ᠤᠡᠭᠰᠢᠯᠭ᠎ᠠ ᠵᠢᠨ ᠬᠦᠳᠤᠯᠤᠮᠵᠢ
ᠤᠯᠠᠨ ᠵᠢᠯ ᠤ᠋ᠨ ᠳᠤᠷᠰᠢ᠂ ᠣᠷᠳᠣᠰ ᠬᠤᠳᠠ ᠵᠢᠨ ᠳ᠋ᠦᠩᠱᠧᠩ ᠲᠣᠭᠣᠷᠢᠭ᠋ ᠤ᠋ᠨ ᠬᠢᠨ ᠠᠮᠢ ᠠᠬᠤᠢ ᠵᠢᠨ ᠵᠠᠰᠠᠯᠳᠠᠵᠢᠨ ᠢᠨᠵᠧᠨᠧᠷᠢᠩ ᠢ᠋ ᠬᠡᠷᠡᠭᠵᠢᠭᠦᠯᠵᠦ᠂ ᠠᠷᠰᠧᠨ ᠡᠯᠡᠰᠦᠨ ᠴᠢᠯᠠᠭᠤᠯᠢᠭ᠋ ᠤ᠋ᠨ ᠣᠷᠣᠨ ᠳ᠋ᠤ ᠴᠢᠴᠠᠷᠭᠠᠨ᠎ᠠ ᠳᠠᠷᠢᠵᠤ᠂ ᠤᠳᠤ ᠪᠤᠯᠬᠤᠳᠤ 135 ᠲᠦᠮᠡᠨ ᠮᠦ᠍ ᠴᠢᠴᠠᠷᠭᠠᠨ᠎ᠠ ᠵᠢᠨ ᠤᠢ ᠪᠠᠳᠤ ᠪᠡᠬᠢ ᠠᠮᠢ ᠠᠬᠤᠢ ᠶ᠋ᠢᠨ ᠬᠠᠯᠬᠠᠪᠴᠢ ᠵᠢ ᠴᠤᠭᠴᠠᠯᠠᠵᠤ᠂ ᠵᠢᠯ ᠪᠦᠷᠢ ᠬᠠᠳᠤᠨ ᠭᠤᠤᠯ ᠳ᠋ᠤ ᠤᠷᠤᠰᠤᠨ ᠤᠷᠤᠬᠤ ᠡᠯᠡᠰᠦ ᠰᠢᠪᠠᠷ ᠢ᠋ ᠪᠠᠷᠤᠭ 450 ᠲᠦᠮᠡᠨ ᠲᠣᠨ ᠪᠠᠭᠠᠰᠭᠠᠵᠤ ᠪᠤᠢ᠃
ᠡᠪᠦᠯ ᠤ᠋ᠨ ᠳᠤᠮᠳᠠᠴᠢ ᠪᠡᠷ᠂ ᠬᠠᠮᠤᠭ ᠤ᠋ᠨ ᠰᠡᠬᠦᠯᠴᠢ ᠶ᠋ᠢᠨ ᠨᠢᠭᠡ ᠳᠡᠷᠭᠡ ᠴᠢᠴᠠᠷᠭᠠᠨ᠎ᠠ ᠵᠢᠨ ᠰᠠᠯᠠᠭ᠎ᠠ ᠨᠠᠮᠠᠭ᠎ᠠ ᠪᠠᠨ ᠬᠦᠢᠲᠡᠨ ᠬᠥᠮᠥᠷᠭᠡ ᠳ᠋ᠤ ᠣᠷᠣᠭᠤᠯᠬᠤ ᠵᠢ ᠳᠠᠭᠠᠯᠳᠤᠨ᠂ ᠣᠷᠳᠣᠰ ᠬᠣᠲᠠ ᠵᠢᠨ ᠳ᠋ᠦᠩᠱᠧᠩ ᠲᠣᠭᠣᠷᠢᠭ᠋ ᠤ᠋ᠨ ᠬᠠᠨᠲᠠᠢ ᠪᠠᠯᠭᠠᠰᠤᠨ ᠤ᠋ ᠴᠠᠭᠠᠨᠪᠤᠯᠠᠭ ᠲᠣᠰᠬᠣᠨ ᠤ᠋ ᠲᠠᠷᠢᠶᠠᠴᠢᠨ ᠾᠧ ᠮᠧᠢ ᠯᠢᠵᠢᠨ ᠵᠢᠯ ᠤ᠋ᠨ ᠳᠠᠷᠢᠶᠠᠨ ᠠᠵᠢᠯ ᠨᠢ ᠰᠢᠪᠳᠤᠷᠠᠭᠠᠨᠳᠠᠭᠠᠨ ᠤᠷᠤᠯ᠎ᠠ᠃
ᠡᠨᠡ ᠵᠢᠯ ᠲᠠᠪᠢ ᠵᠢᠨ ᠲᠠᠪᠠᠭᠠᠵᠢ ᠲᠠᠪᠠᠭᠰᠠᠨ ᠾᠧ ᠮᠧᠢ ᠯᠢ ᠨᠢᠭᠡᠨᠲᠡ 23 ᠵᠢᠯ ᠤ᠋ᠨ ᠴᠢᠴᠠᠷᠭᠠᠨ᠎ᠠ ᠳᠠᠷᠢᠭ᠍ᠰᠠᠨ ᠲᠤᠷᠰᠢᠯᠭ᠎ᠠ ᠲᠠᠢ ᠬᠠᠰᠢᠷ ᠲᠠᠷᠢᠶᠠᠴᠢᠨ ᠪᠤᠯᠬᠤ ᠠᠵᠢ᠃《ᠮᠠᠨᠠᠢᠬᠢᠨ ᠬᠠᠳᠤᠨ ᠭᠤᠤᠯ ᠤ᠋ᠨ ᠠᠷᠪᠠᠨ ᠶᠡᠬᠡ ᠬᠦᠨᠳᠡᠢ ᠣᠷᠴᠢᠮ ᠨᠡᠢᠳᠡ 3000 ᠮᠦ᠍ ᠴᠢᠴᠠᠷᠭᠠᠨ᠎ᠠ ᠲᠠᠷᠢᠵᠦ᠂ ᠬᠠᠪᠤᠷ ᠴᠠᠭ ᠲᠦ᠍ ᠰᠤᠶᠤᠭ᠎ᠠ ᠪᠣᠢᠵᠢᠭᠤᠯᠤᠨ᠂ ᠨᠠᠮᠤᠷ ᠴᠠᠭ ᠲᠦ᠍ ᠵᠢᠮᠢᠰ ᠲᠡᠭᠦᠳᠡᠭ᠂ ᠡᠬᠦᠨ ᠡᠴᠡ ᠭᠠᠳᠠᠨ᠎ᠠ ᠪᠠᠰᠠ ᠴᠢᠴᠠᠷᠭᠠᠨ᠎ᠠ ᠵᠢᠨ ᠲᠡᠵᠢᠭᠡᠯ ᠪᠣᠷᠳᠣᠭ᠎ᠠ ᠦᠢᠯᠡᠳᠪᠦᠷᠢᠯᠡᠵᠦ ᠪᠠᠢᠨ᠎ᠠ》 ᠭᠡᠵᠦ ᠾᠧ ᠮᠧᠢ ᠯᠢ ᠳᠠᠨᠢᠯᠴᠠᠭᠤᠯᠤᠨ᠎ᠠ᠃
