ ᠬᠦᠭᠵᠢᠶᠠᠨ ᠨᠠᠷᠬᠢᠶᠠᠨ ᠲᠠᠢ ᠪᠠᠢᠵᠤ᠂ ᠴᠠᠭᠠᠨ ᠰᠠᠷ᠎ᠠ᠎ᠶ᠋ᠢᠨ ᠠᠭᠤᠷ ᠠᠮᠢᠰᠭᠤᠯ᠎ᠢᠶᠡᠷ ᠪᠢᠯᠬᠠᠨ᠎ᠠ᠃ 78 ᠨᠠᠰᠤᠲᠠᠢ ᠵᠠᠪᠠ ᠨᠠᠰᠤᠳᠠᠨ ᠬᠦᠭᠰᠢᠨ ᠲᠠᠢ᠎ᠪᠡᠨ ᠡᠨᠳᠡ ᠨᠡᠭᠦᠵᠦ᠍ ᠢᠷᠡᠭᠡᠳ ᠨᠢᠭᠡᠨᠲᠡ ᠵᠢᠯ ᠭᠠᠷᠤᠢ ᠪᠣᠯᠵᠠᠢ᠂ ᠡᠳᠤᠭᠡ ᠡᠪᠦᠭᠡᠨ ᠬᠥᠭ᠌ᠰᠢᠨ ᠬᠣᠶᠠᠭᠤᠯᠠ᠎ᠶ᠋ᠢᠨ ᠪᠡᠶ᠎ᠡ ᠨᠢ ᠴᠢᠭᠢᠷᠠᠭ᠂ ᠡᠳᠤᠷ ᠪᠦᠷᠢ ᠢᠨᠢᠶᠠᠳᠤ ᠬᠦᠷ ᠲᠠᠢ ᠪᠠᠢᠵᠤ᠂ ᠣᠳᠣᠬᠢ ᠠᠮᠢᠳᠤᠷᠠᠯ᠎ᠤᠨ ᠲᠤᠬᠠᠢ ᠶᠠᠷᠢᠬᠤ᠎ᠳᠤ ᠰᠡᠳᠭᠢᠯ ᠨᠢ ᠠᠭᠤᠵᠢᠷᠠᠨ ᠪᠠᠶᠠᠷ ᠤ᠋ᠨ ᠮᠦᠰᠢᠶᠠᠳᠤ ᠲᠤᠳᠤᠷᠠᠨ᠎ᠠ᠃
ᠵᠠᠪᠠᠨᠠᠰᠤᠳᠠᠨ ᠤ᠋ ᠬᠢᠨ ᠳ᠋ᠤ ᠬᠦᠷᠦᠬᠦᠯᠠᠷ᠂ ᠦᠷᠤᠭᠡ ᠭᠡᠷ ᠨᠢ ᠴᠡᠪᠡᠷ ᠴᠡᠮᠴᠡᠭᠡᠷ ᠪᠦᠭᠡᠳ ᠬᠠᠯᠠᠭᠤᠨ ᠳᠤᠯᠠᠭᠠᠨ ᠰᠠᠨᠠᠬᠳᠠᠨ᠎ᠠ᠃ 《ᠪᠢᠳᠡ ᠠᠯᠢ ᠡᠷᠲᠡ ᠭᠡᠷ᠎ᠢᠶᠡᠨ ᠴᠡᠪᠡᠷᠯᠡᠵᠦ᠍᠂ ᠦᠬᠡᠷ ᠬᠤᠨᠢᠨ ᠮᠢᠬ᠎ᠠ᠂ ᠱᠢᠬᠢᠷ ᠵᠡᠷᠭᠡ ᠴᠠᠭᠠᠨ ᠰᠠᠷ᠎ᠠ᠎ᠶ᠋ᠢᠨ ᠪᠠᠷᠠᠭ᠎ᠠ᠎ᠪᠠᠨ ᠭᠦᠢᠴᠡᠳ ᠪᠡᠯᠡᠳᠭᠡᠵᠦ᠍᠂ ᠪᠠᠰᠠ ᠨᠢᠭᠡ ᠲᠤᠮᠤ ᠰᠠᠪᠠ ᠪᠠᠩᠰᠢ ᠪᠠᠷᠢᠵᠠᠢ᠂ ᠪᠠᠨᠭᠰᠢ ᠪᠡᠨ ᠴᠢᠨᠠᠭᠠᠳ ᠬᠦᠷᠰᠢ ᠵᠡᠷᠭᠡᠯᠡᠳᠡᠭᠡ ᠵᠢᠨ ᠬᠢᠨᠳ᠋ᠡᠭᠡᠨ ᠠᠮᠰᠠᠭᠤᠯᠵᠤ᠂ ᠬᠡᠦᠬᠡᠳ ᠦᠳ ᠬᠠᠷᠢᠵᠤ ᠢᠷᠡᠪᠡᠯ ᠪᠠᠰᠠ ᠬᠠᠯᠠᠭᠤᠨ ᠪᠦᠯᠢᠶᠠᠨ ᠬᠣᠭᠣᠯᠠ ᠣᠯᠤᠭᠠᠳ ᠢᠳᠡᠴᠢᠭᠡᠨᠠ》ᠭᠡᠵᠦ᠍ ᠵᠠᠪᠠᠨᠠᠰᠤᠳᠠᠨ ᠬᠦᠭᠰᠡᠭᠰᠡᠨ ᠰᠡᠳᠬᠢᠯ ᠵᠢᠡᠨ ᠲᠠᠷᠤᠵᠤ ᠶᠠᠳᠠᠨ᠎ᠠ᠃
ᠵᠠᠪᠠ ᠨᠠᠰᠤᠳᠠᠨ᠂ ᠥᠩᠭᠡᠷᠡᠭ᠌ᠰᠡᠨ᠎ᠳᠦ ᠮᠠᠯᠵᠢᠬᠤ ᠣᠷᠣᠨ᠎ᠳᠤ ᠠᠮᠢᠳᠤᠷᠠᠵᠤ ᠪᠠᠢᠭ᠍ᠰᠠᠨ ᠪᠣᠯᠬᠣᠷ ᠡᠪᠦᠯ᠎ᠦᠨ ᠳᠤᠯᠠᠭᠠᠯᠠᠭ᠎ᠠ ᠪᠣᠯ ᠬᠠᠮᠤᠭ᠎ᠤᠨ ᠶᠡᠬᠡ ᠠᠰᠠᠭᠤᠳᠠᠯ ᠪᠠᠢᠬᠰᠠᠨ᠃ ᠬᠠᠷᠢᠨ ᠣᠳᠣ ᠵᠢᠷᠭᠠᠯᠠᠨᠭᠳᠤ ᠬᠦᠷᠢᠶᠡᠯᠡᠩ᠎ᠳᠦ ᠰᠠᠭᠤᠵᠤ᠂ ᠲᠥᠪᠯᠡᠷᠡᠭᠦᠯᠦᠨ ᠳᠤᠯᠠᠭᠠᠯᠠᠭ᠎ᠠ ᠬᠠᠩᠭᠠᠬᠤ ᠨᠢ ᠦᠷᠦᠭᠡ ᠵᠢ ᠢᠮᠠᠭ᠍ᠲᠠ ᠲᠤᠯᠠᠭᠠᠨ ᠪᠤᠯᠭᠠᠵᠠᠢ᠃ ᠡᠨᠳᠡ ᠬᠣᠨᠣᠭ᠎ᠤᠨ ᠰᠦᠢᠳᠭᠡᠯ ᠬᠤᠷᠢᠶᠠᠬᠤ ᠦᠭᠡᠶ ᠪᠦᠭᠡᠳ ᠲᠦᠭᠡᠭᠡᠯ ᠤᠰᠤ᠂ ᠲᠥᠪᠯᠡᠷᠡᠭᠦᠯᠦᠨ ᠳᠤᠯᠠᠭᠠᠯᠠᠭ᠎ᠠ ᠬᠠᠩᠭᠠᠬᠤ ᠵᠡᠷᠭᠡ ᠰᠠᠭᠤᠷᠢ ᠲᠥᠬᠥᠭᠡᠷᠦᠮᠵᠢ᠎ᠶ᠋ᠢᠨ ᠵᠠᠷᠤᠳᠠᠯ᠎ᠢ ᠬᠦᠷᠲᠡᠯ᠎ᠡ ᠴᠥᠮ ᠵᠠᠰᠠᠭ᠎ᠤᠨ ᠣᠷᠳᠣᠨ᠎ᠡᠴᠡ ᠡᠬᠦᠷᠬᠡᠯᠡᠵᠤ ᠪᠤᠢ᠂ ᠪᠢᠳᠠ ᠵᠢᠯ ᠪᠦᠷᠢ ᠵᠥᠪᠬᠡᠨ 600 ᠲᠥᠭᠥᠷᠢᠭ᠎ᠦᠨ ᠬᠠᠮᠢᠶᠠᠷᠤᠯᠲᠠ᠎ᠶ᠋ᠢᠨ ᠰᠦᠢᠳᠭᠡᠯ ᠲᠤᠱᠢᠶᠠᠵᠤ᠂ ᠳᠠᠮᠵᠢᠭᠤᠯᠬᠤ ᠬᠣᠭᠣᠯᠠᠶ᠎ᠶ᠋ᠢᠨ ᠰᠡᠯᠪᠢᠨ ᠵᠠᠰᠠᠯᠲᠠ᠂ ᠲᠥᠬᠥᠭᠡᠷᠦᠮᠵᠢ᠎ᠶ᠋ᠢᠨ ᠬᠣᠷᠣᠭ᠍ᠳᠠᠯ ᠢ ᠰᠣᠯᠢᠬᠤ ᠵᠡᠷᠭᠡ ᠵᠠᠷᠤᠯᠭ᠎ᠠ᠎ᠳᠤ ᠬᠡᠷᠡᠭ᠌ᠯᠡᠵᠦ᠍᠂ ᠨᠠᠰᠤᠲᠠᠢᠴᠤᠳ᠎ᠤᠨ ᠠᠵᠤ ᠠᠬᠤᠶ᠎ᠶ᠋ᠢᠨ ᠳᠠᠷᠤᠭᠠᠰᠤ᠎ᠶ᠋ᠢ ᠬᠥᠩᠭᠡᠷᠡᠭᠦᠯᠦᠭᠰᠡᠨ ᠨᠢ ᠨᠡᠩ ᠴᠤ᠌ ᠪᠢᠳᠠᠨ ᠢ᠋ ᠰᠠᠨᠠᠭ᠎ᠠ ᠠᠮᠤᠷ ᠪᠤᠯᠭᠠᠵᠠᠢ ᠭᠡᠯ᠎ᠠ᠃
