ᠬᠠᠮᠤᠭ᠎ᠤᠨ ᠥᠨᠳᠥᠷ᠎ᠲᠡᠬᠡᠨ 5 ᠲᠦᠮᠡᠨ ᠲᠥᠭᠥᠷᠢᠭ ᠤ᠋ᠨ ᠨᠦᠬᠦᠪᠦᠷᠢ ᠦᠭᠬᠦᠨ᠎ᠡ
2026-02-28 09:25:07
ᠵᠣᠬᠢᠶᠠᠭ᠍ᠴᠢ᠄
ᠬᠤᠸᠠᠩ ᠹᠦ ᠰᠢᠸ᠋ ᠯᠢᠩ
ᠣᠩᠱᠢᠭ᠍ᠰᠠᠨ ᠣᠳᠠᠭ᠎ᠠ᠄
★★★☆☆

ᠬᠥᠬᠡᠬᠣᠲᠠ᠎ᠶᠢᠨ ᠣᠷᠣᠨ ᠰᠠᠭᠤᠴᠠ ᠪᠠ ᠬᠣᠲᠠ ᠬᠥᠳᠡᠭᠡ᠎ᠶᠢᠨ ᠪᠦᠲᠦᠭᠡᠨ ᠪᠠᠢᠭᠤᠯᠤᠯᠲᠠ᠎ᠶᠢᠨ ᠲᠣᠪᠴᠢᠶ᠎ᠠ᠎ᠠᠴᠠ ᠣᠢᠯᠠᠭᠠᠭᠰᠠᠨ᠎ᠢᠶᠠᠷ᠂ ᠬᠥᠬᠡᠬᠣᠲᠠ᠎ᠶᠢᠨ ᠣᠷᠣᠨ ᠰᠠᠭᠤᠴᠠ ᠪᠠ ᠬᠣᠲᠠ ᠬᠥᠳᠡᠭᠡ᠎ᠶᠢᠨ ᠪᠦᠲᠦᠭᠡᠨ ᠪᠠᠢᠭᠤᠯᠤᠯᠲᠠ᠎ᠶᠢᠨ ᠲᠣᠪᠴᠢᠶ᠎ᠠ᠂ ᠬᠥᠬᠡᠬᠣᠲᠠ᠎ᠶᠢᠨ ᠡᠳ᠋᠎ᠦᠨ ᠵᠠᠰᠠᠭ᠎ᠤᠨ ᠲᠣᠪᠴᠢᠶ᠎ᠠ 《〈ᠬᠥᠮᠥᠨ ᠠᠮᠠ᠎ᠶᠢᠨ ᠴᠤᠭᠯᠠᠷᠠᠯ᠎ᠢ ᠠᠬᠢᠭᠤᠯᠵᠤ ᠬᠥᠮᠥᠨ ᠠᠮᠠ᠎ᠶᠢᠨ ᠴᠢᠨᠠᠷ ᠰᠠᠢᠲᠠᠢ ᠬᠥᠭᠵᠢᠯᠲᠡ᠎ᠶᠢ ᠠᠬᠢᠭᠤᠯᠬᠤ ᠲᠤᠬᠠᠢ ᠬᠥᠬᠡᠬᠣᠲᠠ᠎ᠶᠢᠨ ᠠᠷᠠᠳ᠎ᠤᠨ ᠵᠠᠰᠠᠭ᠎ᠤᠨ ᠣᠷᠳᠣᠨ᠎ᠤ ᠬᠡᠷᠡᠭᠵᠢᠭᠦᠯᠬᠦ ᠰᠠᠨᠠᠯ〉 ᠳ᠋ᠡᠬᠢ ᠠᠩᠬᠠᠨ᠎ᠤ ᠢᠵᠢ ᠰᠢᠨ᠎ᠡ᠎ᠪᠡᠷ ᠪᠦᠳᠦᠬᠡᠨ ᠪᠠᠢᠭᠤᠯᠤᠭᠰᠠᠨ ᠲᠠᠸᠠᠷ᠎ᠤᠨ ᠣᠷᠣᠨ ᠰᠠᠭᠤᠴᠠ ᠬᠤᠳᠠᠯᠳᠤᠨ ᠠᠪᠬᠤ ᠨᠥᠬᠥᠪᠦᠷᠢ᠎ᠶᠢᠨ ᠬᠠᠮᠢᠶ᠎ᠠ ᠪᠦᠬᠦᠢ ᠵᠦᠢᠯᠡᠰ᠎ᠦᠨ ᠲᠤᠬᠠᠢ ᠮᠡᠳᠡᠭᠳᠡᠯ》 ᠪᠠᠭᠤᠯᠭᠠᠪᠠ᠄ 3 ᠰᠠᠷ᠎ᠠ᠎ᠶᠢᠨ 1᠎ᠦ ᠡᠳᠦᠷ᠎ᠡᠴᠡ ᠡᠬᠢᠯᠡᠨ᠂ ᠬᠥᠬᠡᠬᠣᠲᠠ᠎ᠶᠢᠨ ᠳᠥᠷᠪᠡᠨ ᠲᠣᠭᠣᠷᠢᠭ᠋᠎ᠤᠨ ᠬᠡᠪᠴᠢᠶᠡᠨ᠎ᠳᠦ ᠠᠩᠬᠠᠨ᠎ᠤ ᠢᠵᠢ ᠰᠢᠨ᠎ᠡ᠎ᠪᠡᠷ ᠪᠦᠳᠦᠬᠡᠨ ᠪᠠᠢᠭᠤᠯᠤᠭᠰᠠᠨ ᠲᠠᠸᠠᠷ᠎ᠤᠨ ᠣᠷᠣᠨ ᠰᠠᠭᠤᠴᠠ (ᠤᠷᠢᠳᠴᠢᠯᠠᠨ ᠬᠤᠳᠠᠯᠳᠤᠬᠤ ᠲᠠᠸᠠᠷ᠎ᠤᠨ ᠭᠡᠷ ᠪᠠᠢᠰᠢᠩ ᠪᠠ ᠬᠤᠳᠠᠯᠳᠤᠵᠤ ᠪᠤᠢ ᠲᠠᠸᠠᠷ᠎ᠤᠨ ᠭᠡᠷ ᠪᠠᠢᠰᠢᠩ ᠪᠠᠭᠲᠠᠨ᠎ᠠ)᠎ᠶᠢ ᠬᠤᠳᠠᠯᠳᠤᠨ ᠠᠪᠴᠤ ᠭᠡᠷ᠎ᠡ ᠲᠤᠭᠲᠠᠵᠤ ᠳᠠᠩᠰᠠᠯᠠᠭᠤᠯᠬᠤ ᠪᠠ ᠥᠯᠥ ᠬᠥᠳᠡᠯᠬᠦ ᠬᠥᠷᠥᠩᠭᠡ᠎ᠶᠢ ᠡᠷᠦᠬᠡ ᠰᠠᠯᠭᠠᠨ ᠳᠠᠩᠰᠠᠯᠠᠭᠤᠯᠤᠭᠰᠠᠨ ᠭᠡᠷ ᠬᠤᠳᠠᠯᠳᠤᠨ ᠠᠪᠤᠭ᠍ᠴᠢ᠎ᠳᠤ᠂ ᠭᠡᠷ ᠬᠤᠳᠠᠯᠳᠤᠨ ᠠᠪᠬᠤ ᠭᠡᠷ᠎ᠡ᠎ᠶᠢᠨ ᠶᠡᠷᠦᠩᠬᠡᠢ ᠦᠨ᠎ᠡ᠎ᠶᠢᠨ 2% ᠵᠢᠡᠷ ᠨᠥᠬᠥᠪᠦᠷᠢ ᠥᠭᠭᠦᠨ᠎ᠡ᠂ ᠬᠠᠮᠤᠭ᠎ᠤᠨ ᠥᠨᠳᠥᠷ᠎ᠲᠡᠬᠡᠨ 5 ᠲᠦᠮᠡᠨ ᠲᠥᠭᠥᠷᠢᠭ᠎ᠡᠴᠡ ᠬᠡᠲᠦᠷᠡᠬᠦᠯᠬᠦ ᠦᠭᠡᠢ᠃

ᠭᠡᠷ ᠬᠤᠳᠠᠯᠳᠤᠨ ᠠᠪᠤᠭ᠍ᠴᠢ ᠰᠢᠨ᠎ᠡ᠎ᠪᠡᠷ ᠪᠦᠳᠦᠬᠡᠨ ᠪᠠᠢᠭᠤᠯᠤᠭᠰᠠᠨ ᠲᠠᠸᠠᠷ᠎ᠤᠨ ᠣᠷᠣᠨ ᠰᠠᠭᠤᠴᠠ᠎ᠶᠢ ᠰᠣᠩᠭᠣᠭᠰᠠᠨ᠎ᠤ ᠲᠠᠷᠠᠭ᠎ᠠ᠂ ᠵᠠᠬᠢᠶᠠᠯᠠᠭ᠎ᠠ ᠵᠢᠨ ᠮᠥᠩᠭᠥ᠂ ᠠᠩᠬ᠎ᠠ ᠲᠤᠰᠢᠶᠠᠬᠤ ᠵᠣᠭᠣᠰ ᠪᠤᠶᠤ ᠪᠦᠬᠦ ᠵᠣᠭᠣᠰ (ᠪᠦᠬᠦ ᠵᠣᠭᠣᠰ᠎ᠢᠶᠠᠷ ᠭᠡᠷ ᠬᠤᠳᠠᠯᠳᠤᠨ ᠠᠪᠤᠭᠰᠠᠨ ᠪᠣᠯ ᠤᠷᠢᠳ᠎ᠢᠶᠠᠷ 98% ᠵᠢᠨ ᠭᠡᠷ ᠬᠤᠳᠠᠯᠳᠤᠨ ᠠᠪᠬᠤ ᠵᠣᠭᠣᠰ᠎ᠢ ᠲᠤᠰᠢᠶᠠᠬᠤ ᠬᠡᠷᠡᠭᠲᠡᠢ᠂ ᠬᠢᠨᠠᠨ ᠪᠠᠢᠴᠠᠭᠠᠭᠠᠳ ᠨᠥᠬᠥᠴᠡᠯ᠎ᠳᠦ ᠨᠡᠢᠴᠡᠬᠦ ᠦᠭᠡᠢ ᠪᠣᠯ 100% ᠵᠢᠨ ᠭᠡᠷ᠎ᠤᠨ ᠵᠤᠭᠤᠰ᠎ᠤᠨ ᠦᠨ᠎ᠡ ᠪᠡᠷ ᠦᠯᠡᠳᠡᠭᠰᠡᠨ ᠵᠣᠭᠣᠰ᠎ᠢ ᠨᠥᠬᠥᠪᠦᠷᠢᠯᠡᠬᠦ ᠬᠡᠷᠡᠭᠲᠡᠢ)᠎ᠢ ᠲᠤᠰᠢᠶᠠᠬᠤ᠎ᠶᠢᠨ ᠬᠠᠮᠲᠤ᠂ ᠭᠡᠷ᠎ᠡ᠎ᠲᠤᠭᠲᠠᠨ ᠳᠠᠩᠰᠠᠯᠠᠭᠤᠯᠬᠤ ᠪᠠ ᠦᠯᠦ ᠬᠥᠳᠡᠯᠬᠦ ᠬᠥᠷᠥᠩᠭᠡ᠎ᠶᠢ ᠡᠷᠦᠭᠡ ᠰᠠᠯᠭᠠᠨ ᠳᠠᠩᠰᠠᠯᠠᠭᠤᠯᠬᠤ ᠬᠡᠷᠡᠭᠲᠡᠢ᠃

ᠠᠩᠬᠠᠨ᠎ᠤ ᠢᠵᠢ ᠰᠢᠨ᠎ᠡ᠎ᠪᠡᠷ ᠪᠦᠳᠦᠬᠡᠨ ᠪᠠᠢᠭᠤᠯᠤᠭᠰᠠᠨ ᠲᠠᠸᠠᠷ᠎ᠤᠨ ᠣᠷᠣᠨ ᠰᠠᠭᠤᠴᠠ ᠬᠤᠳᠠᠯᠳᠤᠨ ᠠᠪᠬᠤ ᠨᠥᠬᠥᠴᠡᠯ᠎ᠳᠦ ᠨᠡᠢᠴᠡᠬᠦ ᠭᠡᠷ ᠪᠠᠢᠰᠢᠩ ᠬᠤᠳᠠᠯᠳᠤᠨ ᠠᠪᠤᠭ᠍ᠴᠢ ᠨᠢ ᠰᠠᠭᠤᠭᠠᠯᠢ ᠠᠷᠠᠳ᠎ᠤᠨ ᠪᠡᠶ᠎ᠡ᠎ᠶᠢᠨ ᠦᠨᠡᠮᠯᠡᠯ᠂ ᠭᠤᠶᠤᠴᠢᠯᠠᠬᠤ ᠲᠤᠬᠠᠢ᠎ᠶᠢᠨ ᠡᠳᠦᠷ᠎ᠦᠨ ᠬᠣᠲᠠ᠎ᠶᠢᠨ ᠳᠥᠷᠪᠡᠨ ᠲᠣᠭᠣᠷᠢᠭ᠋᠎ᠤᠨ ᠬᠡᠪᠴᠢᠶᠡᠨ᠎ᠳᠡᠬᠢ ᠥᠯᠥ ᠬᠥᠳᠡᠯᠬᠦ ᠬᠥᠷᠥᠩᠭᠡ᠎ᠶᠢ ᠳᠡᠩᠰᠡᠯᠡᠨ ᠲᠡᠮᠳᠡᠭᠯᠡᠭᠰᠡᠨ ᠮᠡᠳᠡᠭᠡ ᠵᠠᠩᠭᠢ ᠵᠢᠴᠢ ᠲᠥᠷᠥ᠎ᠶᠢᠨ ᠪᠣᠳᠣᠯᠭ᠎ᠠ᠎ᠶᠢᠨ ᠬᠤᠭᠤᠴᠠᠭᠠᠨ᠎ᠳᠡᠬᠢ ᠵᠠᠬᠢᠶᠠᠯᠠᠭ᠎ᠠ ᠵᠢᠨ ᠮᠥᠩᠭᠥ᠂ ᠠᠩᠬ᠎ᠠ ᠲᠤᠰᠢᠶᠠᠬᠤ ᠵᠣᠭᠣᠰ ᠪᠤᠶᠤ ᠪᠥᠬᠥ ᠵᠣᠭᠣᠰ ( 98%)᠎ᠵᠢᠡᠨ ᠲᠤᠰᠢᠶᠠᠭᠰᠠᠨ ᠭᠡᠷᠡᠴᠢ ᠪᠠᠷᠢᠮᠲᠠ (ᠵᠣᠭᠣᠰ᠎ᠤᠨ ᠲᠣᠭ᠎ᠠ ᠨᠢ ᠰᠦᠯᠵᠢᠶᠡᠨ ᠳᠡᠭᠡᠷ᠎ᠡ ᠭᠡᠷ᠎ᠡ ᠲᠤᠭᠲᠠᠵᠤ ᠳᠡᠩᠰᠡᠯᠠᠭᠰᠡᠨ ᠭᠡᠷ᠎ᠡ᠎ᠳᠦ ᠲᠡᠮᠳᠡᠭᠯᠡᠭᠰᠡᠨ ᠵᠣᠭᠣᠰ᠎ᠤᠨ ᠲᠣᠭ᠎ᠠ ᠲᠠᠢ ᠡᠷᠬᠡᠪᠰᠢ ᠨᠢᠭᠡᠳᠦᠯᠲᠡᠢ ᠪᠠᠢᠬᠤ ᠬᠡᠷᠡᠭᠲᠡᠢ) ᠪᠠᠨ ᠪᠦᠷᠢᠳᠦᠭᠦᠯᠵᠦ ᠨᠦᠬᠦᠪᠦᠷᠢ ᠭᠤᠶᠤᠴᠢᠯᠠᠵᠤ ᠪᠤᠯᠤᠨ᠎ᠠ᠂ ᠭᠡᠷ ᠪᠠᠢᠰᠢᠩ᠎ᠤᠨ ᠬᠠᠮᠲᠤ᠎ᠪᠠᠷ ᠥᠮᠴᠢᠯᠡᠬᠦ ᠲᠥᠷᠥᠯ ᠬᠡᠯᠪᠡᠷᠢ ᠨᠢ 《ᠬᠠᠮᠲᠤ᠎ᠪᠠᠷ ᠥᠮᠴᠢᠯᠡᠬᠦ》 ᠪᠠᠢᠪᠠᠯ᠂ ᠭᠡᠷ ᠪᠠᠢᠰᠢᠩ᠎ᠤᠨ ᠪᠥᠬᠥ ᠬᠠᠮᠲᠤ᠎ᠪᠠᠷ ᠥᠮᠴᠢᠯᠡᠭᠴᠢ ᠵᠢᠨ ᠡᠷᠡᠮᠡᠯᠵᠡᠯᠡᠭᠰᠡᠨ ᠬᠢᠷᠢ ᠬᠡᠮ᠎ᠦᠨ ᠬᠢᠨᠠᠨ ᠰᠢᠯᠭᠠᠭᠰᠠᠨ ᠮᠡᠳᠡᠭᠦᠯᠦᠯᠲᠡ ᠵᠡᠷᠭᠡ ᠮᠠᠲᠧᠷᠢᠶᠠᠯ᠎ᠢ ᠬᠠᠩᠭᠠᠵᠥ᠂ ᠭᠡᠷ ᠪᠠᠢᠰᠢᠩ ᠬᠤᠳᠠᠯᠳᠤᠨ ᠠᠪᠬᠤ᠎ᠳᠤ ᠨᠥᠬᠥᠪᠦᠷᠢ ᠥᠭᠬᠦ ᠵᠢᠵᠢᠭ ᠫᠷᠤᠭ᠌ᠷᠡᠮ ᠪᠤᠶᠤ ᠬᠥᠬᠡᠬᠣᠲᠠ᠎ᠶᠢᠨ ᠭᠡᠷ ᠬᠥᠷᠥᠩᠭᠡ᠎ᠶᠢᠨ ᠠᠷᠠᠯᠵᠢᠶᠠᠨ᠎ᠤ ᠲᠥᠪ᠎ᠲᠦ ᠬᠦᠷᠴᠦ ᠨᠥᠬᠥᠪᠦᠷᠢ ᠠᠪᠴᠤ ᠪᠣᠯᠣᠨ᠎ᠠ᠃