ᠥᠩᠭᠡᠷᠡᠭᠰᠡᠨ ᠳ᠋ᠤ ᠬᠠᠮᠠᠷ ᠬᠠᠳᠬᠤᠬᠤ ᠡᠪᠡᠰᠦ ᠦᠭᠡᠢ ᠪᠠᠢᠭᠰᠠᠨ ᠠᠷᠰᠧᠨ ᠡᠯᠡᠰᠦᠨ ᠴᠢᠯᠠᠭᠤᠯᠢᠭ᠋ ᠤ᠋ᠨ ᠣᠷᠣᠨ ᠳ᠋ᠤ ᠡᠳᠦᠭᠡ ᠬᠡᠰᠡᠭ ᠬᠡᠰᠡᠭ ᠴᠢᠴᠠᠷᠭᠠᠨ᠎ᠠ ᠵᠢᠨ ᠤᠢ ᠬᠦᠭᠡᠷᠡᠨ ᠨᠤᠭᠤᠭᠠᠷᠠᠵᠤ᠂ ᠠᠭᠤᠯᠠᠨ ᠬᠥᠲᠥᠯ ᠭᠤᠤ ᠭᠠᠩᠭ᠎ᠠ ᠳ᠋ᠤ ᠠᠮᠢᠵᠢᠷᠠᠯ ᠤ᠋ᠨ ᠬᠦᠴᠦᠨ ᠪᠢᠯᠬᠠᠨ᠎ᠠ᠃ ᠡᠨᠡ ᠬᠦ᠌ ᠴᠢᠴᠠᠷᠭᠠᠨ᠎ᠠ ᠶ᠋ᠢᠨ ᠤᠢ ᠨᠢ ᠬᠦᠷᠦᠰᠤ ᠰᠢᠷᠤᠢ ᠵᠢᠨ ᠢᠳᠡᠭᠳᠡᠯ ᠢ᠋ ᠵᠠᠰᠠᠬᠤ᠂ ᠬᠠᠳᠤᠨ ᠭᠣᠣᠯ ᠳ᠋ᠤ ᠤᠷᠤᠰᠤᠨ ᠣᠷᠣᠬᠤ ᠡᠯᠡᠰᠦ ᠰᠢᠪᠠᠷ ᠢ᠋ ᠪᠠᠭᠠᠰᠬᠠᠬᠤ ᠰᠢᠪᠲᠤᠯᠤᠯᠲᠠ ᠵᠢᠨ ᠴᠡᠭ ᠪᠣᠯᠤᠭᠰᠠᠨ ᠶ᠋ᠢᠡᠷ ᠪᠠᠷᠠᠬᠤ ᠦᠭᠡᠢ᠂ ᠪᠠᠰᠠ ᠳᠤᠬᠠᠢ ᠶ᠋ᠢᠨ ᠭᠠᠵᠠᠷ ᠤ᠋ᠨ ᠣᠯᠠᠨ ᠲᠦᠮᠡᠨ ᠤ᠋ ᠣᠷᠣᠯᠭ᠎ᠠ ᠵᠢ ᠨᠡᠮᠡᠭᠳᠡᠬᠦᠯᠵᠤ ᠪᠤᠢ᠃
ᠴᠢᠴᠠᠷᠭᠠᠨ᠎ᠠ ᠪᠣᠯ ᠨᠢᠭᠡ ᠵᠦᠢᠯ ᠤ᠋ᠨ ᠨᠠᠪᠴᠢ ᠵᠤᠯᠭᠠᠷᠠᠬᠤ ᠪᠤᠳᠠ ᠮᠣᠳᠣ᠌ ᠪᠠᠢᠵᠤ᠂ ᠭᠠᠩ ᠬᠠᠭᠰᠠᠷᠠᠭᠠᠨ ᠳ᠋ᠤ ᠳᠠᠭᠠᠭᠠᠮᠠᠭᠠᠢ᠂ ᠰᠠᠯᠬᠢ ᠡᠯᠡᠰᠦᠨ ᠳ᠋ᠤ ᠳᠠᠭᠠᠭᠠᠮᠠᠭᠠᠢ᠂ ᠬᠤᠵᠢᠷᠯᠢᠭ ᠭᠠᠵᠠᠷ ᠲᠤ᠌ ᠤᠷᠭᠤᠵᠤ ᠳᠡᠢᠯᠳᠡᠭ ᠪᠦᠭᠡᠳ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠤ᠂ ᠤᠰᠤ ᠬᠥᠷᠥᠰᠥ ᠵᠢ ᠬᠠᠮᠠᠭᠠᠯᠠᠬᠤ ᠳ᠋ᠤ ᠥᠷᠭᠡᠨ ᠵᠢᠡᠷ ᠬᠡᠷᠡᠭᠯᠡᠭᠳᠡᠳᠡᠭ᠃ ᠴᠢᠴᠠᠷᠭᠠᠨ᠎ᠠ ᠵᠢᠨ ᠦᠨᠳᠦᠰᠦᠨ ᠤ᠋ ᠰᠢᠰᠲᠧᠮ ᠨᠢ ᠮᠠᠰᠢ ᠬᠥᠭᠵᠢᠩᠬᠦᠢ ᠪᠠᠢᠵᠤ᠂ ᠭᠣᠣᠯ ᠦᠨᠳᠦᠰᠦ᠂ ᠬᠠᠵᠠᠭᠤ ᠵᠢᠨ ᠦᠨᠳᠦᠰᠦ ᠂ ᠰᠠᠬᠠᠯ ᠦᠨᠳᠦᠰᠦ ᠵᠡᠷᠭᠡ ᠵᠢ ᠨᠡᠮᠡᠪᠡᠯ ᠪᠠᠷᠤᠭ 400 ᠭᠠᠷᠤᠢ ᠦᠨᠳᠦᠰᠦ ᠳᠠᠢ᠂ 3 ᠵᠢᠯ ᠤᠷᠭᠤᠭᠰᠠᠨ ᠴᠢᠴᠠᠷᠭᠠᠨ᠎ᠠ ᠵᠢᠨ ᠦᠨᠳᠦᠰᠦ ᠵᠢᠨ ᠰᠢᠰᠲᠧᠮ ᠨᠢ ᠡᠭᠴᠡ ᠪᠡᠷ 3 — 5 ᠮᠧᠲᠷ ᠲᠤ᠌ ᠬᠦᠷᠴᠦ᠂ ᠬᠡᠪᠲᠡᠭᠡ ᠪᠡᠷ 6 — 10 ᠮᠧᠲᠷ ᠲᠤ᠌ ᠬᠦᠷᠴᠦ᠂ ᠬᠥᠨᠳᠡᠯᠡᠨ ᠭᠤᠯᠳᠤ ᠰᠦᠯᠵᠢᠯᠳᠦᠭᠰᠡᠨ ᠮᠤᠨᠳᠠᠭ ᠲᠣᠮᠣ᠌ ᠲᠣᠣᠷ ᠢ᠋ ᠪᠦᠷᠢᠯᠳᠦᠭᠦᠯᠦᠨ᠂ ᠠᠷᠰᠧᠨ ᠡᠯᠡᠰᠦᠨ ᠴᠢᠯᠠᠭᠤᠯᠢᠭ᠋ ᠢ᠋ ᠪᠠᠳᠤ ᠪᠡᠬᠢ ᠳᠤᠭᠳᠠᠭᠠᠵᠤ ᠳᠡᠢᠯᠳᠡᠭ᠃ ᠡᠬᠦᠨ ᠤ᠋ ᠬᠠᠮᠳᠤ ᠴᠢᠴᠠᠷᠭᠠᠨ᠎ᠠ ᠵᠢᠨ ᠬᠠᠵᠠᠭᠤ ᠵᠢᠨ ᠦᠨᠳᠦᠰᠦ ᠨᠢ ᠬᠡᠪᠲᠡᠭᠡ ᠰᠤᠨᠤᠯᠲᠠ ᠵᠢᠨ ᠶᠠᠪᠤᠴᠠ ᠳ᠋ᠠᠭᠠᠨ ᠲᠠᠰᠤᠷᠠᠯᠲᠠ ᠦᠭᠡᠢ ᠰᠢᠨ᠎ᠡ ᠨᠠᠬᠢᠶ᠎ᠠ ᠰᠣᠶᠣᠭᠠᠯᠠᠵᠤ᠂ ᠬᠡᠷᠪᠡ ᠨᠢᠭᠡ ᠮᠦ᠍ ᠪᠦᠷᠢ ᠭᠠᠵᠠᠷ ᠲᠤ᠌ ᠪᠠᠷᠤᠭ 70 ᠰᠠᠭᠤᠷᠢ ᠴᠢᠴᠠᠷᠭᠠᠨ᠎ᠠ ᠶ᠋ᠢᠨ ᠰᠤᠶᠤᠭ᠎ᠠ ᠳᠠᠷᠢᠪᠠᠯ᠂ 4 — 5 ᠵᠢᠯ ᠤ᠋ᠨ ᠬᠤᠭᠤᠴᠠᠭᠠᠨ ᠳ᠋ᠤ ᠳᠠᠷᠤᠢ ᠴᠢᠴᠠᠷᠭᠠᠨ᠎ᠠ ᠶ᠋ᠢᠨ ᠣᠢ ᠪᠣᠯᠵᠤ ᠬᠤᠪᠢᠷᠠᠳᠠᠭ᠃
