ᠳᠠᠷᠢᠶᠠᠯᠠᠩ᠎ᠤᠨ ᠪᠦᠳᠦᠭᠡᠭᠳᠡᠬᠦᠨ᠎ᠦ ᠤᠶᠤᠨᠴᠢ ᠠᠷᠠᠯᠵᠢᠶᠠᠨ᠎ᠦ ᠵᠠᠬ᠎ᠠ ᠳᠡᠯᠭᠡᠬᠦᠷ ᠲᠸ᠋ ᠲᠡᠯᠭᠡᠭᠳᠡᠭᠰᠡᠨ ᠵᠤᠯ ᠵᠢᠷᠭᠠᠯᠳᠤ ᠠᠮᠢᠳᠤᠷᠡᠯ
2026-02-23 11:14:41
ᠵᠣᠬᠢᠶᠠᠭ᠍ᠴᠢ᠄
ᠬᠤᠤ ᠪᠢᠶᠤᠤ ᠸᠠᠩ ᠴᠤᠤ
ᠣᠩᠱᠢᠭ᠍ᠰᠠᠨ ᠣᠳᠠᠭ᠎ᠠ᠄
★★★☆☆

ᠥᠷᠯᠥᠭᠡ᠎ᠶ᠋ᠢᠨ 6 ᠴᠠᠭ᠎ᠲᠤ᠂ ᠲᠡᠭᠷᠢ ᠬᠠᠷᠠᠬᠠᠨ ᠭᠡᠭᠡ ᠤᠷᠤᠭᠠᠳᠤᠢ ᠪᠠᠢᠭ᠍ᠰᠠᠨ ᠴᠤ᠌ ᠦᠬᠠᠢ ᠬᠤᠲᠠ᠎ᠶ᠋ᠢᠨ ᠬᠠᠢ᠌ᠷᠤᠪ᠎ᠤᠨ ᠲᠤᠬᠤᠢ ᠲᠣᠭᠣᠷᠢᠭ᠎ᠤᠨ ᠢ ᠯᠢᠨ ᠵᠠᠬ᠎ᠠ ᠳᠡᠯᠭᠡᠭᠦᠷ ᠲᠤ᠌ ᠨᠢᠭᠡᠨᠲᠡ ᠳ᠋ᠧᠩ᠎ᠦᠨ ᠭᠡᠷᠡᠯ ᠳᠤᠸᠠᠯᠠᠵᠤ᠂ ᠬᠥᠮᠦᠰ ᠨᠠᠭᠠᠰᠢ ᠴᠠᠭᠠᠰᠢ ᠰᠦᠯᠵᠢᠯᠳᠦᠵᠦ᠂ ᠱᠢᠨ᠎ᠡ ᠨᠢᠭᠡᠨ ᠡᠳᠦᠷ᠎ᠦᠨ ᠠᠵᠢᠯ ᠵᠢᠡᠨ ᠡᠬᠢᠯᠡᠭᠦᠯᠤᠯ᠎ᠠ᠃

ᠵᠢᠮᠢᠰ᠎ᠦᠨ ᠳᠡᠯᠭᠡᠭᠡ ᠮᠠᠢᠮᠠᠢ᠎ᠶ᠋ᠢᠨ ᠡᠵᠡᠨ ᠳ᠋ᠢᠩ ᠹᠦ᠋ ᠭᠦᠸᠧ ᠤᠤᠯ᠎ᠤᠨ ᠬᠢ᠎ᠲᠡᠶ᠎ᠪᠡᠨ ᠠᠳᠠᠯᠢ᠎ᠪᠠᠷ᠂ ᠪᠠᠷᠠᠭᠠᠨ᠎ᠤ ᠲᠠᠯᠪᠢᠭᠤᠷ᠎ᠢ ᠱᠠᠯᠠᠪᠬᠠᠨ ᠲᠡᠭ᠌ᠰᠢᠯᠡᠵᠦ᠍᠂ ᠬᠠᠢᠷᠴᠠᠭ ᠲᠠᠢ ᠭᠦᠵᠡᠯᠵᠡᠭᠡᠨ᠎ᠡ᠎ᠶ᠋ᠢ ᠲᠠᠷᠢ ᠲᠡᠭ᠌ᠰᠢ ᠦᠷᠦᠵᠤ᠂ ᠰᠢᠨ᠎ᠠ ᠰᠤᠷᠭᠤᠭ ᠵᠢᠮᠢᠰ ᠎ᠡᠴᠡ ᠠᠩᠬᠢᠯᠤᠮ᠎ᠠ ᠰᠠᠢᠬᠠᠨ ᠦᠨᠦᠷ ᠬᠠᠨᠭᠬᠤᠯᠤᠨ᠎ᠠ᠃ ᠨᠢᠳᠤᠨᠤᠨ᠎ᠤ 2 ᠰᠠᠷ᠎ᠠ᠎ᠳᠤ ᠲᠡᠷᠡ 《ᠵᠠᠰᠠᠮᠠᠯ ᠵᠠᠮ ᠎ᠤᠨ ᠴᠤᠭ᠍ᠯᠠᠭ᠎ᠠ ᠮᠠᠢᠮᠠᠶ》 ᠡᠴᠡ ᠨᠡᠭᠦᠵᠦ᠍᠂ ᠡᠨᠡ ᠬᠦ᠌ ᠣᠳᠣᠨ ᠲᠠᠰ ᠎ᠤᠨ ᠲᠠᠷᠢᠶᠠᠯᠠᠩ᠎ᠤᠨ ᠪᠦᠳᠦᠬᠡᠭᠳᠡᠬᠦᠨ᠎ᠤ ᠤᠶᠤᠨᠴᠢ ᠠᠷᠠᠯᠵᠢᠶᠠᠨ᠎ᠤ ᠵᠠᠬ᠎ᠠ ᠳᠡᠯᠭᠡᠭᠦᠷ᠎ᠲᠦ ᠣᠷᠣᠵᠤ ᠰᠠᠭᠤᠭ᠍ᠰᠠᠨ᠎ᠡᠴᠡ ᠡᠬᠢᠯᠡᠵᠦ᠍ ᠪᠤᠳᠤᠪᠠᠯ  ᠶᠠᠭ  ᠪᠥᠳᠤᠨ  ᠨᠢᠭᠡ ᠵᠢᠯ ᠪᠣᠯᠵᠣ ᠪᠠᠢᠨ᠎ᠠ᠃

48 ᠨᠠᠰᠤᠲᠠᠢ ᠳ᠋ᠢᠩ ᠹᠦ᠋ ᠭᠦᠸᠧ ᠨᠢᠭᠡᠨᠲᠡ 7 ᠵᠢᠯ ᠵᠢᠮᠢᠰ᠎ᠦᠨ ᠮᠠᠢᠮᠠᠢ ᠬᠢᠵᠡᠢ᠃ ᠥᠩᠭᠡᠷᠡᠭ᠌ᠰᠡᠨ᠎ᠳᠦ᠂ ᠡᠪᠦᠯ᠎ᠦᠨ ᠤᠯᠠᠷᠢᠯ ᠪᠣᠯᠪᠠᠯ ᠬᠠᠮᠤᠭ᠎ᠤᠨ ᠬᠦᠴᠢᠷᠳᠡᠢ ᠪᠠᠢᠳᠠᠭ᠃ 《ᠵᠢᠮᠢᠰ ᠵᠢᠡᠨ ᠬᠥᠯᠳᠡᠭᠡᠬᠥ᠎ᠡᠴᠡ ᠠᠶᠤᠨ᠎ᠠ᠃ ᠤᠤᠯ ᠎ᠳ᠋ᠠᠭᠠᠨ ᠵᠠᠮ᠎ᠤᠨ ᠬᠠᠵᠠᠭᠤ᠎ᠳᠤ ᠳᠡᠯᠭᠡᠨ ᠬᠤᠳᠠᠯᠳᠤᠵᠤ ᠪᠠᠢᠬᠤ᠎ᠳᠠᠭᠠᠨ ᠲᠩᠷᠢ ᠭᠡᠭᠡᠷᠡᠬᠦ᠌ ᠡᠴᠨ ᠡᠮᠤᠨ᠎ᠠ  ᠵᠤᠤᠬ᠎ᠠ ᠨᠣᠴᠣᠭᠠᠨ᠎ᠠ᠂ ᠪᠠᠰᠠ ᠬᠠᠢᠷᠴᠠᠭ ᠲᠠᠢ ᠵᠢᠮᠢᠰ᠎ᠤᠨ ᠳᠡᠭᠡᠷ᠎ᠡ ᠬᠣᠶᠠᠷ ᠳᠠᠪᠬᠤᠷ ᠵᠤᠵᠠᠭᠠᠨ ᠬᠥᠪᠥᠩ ᠬᠥᠨᠵᠢᠯᠡ ᠨᠥᠮᠥᠷᠭᠡᠳᠡᠭ᠃ ᠨᠡᠨᠭ ᠴᠤ᠌ ᠭᠦᠵᠡᠯᠵᠡᠭᠡᠨ᠎ᠡ ᠱᠢᠭ ᠤᠳᠠᠭᠠᠨ ᠲᠠᠯᠪᠢᠵᠤ ᠲᠡᠢᠯᠬᠦ ᠦᠭᠡᠢ ᠵᠢᠮᠢᠰ᠎ᠢ ᠣᠷᠣᠭᠤᠯᠬᠤ ᠵᠣᠷᠢᠭ ᠦᠭᠡᠢ᠃ ᠭᠦᠵᠡᠯᠵᠡᠭᠡᠨ᠎ᠡ ᠬᠥᠯᠳᠡᠴᠢᠭᠡᠪᠡᠯ ᠠᠮᠲᠠ ᠨᠢ ᠬᠤᠪᠢᠷᠠᠴᠢᠬᠠᠳᠠᠭ》 ᠭᠡᠵᠦ᠍ ᠳ᠋ᠢᠩ ᠹᠦ᠋ ᠭᠦᠸᠧ ᠬᠡᠯᠡᠨ᠎ᠡ᠃

2025 ᠣᠨ᠎ᠤ 2 ᠰᠠᠷ᠎ᠠ᠎ᠳᠤ ᠲᠡᠬᠦᠨ᠎ᠤ ᠠᠮᠢᠳᠦᠷᠠᠯ ᠳ᠋ᠤ ᠶᠡᠬᠡᠬᠡᠨ ᠬᠤᠪᠢᠷᠠᠯᠲᠠ ᠭᠠᠷᠴᠠᠶ᠃ ᠦᠬᠠᠶ ᠬᠣᠲᠠ᠎ᠶ᠋ᠢᠨ ᠠᠩᠬᠠᠳᠠᠭ᠍ᠴᠢ ᠣᠳᠣᠨ ᠲᠠᠰ᠎ᠤᠨ ᠲᠠᠷᠢᠶᠠᠯᠠᠩ᠎ᠤᠨ ᠪᠦᠳᠦᠬᠡᠭᠳᠡᠬᠦᠨ᠎ᠤ ᠤᠶᠤᠨᠴᠢ ᠠᠷᠠᠯᠵᠢᠶᠠᠨ᠎ᠤ ᠵᠠᠬ᠎ᠠ ᠳᠡᠯᠭᠡᠭᠦᠷ ᠪᠤᠯᠬᠤ ᠬᠠᠢ᠌ᠷᠤᠪ᠎ᠤᠨ ᠲᠣᠬᠣᠶ ᠲᠣᠭᠣᠷᠢᠭ᠎ᠤᠨ ᠢ ᠯᠢᠨ ᠵᠠᠬ᠎ᠠ ᠳᠡᠯᠭᠡᠭᠦᠷ ᠠᠷᠠᠯᠵᠢᠶᠠᠴᠢᠨ ᠤᠷᠢᠬᠤ ᠠᠵᠢᠯ᠎ᠢᠶᠠᠨ ᠡᠬᠢᠯᠡᠭᠦᠯᠵᠦ᠍᠂ ᠳ᠋ᠢᠩ ᠹᠦ᠋ ᠭᠦᠸᠧ ᠮᠡᠲᠦ᠍᠎ᠶ᠋ᠢᠨ ᠨᠡᠭᠦᠳᠡᠯ ᠮᠠᠢᠮᠠᠢᠴᠢᠨ᠎ᠳᠤ ᠲᠤᠬᠢᠶᠠᠯ ᠤᠯᠭᠤᠪᠠ᠃ ᠵᠠᠬ᠎ᠠ ᠳᠡᠯᠭᠡᠭᠦᠷ ᠳᠣᠲᠣᠷ᠎ᠠ ᠠᠭᠤᠵᠢᠭᠤ ᠰᠠᠷᠠᠭᠤᠯ ᠪᠠᠢᠵᠤ᠂ ᠡᠪᠦᠯ ᠎ᠦᠨ ᠤᠯᠠᠷᠢᠯ᠎ᠳᠤ ᠨᠢᠭᠡᠳᠦᠯᠲᠡᠶ ᠳᠤᠯᠠᠭᠠᠯᠠᠭ᠎ᠠ ᠬᠠᠩᠭᠠᠵᠤ᠂ ᠤᠶᠤᠨᠲᠤ ᠡᠯᠧᠺᠲ᠋ᠷᠣᠨ ᠵᠢᠩᠯᠡᠭᠦᠷ᠂ ᠮᠡᠳᠡᠭᠡ ᠵᠠᠩᠭᠢ᠎ᠶ᠋ᠢᠨ ᠳᠡᠯᠭᠡᠴᠡ ᠵᠡᠷᠭᠡ ᠲᠥᠬᠥᠭᠡᠷᠦᠮᠵᠢ ᠪᠦᠷᠢᠨ ᠪᠠᠢᠨ᠎ᠠ᠃ ᠡᠭᠦᠨ᠎ᠦ ᠳᠡᠭᠡᠷ᠎ᠡ ᠵᠠᠬ᠎ᠠ ᠳᠡᠯᠭᠡᠭᠦᠷ᠎ᠦᠨ ᠬᠠᠮᠢᠶᠠᠷᠤᠯᠲᠠ᠎ᠶ᠋ᠢᠨ ᠲᠠᠯ᠎ᠠ᠎ᠶ᠋ᠢᠨ ᠬᠢᠨ ᠣᠯᠠᠨ ᠵᠦᠶ᠋ᠯ ᠎ᠦᠨ ᠬᠠᠷᠠᠭᠠᠯᠵᠠᠯ᠎ᠤᠨ ᠲᠥᠷᠥ᠎ᠶ᠋ᠢᠨ ᠪᠣᠳᠣᠯᠭ᠎ᠠ ᠵᠢ ᠬᠡᠷᠡᠭᠵᠢᠬᠦᠯᠵᠤ᠂ ᠨᠡᠭᠦᠳᠡᠯ ᠳᠡᠯᠭᠡᠭᠡ ᠮᠠᠢᠮᠠᠢᠴᠢᠨ ᠎ᠤ ᠵᠠᠬ᠎ᠠ ᠳᠡᠯᠭᠡᠭᠦᠷ᠎ᠲᠦ ᠣᠷᠣᠵᠤ ᠡᠵᠡᠩᠨᠡᠬᠦ᠌᠎ᠶ᠋ᠢ ᠵᠣᠷᠢᠭ᠍ᠵᠢᠭᠤᠯᠵᠤ ᠪᠠᠢᠬᠰᠠᠨ᠎ᠢ ᠳ᠋ᠢᠩ ᠹᠦ᠋ ᠭᠦᠸᠧ ᠦᠵᠡᠵᠦ᠍ ᠲᠣᠭᠣᠭᠠᠳ᠂ ᠡᠷᠡᠰ ᠱᠢᠭᠤᠷᠬᠠᠶ᠎ᠪᠠᠷ ᠵᠠᠰᠠᠮᠠᠯ ᠵᠠᠮ ᠎ᠤᠨ ᠴᠤᠭ᠍ᠯᠠᠭ᠎ᠠ ᠮᠠᠢᠮᠠᠶ ᠡᠴᠡ ᠪᠡᠨ ᠤᠬᠤᠷᠢᠨ ᠭᠠᠷᠴᠤ᠌ ᠲᠤᠰ ᠵᠠᠬ᠎ᠠ ᠳᠡᠯᠭᠡᠭᠦᠷ᠎ᠲᠦ ᠣᠷᠣᠵᠤ ᠰᠠᠭᠤᠷᠢᠰᠢᠨ᠂ ᠠᠩᠬᠠᠨ᠎ᠤ ᠪᠦᠯᠦᠭ᠎ᠤᠨ ᠭᠡᠷ᠎ᠡ ᠲᠣᠭ᠍ᠲᠠᠨ ᠣᠷᠣᠵᠤ ᠰᠠᠭᠤᠭ᠍ᠰᠠᠨ ᠬᠤᠳᠠᠯᠳᠤᠭᠠᠴᠢᠨ ᠡᠷᠦᠬᠡ ᠵᠢᠨ ᠨᠢᠭᠡ ᠨᠢ ᠪᠣᠯᠵᠠᠶ᠃