ᠬᠤᠢ ᠰᠤᠮᠤ ᠵᠢᠨ ᠰᠤᠮᠤᠨ ᠲᠠᠷᠤᠭ᠎ᠠ ᠠᠰᠬᠠᠨ᠂ ᠡᠨᠡ ᠬᠦ᠌ ᠬᠠᠷᠢᠯᠴᠠᠨ ᠬᠠᠪᠰᠤᠷᠤᠯᠴᠠᠬᠤ ᠨᠠᠰᠤᠳᠠᠨ᠎ᠢ ᠠᠰᠠᠷᠠᠬᠤ ᠵᠢᠷᠭᠠᠯᠠᠡᠭᠳᠤ ᠬᠦᠷᠢᠶᠡᠯᠡᠩ ᠪᠠᠢᠭᠤᠯᠤᠭ᠍ᠳᠠᠨ ᠠᠰᠢᠬᠯᠠᠯᠳᠠ ᠳ᠋ᠤ ᠤᠷᠤᠭᠠᠳ ᠨᠢᠭᠡᠨᠲᠡ 10 ᠵᠢᠯ ᠱᠢᠬᠠᠮ ᠪᠣᠯᠵᠤ ᠪᠤᠢ᠂ ᠶᠡᠷᠦᠩᠬᠡᠶ ᠲᠠᠯᠠᠪᠠᠶ ᠨᠢ 1200 ᠲᠡᠭ᠌ᠰᠢ ᠳᠥᠷᠪᠡᠯᠵᠢᠨ ᠮᠧᠲ᠋ᠷ᠂ ᠨᠡᠢᠲᠡ 24 ᠥᠷᠥᠭᠡ᠎ᠲᠡᠶ᠂ ᠡᠷᠦᠬᠡ ᠪᠦᠷᠢ᠎ᠶ᠋ᠢᠨ ᠲᠠᠯᠠᠪᠠᠶ ᠨᠢ 50 ᠲᠡᠭ᠌ᠰᠢ ᠳᠥᠷᠪᠡᠯᠵᠢᠨ ᠮᠧᠲ᠋ᠷ ᠪᠠᠢᠵᠤ᠂ ᠨᠠᠰᠤᠲᠠᠨ᠎ᠤ ᠣᠷᠣᠨ ᠰᠠᠭᠤᠴᠠ᠎ᠶ᠋ᠢᠨ ᠬᠡᠷᠡᠭ᠌ᠴᠡᠭᠡ᠎ᠶ᠋ᠢ ᠪᠦᠷᠢᠨ ᠰᠠᠢᠬᠠᠨ ᠬᠠᠩᠭᠠᠵᠤ ᠪᠠᠢᠨ᠎ᠠ᠃ ᠣᠳᠣᠬᠠᠨ᠎ᠳᠤ 23 ᠡᠷᠦᠬᠡ᠂ 26 ᠨᠠᠰᠤᠲᠠᠨ ᠣᠷᠣᠵᠤ ᠰᠠᠭᠤᠭᠠᠳ ᠪᠠᠢᠨ᠎ᠠ᠃ ᠨᠠᠰᠤᠲᠠᠳ᠎ᠢ ᠲᠠᠭᠠᠯᠠᠮᠵᠢᠲᠠᠶ ᠰᠠᠭᠤᠯᠭᠠᠬᠤ ᠵᠢᠨ ᠲᠥᠯᠥᠭᠡ᠂ ᠵᠢᠷᠭᠠᠯᠠᠩᠲᠤ ᠬᠦᠷᠢᠶᠡᠯᠡᠩ᠎ᠳᠦ ᠪᠡᠶ᠎ᠡ ᠴᠢᠭᠢᠷᠠᠭ᠍ᠵᠢᠭᠤᠯᠬᠤ ᠪᠠᠭᠠᠵᠢ ᠬᠡᠷᠡᠭ᠌ᠰᠡᠯ ᠲᠣᠬᠢᠷᠠᠭᠤᠯᠤᠭ᠍ᠰᠠᠨᠪᠦᠭᠡᠳ ᠪᠠᠰᠠ ᠵᠢᠵᠢᠭ ᠬᠡᠯᠪᠡᠷᠢ᠎ᠶ᠋ᠢᠨ ᠬᠥᠳᠡᠯᠭᠡᠭᠡᠨ ᠦ ᠲᠠᠯᠠᠪᠤᠷ ᠪᠠ ᠨᠠᠰᠤᠲᠠᠢᠴᠤᠳ᠎ᠤᠨ ᠬᠥᠳᠡᠯᠭᠡᠭᠡᠨ ᠦ ᠲᠠᠰᠤᠭ ᠲᠣᠬᠢᠷᠠᠭᠤᠯᠪᠠ᠂ ᠡᠳᠦᠷ ᠲᠤᠲᠤᠮ᠎ᠤᠨ ᠬᠠᠮᠢᠶᠠᠷᠤᠯᠲᠠ᠎ᠶ᠋ᠢ ᠬᠤᠢ ᠰᠤᠮᠤᠨ ᠤ ᠨᠡᠢᠭᠡᠮ᠎ᠦᠨ ᠵᠠᠰᠠᠯᠲᠠ᠎ᠶ᠋ᠢᠨ ᠠᠯᠪᠠᠨ ᠬᠡᠷ ᠲᠤᠰᠭᠠᠶ ᠬᠥᠮᠦᠨ ᠲᠣᠬᠢᠷᠠᠭᠤᠯᠤᠨ ᠬᠠᠷᠢᠭᠤᠴᠠᠭᠤᠯᠵᠤ᠂ ᠠᠵᠢᠯᠲᠠᠳ ᠨᠠᠰᠤᠲᠠᠳ᠎ᠲᠤ ᠪᠥᠬᠥ᠌ ᠲᠠᠯ᠎ᠠ᠎ᠶ᠋ᠢᠨ᠂ ᠨᠠᠷᠢᠯᠢᠭ ᠦᠶ᠋ᠯᠡᠴᠢᠯᠡᠭᠡ ᠬᠠᠩᠭᠠᠵᠤ᠂ ᠠᠮᠢᠳᠤᠷᠠᠯ᠎ᠢ ᠨᠢ ᠬᠠᠷᠠᠭᠠᠯᠵᠠᠬᠤ ᠲᠡᠳᠦᠢ ᠦᠬᠡᠢ ᠰᠡᠳᠭᠢᠯ ᠰᠠᠨᠠᠭ᠎ᠠ᠎ᠶ᠋ᠢ ᠨᠢ ᠲᠠᠢᠳᠭᠤᠷᠠᠭᠤᠯᠵᠤ᠂ ᠠᠰᠠᠭᠤᠯᠳᠠ ᠪᠣᠯᠭᠠᠨ᠎ᠳᠤ ᠬᠠᠷᠢᠭᠤᠯᠲᠠ ᠥᠭ᠌ᠴᠦ᠂ ᠶᠠᠪᠤᠳᠠᠯ ᠪᠣᠯᠭᠠᠨ ᠢ᠋ ᠵᠤᠬᠢᠰᠳᠠᠢ ᠰᠢᠢᠳᠪᠤᠷᠢᠯᠡᠵᠤ ᠪᠠᠢᠨ᠎ᠠ ᠭᠡᠵᠤ ᠲᠠᠨᠢᠯᠴᠠᠭᠤᠯᠪᠠ᠃
ᠤᠯᠠᠮᠵᠢᠯᠠᠯᠲᠤ ᠨᠠᠰᠤᠲᠠᠨ᠎ᠢ ᠠᠰᠠᠷᠠᠬᠤ ᠬᠦᠷᠢᠶᠡᠯᠡᠩ᠎ᠲᠡᠶ ᠠᠳᠠᠯᠢ ᠥᠬᠡᠶ ᠲᠠᠯ᠎ᠠ ᠨᠢ ᠭᠡᠪᠡᠯ᠂ ᠬᠣᠶ ᠰᠤᠮᠤᠨ᠎ᠤ ᠬᠠᠷᠢᠯᠴᠠᠨ ᠬᠠᠪᠰᠤᠷᠤᠯᠴᠠᠬᠤ ᠨᠠᠰᠤᠲᠠᠨ᠎ᠢ ᠠᠰᠠᠷᠠᠬᠤ ᠵᠢᠷᠭᠠᠯᠠᠩᠲᠤ ᠬᠦᠷᠢᠶᠡᠯᠡᠩ ᠨᠢ ᠬᠥᠮᠦᠰ᠎ᠦᠨ ᠨᠠᠰᠤᠲᠠᠨ᠎ᠢ ᠠᠰᠠᠷᠠᠬᠤ ᠪᠠᠢᠭᠤᠯᠤᠮᠵᠢ᠎ᠶ᠋ᠢᠨ ᠲᠤᠬᠠᠶ ᠦᠵᠡᠯᠳᠠ᠎ᠵᠢ ᠬᠤᠪᠢᠷᠠᠭᠤᠯᠵᠠᠢ᠃ ᠡᠨᠳᠡᠬᠢ ᠥᠷᠥᠭᠡ ᠪᠦᠷᠢ ᠨᠢ ᠪᠦᠷ ᠨᠢᠭᠡ ᠲᠤᠰᠠᠭᠠᠷ ᠵᠢᠵᠢᠭ ᠭᠡᠷ᠂ ᠨᠠᠰᠤᠲᠠᠨ ᠥᠪᠡᠷ᠎ᠦᠨ ᠳᠤᠷ᠎ᠠ ᠪᠠᠬᠠᠪᠠᠷᠢᠶᠠᠨ ᠭᠡᠷ᠎ᠢᠶᠡᠨ ᠵᠠᠰᠠᠵᠤ ᠴᠢᠮᠡᠭᠯᠡᠵᠤ ᠪᠣᠯᠤᠨ᠎ᠠ᠃ ᠬᠡᠳᠦᠢᠪᠡᠷ ᠥᠷᠥᠭᠡ ᠨᠢ ᠶᠡᠬᠡ ᠪᠢᠰᠢ ᠪᠣᠯᠪᠠᠴᠤ᠌ ᠵᠣᠷᠯᠣᠩ᠂ ᠲᠣᠭᠣᠭᠠᠨ ᠬᠡᠷ ᠨᠢ ᠪᠦᠷ ᠪᠦᠷᠢᠨ ᠪᠠᠢᠵᠤ᠂ ᠥᠷᠥᠭᠡᠨ᠎ᠳᠡᠭᠡᠨ ᠪᠠᠰᠠ ᠲᠦᠱᠢᠭᠦᠷ ᠵᠡᠷᠭᠡ ᠨᠠᠰᠤᠵᠢᠯᠳᠠ ᠳ᠋ᠤ ᠳᠣᠭᠢᠷᠠᠬᠤ ᠲᠤᠰᠠᠯᠠᠬᠤ ᠪᠠᠭᠠᠵᠢ ᠬᠡᠷᠡᠭ᠌ᠰᠡᠯ ᠲᠣᠬᠢᠷᠠᠭᠤᠯᠵᠤ᠂ ᠨᠠᠰᠤᠲᠠᠢᠴᠤᠳ᠎ᠤᠨ ᠠᠮᠢᠳᠤᠷᠠᠯ᠎ᠤᠨ ᠳᠠᠳᠭᠠᠯ ᠪᠠ ᠪᠡᠶ᠎ᠡ ᠮᠠᠬᠠᠪᠣᠳ᠎ᠤᠨ ᠣᠨᠴᠠᠯᠢᠭ᠎ᠢ ᠭᠦᠶ᠋ᠴᠡᠳ ᠪᠣᠳᠣᠯᠬᠢᠯᠠᠨ᠂ ᠨᠠᠰᠤᠲᠠᠢᠴᠤᠳ᠎ᠲᠤ ᠬᠠᠮᠲᠤ᠎ᠶ᠋ᠢᠨ ᠠᠮᠢᠳᠤᠷᠠᠯ᠎ᠤᠨ ᠬᠥᠷ ᠬᠥᠭ᠌ᠵᠢᠶᠡᠨ ᠪᠠ ᠬᠠᠯᠠᠭᠤᠨ ᠳᠤᠯᠠᠭᠠᠨ᠎ᠢ ᠡᠳ᠋ᠯᠡᠭᠦᠯᠬᠦ᠌ ᠪᠦᠭᠡᠳ ᠪᠠᠰᠠ ᠥᠪᠡᠷ᠎ᠦᠨ ᠬᠢᠨᠢ ᠲᠤᠰᠠᠭᠠᠷ ᠡᠳ᠋ᠯᠡᠬᠦ ᠣᠷᠣᠨ ᠵᠠᠶ᠎ᠲᠠᠶ ᠪᠣᠯᠭᠠᠪᠠ᠃
ᠨᠠᠰᠤᠲᠠᠢᠴᠤᠳ᠎ᠤᠨ ᠡᠷᠡᠭᠦᠯ ᠮᠡᠨᠳᠦ᠍᠎ᠶ᠋ᠢ ᠬᠠᠮᠠᠭᠠᠯᠠᠬᠤ᠎ᠶ᠋ᠢᠨ ᠲᠥᠯᠥᠭᠡ᠂ ᠬᠤᠢ ᠰᠤᠮᠤ《ᠡᠮᠴᠢᠯᠡᠭᠡ ᠰᠤᠪᠢᠯᠠᠯᠲᠠ᠎ᠶ᠋ᠢ ᠤᠶᠠᠯᠳᠤᠭᠤᠯᠬᠤ》 ᠦᠶ᠋ᠯᠡᠴᠢᠯᠡᠭᠡᠨ᠎ᠦ ᠵᠠᠭ᠍ᠪᠤᠷ᠎ᠢ ᠪᠠᠢᠭᠤᠯᠵᠤ᠂ ᠡᠮᠴᠢ ᠰᠤᠪᠢᠯᠠᠭ᠍ᠴᠢ ᠲᠣᠭ᠍ᠲᠠᠮᠠᠯ ᠬᠤᠭᠤᠴᠠᠭ᠎ᠠ᠎ᠲᠠᠶ᠎ᠪᠠᠷ ᠬᠡᠷ᠎ᠲᠦᠨᠢ ᠬᠦᠷᠴᠦ᠍ ᠨᠠᠰᠤᠲᠠᠢᠴᠤᠳ᠎ᠲᠤ ᠢᠯᠢᠵᠦ᠍ ᠨᠤᠬᠤᠯᠠᠬᠤ ᠹᠢᠽᠢᠺ ᠵᠠᠰᠠᠯ᠂ ᠴᠢᠰᠤᠨ ᠳᠠᠷᠤᠯᠲᠠ ᠴᠢᠰᠤᠨ ᠱᠢᠬᠢᠷ᠎ᠢ ᠬᠢᠨᠠᠨ ᠬᠡᠮᠵᠢᠬᠦ᠌᠂ ᠦᠨ᠎ᠡ ᠲᠥᠯᠥᠪᠦᠷᠢ ᠥᠬᠡᠶ᠎ᠪᠡᠷ ᠪᠡᠶ᠎ᠡ᠎ᠶ᠋ᠢᠨ ᠪᠠᠢᠴᠠᠭᠠᠯᠲᠠ ᠬᠢᠵᠤ ᠦᠭᠬᠦ ᠵᠡᠷᠭᠡ ᠦᠶ᠋ᠯᠡᠴᠢᠯᠡᠭᠡ ᠬᠠᠩᠭᠠᠵᠤ᠂ ᠨᠠᠰᠤᠲᠠᠢᠴᠤᠳ᠎ᠢ ᠬᠡᠷ᠎ᠡᠴᠡ᠎ᠪᠡᠨ ᠭᠠᠷᠬᠤ ᠥᠬᠡᠶ᠎ᠪᠡᠷ ᠲᠤᠰᠭᠠᠶ ᠮᠡᠷᠭᠡᠵᠢᠯ᠎ᠦᠨ ᠡᠮᠴᠢᠯᠡᠭᠡᠨ᠎ᠦ ᠬᠠᠯᠠᠮᠵᠢᠯᠠᠯ ᠭᠥᠷᠳᠡᠵᠦ᠍ ᠴᠢᠳᠠᠬᠤ ᠪᠣᠯᠭᠠᠪᠠ᠃
ᠲᠦᠷᠦᠭᠦᠬᠡᠨ᠂ ᠡᠸᠡᠩᠬᠢ ᠦᠨᠳᠦᠰᠦᠲᠡᠨ᠎ᠦ ᠥᠪᠡᠷᠲᠡᠭᠡᠨ ᠵᠠᠰᠠᠬᠤ ᠬᠣᠱᠢᠭᠤᠨ᠎ᠤ ᠨᠢᠭᠡᠳᠦᠮᠡᠯ ᠬᠣᠯᠪᠣᠭ᠎ᠠ᠎ᠶ᠋ᠢᠨ ᠬᠤᠪᠢᠶᠠᠷᠢ ᠺᠣᠮᠫᠠᠨᠢ ᠬᠤᠢ ᠰᠤᠮᠤ᠎ᠶ᠋ᠢᠨ ᠬᠠᠷᠢᠯᠴᠠᠨ ᠬᠠᠪᠰᠤᠷᠤᠯᠴᠠᠬᠤ ᠨᠠᠰᠤᠳᠠᠨ᠎ᠢ ᠠᠰᠠᠷᠠᠬᠤ ᠵᠢᠷᠭᠠᠯᠠᠩᠲᠤ ᠬᠦᠷᠢᠶᠡᠯᠡᠩ᠎ᠦᠨ ᠨᠠᠰᠤᠲᠠᠢᠴᠤᠳ᠎ᠤᠨ ᠬᠡᠷ᠎ᠲᠦ ᠰᠦᠯᠵᠢᠶ᠎ᠡ ᠵᠢᠴᠢ ᠲᠧᠯᠸᠢᠰ᠎ᠦᠨ ᠳᠣᠬᠢᠶ᠎ᠠ ᠥᠬᠡᠶ ᠪᠣᠯᠤᠭ᠍ᠰᠠᠨ᠎ᠢ ᠮᠡᠳᠡᠭ᠌ᠰᠡᠨ᠎ᠦ ᠳᠠᠷᠠᠭ᠎ᠠ᠂ ᠲᠡᠷᠡ ᠳᠠᠷᠤᠶᠳᠤᠨᠢ ᠭᠠᠷᠳᠠᠨ ᠰᠢᠢᠳᠪᠤᠷᠢᠯᠡᠵᠤ᠂ ᠠᠵᠢᠯᠲᠠᠳ ᠬᠠᠬᠢᠷ ᠬᠦᠶ᠋ᠲᠡᠨ ᠢ ᠬᠠᠢᠬᠤᠷᠤᠯ ᠥᠬᠡᠶ᠎ᠪᠡᠷ ᠵᠢᠷᠭᠠᠯᠠᠩᠲᠤ ᠬᠦᠷᠢᠶᠡᠯᠡᠩ᠎ᠳᠦ ᠢᠷᠡᠵᠦ᠍᠂ ᠡᠬᠢ ᠪᠠᠶᠠᠯᠢᠭ᠎ᠢ ᠬᠠᠷᠭᠤᠭᠤᠯᠤᠨ ᠪᠠᠢᠴᠠᠭᠠᠬᠤ᠂ ᠲᠥᠰᠦᠯ ᠲᠣᠭ᠍ᠲᠠᠭᠠᠬᠤ ᠵᠡᠷᠭᠡ ᠠᠵᠢᠯ ᠢ ᠥᠷᠨᠢᠭᠦᠯᠪᠡ᠃ ᠲᠡᠭ᠎ᠡᠴᠡ ᠳᠣᠷᠣᠭ᠍ᠰᠢ 30°C ᠤ᠋ᠨ ᠠᠭᠤᠷ ᠠᠮᠢᠰᠭᠤᠯ᠎ᠳᠤ᠂ ᠠᠵᠢᠯᠲᠠᠳ ᠴᠠᠭ ᠨᠡᠮᠡᠵᠦ᠍ ᠠᠵᠢᠯᠯᠠᠨ᠂ ᠲᠠᠪᠤᠬᠠᠨ ᠡᠳᠦᠷ᠎ᠦᠨ ᠳᠣᠲᠣᠷ᠎ᠠ 1100 ᠮᠧᠲ᠋ᠷ᠎ᠦᠨ ᠭᠡᠷᠡᠯᠯᠢᠭ ᠤᠲᠠᠰᠤ᠂ 2100 ᠮᠧᠲ᠋ᠷ᠎ᠦᠨ ᠬᠡᠷ ᠳᠣᠲᠣᠷᠠᠬᠢ ᠤᠲᠠᠰᠤ ᠵᠢ ᠲᠠᠪᠢᠰᠴᠤ᠂ ᠵᠢᠷᠭᠠᠯᠠᠨᠭᠳᠤ ᠬᠦᠷᠢᠶᠡᠯᠡᠩ᠎ᠦᠨ ᠪᠣᠶ ᠪᠥᠬᠥᠶ ᠨᠠᠰᠤᠲᠠᠳ᠎ᠲᠤ ᠰᠦᠯᠵᠢᠶ᠎ᠡ ᠪᠠ ᠲᠧᠯᠸᠢᠰ᠎ᠦᠨ ᠳᠣᠬᠢᠶ᠎ᠠ ᠶ᠋ᠢ ᠤᠷᠤᠭ᠍ᠰᠢᠲᠠᠶ ᠨᠡᠪᠲᠡᠷᠡᠭᠦᠯᠵᠦ᠍ ᠦᠭᠬᠦᠨ᠂ ᠨᠠᠰᠤᠲᠠᠳ᠎ᠲᠤ ᠴᠠᠭᠠᠨ ᠰᠠᠷ᠎ᠠ᠎ᠶ᠋ᠢᠨ ᠦᠳᠡᠱᠢᠯᠡᠭᠡ ᠶ᠋ᠢ ᠴᠠᠭ ᠲᠤᠬᠠᠶ᠎ᠳᠤᠨᠢ ᠭᠥᠯᠢᠶᠡᠨ ᠠᠪᠴᠤ᠌ ᠦᠵᠡᠬᠦ᠌ ᠪᠦᠭᠡᠳ ᠪᠠᠰᠠ ᠴᠠᠭ ᠢᠮᠠᠭ᠍ᠲᠠ ᠦᠷ᠎ᠡ ᠬᠡᠦᠬᠡᠳᠲᠡᠶᠪᠠᠨ ᠸᠢᠳᠢᠣ᠋᠎ᠪᠠᠷ ᠶᠠᠷᠢᠯᠴᠠᠵᠤ ᠲᠡᠢᠯᠬᠦ ᠵᠢ ᠪᠠᠳᠤᠯᠠᠵᠤ᠂ ᠡᠨᠡ ᠬᠦ᠌ ᠴᠠᠭᠠᠨ ᠰᠠᠷᠠᠶ᠋ᠢ ᠨᠠᠩ ᠬᠠᠯᠠᠭᠤᠨ ᠳᠤᠯᠠᠭᠠᠨ ᠪᠠᠶᠠᠷ ᠬᠦᠷ ᠲᠠᠢ ᠦᠩᠬᠡᠷᠡᠬᠦᠯᠬᠦ ᠵᠢ ᠪᠡᠶᠡᠯᠡᠬᠦᠯᠪᠡ᠃
《ᠥᠩᠭᠡᠷᠡᠭ᠌ᠰᠡᠨ᠎ᠳᠦ ᠪᠢᠳᠡ ᠮᠠᠯᠵᠢᠬᠤ ᠣᠷᠣᠨ᠎ᠳᠤ ᠠᠮᠢᠳᠤᠷᠠᠵᠤ᠂ ᠪᠠᠴᠢᠮ ᠶᠠᠪᠤᠳᠠᠯ ᠲᠣᠬᠢᠶᠠᠯᠳᠤᠪᠠᠯ ᠬᠠᠪᠰᠤᠷᠬᠤ ᠬᠥᠮᠦᠨ ᠴᠦ᠍ ᠦᠭᠡᠢ᠃ ᠤᠳᠤ ᠵᠢᠷᠭᠠᠯᠠᠨᠭᠳᠤ ᠬᠦᠷᠢᠶᠡᠯᠡᠩ᠎ᠳᠦ ᠰᠠᠭᠤᠵᠤ᠂ ᠨᠠᠢᠵᠠ ᠨᠦᠬᠦᠳ ᠲᠠᠢ ᠪᠡᠨ ᠵᠣᠭᠣᠭ᠍ᠳᠠᠵᠤ ᠤᠢᠳᠭᠠᠷ᠎ᠢᠶᠠᠨ ᠰᠡᠷᠭᠦᠭᠡᠵᠦ᠍ ᠪᠤᠯᠤᠨ᠎ᠠ᠂ ᠠᠵᠢᠯᠲᠠᠳ ᠲᠣᠭ᠍ᠲᠠᠭ᠍ᠰᠠᠨ ᠬᠤᠭᠤᠴᠠᠭ᠎ᠠ᠎ᠲᠠᠶ ᠪᠠᠷ ᠡᠷᠬᠢᠨ ᠦᠵᠡᠵᠦ᠍᠂ ᠳᠣᠲᠣᠨᠣ᠎ᠪᠠᠷ ᠬᠠᠷᠠᠭᠠᠯᠵᠠᠵᠤ᠂ ᠡᠮᠴᠢ ᠰᠤᠪᠢᠯᠠᠭ᠍ᠴᠢ ᠭᠡᠷ᠎ᠲᠤ᠌ ᠢᠷᠠᠵᠤ ᠦᠢᠯᠡᠴᠢᠯᠡᠵᠦ᠍᠂ ᠰᠦᠯᠵᠢᠶ᠎ᠡ᠂ ᠲᠧᠯᠸᠢᠰ ᠬᠦᠷᠲᠡᠯ᠎ᠡ ᠨᠡᠪᠳᠡᠷᠡᠵᠤ᠂ ᠬᠡᠦᠬᠡᠳ᠎ᠦᠳ᠎ᠲᠡᠶ ᠴᠠᠭ ᠢᠮᠠᠭ᠍ᠲᠠ ᠬᠠᠷᠢᠯᠴᠠᠵᠤ᠂ ᠠᠮᠤᠷ ᠲᠠᠢᠪᠤᠩ ᠪᠥᠭᠡᠳ ᠵᠣᠯ ᠵᠢᠷᠭᠠᠯ᠎ᠲᠠᠶ ᠠᠮᠢᠳᠤᠷᠠᠵᠤ ᠪᠠᠢᠨ᠎ᠠ》ᠭᠡᠵᠤ ᠵᠠᠪᠠ ᠨᠠᠰᠤᠳᠠᠨ ᠵᠢᠷᠭᠠᠯᠠᠨᠭᠳᠤ ᠬᠦᠷᠢᠶᠠᠯᠠᠩ ᠤ᠋ᠨ ᠨᠠᠰᠤᠲᠠᠢᠴᠤᠳ ᠤ᠋ᠨ ᠰᠡᠳᠭᠢᠯ᠎ᠦᠨ ᠲᠠᠭᠤᠨ ᠢ᠋ ᠲᠠᠮᠵᠢᠭᠤᠯᠤᠯ᠎ᠠ᠃
ᠭᠠᠳᠠᠨ᠎ᠠ ᠮᠥᠰᠥ᠍ ᠴᠠᠰᠤᠨ᠎ᠳᠤ ᠬᠤᠴᠢᠭ᠍ᠳᠠᠵᠤ ᠬᠠᠬᠢᠷ ᠬᠦᠢᠲᠡᠨ ᠪᠠᠢᠬᠰᠡᠨ ᠴᠤ᠌ ᠭᠡᠷ ᠳᠣᠲᠣᠷ᠎ᠠ ᠬᠠᠯᠠᠭᠤᠨ ᠲᠤᠯᠠᠭᠠᠨ ᠰᠡᠳᠬᠢᠯ ᠬᠠᠨᠤᠮᠵᠢᠳᠠᠢ ᠰᠠᠨᠠᠬᠳᠠᠨ᠎ᠠ᠃ ᠪᠢᠲᠡᠭᠦᠨ᠎ᠦ ᠰᠥᠨᠢ᠂ ᠵᠢᠷᠭᠠᠯᠠᠩᠲᠤ ᠬᠦᠷᠢᠶᠡᠯᠡᠩ᠎ᠦᠨ ᠨᠠᠰᠤᠲᠠᠢᠴᠤᠳ ᠬᠦᠷᠢᠶᠡᠯᠡᠨ ᠰᠠᠭᠤᠵᠠᠭᠠᠵᠤ᠂ ᠪᠠᠩᠰᠢ ᠴᠢᠨᠠᠵᠤ᠂ ᠵᠣᠭᠣᠭ ᠳᠡᠯᠭᠡᠨ᠂ ᠴᠠᠭᠠᠨ ᠰᠠᠷ᠎ᠠ᠎ᠶ᠋ᠢᠨ ᠦᠳᠡᠱᠢᠯᠡᠭᠡ ᠰᠣᠨᠢᠷᠬᠠᠵᠤ᠂ ᠪᠠᠶᠠᠷ ᠬᠦᠷ ᠲᠠᠢ ᠢᠨᠢᠶᠡᠯᠳᠤᠬᠦ ᠲᠠᠭᠤᠨ ᠬᠤᠯᠠ ᠵᠢᠨ ᠬᠤᠯᠠ ᠴᠤᠤᠷᠢᠶᠠᠳᠤᠨ᠎ᠠ᠃