《ᠣᠢᠷ᠎ᠠ ᠵᠢᠨ ᠵᠢᠯ ᠡᠴᠡ ᠨᠠᠭᠠᠰᠢ᠂ ᠥᠪᠥᠷ ᠮᠣᠩᠭᠣᠯ ᠴᠢᠴᠠᠷᠭᠠᠨ᠎ᠠ ᠵᠢ ᠠᠵᠤ ᠦᠢᠯᠡᠰᠵᠢᠭᠦᠯᠬᠦ ᠪᠡᠷ ᠴᠢᠬᠤᠯᠠ ᠭᠠᠷᠳᠠᠴᠠ ᠪᠣᠯᠭᠠᠵᠤ᠂ ᠴᠦᠯᠯᠡᠷᠬᠡᠭᠵᠢᠯ ᠢ᠋ ᠰᠡᠷᠭᠡᠢᠯᠡᠨ ᠵᠠᠰᠠᠬᠤ᠂ ᠬᠦᠷᠦᠰᠤ ᠰᠢᠷᠤᠢ ᠵᠢ ᠬᠠᠮᠠᠭᠠᠯᠠᠬᠤ ᠪᠠ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠯᠤᠭ᠎ᠠ ᠭᠦᠨᠵᠡᠭᠡᠢ ᠠᠭᠤᠰᠤᠯᠴᠠᠭᠤᠯᠤᠨ᠂〈ᠵᠠᠰᠠᠭ ᠤ᠋ᠨ ᠣᠷᠳᠣᠨ ᠡᠴᠠ ᠬᠥᠲᠥᠯᠥᠨ ᠳᠠᠭᠠᠭᠤᠯᠬᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠶ᠋ᠢᠡᠷ ᠲᠤᠯᠭᠠᠭᠤᠷᠢᠯᠠᠬᠤ᠂ ᠠᠵᠤ ᠠᠬᠤᠢᠯᠠᠯ ᠶ᠋ᠢᠡᠷ ᠲᠠᠶ᠋ᠢᠴᠢᠯᠠᠬᠤ᠂ ᠲᠠᠷᠢᠶᠠᠴᠢᠳ ᠤ᠋ᠨ ᠣᠷᠣᠯᠭ᠎ᠠ ᠵᠢ ᠨᠡᠮᠡᠭᠳᠡᠭᠦᠯᠬᠦ〉 ᠦᠷᠭᠦᠯᠵᠢᠯᠡᠬᠦ ᠬᠥᠭᠵᠢᠯᠲᠡ ᠵᠢᠨ ᠵᠠᠭᠪᠤᠷ ᠢ᠋ ᠰᠦᠪᠡᠭᠴᠢᠯᠡᠵᠦ ᠂ ᠠᠮᠢ ᠠᠬᠤᠢ ᠪᠣᠯᠣᠨ ᠠᠵᠤ ᠠᠬᠤᠢ ᠵᠢᠨ ᠦᠷ᠎ᠡ ᠠᠰᠢᠭ ᠢ᠋ ᠪᠡᠶᠡᠯᠡᠭᠦᠯᠬᠦ ᠵᠢ ᠪᠦᠬᠦ ᠬᠦᠴᠦᠨ ᠶ᠋ᠢᠡᠷ ᠶ᠋ᠢᠡᠨ ᠠᠬᠢᠭᠤᠯᠵᠤ ᠪᠠᠢᠨ᠎ᠠ》 ᠭᠡᠵᠦ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠤᠰᠤᠨ ᠠᠰᠢᠭ᠍ᠯᠠᠯᠲᠠ ᠵᠢᠨ ᠲᠢᠩᠬᠢᠮ ᠤ᠋ᠨ ᠳᠡᠳ᠋ ᠳᠠᠷᠤᠭ᠎ᠠ ᠫᠧᠩ ᠶᠠ ᠯᠢ ᠭᠡᠯᠡᠨ᠎ᠠ᠃
ᠳ᠋ᠦᠩᠱᠧᠩ ᠳᠤᠭᠤᠷᠢᠭ ᠪᠤᠯ ᠬᠠᠳᠤᠨ ᠭᠤᠤᠯ ᠳ᠋ᠤ ᠤᠷᠤᠰᠤᠨ ᠤᠷᠤᠬᠤ ᠪᠦᠳᠦᠬᠦᠯᠢᠭ ᠡᠯᠡᠰᠦ ᠰᠢᠪᠠᠷ ᠤ᠋ᠨ ᠭᠤᠤᠯ ᠢᠷᠡᠯᠳᠡ ᠶ᠋ᠢᠨ ᠤᠷᠤᠨ ᠪᠤᠯᠤᠨ᠎ᠠ᠂ ᠬᠠᠷᠢᠶ᠎ᠠ ᠤᠷᠤᠨ ᠳ᠋ᠡᠬᠢ ᠠᠷᠰᠧᠨ ᠡᠯᠡᠰᠦᠨ ᠴᠢᠯᠠᠭᠤᠯᠢᠭ᠋ ᠤ᠋ᠨ ᠲᠠᠷᠬᠠᠯᠲᠠ ᠵᠢᠨ ᠲᠠᠯᠠᠪᠠᠢ ᠨᠢ ᠪᠠᠷᠤᠭ 195 ᠲᠦᠮᠡᠨ ᠮᠦ᠍ ᠳ᠋ᠤ ᠬᠦᠷᠴᠦ᠂ ᠨᠤᠳᠤᠭ ᠳᠡᠪᠢᠰᠭᠡᠷ ᠤ᠋ᠨ ᠶᠡᠷᠦᠩᠬᠡᠢ ᠲᠠᠯᠠᠪᠠᠢ ᠵᠢᠨ 60% ᠶ᠋ᠢ ᠡᠵᠡᠯᠡᠨ᠂ ᠬᠠᠮᠤᠭ ᠤ᠋ᠨ ᠬᠦᠨᠳᠦ ᠨᠣᠴᠢᠲᠠᠢ ᠬᠦᠷᠦᠰᠤ ᠰᠢᠷᠤᠢ ᠵᠢᠨ ᠢᠳᠡᠭᠳᠡᠯ ᠤ᠋ᠨ ᠭᠣᠣᠯ ᠡᠭᠦᠰᠦᠯᠳᠡ ᠵᠢᠨ ᠤᠷᠤᠨ ᠪᠤᠯᠬᠤ ᠶᠤᠮ᠃