ᠳ᠋ᠢᠩ ᠹᠦ᠋ ᠭᠦᠸᠧ᠄ 《ᠵᠠᠰᠠᠮᠠᠯ ᠵᠠᠮ᠎ᠤᠨ ᠴᠤᠭ᠍ᠯᠠᠭ᠎ᠠ ᠮᠠᠢᠮᠠᠶ ᠡᠴᠡ ᠤᠬᠤᠷᠢᠨ ᠭᠠᠷᠴᠤ᠌ ᠤᠳᠤ ᠵᠢᠨ ᠵᠠᠬ᠎ᠠ ᠳᠡᠯᠭᠡᠭᠦᠷ᠎ᠲᠦ ᠣᠷᠣᠵᠤ ᠢᠷᠡᠭᠰᠡᠨ ᠨᠢ ᠦᠨᠡᠭᠡᠷ ᠰᠠᠨᠠᠭᠠᠨ ᠳ᠋ᠤ ᠳᠤᠬᠢᠷᠠᠵᠠᠢ᠃ ᠵᠠᠬ᠎ᠠ ᠳᠡᠯᠭᠡᠭᠦᠷ᠎ᠡᠴᠡ ᠪᠢᠳᠡᠨ᠎ᠳᠦ ᠬᠠᠪᠰᠤᠷᠤᠨ ᠡᠵᠡᠩᠨᠡᠯᠲᠡ᠎ᠶ᠋ᠢᠨ ᠦᠨᠡᠮᠯᠡᠯ ᠤᠯᠭᠤᠬᠰᠠᠨ ᠪᠦᠬᠡᠳ ᠨᠠᠩ ᠴᠤ᠌ ᠴᠠᠭ ᠠᠭᠤᠷ᠎ᠤᠨ ᠬᠤᠪᠢᠷᠠᠯᠲᠠ᠎ᠡᠴᠡ ᠪᠤᠯᠵᠤ ᠵᠢᠮᠢᠰ ᠡᠪᠳᠡᠷᠡᠵᠤ ᠬᠤᠭᠢᠷᠠᠬᠤ ᠡᠴᠡ ᠵᠣᠪᠠᠬᠤ ᠬᠡᠷᠡᠭ ᠦᠭᠡᠢ  ᠪᠤᠯᠵᠢ  ᠪᠤᠯᠪᠠ》 ᠭᠡᠪᠡ᠃

《ᠵᠠᠰᠠᠮᠠᠯ ᠵᠠᠮ᠎ᠤᠨ ᠴᠤᠭ᠍ᠯᠠᠭ᠎ᠠ ᠮᠠᠢᠮᠠᠶ ᠡᠴᠡ ᠤᠬᠤᠷᠢᠨ ᠭᠠᠷᠴᠤ᠌ ᠤᠳᠤ ᠵᠢᠨ ᠵᠠᠬ᠎ᠠ ᠳᠡᠯᠭᠡᠭᠦᠷ᠎ᠲᠦ ᠣᠷᠣᠵᠤ ᠢᠷᠡᠭᠰᠡᠨ》 ᠡᠴᠡ ᠪᠣᠯᠤᠭ᠍ᠰᠠᠨ ᠬᠤᠪᠢᠷᠠᠯᠲᠠ ᠨᠢ ᠲᠡᠬᠦᠨ᠎ᠤ ᠲᠠᠩᠰᠠᠨ ᠳᠡᠪᠲᠡᠷ ᠳᠡᠭᠡᠷ᠎ᠡ ᠬᠠᠮᠤᠭ᠎ᠤᠨ ᠦᠨᠡᠨ ᠪᠣᠳᠠᠲᠠᠶ ᠢᠯᠡᠷᠡᠵᠦ᠍ ᠪᠠᠢᠳᠠᠭ᠄ ᠥᠩᠭᠡᠷᠡᠭ᠌ᠰᠡᠨ ᠵᠢᠯ᠎ᠦᠳ᠎ᠦᠨ ᠪᠣᠷᠣᠯᠠᠭᠤᠯᠭ᠎ᠠ᠎ᠶ᠋ᠢᠨ ᠬᠥᠭ᠌ᠵᠢᠶᠡᠨ ᠲᠡᠶ ᠤᠯᠠᠷᠢᠯ᠎ᠳᠤ᠂ ᠡᠳᠦᠷ᠎ᠦᠨ ᠪᠣᠷᠣᠯᠠᠭᠤᠯᠭ᠎ᠠ᠎ᠶ᠋ᠢᠨ ᠬᠡᠮᠵᠢᠶ᠎ᠡ 800 ᠲᠥᠭᠥᠷᠢᠭ ᠣᠷᠴᠢᠮ ᠪᠠᠢᠪᠠ; ᠡᠨᠡ ᠵᠢᠯ᠎ᠦᠨ ᠯᠠ ᠰᠠᠷ᠎ᠠ᠎ᠳᠤ᠂ ᠨᠢᠬᠡ ᠡᠳᠦᠷ᠎ᠦᠨ ᠪᠣᠷᠣᠯᠠᠭᠤᠯᠭ᠎ᠠ᠎ᠶ᠋ᠢᠨ ᠬᠡᠮᠵᠢᠶ᠎ᠡ 3000 ᠲᠥᠭᠥᠷᠢᠭ᠎ᠲᠦ ᠬᠦᠷᠬᠦ᠌ ᠨᠢ ᠡᠩ᠎ᠦᠨ ᠶᠠᠪᠤᠳᠠᠯ ᠪᠣᠯᠵᠠᠶ᠃ ᠳ᠋ᠢᠩ ᠹᠦ᠋ ᠭᠦᠸᠧ᠎ᠶ᠋ᠢᠨ ᠪᠠᠷᠠᠭ᠎ᠠ ᠨᠥᠭᠡᠴᠡᠯᠡᠬᠦ ᠨᠢ ᠪᠠᠰᠠ ᠦᠨ᠎ᠡ ᠬᠠᠩᠰᠢ᠎ᠶ᠋ᠢᠨ ᠪᠠᠢᠳᠠᠯ᠎ᠢ ᠳᠠᠭᠠᠯᠳᠤᠨ ᠨᠡᠮᠡᠭᠳᠡᠪᠡ — ᠥᠩᠭᠡᠷᠡᠭ᠌ᠰᠡᠨ ᠵᠢᠯ᠎ᠦᠳ᠎ᠲᠦ 1 ᠲᠦᠮᠡᠨ ᠲᠥᠭᠥᠷᠢᠭ᠎ᠦᠨ ᠪᠠᠷᠠᠭ᠎ᠠ ᠪᠡᠯᠡᠳᠬᠡᠪᠡᠯ ᠪᠠᠰᠠ ᠬᠤᠳᠠᠯᠳᠤᠵᠤ ᠪᠠᠷᠠᠬᠤ ᠦᠬᠡᠢ ᠬᠡᠵᠤ ᠵᠢᠷᠦᠬᠡᠰᠢᠶᠠᠨ᠎ᠠ᠂ ᠡᠨᠡ ᠵᠢᠯ᠎ᠦᠨ ᠴᠠᠭᠠᠨ ᠰᠠᠷ᠎ᠠ ᠎ᠡᠴᠡ ᠡᠮᠦᠨ᠎ᠡ ᠲᠡᠷᠡ 3 ᠲᠦᠮᠡ ᠭᠠᠷᠤᠢ ᠲᠥᠭᠥᠷᠢᠭ᠎ᠦᠨ ᠪᠠᠷᠠᠭ᠎ᠠ ᠪᠡᠯᠡᠳᠭᠡᠵᠡᠢ᠃ ᠵᠢᠮᠢᠰ᠎ᠦᠨ ᠲᠥᠷᠥᠯ ᠵᠦᠶ᠋ᠯ᠎ᠨᠢ ᠨᠠᠩ ᠴᠤ᠌ ᠥᠩᠭᠡᠷᠡᠭ᠌ᠰᠡᠨ᠎ᠦ 10 ᠭᠠᠷᠤᠶ ᠵᠦᠶ᠋ᠯ ᠪᠠᠢᠭ᠍ᠰᠠᠨ᠎ᠡᠴᠡ᠎ᠪᠠᠨ ᠨᠡᠮᠡᠭ᠌ᠳᠡᠭᠡᠳ 54 ᠵᠦᠶ᠋ᠯ ᠪᠣᠯᠵᠣ᠂ ᠢᠩᠲᠣᠣᠷ᠂ ᠭᠦᠵᠡᠯᠵᠡᠭᠡᠨ᠎ᠡ ᠵᠡᠷᠭᠡ 《ᠬᠣᠪᠣᠷ ᠪᠠᠷᠠᠭ᠎ᠠ》 ᠨᠢ ᠣᠲᠣ ᠴᠥᠮ ᠰᠢᠨ᠎ᠠ ᠰᠣᠷᠭᠣᠭ᠎ᠢᠶᠠᠷ ᠯᠠᠩᠭᠦᠶ ᠳᠡᠭᠡᠷ᠎ᠡ ᠦᠷᠦᠭᠳᠡᠵᠤ ᠪᠠᠢᠨ᠎ᠠ᠃

ᠮᠠᠢᠮᠠᠢ ᠨᠢ ᠰᠠᠢᠨ ᠪᠤᠯᠤᠬᠰᠠᠨ᠎ᠢᠶᠡᠷ ᠲᠡᠬᠦᠨ᠎ᠤ ᠵᠢᠮᠢᠰ᠎ᠢ ᠬᠤᠳᠠᠯᠳᠤᠨ ᠠᠪᠬᠤ ᠬᠡᠷᠡᠭᠯᠡᠭᠴᠢᠳ᠎ᠤᠨ ᠲᠤᠭ᠎ᠠ ᠴᠤ᠌ ᠨᠡᠮᠡᠭᠳᠡᠪᠡ᠃ ᠳ᠋ᠢᠩ ᠹᠦ᠋ ᠭᠦᠸᠧ ᠵᠢᠨ ᠭᠠᠷ ᠤᠲᠠᠰᠤᠨ᠎ᠳᠡᠬᠢ ᠵᠢᠷᠭᠢᠶ᠎ᠡ᠎ᠶ᠋ᠢᠨ ᠬᠤᠯᠪᠤᠭ᠎ᠠ ᠳᠣᠲᠣᠷᠠᠬᠢ ᠬᠡᠷᠡᠭᠯᠡᠭᠴᠢᠳ 200 ᠭᠠᠷᠤᠢ ᠪᠤᠯᠪᠠ᠃ 《ᠵᠤᠨ ᠪᠣᠯᠪᠠᠯ ᠪᠢ ᠬᠥᠯᠳᠡᠭᠡᠭᠦᠷ ᠨᠡᠮᠡᠵᠦ᠂ ᠰᠢᠨ᠎ᠠ ᠰᠣᠷᠭᠣᠭ ᠵᠢᠮᠢᠰ᠎ᠢ ᠵᠦᠰᠦᠵᠦ ᠬᠠᠢᠷᠴᠠᠭᠯᠠᠬᠤ᠎ᠪᠠ ᠨᠡᠢᠭᠡᠮ ᠲᠣᠭᠣᠷᠢᠭ ᠲᠤ᠌ ᠲᠤᠬᠢᠷᠠᠭᠤᠯᠤᠨ ᠬᠦᠷᠭᠡᠬᠦ᠌ ᠠᠵᠢᠯ᠎ᠢ ᠲᠤᠷᠱᠢᠵᠤ ᠬᠢᠨ᠎ᠡ》 ᠭᠡᠵᠦ ᠪᠠᠢᠯ᠎ᠠ᠃

2025 ᠣᠨ᠎ᠳᠤ᠂ ᠦᠬᠠᠢ ᠬᠤᠳᠠ 《ᠪᠠᠢᠬᠤ》ᠡᠴᠡ《ᠱᠢᠯᠢᠳᠡᠭ᠌ᠵᠢᠭᠦᠯᠬᠦ᠌》ᠰᠡᠳᠭᠢᠮᠵᠢ ᠪᠡᠷ ᠪᠦᠬᠦ᠌ ᠣᠷᠣᠨ ᠪᠦᠰᠡ᠎ᠶ᠋ᠢᠨ ᠬᠡᠪᠴᠢᠶᠡᠨ᠎ᠳᠦ ᠴᠢᠨᠠᠷ ᠰᠠᠢᠲᠠᠢ ᠨᠢᠭᠡ ᠮᠥᠴᠡ᠎ᠶ᠋ᠢᠨ ᠨᠡᠢᠭᠡᠮ ᠲᠣᠭᠣᠷᠢᠭ᠎ᠤᠨ ᠠᠮᠢᠳᠤᠷᠠᠯ᠎ᠤᠨ ᠴᠠᠭᠠᠷᠢᠭ᠎ᠤᠨ ᠪᠦᠳᠦᠭᠡᠨ ᠪᠠᠢᠭᠤᠯᠤᠯᠲᠠ᠎ᠶ᠋ᠢ ᠠᠬᠢᠭᠤᠯᠵᠤ᠂ ᠤᠷᠢᠳ ᠬᠣᠵᠢᠳ 3 ᠲᠣᠭᠣᠷᠢᠭ᠎ᠲᠤ  ᠳᠦᠷᠢᠮᠵᠢᠭ᠌ᠰᠡᠨ ᠠᠷᠠᠳ᠎ᠲᠤ ᠲᠦᠬᠦᠮ ᠦᠵᠡᠭᠦᠯᠬᠦ᠌ ᠤᠯᠠᠨ ᠵᠠᠬ᠎ᠠ ᠳᠡᠯᠭᠡᠭᠦᠷ ᠎ᠢ ᠪᠠᠢᠭᠤᠯᠵᠤ᠂ ᠨᠢᠭᠡ ᠪᠦᠯᠦᠭ ᠳ᠋ᠢᠩ ᠹᠦ᠋ ᠭᠦᠸᠧ ᠱᠢᠭ ᠨᠡᠭᠦᠳᠡᠯ ᠮᠠᠢᠮᠠᠢᠴᠢᠨ᠎ᠤ 《ᠵᠠᠰᠠᠮᠠᠯ ᠵᠠᠮ ᠎ᠤᠨ ᠴᠤᠭ᠍ᠯᠠᠭ᠎ᠠ ᠮᠠᠢᠮᠠᠶ ᠡᠴᠡ ᠤᠬᠤᠷᠢᠨ ᠭᠠᠷᠴᠤ᠌ ᠵᠠᠬ᠎ᠠ ᠳᠡᠯᠭᠡᠭᠦᠷ᠎ᠲᠦ ᠣᠷᠣᠬᠤ》 ᠵᠢ ᠠᠬᠢᠭᠤᠯᠵᠤ᠂ ᠡᠵᠡᠩᠨᠡᠯᠳᠠ ᠵᠢᠨ ᠲᠣᠭ᠍ᠲᠠᠮᠠᠯ ᠭᠠᠵᠠᠷ᠎ᠲᠡᠶ ᠪᠤᠯᠭᠠᠵᠤ ᠬᠥᠭ᠌ᠵᠢᠯᠲᠡ᠎ᠶ᠋ᠢᠨ ᠢᠲᠡᠭᠡᠯ᠎ᠢ ᠨᠢ ᠨᠡᠮᠡᠭᠳᠡᠬᠦᠯᠵᠡᠢ᠃ ᠲᠡᠳᠡᠨ᠎ᠦ ᠬᠤᠪᠢᠷᠠᠯᠲᠠ ᠨᠢ ᠡᠵᠡᠩᠨᠡᠯᠲᠡ᠎ᠶ᠋ᠢᠨ ᠲᠠᠯᠠᠪᠤᠷ ᠎ᠤᠨ ᠰᠢᠯᠵᠢᠯᠲᠡ ᠪᠤᠯᠬᠤ ᠪᠡᠷ ᠪᠠᠷᠠᠬᠤ ᠥᠬᠡᠶ ᠨᠠᠩ ᠴᠤ᠌ 《ᠨᠢᠭᠡ ᠮᠥᠴᠡ᠎ᠶ᠋ᠢᠨ ᠠᠮᠢᠳᠤᠷᠠᠯ ᠎ᠤᠨ ᠴᠠᠭᠠᠷᠢᠭ》 ᠤ᠋ᠨ 《ᠵᠣᠯ ᠵᠢᠷᠭᠠᠯ᠎ᠤᠨ ᠵᠢᠭᠠᠯᠲᠠ ᠲᠣᠭ᠎ᠠ》 ᠶ᠋ᠢ  ᠳᠡᠭᠡᠭ᠌ᠰᠢᠯᠡᠭᠦᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号