ᠥᠪᠥᠷ ᠮᠣᠩᠭᠣᠯ᠎ᠤᠨ ᠴᠠᠭ ᠠᠭᠤᠷ 2 ᠰᠠᠷ᠎ᠠ᠎ᠶᠢᠨ
27᠎ᠤ ᠡᠳᠦᠷ᠎ᠦᠨ 8 ᠴᠠᠭ᠎ᠲᠤ 36 ᠳ᠋ᠤᠭᠠᠷ ᠬᠤᠭᠤᠴᠠᠭᠠᠨ᠎ᠤ ᠪᠣᠷᠣᠭᠠᠨ (ᠴᠠᠰᠤᠨ)᠎ᠤ ᠪᠠᠢᠳᠠᠯ᠎ᠤᠨ ᠮᠡᠳᠡᠭᠡ
ᠵᠠᠩᠭᠢ᠎ᠶᠢ ᠨᠡᠢᠲᠡᠯᠡᠪᠡ᠄ 2 ᠰᠠᠷ᠎ᠠ᠎ᠶᠢᠨ 26 ᠤ ᠡᠳᠦᠷ᠎ᠦᠨ 08 ᠴᠠᠭ ᠡᠴᠡ 27᠎ᠤ ᠡᠳᠦᠷ᠎ᠦᠨ 08 ᠴᠠᠭ ᠪᠣᠯᠲᠠᠯ᠎ᠠ᠂
ᠥᠪᠥᠷ ᠮᠣᠩᠭᠣᠯ᠎ᠤᠨ 8 ᠠᠢᠮᠠᠭ ᠬᠣᠲᠠ᠎ᠶᠢᠨ 45 ᠬᠣᠰᠢᠭᠤ ᠰᠢᠶᠠᠨ᠎ᠤ 233 ᠥᠷᠲᠡᠭᠡ ᠴᠡᠭ᠎ᠲᠦ ᠬᠤᠷ᠎ᠠ ᠲᠤᠨᠳᠠᠰᠤ
ᠢᠯᠡᠷᠡᠵᠦ᠂ ᠭᠣᠣᠯᠳᠠᠭᠤ ᠬᠥᠬᠡᠬᠣᠲᠠ᠂ ᠤᠯᠠᠭᠠᠨᠴᠠᠪ ᠬᠤᠳᠠ᠂ ᠰᠢᠯᠢ᠎ᠶᠢᠨ ᠭᠣᠣᠯ ᠠᠢᠮᠠᠭ᠂ ᠤᠯᠠᠭᠠᠨᠬᠠᠳᠠ ᠬᠣᠲᠠ᠎ᠳᠤ
ᠲᠤᠨᠳᠠᠰᠤ ᠪᠠᠭᠤᠪᠠ᠃ ᠬᠥᠬᠡᠬᠣᠲᠠ᠎ᠶᠢᠨ ᠬᠠᠮᠤᠭ᠎ᠤᠨ ᠶᠡᠬᠡ ᠲᠤᠨᠳᠠᠰᠤᠨ᠎ᠤ ᠬᠡᠮᠵᠢᠶ᠎ᠡ ᠨᠢ 4.5 ᠮᠢᠯᠢᠮᠧᠲᠷ
ᠲᠤ᠌ ᠬᠦᠷᠴᠡᠢ᠃

ᠳᠤᠮᠳᠠ ᠴᠠᠰᠤ (2.5 ~ 5.0 ᠮᠢᠯᠢᠮᠧᠲᠷ)᠄ 8 ᠬᠣᠰᠢᠭᠤ ᠰᠢᠶᠠᠨ᠎ᠤ 15 ᠥᠷᠲᠡᠭᠡ ᠴᠡᠭ᠎ᠲᠤ ᠢᠯᠡᠷᠡᠪᠡ᠂ ᠡᠭᠦᠨ᠎ᠳᠦ᠂ ᠤᠯᠠᠭᠠᠨᠴᠠᠪ ᠬᠣᠲᠠ᠎ᠶᠢᠨ ᠴᠠᠬᠠᠷ
ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠬᠦᠢᠲᠡᠨᠰᠢᠯᠢ ᠬᠦᠷᠢᠶᠡᠯᠡᠩ ᠲᠣᠭᠣᠷᠢᠭ᠋᠎ᠤᠨ ᠮᠣᠩᠭᠣᠯ ᠶᠡᠬᠡ ᠬᠤᠸᠠᠷᠠᠨ᠎ᠳᠤ
4.5 ᠮᠢᠯᠢᠮᠧᠲᠷ᠂ ᠬᠥᠬᠡᠬᠣᠲᠠ᠎ᠶᠢᠨ ᠰᠢᠨ᠎ᠡ ᠬᠣᠲᠠ ᠲᠣᠭᠣᠷᠢᠭ᠋᠎ᠤᠨ ᠪᠤᠷᠤᠬᠤᠰᠢᠭᠤ ᠪᠠᠯᠭᠠᠰᠤᠨ᠎ᠤ ᠪᠠᠶᠠᠨᠪᠤᠯᠠᠭ᠎ᠲᠤ
4.5 ᠮᠢᠯᠢᠮᠧᠲᠷ᠂ ᠰᠢᠨ᠎ᠡ ᠬᠣᠲᠠ ᠲᠣᠭᠣᠷᠢᠭ᠋᠎ᠤᠨ ᠬᠦᠢᠰᠦ ᠵᠢᠨ ᠭᠤᠤ᠎ᠳᠤ 3.9 ᠮᠢᠯᠢᠮᠧᠲᠷ᠎ᠤᠨ ᠲᠤᠨᠳᠠᠰᠤ ᠪᠠᠭᠤᠪᠠ᠃
ᠪᠠᠭ᠎ᠠ ᠴᠠᠰᠤ (0.1 ~ 2.5 ᠮᠢᠯᠢᠮᠧᠲᠷ)᠄ 45 ᠬᠣᠰᠢᠭᠤ ᠰᠢᠶᠠᠨ᠎ᠤ 212 ᠥᠷᠲᠡᠭᠡ ᠴᠡᠭ᠎ᠲᠤ ᠢᠯᠡᠷᠡᠪᠡ᠃
ᠪᠠᠭ᠎ᠠ ᠪᠣᠷᠣᠭᠠᠨ ᠴᠠᠰᠤ ᠬᠣᠯᠢᠯᠳᠤᠨ
ᠣᠷᠣᠬᠤ ᠪᠤᠶᠤ ᠪᠣᠷᠣᠭᠠᠨ ᠤᠷᠤᠵᠤ ᠪᠠᠢᠭᠰᠠᠨ ᠡᠴᠡ ᠴᠠᠰᠤ ᠣᠷᠣᠬᠤ (0.1~10.0 ᠮᠢᠯᠢᠮᠧᠲᠷ)᠄ 5 ᠬᠣᠰᠢᠭᠤ
ᠰᠢᠶᠠᠨ᠎ᠤ 6 ᠥᠷᠲᠡᠭᠡ ᠴᠡᠭ᠎ᠲᠤ ᠢᠯᠡᠷᠡᠪᠡ᠂ ᠡᠭᠦᠨ᠎ᠳᠦ᠂ ᠰᠢᠯᠢ᠎ᠶᠢᠨ ᠭᠣᠣᠯ ᠠᠢᠮᠠᠭ᠎ᠤᠨ ᠲᠠᠢᠹᠤᠰᠧ ᠬᠣᠰᠢᠭᠤᠨ᠎ᠤ
ᠶᠦᠩ ᠹᠧᠩ᠎ᠳᠤ 3.2 ᠮᠢᠯᠢᠮᠧᠲᠷ᠂ ᠬᠥᠬᠡᠬᠣᠲᠠ᠎ᠶᠢᠨ ᠰᠢᠨ᠎ᠡ ᠬᠣᠲᠠ ᠲᠣᠭᠣᠷᠢᠭ᠋᠎ᠤᠨ ᠦᠶᠡᠷ᠎ᠤᠨ ᠭᠤᠤᠯ᠎ᠳᠤ
1.1 ᠮᠢᠯᠢᠮᠧᠲᠷ᠂ ᠰᠢᠨ᠎ᠡ ᠬᠣᠲᠠ ᠲᠣᠭᠣᠷᠢᠭ᠋᠎ᠤᠨ ᠭᠦᠩᠵᠦ᠎ᠶᠢᠨ ᠣᠷᠳᠣᠨ᠎ᠳᠤ 0.8 ᠮᠢᠯᠢᠮᠧᠲᠷ᠎ᠤᠨ ᠲᠤᠨᠳᠠᠰᠤ
ᠪᠠᠭᠤᠪᠠ᠃
ᠢᠷᠡᠯᠲᠡ᠄ ᠦᠪᠦᠷ ᠮᠤᠩᠭᠤᠯ᠎ᠤᠨ ᠴᠠᠭ ᠠᠭᠤᠷ