《ᠠᠷᠰᠧᠨ ᠡᠯᠡᠰᠦᠨ ᠴᠢᠯᠠᠭᠤᠯᠢᠭ᠋ ᠦᠵᠡᠬᠦ ᠳ᠋ᠤ ᠬᠠᠪ ᠬᠠᠳᠠᠭᠤ ᠪᠤᠯᠪᠠᠴᠤ ᠳᠡᠬᠦᠨ ᠤ᠋ ᠳᠤᠳᠤᠭᠠᠳᠤ ᠪᠦᠳᠦᠴᠡ ᠨᠢ ᠰᠠᠷᠨᠢᠮᠠᠯ ᠪᠤᠯᠬᠤᠷ ᠤᠰᠤ ᠬᠦᠷᠦᠮᠡᠭᠴᠡ ᠰᠢᠪᠠᠷ ᠪᠤᠯᠵᠤ᠂ ᠰᠠᠯᠬᠢᠯᠠᠮᠠᠭᠴᠠ ᠰᠢᠷᠤᠢ ᠪᠤᠯᠳᠠᠭ᠂ ᠦᠩᠬᠡᠷᠡᠭᠰᠡᠨ ᠳ᠋ᠤ ᠪᠤᠷᠤᠭᠠᠨ ᠤ᠋ ᠤᠯᠠᠷᠢᠯ ᠪᠤᠯᠤᠮᠠᠭᠴᠠ ᠪᠣᠷᠣᠭᠠᠨ ᠤ᠋ ᠤᠰᠤ ᠠᠷᠰᠧᠨ ᠡᠯᠡᠰᠦᠨ ᠴᠢᠯᠠᠭᠤᠯᠢᠭ᠋ ᠢ᠋ ᠤᠷᠤᠰᠬᠠᠵᠤ ᠶᠡᠬᠡ ᠬᠡᠮᠵᠢᠶᠡᠨ ᠤ᠋ ᠡᠯᠡᠰᠦ ᠰᠢᠪᠠᠷ ᠢ᠋ ᠬᠠᠲᠤᠨ ᠭᠣᠣᠯ ᠳ᠋ᠤ ᠴᠢᠳᠬᠤᠨ ᠤᠷᠤᠭᠤᠯᠤᠨ᠂ ᠳᠣᠣᠷᠠᠳᠤ ᠤᠷᠤᠰᠬᠠᠯ ᠤ᠋ᠨ ᠭᠣᠣᠯ ᠤ᠋ᠨ ᠭᠤᠯᠳᠤᠷᠢᠯ ᠢ᠋ ᠥᠨᠳᠥᠷ ᠪᠣᠯᠭᠠᠨ᠂ ᠦᠶᠡᠷ ᠢ᠋ ᠰᠡᠷᠭᠡᠢᠯᠡᠬᠦ ᠳ᠋ᠤ ᠯᠤᠲᠤ ᠶᠡᠬᠡ ᠳᠠᠷᠤᠭᠠᠰᠤ ᠠᠪᠴᠢᠷᠠᠳᠠᠭ ᠪᠠᠢᠭᠰᠠᠨ ᠶᠤᠮ》ᠭᠡᠵᠦ ᠳ᠋ᠦᠩᠱᠧᠩ ᠲᠣᠭᠣᠷᠢᠭ᠋ ᠤ᠋ᠨ ᠤᠰᠤᠨ ᠠᠰᠢᠭ᠍ᠯᠠᠯᠲᠠ ᠵᠢᠨ ᠦᠢᠯᠡᠰ ᠤ᠋ᠨ ᠬᠥᠭᠵᠢᠬᠦᠯᠦᠯᠲᠡ ᠵᠢᠨ ᠲᠥᠪ ᠤ᠋ᠨ ᠡᠷᠬᠢᠯᠡᠭᠴᠢ ᠬᠠᠨ ᠰᠦᠧᠸ ᠶᠢᠨ ᠳᠠᠨᠢᠯᠴᠠᠭᠤᠯᠤᠨ᠎ᠠ ᠃
《ᠴᠢᠴᠠᠷᠭᠠᠨ᠎ᠠ ᠵᠢᠨ ᠡᠬᠢ ᠪᠠᠶᠠᠯᠢᠭ᠋ ᠢ᠋ ᠨᠡᠭᠡᠭᠡᠨ ᠠᠰᠢᠭ᠍ᠯᠠᠬᠤ ᠪᠡᠷ ᠳᠠᠮᠵᠢᠨ ᠰᠢᠷ᠎ᠠ ᠬᠥᠷᠥᠰᠥᠲᠦ ᠥᠨᠳᠥᠷᠯᠢᠭ ᠤ᠋ᠨ ᠵᠠᠰᠠᠯᠲᠠ ᠵᠢ ᠲᠦᠷᠭᠡᠳᠬᠡᠬᠦ ᠰᠢᠪᠲᠤᠯᠤᠯᠲᠠ ᠵᠢᠨ ᠴᠡᠭ ᠪᠣᠯᠭᠠᠬᠤ》ᠰᠠᠨᠠᠭᠠᠴᠢᠯᠠᠭ᠎ᠠ ᠨᠢ ᠴᠢᠴᠠᠷᠭᠠᠨ᠎ᠠ ᠳᠠᠷᠢᠵᠤ ᠠᠷᠰᠧᠨ ᠡᠯᠡᠰᠦᠨ ᠴᠢᠯᠠᠭᠤᠯᠢᠭ᠋ ᠢ᠋ ᠵᠠᠰᠠᠬᠤ ᠳ᠋ᠤ ᠳᠤᠳᠤᠷᠬᠠᠢ ᠴᠢᠭᠯᠡᠯ ᠢ᠋ ᠵᠢᠭᠠᠭᠰᠠᠨ ᠪᠥᠭᠡᠳ ᠣᠷᠳᠣᠰ ᠬᠤᠳᠠ ᠵᠢᠨ ᠴᠢᠴᠠᠷᠭᠠᠨ᠎ᠠ ᠳᠠᠷᠢᠵᠤ ᠠᠷᠰᠧᠨ ᠡᠯᠡᠰᠦᠨ ᠴᠢᠯᠠᠭᠤᠯᠢᠭ᠋ ᠢ᠋ ᠵᠠᠰᠠᠬᠤ ᠬᠥᠰᠢᠭᠡ ᠵᠢ ᠰᠡᠬᠦᠭᠰᠡᠨ ᠪᠠᠢᠨ᠎ᠠ ᠃ ᠬᠡᠳᠦᠨ ᠵᠢᠯ ᠤ᠋ᠨ ᠳᠤᠷᠰᠢᠬᠢ ᠴᠢᠴᠠᠷᠭᠠᠨ᠎ᠠ ᠵᠢ ᠡᠭᠴᠡ ᠬᠥᠲᠥᠯ ᠳ᠋ᠤ ᠳᠠᠷᠢᠬᠤ ᠲᠤᠷᠰᠢᠯᠲᠠ ᠪᠠᠷ ᠳᠡᠮᠵᠢᠨ ᠴᠢᠴᠠᠷᠭᠠᠨ᠎ᠠ ᠨᠢ ᠠᠷᠰᠧᠨ ᠡᠯᠡᠰᠦᠨ ᠴᠢᠯᠠᠭᠤᠯᠢᠭ᠋ ᠭᠠᠵᠠᠷ ᠲᠤ᠌ ᠤᠷᠭᠤᠬᠤ ᠨᠢ ᠰᠠᠢᠨ᠂ ᠡᠳᠡᠭᠡᠷᠡᠯᠳᠡ ᠶ᠋ᠢᠨ ᠨᠣᠷᠮ᠎ᠠ ᠨᠢ ᠥᠨᠳᠥᠷ᠂ ᠦᠨᠳᠦᠰᠦ ᠬᠠᠳᠬᠤᠬᠤ ᠨᠢ ᠲᠦᠷᠭᠡᠨ᠂ ᠥᠨᠳᠥᠷ ᠳᠤᠯᠠᠭᠠᠨ ᠳ᠋ᠤ ᠲᠡᠰᠪᠦᠷᠢᠲᠡᠢ᠂ ᠭᠠᠩ ᠬᠠᠭᠰᠠᠷᠠᠭᠠᠨ ᠢ᠋ ᠡᠰᠡᠷᠭᠦᠴᠡᠬᠦ ᠴᠢᠳᠠᠪᠤᠷᠢ ᠪᠡᠷ ᠰᠠᠢᠨ ᠪᠠᠢᠳᠠᠭ ᠢ᠋ ᠭᠡᠷᠡᠴᠢᠯᠡᠵᠦ᠂ ᠴᠢᠴᠠᠷᠭᠠᠨ᠎ᠠ ᠨᠢ ᠠᠷᠰᠧᠨ ᠡᠯᠡᠰᠦᠨ ᠴᠢᠯᠠᠭᠤᠯᠢᠭ᠋ ᠢ᠋ ᠵᠠᠰᠠᠬᠤ ᠰᠢᠯᠢᠳᠡᠭ ᠮᠤᠳᠤᠨ ᠤ᠋ ᠳᠦᠷᠦᠯ ᠪᠤᠯᠤᠭᠰᠠᠨ ᠶᠤᠮ ᠃
ᠠᠯᠢ ᠡᠷᠲᠡ 1998 ᠣᠨ ᠳ᠋ᠤ᠂ ᠤᠰᠤᠨ ᠠᠰᠢᠭ᠍ᠯᠠᠯᠲᠠ ᠵᠢᠨ ᠶᠠᠮᠤᠨ ᠡᠴᠡ ᠱᠠᠨ ᠰᠢ ᠮᠤᠵᠢ ᠱᠠᠨᠰᠢ ᠮᠤᠵᠢ ᠥᠪᠥᠷ ᠮᠣᠩᠭᠣᠯ ᠤ᠋ᠨ ᠦᠪᠡᠷᠳᠡᠭᠡᠨ ᠵᠠᠰᠠᠬᠤ ᠤᠷᠤᠨ ᠤ᠋ ᠠᠷᠰᠧᠨ ᠡᠯᠡᠰᠦᠨ ᠴᠢᠯᠠᠭᠤᠯᠢᠭ᠋ ᠤ᠋ᠨ ᠣᠷᠣᠨ ᠳ᠋ᠤ ᠴᠢᠴᠠᠷᠭᠠᠨ᠎ᠠ ᠳᠠᠷᠢᠬᠤ ᠠᠮᠢ ᠠᠬᠤᠢ ᠵᠢᠨ ᠢᠨᠵᠧᠨᠧᠷᠢᠩ ᠢ᠋ ᠵᠢᠩᠬᠢᠨᠢ ᠪᠡᠷ ᠬᠡᠷᠡᠭᠵᠢᠭᠦᠯᠵᠦ᠂ ᠳ᠋ᠦᠩᠱᠧᠩ ᠳᠤᠭᠤᠷᠢᠭ ᠤ᠋ᠨ ᠠᠷᠰᠧᠨ ᠡᠯᠡᠰᠦᠨ ᠴᠢᠯᠠᠭᠤᠯᠢᠭ᠋ ᠤ᠋ᠨ ᠣᠷᠣᠨ ᠳ᠋ᠤ ᠴᠢᠴᠠᠷᠭᠠᠨ᠎ᠠ ᠳᠠᠷᠢᠵᠤ ᠠᠮᠢ ᠠᠬᠤᠢ ᠵᠢᠨ ᠡᠯᠡᠰᠦ ᠵᠢ ᠪᠠᠭᠠᠰᠬᠠᠬᠤ ᠢᠨᠵᠧᠨᠧᠷᠢᠩ ᠢ᠋ ᠡᠬᠢᠯᠡᠭᠦᠯᠦᠭᠰᠡᠨ ᠪᠠᠢᠨ᠎ᠠ᠃ 2007 ᠣᠨ ᠪᠣᠯᠬᠤ ᠳ᠋ᠤ᠂ ᠳ᠋ᠦᠩᠱᠧᠩ ᠲᠣᠭᠣᠷᠢᠭ᠋ ᠤ᠋ᠨ ᠠᠷᠰᠧᠨ ᠡᠯᠡᠰᠦᠨ ᠴᠢᠯᠠᠭᠤᠯᠢᠭ᠋ ᠤ᠋ᠨ ᠭᠤᠤ ᠵᠢᠯᠠᠭ᠎ᠠ ᠵᠢᠴᠢ ᠦᠶᠡᠷᠯᠡᠬᠦ ᠠᠶᠤᠯ ᠲᠠᠢ ᠭᠣᠣᠯ ᠮᠦᠷᠡᠨ ᠤ᠋ ᠰᠠᠪᠠ ᠭᠠᠵᠠᠷ ᠲᠤ᠌ 92 ᠲᠦᠮᠡᠨ ᠮᠦ᠍ ᠴᠢᠴᠠᠷᠭᠠᠨ᠎ᠠ ᠳᠠᠷᠢᠵᠠᠢ; 2008 — 2012 ᠣᠨ ᠤ᠋ ᠬᠤᠭᠤᠷᠤᠨᠳᠤ ᠺᠦ ᠶᠧ ᠾᠧ ᠭᠤᠤᠯ ᠤ᠋ᠨ ᠰᠠᠪᠠ ᠭᠠᠵᠠᠷ ᠲᠤ᠌ ᠴᠢᠴᠠᠷᠭᠠᠨ᠎ᠠ ᠳᠠᠷᠢᠵᠤ ᠠᠮᠢ ᠠᠬᠤᠢ ᠵᠢᠨ ᠡᠯᠡᠰᠦ ᠵᠢ ᠪᠠᠭᠠᠰᠬᠠᠬᠤ ᠢᠨᠵᠧᠨᠧᠷᠢᠩ ᠢ᠋ ᠬᠡᠷᠡᠭᠵᠢᠭᠦᠯᠵᠦ᠂ ᠰᠢᠨ᠎ᠡ ᠪᠡᠷ ᠨᠡᠮᠡᠨ ᠳᠠᠷᠢᠭᠰᠠᠨ ᠴᠢᠴᠠᠷᠭᠠᠨ᠎ᠠ ᠶ᠋ᠢᠨ ᠳᠠᠯᠠᠪᠠᠢ 21 ᠲᠦᠮᠡᠨ ᠮᠤ᠌ ᠳ᠋ᠤ ᠬᠦᠷᠴᠡᠢ; 2013 — 2018 ᠣᠨ ᠤ᠋ ᠬᠤᠭᠤᠷᠤᠨᠳᠤ ᠠᠷᠪᠠᠨ ᠶᠡᠬᠡ ᠬᠦᠨᠳᠡᠢ ᠳ᠋ᠤ ᠴᠢᠴᠠᠷᠭᠠᠨ᠎ᠠ ᠳᠠᠷᠢᠵᠤ ᠠᠮᠢ ᠠᠬᠤᠢ ᠵᠢᠨ ᠡᠯᠡᠰᠦ ᠵᠢ ᠪᠠᠭᠠᠰᠬᠠᠬᠤ ᠢᠨᠵᠧᠨᠧᠷᠢᠩ ᠢ᠋ ᠬᠡᠷᠡᠭᠵᠢᠭᠦᠯᠵᠦ᠂ ᠳ᠋ᠦᠩᠱᠧᠩ ᠲᠣᠭᠣᠷᠢᠭ᠋ ᠤ᠋ᠨ ᠲᠠᠪᠤᠨ ᠶᠡᠬᠡ ᠬᠦᠨᠳᠡᠢ ᠶ᠋ᠢᠨ ᠭᠤᠤ ᠵᠢᠯᠠᠭ᠎ᠠ ᠵᠢᠴᠢ ᠦᠶᠡᠷᠯᠡᠬᠦ ᠠᠶᠤᠯ ᠲᠠᠢ ᠭᠣᠣᠯ ᠮᠦᠷᠡᠨ ᠤ᠋ ᠰᠠᠪᠠ ᠭᠠᠵᠠᠷ ᠲᠤ᠌ ᠨᠡᠢᠳᠡ 22 ᠲᠦᠮᠡᠨ ᠮᠦ᠍ ᠴᠢᠴᠠᠷᠭᠠᠨ᠎ᠠ ᠰᠢᠨ᠎ᠡ ᠪᠡᠷ ᠨᠡᠮᠡᠨ ᠳᠠᠷᠢᠵᠠᠢ᠃ ᠤᠳᠤ 135 ᠲᠦᠮᠡᠨ ᠮᠦ᠍ ᠴᠢᠴᠠᠷᠭᠠᠨ᠎ᠠ ᠵᠢᠨ ᠤᠢ ᠪᠠᠳᠤ ᠪᠡᠬᠢ ᠠᠮᠢ ᠠᠬᠤᠢ ᠶ᠋ᠢᠨ ᠬᠠᠯᠬᠠᠪᠴᠢ ᠵᠢ ᠴᠤᠭᠴᠠᠯᠠᠵᠤ ᠂ ᠵᠢᠯ ᠪᠦᠷᠢ ᠬᠠᠳᠤᠨ ᠭᠤᠤᠯ ᠳ᠋ᠤ ᠤᠷᠤᠰᠤᠨ ᠤᠷᠤᠬᠤ ᠡᠯᠡᠰᠦ ᠰᠢᠪᠠᠷ ᠢ᠋ ᠪᠠᠷᠤᠭ 450 ᠲᠦᠮᠡᠨ ᠲᠣᠨ ᠪᠠᠭᠠᠰᠭᠠᠵᠤ ᠪᠤᠢ᠃
《ᠨᠢᠭᠡ ᠬᠡᠰᠡᠭ ᠴᠢᠴᠠᠷᠭᠠᠨ᠎ᠠ ᠶ᠋ᠢᠨ ᠤᠢ ᠨᠢ ᠭᠤᠷᠪᠠᠨ ᠵᠤᠷᠪᠤᠰ ᠰᠡᠷᠬᠡᠢᠯᠡᠯᠳᠡ ᠶ᠋ᠢᠨ ᠱᠤᠭᠤᠮ ᠢ᠋ ᠪᠦᠷᠢᠯᠳᠦᠬᠦᠯᠵᠦ ᠳᠡᠢᠯᠳᠡᠭ》ᠭᠡᠵᠦ ᠬᠠᠨ ᠰᠦᠧᠧ ᠶᠢᠨ ᠲᠠᠨᠢᠯᠴᠠᠭᠤᠯᠤᠨ᠎ᠠ᠃ ᠳᠠᠷᠤᠢ ᠴᠢᠴᠠᠷᠭᠠᠨ᠎ᠠ ᠵᠢᠨ ᠣᠷᠣᠢ ᠵᠢᠨ ᠬᠡᠰᠡᠭ ᠤ᠋ᠨ ᠰᠠᠯᠠᠭ᠎ᠠ ᠨᠠᠮᠠᠭ᠎ᠠ ᠨᠢ ᠪᠣᠷᠣᠭᠠᠨ ᠤ᠋ ᠤᠰᠤ ᠵᠢ ᠪᠦᠲᠦᠮᠵᠢᠲᠡᠢ ᠦᠯᠡᠳᠡᠭᠡᠨ ᠠᠪᠴᠤ ᠪᠤᠷᠤᠭᠠᠨ ᠤ᠋ ᠤᠰᠤ ᠵᠢ ᠪᠠᠭᠠᠰᠬᠠᠵᠤ ᠴᠢᠳᠠᠨ᠎ᠠ; ᠭᠠᠵᠠᠷ ᠤ᠋ᠨ ᠭᠠᠳᠠᠷᠭᠤ ᠵᠢ ᠬᠤᠴᠢᠵᠤ ᠪᠠᠢᠭ᠎ᠠ ᠬᠤᠪᠠᠬᠠᠢᠷᠠᠭᠰᠠᠨ ᠨᠠᠪᠴᠢ ᠨᠠᠮᠠᠭᠠᠨ ᠤ᠋ ᠳᠠᠪᠬᠤᠷᠭ᠎ᠠ ᠨᠢ ᠬᠥᠷᠥᠰᠥ ᠰᠢᠷᠤᠢ ᠶ᠋ᠢᠨ ᠢᠳᠡᠭᠳᠡᠯ ᠢ᠋ ᠡᠰᠡᠷᠭᠦᠴᠡᠬᠦ ᠴᠢᠳᠠᠪᠤᠷᠢ ᠵᠢ ᠨᠡᠮᠡᠭᠳᠡᠭᠦᠯᠦᠨ᠎ᠡ; ᠴᠢᠴᠠᠷᠭᠠᠨ᠎ᠠ ᠵᠢᠨ ᠦᠨᠳᠦᠰᠦ ᠪᠡᠷ ᠪᠦᠷᠢᠯᠳᠦᠭᠰᠡᠨ ᠪᠤᠰᠤᠭ᠎ᠠ ᠴᠤᠭᠴᠠᠳᠤ ᠲᠣᠣᠷ ᠨᠢ ᠬᠥᠷᠥᠰᠥ ᠵᠢ ᠲᠣᠭᠲᠠᠪᠤᠷᠢᠵᠢᠭᠤᠯᠤᠨ ᠤᠷᠤᠰᠬᠠᠯ ᠤᠰᠤᠨ ᠤ᠋ ᠳᠠᠭᠠᠷᠢᠯᠳᠠ ᠵᠢ ᠨᠠᠮᠳᠠᠭᠤᠯᠵᠤ ᠴᠢᠳᠠᠨ᠎ᠠ ᠃
ᠳ᠋ᠦᠩᠱᠧᠩ ᠳᠤᠭᠤᠷᠢᠭ ᠤ᠋ᠨ ᠠᠮᠢ ᠠᠬᠤᠢ ᠶ᠋ᠢᠨ ᠵᠠᠰᠠᠯᠳᠠ ᠶ᠋ᠢᠨ ᠡᠷᠴᠢᠮ ᠦᠷᠬᠦᠯᠵᠢᠯᠡᠨ ᠴᠢᠩᠭᠠᠷᠠᠬᠤ ᠵᠢ ᠳᠠᠭᠠᠯᠳᠤᠨ᠂ ᠬᠦᠷᠦᠰᠤ ᠰᠢᠷᠤᠢ ᠵᠢᠨ ᠢᠳᠡᠭᠳᠡᠯ ᠪᠠᠭᠤᠷᠠᠵᠤ᠂ ᠠᠭᠤᠯᠠ ᠲᠤᠯᠤᠭᠠᠳ ᠨᠣᠭᠣᠭᠠᠷᠠᠨ᠂ ᠬᠠᠳᠤᠨ ᠭᠤᠤᠯ ᠳ᠋ᠤ ᠤᠷᠤᠰᠤᠨ ᠤᠷᠤᠬᠤ ᠡᠯᠡᠰᠦ ᠰᠢᠪᠠᠷ ᠪᠠᠭᠠᠰᠴᠤ᠂ ᠠᠵᠤ ᠠᠬᠤᠢᠯᠠᠯ ᠬᠥᠭᠵᠢᠨ᠂ ᠲᠠᠷᠢᠶᠠᠯᠠᠬᠤ ᠡᠷᠤᠭᠡᠵᠢᠨ ᠤᠷᠤᠯᠭ᠎ᠠ ᠨᠡᠮᠡᠭᠳᠡᠭᠰᠡᠨ ᠪᠠᠢᠨ᠎ᠠ ᠃