ᠣᠲᠣ᠌᠎ᠶᠢᠨ ᠬᠡᠷᠡᠭᠵᠢᠭᠦᠯᠵᠦ ᠪᠠᠢᠭ᠎ᠠ ᠬᠦᠴᠦᠨ ᠪᠦᠬᠦᠢ ᠪᠤᠰᠤᠳ ᠲᠥᠷᠥ᠎ᠶᠢᠨ ᠪᠣᠳᠣᠯᠭ᠎ᠠ᠎ᠳᠤ ᠬᠠᠮᠢᠶ᠎ᠠ ᠪᠦᠬᠦᠢ ᠲᠣᠭᠲᠠᠭᠠᠯ ᠪᠠᠢᠪᠠᠯ᠂ ᠠᠯᠢ ᠥᠨᠳᠥᠷ᠎ᠪᠠᠷᠢᠮᠵᠢᠶ᠎ᠠ ᠪᠡᠷ ᠨᠢ ᠨᠦᠬᠦᠪᠦᠷᠢ ᠦᠭᠴᠦ᠂ ᠳᠠᠪᠬᠤᠷᠳᠠᠭᠤᠯᠤᠨ ᠭᠥᠷᠳᠡᠭᠡᠬᠦ ᠦᠭᠡᠢ ᠪᠠᠢᠬᠤ ᠵᠠᠷᠴᠢᠮ ᠶᠣᠰᠣᠭᠠᠷ ᠬᠡᠷᠡᠭᠵᠢᠭᠦᠯᠦᠨ᠎ᠡ᠃

ᠠᠩᠬᠠᠷᠤᠭᠤᠰᠢᠲᠠᠢ ᠨᠢ᠂ ᠬᠤᠳᠠᠯ ᠬᠠᠭᠤᠷᠮᠠᠭ ᠮᠠᠲᠧᠷᠢᠶᠠᠯ ᠬᠠᠩᠭᠠᠵᠤ ᠨᠥᠬᠥᠪᠦᠷᠢ ᠮᠡᠬᠡᠯᠡᠨ ᠠᠪᠤᠭᠰᠠᠨ ᠪᠠᠢᠪᠠᠯ᠂ ᠨᠥᠬᠥᠪᠦᠷᠢ ᠮᠥᠩᠭᠥ᠎ᠶᠢ ᠨᠡᠬᠡᠮᠵᠢᠯᠡᠨ ᠠᠪᠴᠢᠷᠠᠬᠤ᠎ᠶᠢᠨ ᠬᠠᠮᠲᠤ ᠬᠠᠤᠯᠢ᠎ᠶᠢᠨ ᠬᠠᠷᠢᠭᠤᠴᠠᠯᠭ᠎ᠠ ᠨᠡᠬᠡᠮᠵᠢᠯᠡᠵᠥ᠂ ᠬᠣᠢᠰᠢᠳᠠ ᠬᠥᠬᠡᠬᠣᠲᠠ᠎ᠶᠢᠨ ᠡᠯ᠎ᠡ ᠲᠥᠷᠥᠯ᠎ᠦᠨ ᠣᠷᠣᠨ ᠰᠠᠭᠤᠴᠠ᠎ᠶᠢᠨ ᠬᠠᠷᠠᠭᠠᠯᠵᠠᠯ᠎ᠤᠨ ᠲᠥᠷᠥ᠎ᠶᠢᠨ ᠪᠣᠳᠣᠯᠭ᠎ᠠ᠎ᠶᠢ ᠡᠳ᠋ᠯᠡᠭᠦᠯᠬᠦ ᠦᠭᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号