1998 ᠣᠨ ᠡᠴᠠ ᠨᠠᠭᠠᠰᠢ᠂ ᠳ᠋ᠦᠩᠱᠧᠩ ᠳᠤᠭᠤᠷᠢᠭᠤᠨ ᠬᠢᠨ ᠵᠢᠯ ᠪᠦᠷᠢ 3 — 5 ᠲᠦᠮᠡᠨ ᠮᠦ᠍ ᠵᠢᠨ ᠬᠤᠷᠳᠤᠴᠠ ᠪᠠᠷ ᠴᠢᠴᠠᠷᠭᠠᠨ᠎ᠠ ᠳᠠᠷᠢᠬᠤ ᠵᠢ ᠠᠬᠢᠭᠤᠯᠵᠤ᠂ ᠰᠢᠨᠵᠢᠯᠡᠬᠦ ᠤᠬᠠᠭᠠᠨᠴᠢ ᠪᠡᠷ ᠠᠷᠠᠴᠢᠯᠠᠨ ᠬᠠᠮᠠᠭᠠᠯᠠᠬᠤ ᠪᠡᠷ ᠳᠠᠮᠵᠢᠨ ᠡᠳᠡᠭᠡᠷᠡᠯᠲᠡ ᠵᠢᠨ ᠨᠣᠷᠮ᠎ᠠ ᠵᠢ ᠢᠮᠠᠭᠳᠠ 70% ᠡᠴᠡ ᠳᠡᠭᠡᠭᠰᠢ ᠪᠠᠢᠯᠭᠠᠪᠠ᠃ ᠦᠩᠬᠡᠷᠡᠭᠰᠡᠨ ᠳ᠋ᠤ ᠬᠠᠮᠠᠷ ᠬᠠᠳᠬᠤᠬᠤ ᠡᠪᠡᠰᠦ ᠦᠭᠡᠢ ᠪᠠᠢᠭᠰᠠᠨ ᠠᠷᠰᠧᠨ ᠡᠯᠡᠰᠦᠨ ᠴᠢᠯᠠᠭᠤᠯᠢᠭ᠋ ᠤ᠋ᠨ ᠣᠷᠣᠨ ᠨᠢ ᠤᠳᠤ ᠨᠢᠭᠡᠨᠳᠡ ᠴᠢᠴᠠᠷᠭᠠᠨ᠎ᠠ ᠵᠢᠨ ᠣᠢ ᠪᠣᠯᠤᠨ ᠬᠤᠪᠢᠷᠠᠵᠤ᠂ ᠪᠣᠳᠠ ᠡᠪᠡᠰᠦ ᠴᠦ᠍ ᠳᠠᠭᠠᠯᠳᠤᠨ ᠤᠷᠭᠤᠵᠤ᠂ ᠦᠨᠡᠭᠡ᠂ ᠮᠠᠩᠭᠢᠰᠤ ᠵᠡᠷᠭᠡ ᠤᠯᠠᠨ ᠵᠢᠯ ᠬᠠᠷᠠᠭᠳᠠᠭ᠎ᠠ ᠦᠭᠡᠢ ᠬᠡᠭᠡᠷ᠎ᠡ ᠵᠢᠨ ᠠᠮᠢᠲᠠᠨ ᠤ᠋ ᠮᠦᠷ ᠴᠤ᠌ ᠳᠠᠬᠢᠨᠳᠠ ᠢᠯᠡᠷᠡᠭᠰᠡᠨ ᠪᠠᠢᠨ᠎ᠠ᠃ ᠣᠯᠠᠨ ᠵᠢᠯ ᠤ᠋ᠨ ᠵᠠᠰᠠᠯᠲᠠ ᠪᠠᠷ ᠳᠡᠮᠵᠢᠨ ᠤᠷᠤᠨ ᠪᠦᠰᠡ ᠶ᠋ᠢᠨ ᠤᠷᠭᠤᠮᠠᠯ ᠤ᠋ᠨ ᠬᠤᠴᠢᠯᠭ᠎ᠠ ᠤᠤᠯ ᠤ᠋ᠨ 20% ᠪᠠᠢᠭᠰᠠᠨ ᠡᠴᠠ ᠪᠠᠨ 75% ᠪᠣᠯᠤᠨ ᠳᠡᠭᠡᠭᠰᠢᠯᠡᠵᠦ᠂ ᠬᠠᠳᠤᠨ ᠭᠤᠤᠯ ᠳ᠋ᠤ ᠤᠷᠤᠰᠤᠨ ᠤᠷᠤᠬᠤ ᠤᠰᠤ ᠡᠯᠡᠰᠦ ᠰᠢᠪᠠᠷ ᠢ᠋ ᠪᠠᠭᠠᠰᠬᠠᠬᠤ ᠦᠷ᠎ᠡ ᠠᠰᠢᠭ᠋ ᠢ᠋ 70% ᠡᠴᠡ ᠳᠡᠭᠡᠭᠰᠢ ᠪᠠᠢᠯᠭᠠᠵᠤ᠂ ᠢᠳᠡᠭᠳᠡᠯ ᠤ᠋ᠨ ᠬᠡᠮᠵᠢᠶ᠎ᠡ ᠨᠢ ᠤᠤᠯ ᠤ᠋ᠨ ᠵᠢᠯ ᠳ᠋ᠤ ᠨᠢᠭᠡ ᠳᠡᠭᠰᠢ ᠳᠦᠷᠪᠡᠯᠵᠢᠨ ᠮᠧᠲᠷ ᠪᠦᠷᠢ 1 ᠲᠦᠮᠡᠨ ᠲᠣᠨ ᠪᠠᠢᠭᠰᠠᠨ ᠡᠴᠡ ᠪᠠᠨ 0.5 ᠲᠦᠮᠡᠨ ᠲᠣᠨ ᠪᠤᠯᠤᠨ ᠪᠠᠭᠤᠷᠠᠵᠠᠢ᠃
ᠠᠮᠢ ᠠᠬᠤᠢ ᠶ᠋ᠢᠨ ᠳᠠᠪᠠᠭᠤᠯᠢᠭ ᠶ᠋ᠢᠡᠨ ᠭᠡᠷᠬᠢᠨ ᠬᠦᠭᠵᠢᠯᠳᠡ ᠶ᠋ᠢᠨ ᠳᠠᠪᠠᠭᠤᠯᠢᠭ ᠪᠤᠯᠭᠠᠨ ᠬᠤᠪᠢᠷᠠᠭᠤᠯᠬᠤ ᠳ᠋ᠤ ᠳ᠋ᠦᠩᠱᠧᠩ ᠳᠤᠭᠤᠷᠢᠭ ᠳᠤᠳᠤᠷᠬᠠᠢ ᠬᠠᠷᠢᠭᠤᠯᠳᠠ ᠦᠭᠭᠦᠯ᠎ᠡ᠃ 2005 ᠣᠨ ᠳ᠋ᠤ᠂ ᠳ᠋ᠦᠩᠱᠧᠩ ᠲᠣᠭᠣᠷᠢᠭ᠋ ᠤ᠋ᠨ ᠬᠢᠨ 6200 ᠲᠦᠮᠡᠨ ᠲᠥᠭᠥᠷᠢᠭ ᠤ᠋ᠨ ᠪᠡᠯᠡ ᠣᠷᠣᠭᠤᠯᠵᠤ ᠤᠰᠤ ᠴᠠᠬᠢᠯᠭᠠᠨ᠂ ᠵᠠᠮ ᠪᠠ ᠨᠣᠭᠣᠭᠠᠷᠠᠭᠤᠯᠤᠯᠲᠠ ᠵᠡᠷᠭᠡ ᠢᠵᠢ ᠪᠦᠷᠢᠳᠦᠭᠦᠯᠬᠦ ᠰᠠᠭᠤᠷᠢ ᠳᠦᠬᠦᠭᠡᠷᠦᠮᠵᠢ ᠵᠢ ᠪᠦᠳᠦᠭᠡᠨ ᠪᠠᠢᠭᠤᠯᠤᠨ᠂ ᠲᠦᠩᠴᠤᠧᠠᠨ ᠪᠠᠯᠭᠠᠰᠤᠨ ᠳ᠋ᠤ ᠪᠦᠬᠦ ᠳᠠᠯᠠᠪᠠᠢ ᠨᠢ 2.5 ᠲᠡᠭᠰᠢ ᠳᠥᠷᠪᠡᠯᠵᠢᠨ ᠺᠢᠯᠣᠮᠧᠲᠷ ᠤ᠋ᠨ ᠴᠢᠴᠠᠷᠭᠠᠨ᠎ᠠ ᠵᠢᠨ ᠠᠵᠤ ᠦᠢᠯᠡᠰ ᠤ᠋ᠨ ᠬᠦᠷᠢᠶᠡᠯᠡᠩ ᠲᠣᠭᠣᠷᠢᠭ᠋ ᠢ᠋ ᠲᠥᠯᠥᠪᠵᠢᠭᠦᠯᠦᠨ ᠪᠦᠳᠦᠭᠡᠨ ᠪᠠᠢᠭᠤᠯᠪᠠ᠃ ᠣᠳᠣᠬᠠᠨ ᠳ᠋ᠤ᠂ ᠳᠤᠰ ᠬᠦᠷᠢᠶᠡᠯᠡᠩ ᠲᠣᠭᠣᠷᠢᠭ᠋ ᠲᠤ᠌ 4 ᠴᠢᠴᠠᠷᠭᠠᠨ᠎ᠠ ᠪᠣᠯᠪᠠᠰᠤᠷᠠᠭᠤᠯᠬᠤ ᠠᠵᠤ ᠠᠬᠤᠢᠯᠠᠯ ᠨᠤᠳᠤᠭᠰᠢᠵᠤ᠂ ᠴᠢᠴᠠᠷᠭᠠᠨ᠎ᠠ ᠵᠢᠨ ᠲᠦᠭᠦᠬᠡᠢ ᠮᠠᠲᠧᠷᠢᠶᠠᠯ ᠢ᠋ ᠰᠢᠢᠳᠪᠦᠷᠢᠯᠡᠬᠦ᠂ ᠠᠰᠢᠭ᠍ᠲᠤ ᠪᠦᠷᠢᠯᠳᠦᠭᠦᠨ ᠢ᠋ ᠰᠢᠷᠭᠠᠭᠠᠨ ᠠᠪᠬᠤ᠂ ᠢᠳᠡᠭᠡᠨ ᠤ᠋ ᠵᠦᠢᠯ᠂ ᠡᠮᠳᠤ ᠪᠤᠳᠠᠰ ᠪᠠ ᠡᠷᠡᠭᠦᠯᠵᠢᠯ ᠤ᠋ᠨ ᠡᠳ᠋ ᠢ᠋ ᠦᠢᠯᠡᠳᠪᠦᠷᠢᠯᠡᠬᠦ ᠵᠡᠷᠭᠡ ᠪᠦᠷᠢᠨ ᠪᠦᠳᠦᠨ ᠡᠳ᠋ᠰᠢᠬᠦᠯᠦᠨ ᠪᠤᠯᠪᠠᠰᠤᠷᠠᠭᠤᠯᠬᠤ ᠰᠢᠰᠲᠧᠮ ᠢ᠋ ᠨᠢᠭᠡᠨᠲᠡ ᠪᠠᠢᠭᠤᠯᠵᠤ᠂ ᠰᠦᠷᠦᠭᠵᠢᠨ ᠬᠥᠭᠵᠢᠬᠦ ᠲᠡᠢᠰᠢ ᠢᠳᠡᠭ ᠢᠳᠡᠭ ᠶ᠋ᠢᠡᠷ ᠤᠷᠤᠭᠰᠢᠯᠠᠵᠤ ᠪᠠᠢᠨ᠎ᠠ ᠃
2012 ᠣᠨ ᠡᠴᠠ ᠣᠲᠣ᠌ ᠪᠣᠯᠲᠠᠯ᠎ᠠ᠂ ᠳ᠋ᠦᠩᠱᠧᠩ ᠲᠣᠭᠣᠷᠢᠭ᠋ᠤᠨ ᠬᠢᠨ ᠴᠢᠴᠠᠷᠭᠠᠨ᠎ᠠ ᠵᠢᠨ ᠠᠵᠤ ᠠᠬᠤᠢ ᠵᠢᠨ ᠣᠢ ᠵᠢ ᠨᠡᠢᠳᠡ 4 ᠲᠦᠮᠡᠨ ᠮᠦ᠍ ᠳᠠᠷᠢᠵᠤ᠂ ᠣᠳᠣ ᠪᠠᠢᠭ᠎ᠠ ᠲᠠᠯᠠᠪᠠᠢ ᠨᠢ ᠨᠡᠢᠳᠡ 3 ᠲᠦᠮᠡᠨ ᠮᠦ᠍ ᠳ᠋ᠤ ᠬᠦᠷᠴᠡᠢ ᠃ ᠮᠦ᠍ ᠪᠦᠷᠢ ᠡᠴᠡ 450 ᠺᠢᠯᠣᠭ᠌ᠷᠠᠮ ᠴᠢᠴᠠᠷᠭᠠᠨ᠎ᠠ ᠵᠢᠨ ᠵᠢᠮᠢᠰ ᠬᠤᠷᠢᠶᠠᠵᠤ ᠺᠢᠯᠣᠭ᠌ᠷᠠᠮ ᠪᠦᠷᠢ ᠵᠢ 8 ᠲᠥᠭᠥᠷᠢᠭ ᠶ᠋ᠢᠡᠷ ᠪᠤᠳᠤᠪᠠᠯ᠂ ᠵᠢᠯ ᠤ᠋ᠨ ᠣᠷᠣᠯᠭ᠎ᠠ ᠨᠢ 1.08 ᠳ᠋ᠦᠩᠰᠢᠭᠤᠷ ᠲᠥᠭᠥᠷᠢᠭ ᠲᠤ᠌ ᠬᠦᠷᠬᠦ ᠪᠤᠯᠤᠨ᠎ᠠ᠃ ᠦᠩᠭᠡᠷᠡᠭᠰᠡᠨ ᠵᠢᠯ ᠳ᠋ᠤ ᠳ᠋ᠦᠩᠱᠧᠩ ᠲᠣᠭᠣᠷᠢᠭ᠋ ᠤ᠋ᠨ ᠴᠢᠴᠠᠷᠭᠠᠨ᠎ᠠ ᠵᠢᠨ ᠠᠵᠤ ᠦᠢᠯᠡᠰ ᠤ᠋ᠨ ᠦᠢᠯᠡᠳᠬᠦᠨ ᠤ᠋ ᠶᠡᠷᠦᠩᠬᠡᠢ ᠦᠷᠳᠡᠭ 7000 ᠭᠠᠷᠤᠢ ᠲᠦᠮᠡᠨ ᠲᠥᠭᠥᠷᠢᠭ ᠲᠤ᠌ ᠬᠦᠷᠴᠦ ᠂ ᠲᠣᠰᠬᠣᠨ ᠤ᠋ ᠠᠷᠠᠳ ᠲᠤ᠌ 1000 ᠭᠠᠷᠤᠢ ᠬᠥᠮᠥᠨ ᠤᠳᠠᠭ᠎ᠠ ᠵᠢᠨ ᠠᠵᠢᠯ ᠤ᠋ᠨ ᠪᠠᠢᠷᠢ ᠬᠠᠩᠭᠠᠨ᠂ ᠬᠥᠮᠥᠨ ᠳᠤᠮᠳᠠᠴᠢ ᠵᠢᠨ ᠣᠷᠣᠯᠭ᠎ᠠ 2 ᠲᠦᠮᠡ ᠭᠠᠷᠤᠢ ᠲᠥᠭᠥᠷᠢᠭ ᠨᠡᠮᠡᠭᠳᠡᠵᠤ᠂ ᠠᠮᠢ ᠠᠬᠤᠢ ᠪᠠ ᠠᠵᠤ ᠠᠬᠤᠢ ᠶ᠋ᠢᠨ ᠬᠤᠤᠰ ᠦᠷ᠎ᠡ ᠠᠰᠢᠭ ᠢ᠋ ᠪᠡᠶᠡᠯᠡᠬᠦᠯᠵᠡᠢ ᠃